ᠠᠪᠤ
ᠨᠡᠶᠢᠲᠡᠯᠡᠭᠰᠡᠨ ᠴᠠᠭ᠄
2020-07-06
   ᠨᠢᠴᠤᠬᠦᠳ · ᠤᠯᠠᠭᠠᠨᠪᠠᠭᠠᠨ᠎ᠠ   ᠵᠢᠷᠠᠨ ᠵᠢᠯ ᠠᠭᠠᠷ ᠠᠮᠢᠰᠬᠤᠭᠰᠠᠨ ᠵᠢᠷ ᠤᠨ ᠨᠢᠭᠡᠨ ᠮᠤᠩᠭᠤᠯ ᠵᠢᠷᠤᠬᠠᠢ ᠲᠤᠭᠠᠯᠠᠯ ᠢ ᠪᠦᠳᠤᠨ ᠨᠢᠭᠡ ᠡᠷᠬᠢᠭᠰᠡᠨ ᠡᠭᠡᠯ ᠨᠢᠭᠡᠨ ᠮᠠᠯᠴᠢᠨ ᠠᠪᠤ ᠮᠢᠨᠢ ᠵᠤᠪᠠᠯ ᠤᠨ ᠦᠷ᠎ᠠ ᠶᠢ ᠨᠢᠮᠭᠡᠯᠡᠵᠤ ᠵᠢᠷᠭᠠᠭᠰᠠᠨ ᠡᠬᠦᠯᠠ ᠲᠠᠢ ᠡᠳᠤᠷ ᠤᠳ ᠤᠨ ᠨᠠᠷᠠ ᠵᠢᠷᠭᠠᠯ ᠤᠨ ᠰᠠᠶᠢᠬᠠᠨ ᠢ ᠦᠮᠴᠢᠯᠠᠬᠦᠯᠵᠤ ᠴᠢᠳᠠᠭᠰᠠᠨ ᠪᠤᠷᠤ ᠭᠡᠷ ᠤᠨ ᠮᠢᠨᠢ ᠬᠠᠭᠠᠨ ᠠᠪᠤ ᠮᠢᠨᠢ ᠤᠷᠤᠭᠤᠳᠠᠭᠰᠠᠨ ᠴᠠᠭ ᠤᠨ ᠬᠤᠶᠢᠮᠤᠷ ᠲᠤ ᠰᠤᠩᠭᠤᠯᠳᠠ ᠦᠵᠡᠭᠡ ᠦᠭᠡᠢ ᠰᠦᠷᠦᠭ ᠤᠨ ᠡᠵᠡᠨ ᠤᠷᠴᠢᠬᠰᠠᠨ ᠲᠠᠤᠭᠡ ᠶᠢᠨ ᠪᠤᠱᠤᠭᠠᠨ ᠳᠤ ᠤᠳᠤᠮ ᠢᠶᠠᠨ ᠮᠠᠷᠳᠠᠭ᠎ᠠ ᠦᠭᠡᠢ ᠴᠢᠨᠡᠷ ᠤᠨ ᠲᠠᠷᠬᠠᠨ ᠠᠪᠤ ᠮᠢᠨᠢ ᠠᠯᠳᠠᠵᠤ ᠤᠯᠤᠭᠰᠠᠨ ᠡᠷᠡᠨ ᠢ ᠰᠢᠬᠦᠬᠦ ᠳᠤ ᠠᠭᠤᠯᠠ ᠲᠠᠯ᠎ᠠ ᠤᠪᠤᠭ᠎ᠠ ᠶᠢᠨ ᠰᠦᠵᠢᠭᠳᠡᠨ ᠤᠬᠢᠯᠠᠵᠤ ᠲᠠᠭᠤᠯᠠᠭᠰᠠᠨ ᠬᠠᠭᠤᠳᠠᠰᠤ ᠶᠢ ᠰᠠᠬᠦᠬᠦ ᠳᠤ ᠤᠷᠭ᠎ᠠ ᠮᠤᠷᠢ ᠠᠶᠢᠷᠠᠭ ᠤᠨ ᠰᠤᠶᠤᠯᠳᠠᠨ ᠠᠪᠤ ᠮᠢᠨᠢ ᠠᠮᠢᠳᠤᠷᠠᠯ ᠲᠤᠭᠤᠯᠤᠭᠰᠠᠨ ᠨᠤᠳᠤᠭ ᠤᠨ ᠢᠶᠠᠨ ᠰᠢᠷᠤᠢ ᠳᠤ ᠨᠠᠰᠤ ᠪᠠᠶ᠎ᠠ ᠬᠤᠶᠡᠷ ᠢ ᠢᠶᠠᠨ ᠪᠤᠴᠠᠭᠠᠵᠤ ᠦᠭᠬᠦᠭᠡᠳ ᠡᠷᠬᠢᠵᠤ ᠢᠷᠠᠬᠦ ᠶᠢᠨ ᠬᠠᠯᠠᠭᠤᠨ ᠰᠤᠷᠠᠭ ᠢᠶᠠᠨ ᠬᠦᠭᠡ ᠲᠤᠯᠪᠤ ᠪᠠᠷ ᠲᠠᠮᠵᠢᠭᠤᠯᠵᠤ ᠰᠤᠶᠤᠷᠬᠠᠭᠰᠠᠨ ᠠᠪᠤ ᠮᠢᠨᠢ ᠨᠢᠳᠤᠨ ᠳᠤ ᠬᠠᠷᠠᠭᠳᠠᠬᠤ ᠦᠭᠡᠢ ᠠᠯᠢᠪᠠ ᠶᠠᠭᠤᠮ᠎ᠠ ᠨᠤᠭᠤᠴᠠᠭᠠᠨ ᠬᠡᠯᠪᠡᠷᠢ ᠪᠠᠷ ᠡᠬᠦᠷᠢᠳᠠ ᠤᠷᠤᠰᠢᠭᠠᠳ ᠬᠠᠶᠢᠷ᠎ᠠ ᠶᠢᠨ ᠬᠡᠯᠬᠢᠶ᠎ᠠ ᠲᠠᠯᠳᠠ ᠪᠠᠷ ᠮᠠᠳᠡᠷᠡᠭᠳᠡᠨ ᠬᠦᠮᠤᠨ ᠬᠤᠷᠸ᠎ᠠ ᠳᠤ ᠮᠦᠡᠭᠭᠡᠷᠡᠳᠡᠭ ᠶᠤᠮ ᠪᠠᠶᠢᠵᠡᠢ ᠠᠪᠤ ᠮᠢᠨᠢ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号