ᠬᠦᠳᠡᠯᠮᠦᠷᠢ ᠶᠢᠨ ᠬᠦᠬᠡ ᠨᠤᠮᠢᠨ ᠰᠠᠴᠤᠷᠠᠭ
ᠨᠡᠶᠢᠲᠡᠯᠡᠭᠰᠡᠨ ᠴᠠᠭ᠄
2020-07-23
  ᠬᠦᠳᠡᠯᠮᠦᠷᠢ ᠶᠢᠨ ᠬᠦᠬᠡ ᠨᠤᠮᠢᠨ ᠰᠠᠴᠤᠷᠠᠭ           —  ᠪ᠊᠂ ᠪᠢᠯᠢᠭ         ᠬᠦᠳᠡᠯᠮᠦᠷᠢᠵᠠᠭᠤᠨ ᠦᠩᠭᠡ ᠶᠢᠨ ᠴᠡᠴᠡᠭᠡᠰ ᠠᠴᠠᠵᠠᠳᠠᠷᠠᠨ ᠰᠡᠩᠭᠢᠨᠡᠭᠰᠡᠨ ᠦᠨᠦᠷᠵᠠᠶᠠᠭᠠᠨ ᠳᠠᠭᠠᠨ ᠪᠢᠴᠢᠬᠦ ᠰᠢᠯᠦᠭ ᠴᠢ ᠪᠠᠶᠢᠯ᠎ᠠᠵᠢᠨᠵᠢᠨ ᠡᠷᠳᠡᠨᠢ ᠰᠦᠷᠦᠭ ᠤᠨ ᠮᠠᠨᠢᠵᠡᠷᠭᠡᠯᠭᠡᠨ ᠰᠠᠮᠨᠠᠭᠰᠠᠨ ᠠᠨᠢᠷᠵᠡᠭᠡᠷ᠎ᠡ ᠲᠠᠢ ᠪᠠᠨ ᠳᠠᠰᠬᠤ ᠡᠭᠡᠰᠢᠭᠯᠡᠩ ᠴᠢ ᠪᠠᠶᠢᠯ᠎ᠠᠪᠤᠭᠤᠷᠤᠯ ᠤᠨ ᠮᠠᠨᠢ ᠣᠷᠠᠭᠠᠨ ᠦᠵᠦᠭᠦᠷᠪᠤᠯᠵᠤᠮᠤᠷ ᠰᠢᠭ᠋ ᠬᠦᠭᠵᠢᠨ ᠵᠢᠷᠭᠢᠳᠡᠭ ᠪᠤᠷᠬᠠᠨ ᠤ ᠪᠢᠰᠢᠯᠭᠠᠭᠰᠠᠨ ᠰᠣᠳᠣᠷ ᠴᠢ ᠪᠠᠶᠢᠯ᠎ᠠᠪᠤᠱᠤᠭᠳᠤ ᠭᠤᠪᠠᠢ ᠶᠢᠨ ᠮᠢᠨᠢ ᠡᠩᠭᠡᠷᠪᠣᠲᠣᠭᠤ ᠰᠢᠭ᠋ ᠬᠦᠦᠷᠨᠢᠨ ᠵᠢᠩᠬᠢᠨᠡᠳᠡᠭ ᠪᠤᠳᠢ ᠮᠦᠷ ᠤᠨ ᠬᠢᠨ ᠰᠤᠨᠤᠰᠬᠤᠯᠠᠩ ᠴᠢ ᠪᠠᠶᠢᠯ᠎ᠠ         ᠬᠦᠳᠡᠯᠮᠦᠷᠢᠴᠢᠨ ᠪᠢ  ᠤᠷᠤᠢ ᠶᠢᠨ ᠭᠦᠯᠦᠰᠦ ᠪᠠᠨᠤᠯᠠ ᠳᠠᠭᠠᠨ ᠲᠤᠯᠲᠠᠯ᠎ᠠ ᠤᠷᠤᠰᠬᠠᠳᠠᠭ ᠪᠢᠤᠳᠤᠨ ᠠᠴᠠ ᠤᠶᠢᠯᠵᠤ ᠤᠷᠤᠰᠤᠭᠰᠠᠨ ᠰᠠᠴᠤᠷᠠᠭ ᠪᠢᠬᠦᠮᠦᠨ ᠤ ᠶᠢᠷᠳᠢᠨᠴᠦ ᠶᠢᠨ ᠰᠠᠶᠢᠬᠠᠨ ᠪᠦᠬᠦᠨ ᠢᠬᠦᠯᠦᠰᠦᠨ ᠲᠤᠲᠤᠷ᠎ᠠ ᠪᠠᠨ ᠪᠦᠳᠦᠭᠡᠳᠡᠭ ᠪᠢᠬᠦᠷᠦᠰᠦᠨ ᠠᠴᠠ ᠬᠦᠪᠦᠷᠢᠵᠦ ᠤᠷᠭᠤᠭᠰᠠᠨ ᠨᠠᠪᠴᠢᠰ ᠪᠢᠬᠤᠶᠠᠷ ᠭᠠᠷ ᠢᠶᠠᠷ ᠢᠶᠠᠨᠬᠤᠷᠸ᠎ᠠ ᠶᠢ ᠬᠡᠦᠬᠡᠳ ᠰᠢᠭ ᠦᠰᠭᠡᠳᠡᠭ ᠪᠢᠬᠠᠶᠢᠷ᠎ᠠ ᠠᠴᠠ ᠬᠠᠯᠭᠢᠯᠠᠵᠤ ᠤᠨᠳᠤᠷᠤᠭᠰᠠᠨ ᠤᠭᠤᠷᠠᠭ ᠪᠢᠲᠠᠯᠠᠯᠵᠤ ᠪᠤᠢ ᠮᠠᠷᠭᠠᠰᠢ ᠶᠢᠨ ᠰᠣᠳᠣᠨ ᠪᠦᠬᠦᠨ ᠢᠲᠠᠯᠠᠨ ᠲᠡᠭᠡᠷ᠎ᠡ ᠪᠠᠨ ᠲᠡᠵᠢᠭᠡᠳᠡᠭ ᠪᠢᠳᠤᠰᠤᠯ ᠠᠴᠠ ᠨᠡᠶᠢᠯᠡᠵᠦ ᠣᠪᠣᠭᠠᠷᠠᠭᠰᠠᠨ ᠲᠠᠩᠭᠢᠰ ᠪᠢ    ᠬᠦᠳᠡᠯᠮᠦᠷᠢᠴᠢᠳ ᠮᠠᠨᠳᠤᠳᠤᠭᠠᠢ  ᠶᠢᠷᠳᠢᠨᠴᠦ ᠶᠢᠨ ᠴᠢᠬᠢᠨ ᠳᠤᠶᠢᠰᠦᠨ ᠲᠡᠭᠷᠢ ᠶᠢᠨ ᠦᠯᠦᠭᠡᠢ ᠶᠤᠮ ᠭᠡᠵᠦᠢᠷᠠᠭᠤ ᠨᠠᠶᠢᠷᠠᠭ ᠤᠨ ᠠᠶᠢᠵᠢᠮ ᠢᠶᠠᠷᠢᠰᠡᠭᠡᠢ ᠭᠡᠷ ᠢᠶᠠᠨ ᠦᠨᠦᠳᠦᠷ ᠳᠠᠭᠤᠯᠠᠶᠤᠡᠭᠡᠯ ᠪᠤᠷᠤᠭᠵᠢᠭᠤᠨ ᠠᠴᠠ ᠨᠢᠡᠷᠭᠢᠮᠰᠦᠭ ᠤᠨ ᠡᠭᠡᠰᠢᠭ ᠬᠠᠩᠭᠢᠨᠠᠭᠰᠠᠨᠡᠩᠬᠡ ᠮᠡᠨᠳᠦ ᠶᠢᠨ ᠬᠦᠳᠡᠯᠮᠦᠷᠢᠴᠢᠳ ᠮᠠᠨᠢᠡᠷᠡᠭᠦᠯ ᠰᠠᠷᠠᠭᠤᠯ ᠳᠠᠭᠠᠨ ᠦᠯᠡᠮᠵᠢ ᠵᠢᠷᠭᠠᠭᠳᠤᠨᠤᠭᠳᠤᠯ ᠵᠠᠭᠤᠨ ᠤ ᠡᠬᠢᠨ ᠳᠤᠤᠶᠠᠩᠭ᠎ᠠ ᠲᠡᠯᠡᠬᠡᠢ ᠶᠢᠨ ᠦᠦᠷ ᠶᠤᠮ ᠭᠡᠵᠦᠤᠷᠳᠦ ᠶᠢᠨ ᠲᠠᠭᠤᠨ ᠤ ᠨᠤᠭᠤᠯᠤᠭ᠎ᠠ ᠪᠠᠷᠦᠩ ᠬᠡᠶᠢᠮᠦᠷᠢ ᠤᠨ ᠮᠠᠷᠭᠠᠰᠢ ᠪᠠᠨ ᠮᠢᠯᠢᠶᠠᠮᠦᠡᠯᠢᠭᠡᠰᠡᠭ ᠨᠤᠮᠤᠬᠠᠨ ᠠᠴᠠ ᠨᠢᠢᠨᠢᠶᠠᠮᠰᠦᠭ ᠤᠨ ᠬᠡᠰᠢᠭ ᠬᠢᠯᠠᠯᠵᠠᠭᠰᠠᠨᠡᠷᠬᠡ ᠴᠢᠯᠦᠭᠡᠨ ᠤ ᠬᠦᠳᠡᠯᠮᠦᠷᠢᠴᠢᠳ ᠮᠢᠨᠢᠡᠰᠡᠷᠡᠭ ᠰᠠᠶᠢᠬᠠᠨ ᠳᠠᠭᠠᠨ ᠠᠰᠠᠷᠤᠤ ᠪᠠᠶᠠᠰᠤᠭᠳᠤᠨ       ᠬᠠᠶ᠋ᠢᠭ᠄ 赤峰市残联:毕 力 格             ᠤᠳᠠᠰᠤ᠄ 0476 — 8822913             ᠰᠢᠦᠳᠠᠨ᠄ 024000  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号