ᠡᠮᠴᠢ
ᠨᠡᠶᠢᠲᠡᠯᠡᠭᠰᠡᠨ ᠴᠠᠭ᠄
2020-07-10
ᠠᠯᠳ᠋ᠭᠭᠠᠷᠣᠳᠢ               ᠡᠮᠴᠢ ᠠᠨᠠᠭᠠᠭᠤ ᠶᠢᠨ ᠲᠡᠭᠷᠢ ᠶᠢᠨ ᠴᠠᠭᠠᠨ ᠠᠯᠳᠠᠨ ᠣᠳᠣ ᠠᠷᠢᠭᠤᠨ ᠲᠡᠯᠡᠭᠡᠢ ᠶᠢᠨ ᠡᠩᠭᠡ ᠶᠢᠨ ᠽᠠᠨᠳᠠᠨ ᠮᠣᠳᠣ ᠡᠮᠴᠢ ᠬᠦᠮᠦᠨ ᠨᠠᠰᠣᠨ ᠨᠡᠮᠡᠳᠡᠭ ᠪᠣᠷᠬᠠᠨ ᠡᠯᠴᠢ ᠡᠯᠴᠢ ᠨᠠᠷᠠᠨ ᠲᠡᠭᠷᠢ ᠶᠢᠨ ᠪᠣᠷᠣᠭᠠᠨ ᠠᠮᠢ ᠶᠢᠨ ᠭᠠᠩᠳᠠᠯ ᠳᠤ ᠴᠠᠰᠣ᠂ ᠨᠠᠰᠣ᠂ ᠶᠠᠰᠣ ᠠᠷᠢᠭᠤᠨ ᠭᠠᠷᠣᠯ ᠳᠤ ᠴᠢᠰᠣ᠂ ᠨᠠᠰᠣ᠂ ᠶᠣᠰᠣ ᠠᠯᠢ ᠡᠷᠳᠡᠨ ᠭᠠᠯᠪᠠ ᠶᠢᠨ ᠠᠶᠣᠯ ᠢ ᠲᠠᠷᠣᠭᠰᠠᠨ ᠠᠷᠣᠣᠬᠠᠨ ᠭᠠᠯ — ᠴᠠᠭᠠᠨ ᠲᠦᠢᠮᠡᠷ ᠤᠨ ᠰᠠᠭᠢᠭᠤᠰᠣ ᠡ ᠡᠮᠴᠢ ᠬᠦᠮᠦᠨ ᠠᠴᠠ ᠡᠷᠯᠢᠭ ᠬᠠᠭᠠᠨ ᠠᠶᠣᠳᠠᠭ ᠶᠣᠮ ᠡᠷᠭᠢᠭᠡᠳ ᠢᠷᠡᠬᠦ ᠦᠭᠡᠢ ᠭᠡᠵᠣ ᠰᠦᠭᠦᠳᠦᠨ ᠮᠦᠷᠭᠦᠨ ᠭᠤᠶᠣᠳᠠᠭ ᠶᠣᠮ ᠲᠣᠭᠠᠯᠠᠭᠰᠠᠨ ᠨᠠᠰᠣ᠂ ᠲᠦᠭᠡᠯᠡᠭᠰᠡᠨ ᠪᠡᠶ᠎ᠡ ᠬᠤᠶᠠᠷ ᠢ ᠯᠡ ᠲᠣᠭᠳᠠᠭᠠᠭᠰᠠᠨ ᠪᠣᠷᠬᠠᠨ ᠦᠪᠡᠷ ᠢᠶᠠᠨ ᠮᠡᠳᠡᠳᠡᠭ ᠭᠤᠣᠯᠴᠢ ᠶᠣᠮ ᠰᠠᠶᠢᠨ ᠬᠦᠮᠦᠨ ᠤ ᠨᠠᠰᠣ ᠨᠢ ᠦᠨᠡᠨᠳᠡᠭᠡᠨ ᠣᠷᠳᠣ ᠶᠣᠮ ᠰᠠᠷᠢᠰᠣᠨ ᠬᠠᠮᠠᠷ ᠲᠢ ᠡᠷᠯᠢᠭ ᠨᠣᠮᠣᠨ ᠲᠠᠵᠢᠨ ᠶᠣᠮ ᠦᠬᠦᠯ ᠠᠴᠠ ᠠᠶᠣᠳᠠᠭ ᠦᠭᠡᠢ ᠬᠦᠮᠦᠨ ᠰᠠᠶᠢᠨ ᠶᠠᠪᠣᠳᠠᠭ ᠶᠣᠮ ᠦᠷᠦᠭᠡᠯ ᠢ ᠠᠪᠣᠷᠠᠳᠠᠭ ᠣᠳᠤᠭ᠎ᠠ ᠦᠭᠡᠢ ᠲᠠᠶᠢᠨ ᠤ ᠢᠯᠠᠭᠴᠢ ᠶᠣᠮ ᠦᠨᠡᠨ ᠰᠠᠶᠢᠬᠠᠨ ᠤ ᠵᠢᠷᠭᠠᠯ   ᠤᠨ ᠨᠠᠷᠠᠨ ᠡᠮᠴᠢ ᠦᠨᠳᠦᠷ ᠲᠡᠭᠷᠢ ᠠᠴᠠ ᠡᠨᠡ ᠦᠶ᠎ᠡ ᠪᠠᠭᠤᠳᠠᠭ ᠡᠯᠴᠢ  ᠡ ᠬᠦᠮᠦᠨ ᠲᠦᠷᠦᠯᠭᠢᠳᠡᠨ ᠳᠤ ᠨᠠᠰᠣ ᠪᠠᠨ ᠨᠡᠮᠡᠵᠣ ᠵᠢᠳᠭᠦᠪᠡᠯ ᠬᠦᠴᠦᠨ ᠵᠠᠯᠭᠠᠵᠣ ᠢᠷᠡᠭᠡᠳᠦᠢ ᠰᠠᠷᠠᠭᠤᠯᠵᠢᠳᠠᠭ ᠨᠢ ᠦᠨᠡᠨ ᠬᠦᠭᠡᠷᠦᠭᠦᠢ ᠲᠡᠭᠡᠳᠡᠯ᠎ᠡ ᠰᠠᠶᠢᠨ ᠬᠦᠮᠦᠨ ᠤ ᠨᠠᠰᠣ ᠡ ᠬᠦᠵᠢ ᠶᠢᠨ ᠭᠠᠯ ᠮᠡᠳᠦ ᠣᠨᠳᠠᠷᠠᠬᠤ ᠶᠢ ᠶᠠᠭᠠᠭᠢᠨᠠᠮ︖ ᠣᠳᠠᠴᠢ ᠪᠣᠷᠬᠠᠨ ᠰᠠᠨᠠᠭ᠎ᠠ ᠣᠨᠤᠭ᠎ᠠ ᠪᠣᠯᠵᠣ ᠣᠯᠠᠨ ᠮᠢᠩᠭᠠᠨ ᠢ ᠪᠢᠰᠢᠯᠭᠠᠯ ᠤᠨ ᠠᠭᠤᠢ ᠳᠤ ᠡᠯᠡᠭᠡᠭᠰᠡᠨ ᠡ ᠣᠨᠣᠰᠢᠯᠠᠨ ᠪᠣᠯᠳᠠᠭ ᠦᠭᠡᠢ ᠬᠦᠮᠦᠨ ᠤ ᠡᠷᠡᠯᠭᠡᠭ ᠰᠠᠨᠠᠭᠠᠨ ᠠᠴᠠ ᠣᠨᠳᠣᠣ ᠪᠦᠭᠦᠨ ᠪᠣᠯ ᠲᠠᠨ ᠤ ᠶᠣᠮ ᠰᠢᠦ ᠡᠮᠴᠢ ᠡ︕ ᠠᠶᠣᠯᠭᠠᠨ ᠲᠡᠶᠢᠯᠳᠡᠭ ᠦᠭᠡᠢ ᠡᠷᠯᠢᠭ ᠨᠣᠮᠣᠨ ᠬᠠᠭᠠᠨ ᠤ ᠬᠢ ᠠᠴᠠ ᠠᠷᠢᠭᠤᠨ ᠪᠣᠯᠭᠠᠨ ᠪᠣᠯ ᠲᠠᠨ ᠤ ᠬᠢ ᠶᠣᠮ ᠰᠢᠦ ᠡᠮᠴᠢ ᠡ ᠡᠮᠴᠢ ᠬᠦᠮᠦᠨ ᠦᠪᠡᠷ ᠢᠶᠠᠨ ᠪᠣᠷᠬᠠᠨ ᠪᠠᠶᠢᠳᠠᠭ ᠶᠣᠮ ᠡᠷᠢᠯᠴᠢ᠂ ᠬᠦᠭᠵᠢᠯ ᠤᠨ ᠦᠨᠢ ᠶᠢᠨ ᠲᠠᠷᠬᠠᠨ ᠪᠣᠯᠳᠠᠭ ᠶᠣᠮ ᠣᠷᠳᠣ ᠨᠠᠰᠣᠨ ᠢ ᠡᠵᠢ ᠳᠤ ᠮᠢᠨᠢ ᠲᠠ ᠦᠷᠦᠰᠢᠶᠡᠭᠰᠡᠨ  ᠶᠣᠮ ᠣᠭ ᠶᠣᠰᠣᠭᠠᠷ ᠨᠢ ᠡᠵᠢ ᠮᠢᠨᠢ ᠴᠢᠮ᠎ᠠ ᠳᠠᠭᠠᠨ ᠦᠭᠬᠦ ᠶᠣᠮ︕     ᠣᠯᠠᠭᠠᠨᠬᠠᠳᠠ ᠬᠤᠳᠠ᠂ ᠪᠠᠭᠠᠷᠢᠨ ᠪᠠᠷᠠᠭᠤᠨ ᠬᠤᠰᠢᠭᠤ᠂ ᠳ᠋ᠠᠪᠠᠨ ᠪᠠᠯᠭᠠᠰᠣ                          ᠣᠳᠠᠰᠣ᠄17647698505
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号