ᠪᠠᠭᠠᠷᠢᠨ ᠤ ᠪᠠᠷᠠᠭᠤᠨ ᠭᠡᠰᠡᠭ ᠲᠤ ᠠᠳᠠᠷ ᠬᠠᠭᠠᠯᠪᠤᠷᠢᠯᠠᠬᠰᠡᠨ ᠲ᠊
ᠨᠡᠶᠢᠲᠡᠯᠡᠭᠰᠡᠨ ᠴᠠᠭ᠄
2020-06-09
ᠪᠠᠭᠠᠷᠢᠨ ᠤ ᠪᠠᠷᠠᠭᠤᠨ ᠭᠡᠰᠡᠭ ᠲᠤ ᠠᠳᠠᠷ ᠬᠠᠭᠠᠯᠪᠤᠷᠢᠯᠠᠬᠰᠡᠨ ᠲᠤᠬᠠᠢ                             ᠪᠠᠳᠠᠷᠠᠭᠤᠯᠳᠤ ᠲᠦᠷᠤ ᠶᠢᠨ ᠰᠡᠬᠦᠯᠴᠢ ᠶᠢᠨ ᠥᠶ᠎ᠠ ᠳᠤ ᠬᠦᠷᠤᠭᠡᠳ ᠭᠠᠳᠠᠭᠠᠳᠤ ᠶᠢᠨ ᠲᠦᠷᠢᠮᠡᠭᠡᠶᠢᠯᠡᠯ ᠲᠤᠳᠤᠭᠠᠳᠤ  ᠶᠢᠨ ᠡᠰᠡᠷᠬᠦᠴᠡᠯ ᠳᠤ ᠵᠡᠷᠭᠡᠪᠡᠷ ᠤᠴᠠᠷᠠᠵᠤ ᠨᠤᠷᠠᠮᠠᠷ ᠪᠤᠯᠤᠬᠰᠡᠨ ᠴᠢᠩ ᠤᠯᠤᠰ ᠤᠨ ᠵᠠᠰᠠᠭ ᠤᠨ ᠭᠠᠵᠠᠷ ᠨᠢ ᠡᠴᠤᠰ  ᠤᠨ ᠭᠤᠷᠢᠳᠠᠯᠭ᠎ᠠ ᠪᠠᠨ ᠡᠭᠡ ᠬᠠᠳᠤᠳ ᠤᠨ ᠲᠦᠷᠬᠦᠮ᠂ ᠠᠪᠠᠭ᠎ᠠ ᠬᠦᠡᠭᠵᠤ ᠨᠠᠷ ᠤᠨ ᠢᠶᠠᠨ ᠬᠠᠳᠠᠮ ᠳᠤ ᠨᠠᠶᠢᠳᠠᠵᠤ ᠶᠡᠭᠡ ᠭᠡᠪᠴᠢᠶ᠎ᠠ ᠪᠠᠷ ᠠᠳᠠᠷ ᠬᠠᠭᠠᠯᠪᠤᠷᠢᠯᠠᠵᠤ ᠡᠬᠢᠯᠡᠵᠠᠢ᠃ ᠪᠠᠳᠠᠷᠠᠭᠤᠯᠳᠤ ᠲᠦᠷᠤ ᠶᠢᠨ 21 ᠳ᠋ᠤᠭᠡᠷ ᠤᠨ ᠳᠤ ᠺᠠᠨᠭ᠌ ᠶᠢᠤ ᠸᠧᠢ ᠵᠡᠷᠭᠡ ᠬᠦᠮᠤᠰ ︽ᠠᠯᠪᠠᠨ ᠲᠡᠷᠭᠡ ᠪᠠᠷ ᠪᠢᠴᠢᠭ ᠡᠷᠬᠦᠬᠦ︾ ᠳᠡᠭᠡᠨ ︽ᠢᠷᠭᠡᠳ ᠢ ᠨᠡᠬᠦᠯᠭᠡᠨ ᠬᠢᠵᠠᠭᠠᠷ ᠢ ᠪᠠᠬᠢᠵᠢᠬᠦᠯᠬᠦ︾ ᠥᠵᠡᠯᠳᠡ ᠪᠠᠨ ᠲᠤᠷᠠᠳᠤᠬᠰᠡᠨ ᠪᠠᠶᠢᠵᠠᠢ᠃ ᠲᠡᠬᠦᠨ ᠤ ᠲᠠᠷᠠᠭ᠎ᠠ ᠪᠠᠷ ᠱᠠᠨᠰᠢ ᠶᠢᠨ ᠴᠠᠬᠳᠠᠨ ᠵᠠᠬᠢᠷᠤᠬᠴᠢ ᠡᠾᠸᠤ ᠫᠠᠨ ᡁᠢ ᠵᠡᠷᠭᠡ ᠨᠤᠶᠠᠳ ᠤᠷᠢᠳ ᠬᠤᠵᠢᠳ ᠪᠤᠳᠤᠷᠤᠤᠯ ᠪᠢᠴᠢᠭ ᠡᠷᠬᠦᠵᠤ᠄ ︽ᠥᠪᠤᠷ ᠮᠤᠩᠭᠤᠯ ᠤᠨ ᠤᠯᠠᠭᠠᠨᠴᠠᠪ᠂ ᠶᠡᠭᠡ ᠵᠤᠤ ᠬᠤᠶᠠᠷ ᠠᠶᠢᠮᠠᠭ ᠤᠨ ᠬᠤᠰᠢᠭᠤᠳ ᠲᠤ ᠲᠤᠰᠬᠤᠨᠴᠢᠯᠠᠨ ᠲᠠᠷᠢᠶᠠᠯᠠᠵᠤ ᠬᠢᠵᠠᠭᠠᠷ ᠢ ᠪᠠᠬᠢᠵᠢᠬᠦᠯᠬᠦ︾ ᠥᠵᠡᠯᠳᠡ ᠪᠠᠨ ᠲᠤᠷᠠᠳᠤᠬᠰᠡᠨ ᠳᠤ ᠭᠠᠳᠠᠭᠠᠳᠤ ᠮᠤᠩᠭᠤᠯ ᠤᠨ ᠲᠦᠷᠤ ᠶᠢ ᠵᠠᠰᠠᠬᠤ ᠶᠠᠪᠤᠳᠠᠯ ᠤᠨ ᠶᠠᠮᠤᠨ ᠠᠴᠠ ᠶᠡᠭᠡ ᠵᠤᠤ ᠠᠶᠢᠮᠠᠭ ᠤᠨ ᠲᠠᠷᠤᠭ᠎ᠠ᠂ ᠤᠷᠳᠤᠰ ᠬᠤᠰᠢᠭᠤᠨ ᠤ ᠵᠠᠰᠠᠭ ᠠᠷᠢᠪᠢᠨᠪᠠᠶᠠᠷ ᠳᠤ ᠰᠢᠯᠵᠢᠬᠦᠯᠤᠨ ᠥᠭᠴᠠᠢ᠃ ᠠᠷᠢᠪᠢᠨᠪᠠᠶᠠᠷ ︵ᠵᠠᠷᠢᠮ ᠨᠤᠮ ᠳᠤ ᠵᠠᠨ᠎ᠠ ᠭᠠᠷᠤᠳᠢ ᠭᠡᠵᠤ ᠪᠢᠴᠢᠭᠰᠡᠨ ᠨᠢ ᠲᠠᠰᠢᠶᠠᠷᠠᠵᠠᠢ︶ ᠬᠠᠷᠢᠭᠤ ᠪᠢᠴᠢᠭ ᠡᠷᠬᠦᠵᠤ᠄ ︽ᠪᠡᠯᠴᠢᠭᠡᠷ ᠬᠠᠭᠠᠯᠪᠤᠷᠢᠯᠠᠬᠤ ᠨᠢ ᠮᠤᠩᠭᠤᠯᠴᠤᠳ ᠤᠨ ᠠᠳᠠᠯ ᠤᠨᠳᠤᠷᠤᠯᠭ᠎ᠠ ᠳᠤ ᠬᠠᠷᠰᠢ ᠲᠠᠢ︾ ᠭᠡᠮᠡᠭᠰᠡᠨ᠎ᠠ ᠠᠳᠠᠷ ᠬᠠᠭᠠᠯᠪᠤᠷᠢᠯᠠᠬᠤ ᠶᠠᠪᠤᠳᠠᠯ ᠲᠦᠷ ᠬᠤᠶᠢᠰᠢᠯᠠᠬᠳᠠᠪᠠ᠃ ᠬᠤᠵᠢᠮ ᠨᠢ ᠱᠠᠨᠰᠢ ᠶᠢᠨ ᠴᠠᠬᠳᠠᠨ ᠵᠠᠬᠢᠷᠤᠬᠴᠢ ᠱᠸᠠ ᠴᠦᠨ ᠰᠢᠤᠸᠠᠨ ᠵᠡᠷᠭᠡ ᠬᠦᠮᠤᠰ ᠲᠠᠬᠢᠨᠳᠠ ᠪᠢᠴᠢᠭ ᠡᠷᠬᠦᠵᠤ ᠱᠠᠨᠰᠢ ᠯᠤᠭ᠎ᠠ ᠬᠢᠯᠢᠯᠡᠭᠰᠡᠨ ᠮᠤᠩᠭᠤᠯ ᠤᠷᠤᠨ ᠳᠤ ᠠᠳᠠᠷ ᠬᠠᠭᠠᠯᠪᠤᠷᠢᠯᠠᠬᠤ ᠶᠢ ᠭᠤᠶᠤᠴᠢᠯᠠᠬᠰᠡᠨ ᠳᠤ ᠴᠢᠩ ᠤᠨ ᠵᠠᠰᠠᠭ ᠤᠨ ᠭᠠᠵᠠᠷ ᠪᠤᠳᠤᠷᠤᠤᠯ ᠪᠢᠴᠢᠭ ᠢ ᠨᠢ ᠴᠡᠷᠢᠭ ᠤᠨ ᠨᠢᠭᠤᠴᠠ ᠶᠢ ᠬᠠᠮᠠᠭᠠᠯᠠᠬᠤ ᠲᠦᠰᠢᠮᠡᠯ ᠳᠤ ᠴᠤᠬᠤᠯᠠᠪᠤᠷᠢᠯᠠᠨ ᠰᠢᠯᠵᠢᠬᠦᠯᠵᠤ᠄ ︽ᠶᠡᠭᠡ ᠵᠤᠤ᠂ ᠤᠯᠠᠭᠠᠨᠴᠠᠪ ᠬᠤᠶᠠᠷ ᠠᠶᠢᠮᠠᠭ ᠤᠨ ᠬᠤᠰᠢᠭᠤᠳ ᠲᠤ ᠠᠳᠠᠷ ᠭᠠᠵᠠᠷ ᠡᠯᠪᠡᠭ ᠲᠡᠯᠪᠡᠭ ᠮᠦᠷᠳᠡᠭᠡᠨ ᠥᠡᠭ ᠰᠢᠮᠡᠯᠢᠭ ᠲᠤᠯᠠ ᠡᠷᠭᠡᠪᠰᠢ ᠲᠠᠷᠤᠶᠢᠬᠠᠨ ᠠᠳᠠᠷ ᠬᠠᠭᠠᠯᠪᠤᠷᠢᠯᠠᠵᠤ ᠬᠢᠵᠠᠭᠠᠷ ᠢ ᠪᠠᠬᠢᠵᠢᠬᠦᠯᠬᠦ ᠁︾ ᠭᠡᠵᠠᠢ᠃ ᠡᠬᠦᠨ ᠠᠴᠠ ᠡᠬᠢᠯᠡᠵᠤ ᠴᠢᠩ ᠤᠯᠤᠰ ᠤᠨ ᠵᠠᠰᠠᠭ ᠤᠨ ᠭᠠᠵᠠᠷ ᠥᠪᠤᠷ ᠮᠤᠩᠭᠤᠯ ᠂ ᠬᠠᠷᠠᠮᠦ᠋ᠷᠡᠨ᠂ ᠹᠸᠡᠭᠲ᠋ᠢᠶᠠᠨ ᠵᠡᠷᠭᠡ ᠭᠠᠵᠠᠷ ᠲᠤ ᠶᠡᠭᠡ ᠭᠡᠪᠴᠢᠶ᠎ᠠ ᠪᠠᠷ ᠠᠳᠠᠷ ᠬᠠᠭᠠᠯᠪᠤᠷᠢᠯᠠᠵᠤ ᠡᠬᠢᠯᠡᠭᠰᠡᠨ ᠪᠠᠶᠢᠨ᠎ᠠ ᠪᠠᠳᠠᠷᠠᠭᠤᠯᠳᠤ ᠲᠦᠷᠤ ᠶᠢᠨ ᠭᠤᠴᠢᠨ ᠬᠤᠶᠠᠳᠤᠭᠠᠷ ᠤᠨ ᠤ ᠿᠧ ᠡᠾᠧ ᠮᠤᠵᠢ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠴᠢᠩ ᠤᠯᠤᠰ ᠤᠨ ᠵᠠᠰᠠᠭ ᠤᠨ ᠭᠠᠵᠠᠷ ᠢ ᠭᠤᠶᠤᠴᠢᠯᠠᠵᠤ᠂ ᠠᠤᠬᠠᠨ ᠬᠤᠰᠢᠭᠤ ᠬᠢᠭᠡᠳ ᠬᠠᠷᠠᠴᠢᠨ ᠵᠡᠬᠦᠨ ᠬᠤᠰᠢᠭᠤᠨ ᠤ ᠭᠡᠰᠡᠭ ᠪᠦᠯᠦᠭ ᠪᠤᠯᠪᠠᠰᠤᠷᠠᠩᠭᠤᠢ ᠭᠠᠵᠠᠷ ᠢ ᠬᠠᠭᠠᠯᠪᠤᠷᠢᠯᠠᠵᠤ ᠡᠬᠢᠯᠡᠭᠰᠡᠨ ᠮᠦᠷᠳᠡᠭᠡᠨ ᠪᠠᠭᠠᠷᠢᠨ ᠤ ᠬᠤᠶᠠᠷ ᠬᠤᠰᠢᠭᠤᠨ ᠤ ᠸᠠᠩ ᠬᠦᠡᠭ ᠨᠠᠷ ᠲᠤ ᠠᠳᠠᠷ ᠭᠠᠵᠠᠷ ᠢ ︽ᠡᠷᠬᠦᠨ ᠪᠠᠷᠢᠭᠤᠯᠬᠤ︾ ᠠᠵᠢᠯ ᠢ ᠱᠠᠭᠠᠷᠳᠠᠨ ᠬᠢᠪᠡ᠃ ᠭᠡᠳᠤᠶᠢᠪᠡᠷ ︽ᠡᠷᠬᠦᠨ ᠪᠠᠷᠢᠬᠤ︾ ᠭᠡᠳᠡᠭ ᠪᠤᠯᠪᠠᠴᠤ ᠠᠯᠪᠠᠳᠠᠯᠭ᠎ᠠ ᠶᠢᠨ ᠴᠢᠨᠠᠷ ᠲᠠᠢ᠂ ᠵᠠᠷᠯᠢᠭ  ᠤᠨ ᠰᠢᠨᠵᠢ ᠲᠠᠢ ᠪᠠᠶᠢᠪᠠ᠃ ᠤᠴᠢᠷ ᠨᠢ᠂ ᠮᠤᠩᠭᠤᠯ ᠬᠤᠰᠢᠭᠤᠳ ᠤᠷᠢᠳᠤ ᠨᠢ ᠭᠡᠳᠤᠶᠢᠪᠡᠷ ᠥᠪᠡᠷᠳᠡᠭᠡᠨ ᠡᠵᠡᠨ ᠮᠡᠳᠡᠵᠤ ᠠᠳᠠᠷ ᠬᠠᠭᠠᠯᠪᠤᠷᠢᠯᠠᠵᠤ ᠭᠠᠶᠢᠯᠢ ᠲᠠᠳᠠᠪᠤᠷᠢ ᠲᠠᠳᠠᠵᠤ ᠪᠠᠶᠢᠬᠰᠡᠨ ᠪᠤᠯᠪᠠᠴᠤ ᠠᠳᠠᠷ ᠤᠨ ᠥᠨ᠎ᠠ᠂ ᠲᠠᠷᠢᠶᠠᠨ  ᠤ ᠭᠠᠶᠢᠯᠢ ᠲᠠᠳᠠᠪᠤᠷᠢ ᠪᠦᠬᠦᠨ ᠢ ᠲᠤᠰ ᠬᠤᠰᠢᠭᠤ ᠥᠪᠡᠷᠳᠡᠭᠡᠨ ᠬᠤᠷᠢᠶᠠᠨ ᠠᠪᠴᠤ ᠪᠠᠶᠢᠵᠠᠢ᠃ ᠭᠡᠳᠡᠯ᠎ᠠ ︽ᠡᠷᠬᠦᠨ ᠪᠠᠷᠢᠬᠰᠡᠨ︾ ᠤ ᠰᠡᠬᠦᠯᠡᠷᠬᠢ ᠭᠠᠶᠢᠯᠢ ᠲᠠᠳᠠᠪᠤᠷᠢ ᠵᠢᠴᠢ ᠠᠳᠠᠷ ᠤᠨ ᠥᠨ᠎ᠠ ᠮᠦᠡᠭᠬᠦ ᠶᠢᠨ ᠬᠠᠭᠠᠰ ᠢ ᠯᠡ ᠤᠯᠬᠤ ᠪᠠᠷ ᠪᠠᠷᠠᠬᠤ ᠥᠭᠡᠢ ᠬᠠᠮᠤᠭ ᠴᠢᠬᠤᠯᠠ ᠨᠢ ᠲᠠᠷᠢᠶᠠᠨ ᠭᠠᠵᠠᠷ ᠤᠨ ᠥᠮᠴᠢᠯᠠᠯ ᠤᠨ ᠡᠷᠭᠡ ᠪᠠᠨ ᠠᠯᠳᠠᠬᠤ ᠪᠤᠯᠤᠨ᠎ᠠ᠃ ᠬᠤᠪᠢ ᠶᠢᠨ ᠬᠠᠭᠠᠯᠪᠤᠷᠢᠯᠠᠯᠳᠠ ᠪᠠ ᠲᠦᠷᠤ ᠶᠢᠨ ᠬᠠᠭᠠᠯᠪᠤᠷᠢᠯᠠᠯᠳᠠ ᠶᠢ ᠬᠠᠷᠢᠴᠠᠭᠤᠯᠪᠠᠯ ︽ᠡᠷᠬᠦᠨ ᠪᠠᠷᠢᠬᠤ︾ ᠨᠢ ᠲᠤᠬᠠᠢ ᠶᠢᠨ ᠤᠷᠤᠨ ᠤ ᠮᠠᠯᠴᠢᠳ ᠤᠨ ᠠᠮᠢᠳᠤᠷᠠᠯ ᠢ ᠨᠦᠯᠤᠭᠡᠯᠡᠬᠦ ᠪᠠᠷ ᠥᠯᠤ ᠪᠠᠷᠠᠮ ᠸᠠᠩ ᠬᠦᠡᠭ ᠨᠠᠷ ᠤᠨ ᠬᠤᠪᠢ  ᠶᠢᠨ ᠠᠰᠢᠭ ᠲᠤᠰᠠ ᠴᠤ ᠬᠤᠯᠠ ᠪᠠᠭᠠᠰᠤᠬᠰᠡᠨ ᠪᠠᠶᠢᠨ᠎ᠠ᠃ ᠡᠶᠢᠮᠤ ᠠᠴᠠ ᠤᠯᠠᠩᠬᠢ ᠸᠠᠩ ᠬᠦᠡᠭ ᠨᠠᠷ ︽ᠡᠷᠬᠦᠨ ᠪᠠᠷᠢᠬᠤ︾ ᠲᠤᠷ᠎ᠠ ᠥᠭᠡᠢ ᠪᠠᠶᠢᠪᠠ᠃ ᠭᠡᠳᠡᠯ᠎ᠠ ᠴᠢᠩ ᠤᠨ ᠵᠠᠰᠠᠭ ᠤᠨ ᠭᠠᠵᠠᠷ ᠨᠢᠭᠡᠨᠳᠡ ᠡᠷᠬᠦᠨ ᠪᠠᠷᠢᠬᠤ ᠵᠢᠭᠠᠪᠤᠷᠢ ᠭᠠᠷᠭᠠᠭᠰᠡᠨ ᠲᠤᠯᠠᠳᠠ ᠵᠢᠭᠠᠭᠳᠠᠬᠰᠡᠨ ᠸᠠᠩ ᠬᠦᠡᠭ ᠨᠠᠷ ᠭᠡᠷᠡᠭᠵᠢᠬᠦᠯᠬᠦ ᠯᠡ ᠭᠡᠷᠡᠭᠳᠠᠢ ᠪᠤᠯᠵᠠᠢ᠃ ᠡᠰᠡ ᠭᠡᠷᠡᠭᠵᠢᠬᠦᠯᠦᠭᠰᠡᠳ ᠲᠤ ᠴᠢᠩ ᠤᠯᠤᠰ ᠤᠨ ᠵᠠᠰᠠᠭ ᠤᠨ ᠭᠠᠵᠠᠷ ᠬᠠᠳᠠᠭᠤ ᠠᠷᠭ᠎ᠠ ᠭᠡᠮᠵᠢᠶ᠎ᠠ ᠠᠪᠳᠠᠭ᠃ ᠪᠠᠳᠠᠷᠠᠭᠤᠯᠳᠤ ᠲᠦᠷᠤ ᠶᠢᠨ ᠬᠤᠷᠢ ᠶᠢᠰᠤᠨ ᠤᠨ ᠳᠤ ᠶᠡᠭᠡ ᠵᠤᠤ ᠠᠶᠢᠮᠠᠭ ᠤᠨ ᠲᠠᠷᠤᠭ᠎ᠠ ᠵᠠᠷᠯᠢᠭ ᠢ ᠡᠰᠡᠷᠬᠦᠴᠡᠨ ᠡᠰᠡ ᠬᠠᠭᠠᠯᠪᠤᠷᠢᠯᠠᠬᠰᠡᠨ ᠠᠴᠠ ᠠᠶᠢᠮᠠᠭ ᠤᠨ ᠲᠠᠷᠤᠭ᠎ᠠ ᠶᠢᠨ ᠲᠤᠰᠢᠶᠠᠯ ᠢᠶᠠᠨ ᠠᠯᠳᠠᠵᠠᠢ᠃1907 ᠤᠨ ᠳᠤ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠴᠢᠩ ᠤᠯᠤᠰ ᠤᠨ ᠵᠠᠰᠠᠭ ᠤᠨ ᠭᠠᠵᠠᠷ ᠢᠶᠠᠷ ᠵᠠᠷᠯᠢᠭ ᠪᠠᠭᠤᠯᠭᠠᠯᠭᠠᠵᠤ᠂ ᠪᠠᠭᠠᠷᠢᠨ ᠸᠠᠩ ᠳᠤ ᠠᠳᠠᠷ ᠬᠠᠭᠠᠯᠪᠤᠷᠢᠯᠠᠬᠤ ᠶᠢᠨ ᠠᠰᠢᠭ ᠲᠤᠰᠠ ᠶᠢ ︽ᠨᠡᠪᠳᠡᠷᠡᠳᠡᠯ᠎ᠠ ᠤᠶᠢᠯᠠᠭᠠᠭᠤᠯᠵᠠᠢ︾᠃ ᠡᠶᠢᠮᠤᠷᠬᠦ ︽ᠡᠷᠬᠢᠮ ᠶᠠᠷᠢᠶ᠎ᠠ ᠥᠨᠡᠳᠤ ᠥᠬᠦᠯᠡᠯ︾ ᠤᠨ ᠵᠢᠭᠠᠪᠤᠷᠢ ᠬᠢᠭᠡᠳ ᠿᠧ ᠡᠾᠧ ᠶᠢᠨ ᠪᠦᠬᠦᠳᠡ ᠶᠢ ᠵᠠᠬᠢᠷᠤᠬᠴᠢ ᠶᠢᠨ ᠲᠠᠬᠢᠨ ᠲᠠᠪᠳᠠᠨ ᠱᠠᠭᠠᠷᠳᠠᠯᠭ᠎ᠠ ᠲᠤᠤᠷ᠎ᠠ 1907 ᠤᠨ ᠤ ᠬᠠᠪᠤᠷ ᠪᠠᠭᠠᠷᠢᠨ ᠸᠠᠩ ᠵᠠᠭᠠᠷ ᠭᠠᠳᠠᠭᠠᠳᠤ ᠮᠤᠩᠭᠤᠯ ᠤᠨ ᠲᠦᠷᠤ ᠶᠢ ᠵᠠᠰᠠᠬᠤ ᠶᠠᠮᠤᠨ ᠢᠶᠠᠷ ᠲᠠᠮᠵᠢᠭᠤᠯᠵᠤ ᠴᠢᠩ ᠤᠨ ᠵᠠᠰᠠᠭ  ᠤᠨ ᠭᠠᠵᠠᠷ ᠲᠤ ᠪᠠᠶᠠᠨᠴᠠᠭᠠᠨ ᠭᠤᠤ᠂ ᠢᠡᠭᠳᠤ ᠶᠢᠨ ᠬᠦᠨᠳᠠᠢ᠂ ᠵᠸᠠ ᠲᠸᠤ ᠭᠸᠤ᠂ ᠬᠠᠯᠠᠭᠠᠢ ᠭᠤᠤ ᠵᠡᠷᠭᠡ ᠲᠦᠷᠪᠡᠨ ᠲᠠᠯ᠎ᠠ ᠭᠠᠵᠠᠷ ᠢ ︽ᠵᠠᠷᠯᠢᠭ ᠶᠤᠰᠤᠭᠠᠷ ᠡᠷᠬᠦᠨ ᠪᠠᠷᠢᠬᠰᠡᠨ︾ ᠪᠠᠶᠢᠨ᠎ᠠ᠃ ᠪᠠᠳᠠᠷᠠᠭᠤᠯᠳᠤ ᠲᠦᠷᠤ ᠶᠢᠨ ᠭᠤᠴᠢᠨ ᠭᠤᠷᠪᠠᠨ ᠤᠨ ᠤ ᠭᠤᠷᠪᠠᠨ ᠰᠠᠷ᠎ᠠ ᠳᠤ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠪᠠᠭᠠᠷᠢᠨ ᠸᠠᠩ  ᠤᠨ ᠡᠷᠬᠦᠨ ᠪᠠᠷᠢᠵᠤ ᠴᠢᠩ ᠤᠨ ᠲᠦᠷᠤ ᠠᠴᠠ ᠴᠤᠬᠤᠯᠠᠪᠤᠷᠢᠯᠠᠬᠰᠡᠨ ᠲᠤᠰᠬᠠᠢ ᠡᠪᠭᠡᠮᠡᠯ ᠢ ᠬᠦᠯᠢᠶᠡᠨ ᠤᠯᠵᠤ᠂ ᠬᠦᠮᠤᠨ ᠲᠤᠮᠢᠯᠠᠨ ᠪᠠᠭᠠᠷᠢᠨ ᠤ ᠠᠳᠠᠷ ᠬᠠᠭᠠᠯᠪᠤᠷᠢᠯᠠᠯᠳᠠ ᠵᠢᠩᠬᠢᠨᠢ ᠪᠠᠷ ᠡᠬᠢᠯᠡᠵᠠᠢ᠃ ᠠᠳᠠᠷ ᠬᠠᠭᠠᠯᠪᠤᠷᠢᠯᠠᠵᠤ ᠡᠬᠢᠯᠡᠮᠡᠭᠴᠡ ᠠᠳᠠᠷ ᠤᠨ ᠶᠠᠪᠤᠳᠠᠯ ᠤᠨ ᠲᠤᠪᠴᠢᠶ᠎ᠠ ᠶᠢ ᠪᠠᠶᠢᠭᠤᠯᠵᠠᠢ᠃ ᠬᠠᠮᠤᠭ ᠠᠩᠬᠠᠨ ᠤ ᠶᠡᠷᠤᠩᠭᠡᠢ ᠬᠦᠢᠴᠡᠳᠭᠡᠭᠴᠢ ᠨᠢ ᠸᠠᠩ ᠱᠦᠨ ᠽᠦᠨ ᠭᠡᠳᠡᠭ᠃ ᠲᠡᠷᠡ ᠪᠠᠭᠠᠷᠢᠨ ᠳᠤ ᠬᠦᠷᠴᠤ ᠪᠠᠭᠠᠷᠢᠨ ᠤ ᠲᠤᠰᠢᠶᠠᠯᠳᠠᠳ  ᠯᠤᠭ᠎ᠠ ᠠᠩᠬᠠᠯᠠᠨ ᠲᠤᠬᠳᠠᠬᠰᠡᠨ ᠤᠷᠤᠨ ᠳᠤ ᠬᠦᠷᠴᠤ᠂ ᠲᠡᠭᠡᠰᠤᠯᠡᠨ ᠭᠡᠮᠵᠢᠬᠦ ᠶᠢᠨ ᠰᠠᠴᠠᠭᠤ ᠬᠠᠷᠢᠯᠴᠠᠨ ᠵᠦᠪᠳᠡᠯᠴᠡᠵᠤ᠂ ᠪᠠᠭᠠᠷᠢᠨ ᠵᠢᠶᠦ᠋ᠨ ᠸᠠᠩ᠂ ᠪᠠᠶᠢᠰᠠ ᠸᠠᠩ ᠢᠶᠠᠷ ᠰᠤᠪᠬᠠᠢ ᠶᠢᠨ ᠰᠦᠮ᠎ᠠ ᠤᠷᠴᠢᠮ ᠭᠠᠵᠠᠷ ᠢ ᠵᠢᠭᠠᠯᠭᠠᠨ ᠠᠪᠬᠤ ᠶᠢᠨ ᠬᠠᠮᠳᠤ ᠰᠤᠪᠬᠠᠢ ᠶᠢᠨ ᠰᠦᠮ᠎ᠠ ᠶᠢ ᠴᠤ ᠠᠳᠠᠷ ᠤᠨ ᠲᠤᠪᠴᠢᠶ᠎ᠠ ᠶᠢᠨ ᠰᠠᠭᠤᠴᠠ ᠪᠤᠯᠭᠠᠨ ᠲᠦᠷᠢᠶᠡᠰᠤᠯᠡᠨ ᠠᠪᠤᠪᠠ᠃ ᠯᠢᠨᠰᠢ ᠰᠢᠶᠠᠨ ᠤ ᠠᠳᠠᠷ ᠤᠨ ᠲᠤᠪᠴᠢᠶ᠎ᠠ ᠶᠢᠨ ᠬᠠᠷᠢᠭᠤᠴᠠᠯᠭᠠᠳᠠᠨ ᠨᠢ ᠲᠤᠰ ᠲᠤᠰ ᠸᠠᠩ ᠱᠦᠨ ᠽᠦᠨ᠂ ᠯᠢ ᠲᠠᠨ᠂ ᠵᠠᠩ ᠸᠧᠠ ᠬᠤᠤ᠂ ᠬᠦᠸᠧ ᠿᠸᠠ ᠲᠠᠢ᠂ ᠡᠾᠸᠤ ᠶᠠᠨ ᠵᠢᠶᠧ ᠨᠠᠷ ᠪᠤᠯᠤᠨ᠎ᠠ᠃ ᠡᠬᠦᠨ ᠳᠤ ᠵᠠᠩ ᠸᠧᠠ ᠬᠤᠤ ᠭᠤᠷᠪᠠᠨᠳᠠ ᠲᠤᠰᠢᠶᠠᠯ ᠬᠠᠷᠢᠭᠤᠴᠠᠬᠰᠡᠨ ᠪᠠᠶᠢᠨ᠎ᠠ᠃ ᠲᠡᠷᠡ ᠲᠤᠬᠠᠢ ᠶᠠᠭ ᠰᠠᠶ᠋ᠢᠬᠠᠨ ᠪᠠᠭᠠᠷᠢᠨ ᠤ ᠪᠠᠶᠢᠰᠠ ᠸᠠᠩ ᠰᠧᠳ᠋ᠸᠡᠭᠨᠠᠮᠵᠢᠯᠸᠠᠩᠪᠤᠤ ᠶᠢᠨ ︽ᠤᠨ ᠤ ᠵᠢᠱᠢᠶ᠎ᠠ︾ ᠨᠢ ᠲᠠᠭᠤᠰᠴᠤ ᠪᠠᠭᠠᠷᠢᠨ ᠳᠠᠭᠠᠨ ᠪᠤᠴᠠᠬᠤ ᠪᠠᠷ ᠴᠸᠡᠭᠳᠧ ᠶᠢ ᠥᠡᠭᠭᠡᠷᠡᠬᠦ ᠳᠤ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠪᠠᠭᠠᠷᠢᠨ ᠪᠠᠶᠢᠰᠠ ᠸᠠᠩ ᠲᠠᠢ ᠠᠳᠠᠷ ᠬᠠᠭᠠᠯᠪᠤᠷᠢᠯᠠᠬᠤ ᠪᠦᠬᠦᠶᠢᠯᠡ ᠭᠡᠷᠡᠭ ᠢ ᠶᠠᠷᠢᠯᠴᠠᠨ ᠵᠦᠪᠳᠡᠵᠤ᠂ ︽ᠪᠠᠭᠠᠷᠢᠨ ᠸᠠᠩ ᠤᠨ ᠨᠢᠭᠡᠨᠳᠡ ᠡᠷᠬᠦᠨ ᠪᠠᠷᠢᠬᠰᠡᠨ ᠲᠦᠷᠪᠡᠨ ᠭᠡᠰᠡᠭ ᠠᠳᠠᠷ ᠭᠠᠵᠠᠷ ᠤᠨ ᠠᠡᠭ ᠱᠢᠨᠠᠭ᠎ᠠ ︵ᠬᠤᠭᠤᠷᠤᠨᠳᠤᠬᠢ ᠭᠡᠰᠡᠭ︶ ᠶᠢ  ᠨᠢ ᠪᠦᠬᠦᠨ ᠢ ᠡᠷᠬᠦᠨ ᠪᠠᠷᠢᠵᠤ᠂ ᠬᠤᠵᠢᠮ ᠤᠨ ᠮᠤᠩᠭᠤᠯ ᠬᠢᠳᠠᠳ ᠬᠤᠯᠢᠯᠳᠤᠨ ᠰᠠᠭᠤᠵᠤ ᠵᠢᠭᠤᠷᠭᠠᠨ ᠡᠬᠦᠰᠬᠦ ᠥᠨᠳᠤᠰᠤ ᠶᠢ ᠲᠠᠰᠤᠯᠬᠤ︾ ᠪᠠᠷ ᠲᠤᠬᠳᠠᠵᠠᠢ᠃1907 ᠤᠨ ᠤ 5 ᠰᠠᠷ᠎ᠠ ᠶᠢᠨ 12 ᠤᠨ ᠡᠳᠤᠷ ︽ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ ᠬᠦᠳᠤᠯᠪᠤᠷᠢ︾  ᠶᠢ ᠲᠤᠬᠳᠠᠭᠠᠵᠤ᠂ ᠠᠳᠠᠷ ᠭᠡᠮᠵᠢᠬᠦ᠂ ᠠᠳᠠᠷ ᠤᠨ ᠥᠨ᠎ᠠ᠂ ᠠᠳᠠᠷ ᠬᠤᠳᠠᠯᠳᠤᠬᠤ᠂ ᠠᠳᠠᠷ ᠪᠤᠯᠪᠠᠰᠤᠷᠠᠭᠤᠯᠬᠤ ᠵᠡᠷᠭᠡ ᠭᠡᠳᠤᠨ ᠵᠤᠷᠪᠤᠰ ᠢ ᠲᠤᠬᠳᠠᠭᠠᠨ᠂ ᠰᠡᠬᠦᠯᠡᠷ ᠨᠢ ᠪᠠᠰᠠ ᠨᠠᠢᠮᠠᠨ ᠵᠤᠷᠪᠤᠰ ᠠᠳᠠᠷ ᠭᠡᠮᠵᠢᠬᠦ ᠲᠦᠷᠢᠮ ᠢ ᠨᠡᠮᠡᠵᠠᠢ᠃ ᠬᠤᠶᠠᠷ ᠤᠳᠠᠭ᠎ᠠ ᠶᠢᠨ ᠡᠷᠬᠦᠭᠰᠡᠨ ᠭᠠᠵᠠᠷ ᠨᠢ ᠮᠦᠨ ᠯᠡ ᠴᠢᠩ ᠤᠨ ᠵᠠᠰᠠᠭ ᠪᠠ ᠲᠢᠩ ᠵᠢᠶᠧ ᠵᠡᠷᠭᠡ ᠬᠦᠮᠤᠰ ᠤᠨ ᠰᠡᠳᠬᠢᠯ ᠳᠤ ᠰᠠᠭᠤᠬᠳᠠᠬᠰᠡᠨ ᠥᠭᠡᠢ ᠪᠤᠯᠬᠤᠷ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠬᠦᠮᠤᠨ ᠲᠤᠮᠢᠯᠠᠵᠤ᠂ ᠪᠠᠭᠠᠷᠢᠨ ᠸᠠᠩ ᠤᠨ ᠡᠮᠤᠨ᠎ᠠ ᠬᠤᠶᠠᠷ ᠤᠳᠠᠭ᠎ᠠ ᠶᠢᠨ ᠡᠷᠬᠦᠭᠰᠡᠨ ︽ᠡᠮᠤᠨ᠎ᠠ ᠤᠮᠠᠷ᠎ᠠ ᠪᠠᠷᠤᠭ ᠨᠠᠶᠠ ᠶᠡᠷᠡᠨ ᠭᠠᠵᠠᠷ᠂ ᠵᠡᠬᠦᠨᠰᠢ ᠪᠠᠷᠠᠭᠤᠨᠰᠢ ᠪᠠᠷᠤᠭ ᠬᠤᠷᠢ ᠭᠤᠴᠢᠨ ᠭᠠᠵᠠᠷ︾ ᠠᠳᠠᠷ ᠢ ᠭᠡᠮᠵᠢᠭᠰᠡᠨ ᠳᠤ ᠤᠤᠯ ᠤᠨ ᠮᠡᠳᠡᠬᠦᠯᠦᠭᠰᠡᠨ ᠲᠤᠭ᠎ᠠ ᠳᠤ ᠠᠷᠠᠢ ᠬᠦᠷᠦᠭᠰᠡᠨ ᠥᠭᠡᠢ᠃ ᠠᠳᠠᠷ ᠬᠠᠮᠠᠭᠠᠯᠠᠬᠤ ᠲᠤᠪᠴᠢᠶᠠᠨ ᠤ ᠶᠡᠷᠤᠩᠭᠡᠢ ᠮᠡᠳᠡᠭᠴᠢ ᠸᠠᠩ ᠱᠦᠨ ᠽᠦᠨ ᠪᠠᠭᠠᠷᠢᠨ ᠬᠤᠰᠢᠭᠤ ᠲᠠᠢ ᠲᠠᠬᠢᠨᠳᠠ ᠵᠦᠪᠳᠡᠵᠤ᠂ ᠪᠠᠭᠠᠷᠢᠨ ᠵᠢᠶᠦ᠋ᠨ ᠸᠠᠩ᠂ ᠪᠠᠶᠢᠰᠠ ᠸᠠᠩ  ᠢᠶᠠᠷ ᠬᠠᠶᠢᠯᠠᠰᠤᠳᠠᠢ ᠭᠤᠤ᠂ ᠯᠤᠤ ᠵᠸᠡᠭ ᠭᠸᠤ᠂ ᠢᠡᠭᠳᠤ ᠶᠢᠨ ᠬᠤᠱᠤᠤ ᠵᠡᠷᠭᠡ ᠭᠠᠵᠠᠷ ᠢ ᠵᠢᠭᠠᠨ ᠮᠡᠳᠡᠬᠦᠯᠵᠠᠢ᠃ ᠲᠤᠬᠠᠢ ᠶᠢᠨ ᠪᠠᠷᠤᠬᠴᠠᠭᠠᠯᠠᠯ ᠢᠶᠠᠷ ᠬᠤᠶᠠᠷ ᠮᠢᠩᠭᠠᠨ ᠴᠢᠩ ᠪᠠᠶᠢᠪᠠ᠃ ᠲᠠᠷᠠᠭ᠎ᠠ ᠨᠢ᠂ ᠲᠢᠩ ᠵᠢᠶᠧ ᠪᠠᠰᠠ ᠯᠢ ᠲᠠᠨ  ᠢ ᠲᠤᠮᠢᠯᠠᠵᠤ ᠪᠠᠭᠠᠷᠢᠨ ᠸᠠᠩ ᠲᠠᠢ ᠠᠭᠤᠯᠵᠠᠭᠤᠯᠤᠨ᠂ ︽ᠡᠷᠬᠦᠨ ᠪᠠᠷᠢᠬᠰᠡᠨ ᠭᠠᠵᠠᠷ ᠪᠦᠬᠦᠨ ᠢᠶᠠᠷ ᠢᠶᠠᠨ ᠠᠭᠤᠯᠠᠨ ᠵᠡᠪᠡ᠂ ᠰᠢᠶᠠᠨ ᠪᠠᠶᠢᠭᠤᠯᠬᠤ ᠳᠤ ᠪᠡᠷᠭᠡᠳᠠᠢ᠃ ᠲᠠᠬᠢᠨ ᠠᠭᠤᠵᠢᠮ ᠲᠠᠯ᠎ᠠ ᠶᠢ ᠰᠤᠩᠭᠤᠨ ᠡᠷᠬᠦᠬᠦ︾ ᠶᠢ ᠵᠠᠷᠯᠢᠬᠳᠠᠨ ᠵᠦᠪᠯᠡᠵᠠᠢ᠃ ᠪᠠᠭᠠᠷᠢᠨ ᠸᠠᠩ ᠲᠠᠪᠬᠤᠷ ᠲᠠᠪᠬᠤᠷ ᠰᠡᠭᠡᠭᠡᠷᠡᠬᠦᠯᠤᠯᠳᠡ ᠶᠢᠨ ᠲᠤᠤᠷ᠎ᠠ ᠵᠡᠬᠦᠨᠰᠢ ᠴᠠᠭᠠᠨᠮᠦ᠋ᠷᠡᠨ ᠭᠤᠤᠯ᠂ ᠠᠭᠤᠶᠢᠳᠠᠯ᠎ᠠ ᠬᠦᠷᠳᠡᠯᠡᠬᠢ ᠪᠠᠷᠤᠭ ᠭᠤᠷᠪᠠᠨ ᠮᠢᠩᠭᠠᠨ ᠴᠢᠩ ᠭᠠᠵᠠᠷ ᠢ ᠵᠢᠭᠠᠨ ᠡᠷᠬᠦᠪᠡ᠃ ᠢᠡᠭᠬᠢᠵᠤ ᠲᠦᠷᠪᠡᠨ ᠤᠳᠠᠭᠠᠨ ᠤ ᠡᠷᠬᠦᠨ ᠮᠡᠳᠡᠬᠦᠯᠤᠯᠳᠡ ᠪᠠᠷ ᠲᠠᠮᠵᠢᠨ ᠡᠮᠤᠨᠡᠰᠢ ᠪᠠᠭᠠᠷᠢᠨ ᠬᠦᠬᠦᠷᠭᠡ᠂ ᠤᠮᠠᠷᠠᠰᠢ ᠪᠠᠷᠠᠭᠤᠨ ᠥᠵᠤᠮᠤᠴᠢᠨ ᠬᠤᠰᠢᠭᠤ᠂ ᠵᠡᠬᠦᠨᠰᠢ ᠴᠠᠭᠠᠨᠮᠦ᠋ᠷᠡᠨ᠂ ᠪᠠᠷᠠᠭᠤᠨᠰᠢ ᠭᠡᠰᠢᠭᠳᠡᠨ ᠬᠤᠰᠢᠭᠤᠨ ᠤ ᠯᠢᠤ ᠵᠢᠶᠠ ᠢᠡᠭᠽᠢ ᠬᠦᠷᠳᠡᠯᠡᠬᠢ ᠥᠷᠭᠡᠨ ᠢᠶᠠᠷ ᠢᠶᠠᠨ ᠲᠠᠪᠢ ᠵᠢᠷᠠᠨ ᠭᠠᠵᠠᠷ᠂ ᠤᠷᠳᠤ ᠪᠠᠷ ᠢᠶᠠᠨ ᠬᠤᠶᠠᠷ ᠵᠠᠭᠤᠨ ᠭᠠᠵᠠᠷ ᠢ ᠡᠷᠬᠦᠨ ᠪᠠᠷᠢᠵᠤ ᠪᠠᠷᠤᠭ ᠲᠠᠪᠤᠨ ᠮᠢᠩᠭᠠᠨ ᠴᠢᠩ ᠳᠤ ᠬᠦᠷᠴᠠᠢ᠃ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠪᠠᠳᠠᠷᠠᠭᠤᠯᠳᠤ ᠲᠦᠷᠤ ᠶᠢᠨ ᠭᠤᠴᠢᠨ ᠭᠤᠷᠪᠠᠳᠤᠭᠠᠷ ᠤᠨ ᠤ 7 ᠰᠠᠷ᠎ᠠ ᠶᠢᠨ 7 ᠤ ᠡᠳᠤᠷ ᠤᠨ ᠪᠤᠳᠤᠷᠤᠤᠯ ᠪᠢᠴᠢᠭ  ᠲᠤ ᠤᠳᠤᠬᠠᠨ ᠤ ᠯᠢᠨᠰᠢ ᠰᠢᠶᠠᠨ ᠤ ᠬᠢᠵᠠᠭᠠᠷ ᠢ ᠥᠨᠳᠤᠰᠤᠨ ᠳᠤᠨᠢ ᠲᠤᠬᠳᠠᠭᠠᠵᠠᠢ ᠭᠡᠵᠤ ᠮᠡᠳᠡᠬᠦᠯᠵᠠᠢ᠃ ᠲᠤᠮᠳᠠᠳᠤ ᠢᠷᠭᠡᠨ ᠤᠯᠤᠰ ᠤᠨ ᠲᠡᠷᠢᠬᠦᠨ ᠤ ᠨᠠᠢᠮᠠ᠂ ᠶᠢᠰᠤᠨ ᠰᠠᠷ᠎ᠠ ᠳᠤ ᠪᠠᠭᠠᠷᠢᠨ ᠬᠤᠰᠢᠭᠤᠨ ᠤ ᠲᠤᠮᠢᠯᠠᠬᠰᠡᠨ ᠬᠠᠹᠦ᠋ᠡᠭᠭ᠎ᠠ᠂ ᠵᠤᠤ ᠹᠦ᠋ ᠬᠠᠢ ᠨᠠᠷ ᠥᠷᠬᠦᠯᠵᠢᠯᠡᠨ ᠠᠳᠠᠷ ᠢ ᠬᠠᠶᠢᠨ ᠮᠡᠳᠡᠬᠦᠯᠬᠦ ᠳᠡᠭᠡᠨ ᠵᠡᠬᠦᠨ ᠴᠢᠨᠤᠳᠤ ᠶᠢᠨ ᠬᠦᠨᠳᠠᠢ ᠤᠷᠴᠢᠮ ᠢᠶᠠᠷ ᠮᠤᠩᠭᠤᠯ ᠮᠠᠯᠴᠢᠳ ᠲᠤ ᠥᠯᠡᠳᠡᠭᠡᠵᠤ ᠥᠭᠬᠦᠭᠰᠡᠨ ᠪᠡᠯᠴᠢᠭᠡᠷ ᠨᠢ ᠲᠦᠯᠡᠰᠢ ᠲᠦᠯᠡᠭᠡ ᠶᠢᠨ ᠰᠢᠯᠳᠠᠭᠠᠨ ᠢᠶᠠᠷ ᠬᠢᠳᠠᠳ ᠮᠤᠩᠭᠤᠯ ᠢᠷᠭᠡᠳ ᠤᠨ ᠵᠢᠭᠤᠷᠭᠠᠨ ᠢ ᠡᠬᠦᠰᠭᠡᠵᠤ ᠪᠠᠶᠢᠬᠤ ᠶᠢ ᠰᠡᠷᠡᠵᠤ ᠪᠠᠭᠠᠷᠢᠨ ᠵᠢᠶᠦ᠋ᠨ ᠸᠠᠩ ᠳᠤ ᠮᠡᠳᠡᠬᠦᠯᠤᠨ ᠠᠳᠠᠷ ᠤᠨ ᠬᠦᠳᠤᠯᠪᠤᠷᠢ ᠶᠤᠰᠤᠭᠠᠷ ᠡᠷᠬᠦᠨ ᠬᠠᠭᠠᠯᠪᠤᠷᠢᠯᠡᠵᠠᠢ᠃ ᠭᠡᠪᠳᠤ ᠶᠤᠰᠤᠳᠤ ᠶᠢᠨ ᠬᠤᠶᠠᠳᠤᠭᠠᠷ ᠤᠨ ᠳᠤ ᠿᠧ ᠡᠾᠧ ᠶᠢᠨ ᠪᠦᠬᠦᠳᠡ ᠶᠢ ᠵᠠᠬᠢᠷᠤᠬᠴᠢ ᠠᠳᠠᠷ ᠬᠠᠭᠠᠯᠪᠤᠷᠢᠯᠠᠬᠤ ᠠᠬᠢᠴᠠ ᠶᠢ ᠲᠦᠷᠭᠡᠳᠭᠡᠬᠦ ᠶᠢᠨ ᠲᠦᠯᠤᠭᠡ ᠴᠢᠩ ᠤᠨ ᠵᠠᠰᠠᠭ ᠤᠨ ᠵᠦᠪᠰᠢᠶᠡᠷᠡᠯ ᠢᠶᠠᠷ 1990 ᠤᠨ ᠤ 8 ᠰᠠᠷ᠎ᠠ ᠳᠤ ᠪᠠᠭᠠᠷᠢᠨ ᠤ ᠠᠳᠠᠷ ᠤᠨ ᠶᠠᠪᠤᠳᠠᠯ ᠤᠨ ᠲᠤᠪᠴᠢᠶ᠎ᠠ ᠶᠢ ᠨᠢᠭᠡᠳᠭᠡᠵᠤ᠂ ᠯᠢᠨᠰᠢ ᠰᠢᠶᠠᠨ ᠳᠤ ᠪᠠᠶᠢᠷᠢᠯᠠᠭᠤᠯᠵᠠᠢ᠃ ᠰᠡᠬᠦᠯᠡᠷ ᠨᠢ ᠲᠠᠬᠢᠨᠳᠠ ᠰᠠᠯᠭᠠᠨ ᠯᠢᠨᠰᠢ ᠶᠢᠨ ᠬᠢ ᠶᠢ ᠯᠢᠨᠰᠢ ᠰᠢᠶᠠᠨ ᠤ ᠭᠡᠷᠡᠭ ᠮᠡᠳᠡᠭᠴᠢ ᠬᠠᠪᠰᠤᠷᠭᠠᠨ ᠬᠠᠷᠢᠭᠤᠴᠠᠪᠠ᠃ ᠢᠷᠭᠡᠨ ᠤᠯᠤᠰ ᠤᠨ ᠲᠡᠷᠢᠬᠦᠨ ᠤᠨ ᠤ ᠨᠠᠢᠮᠠᠨ ᠰᠠᠷ᠎ᠠ ᠳᠤ ᠪᠠᠭᠠᠷᠢᠨ ᠤ ᠠᠳᠠᠷ ᠤᠨ ᠶᠠᠪᠤᠳᠠᠯ ᠤᠨ ᠲᠤᠪᠴᠢᠶ᠎ᠠ ᠶᠢ ᠯᠢᠨᠰᠢ ᠰᠢᠶᠠᠨ ᠤ ᠵᠠᠬᠢᠷᠭ᠎ᠠ ᠲᠠᠢ ᠬᠠᠮᠳᠤᠳᠬᠠᠵᠤ ᠲᠤᠰᠠᠭᠠᠷ ᠪᠠᠶᠢᠭᠤᠯᠤᠮᠵᠢ ᠪᠠᠶᠢᠭᠤᠯᠬᠤ ᠶᠢ ᠡᠴᠤᠰᠯᠡᠬᠦᠯᠪᠡ᠃ ᠪᠠᠭᠠᠷᠢᠨ ᠤ ᠪᠠᠷᠠᠭᠤᠨ ᠳᠤ ᠠᠳᠠᠷ ᠬᠠᠭᠠᠯᠪᠤᠷᠢᠯᠠᠬᠰᠡᠨ ᠨᠢ ᠢᠯᠵᠢᠷᠡᠨ ᠲᠤᠷᠤᠶᠢᠳᠠᠬᠰᠡᠨ ᠴᠢᠩ ᠤᠨ ᠲᠦᠷᠤ ᠶᠢᠨ ᠡᠴᠤᠰ ᠤᠨ ᠮᠦᠴᠠ ᠳᠤ ᠶᠠᠪᠤᠬᠳᠠᠬᠰᠡᠨ ᠪᠠᠶᠢᠨ᠎ᠠ᠃ ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ ᠲᠠᠩᠰᠠ ᠡᠪᠭᠡᠮᠡᠯ  ᠠᠴᠠ ᠠᠵᠢᠬᠯᠠᠪᠠᠯ ᠤᠯᠠᠨ ᠠᠷᠪᠢᠨ ᠤᠴᠢᠷ ᠶᠠᠪᠤᠳᠠᠯ ᠤᠨ ᠪᠤᠳᠤᠷᠤᠤᠯ ᠶᠠᠪᠤᠳᠠᠯ ᠪᠢᠴᠢᠭ᠂ ᠠᠳᠠᠷ ᠤᠨ ᠶᠠᠪᠤᠳᠠᠯ ᠤᠨ ᠬᠦᠳᠤᠯᠪᠤᠷᠢ ᠵᠡᠷᠭᠡ ᠶᠢ ᠽᠢ ᠰᠢ ᠲᠠᠶᠢᠭᠡᠤ ᠪᠤᠯᠤᠨ ᠪᠠᠳᠠᠷᠠᠭᠤᠯᠳᠤ ᠲᠦᠷᠤ ᠬᠠᠭᠠᠨ ᠪᠡᠶ᠎ᠠ ᠪᠠᠷ ᠥᠵᠡᠵᠤ᠂ ᠬᠠᠮᠢᠶ᠎ᠠ ᠪᠦᠬᠦᠢ ᠬᠦᠰᠤᠨᠦᠭᠳᠦ᠂ ᠠᠳᠠᠷ ᠭᠠᠵᠠᠷ ᠤᠨ ᠵᠢᠷᠤᠭ ᠵᠡᠷᠭᠡ ᠶᠢ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠴᠢᠩ ᠤᠯᠤᠰ ᠤᠨ ᠭᠡᠮᠵᠢᠬᠦᠷ ᠶᠠᠮᠤᠨ ᠳᠤ ᠡᠷᠬᠦᠵᠤ ᠪᠠᠷᠢᠵᠠᠢ᠃ ᠡᠬᠦᠨ ᠠᠴᠠ ᠥᠵᠡᠬᠦᠯ᠎ᠠ ᠴᠢᠩ ᠤᠯᠤᠰ ᠤᠨ ᠵᠠᠰᠠᠭ ᠤᠨ ᠭᠠᠵᠠᠷ ᠪᠠᠭᠠᠷᠢᠨ ᠤ ᠠᠳᠠᠷ ᠬᠠᠭᠠᠯᠪᠤᠷᠢᠯᠠᠯᠳᠠ ᠶᠢ ᠬᠢᠷᠢ ᠵᠡᠷᠭᠡ ᠴᠢᠬᠤᠴᠢᠯᠠᠵᠤ ᠪᠠᠶᠢᠬᠰᠡᠨ ᠢ ᠮᠡᠳᠡᠵᠤ ᠪᠤᠯᠤᠨ᠎ᠠ᠃ ᠭᠡᠳᠡᠯ᠎ᠠ ᠪᠠᠭᠠᠷᠢᠨ ᠤ ᠠᠳᠠᠷ ᠬᠠᠭᠠᠯᠪᠤᠷᠢᠯᠠᠯᠳᠠ ᠲᠠᠭᠤᠰᠬᠤ ᠠᠴᠠ ᠡᠮᠤᠨ᠎ᠠ ᠴᠢᠩ ᠤᠨ ᠲᠦᠷᠤ ᠲᠡᠤᠭᠡ ᠪᠤᠯᠵᠤ ᠬᠤᠴᠤᠷᠴᠠᠢ᠃ ᠪᠠᠭᠠᠷᠢᠨ ᠤ ᠠᠳᠠᠷ ᠬᠠᠭᠠᠯᠪᠤᠷᠢᠯᠠᠯᠳᠠ ᠶᠢ ᠭᠠᠵᠠᠷ ᠲᠠᠷᠢᠶᠠᠨ ᠤ ᠡᠵᠡᠮᠰᠢᠯ ᠤᠨ ᠡᠷᠭᠡ ᠶᠢᠨ ᠡᠮᠤᠨ᠎ᠠ ᠠᠴᠠ ᠵᠠᠳᠠᠯᠪᠠᠯ ᠨᠢᠭᠡ ᠵᠤᠶᠢᠯ ᠤᠨ ᠹᠸᠤᠳᠠᠯ ᠨᠡᠶᠢᠭᠡᠮ ᠤᠨ ᠰᠢᠨᠵᠢᠳᠠᠢ ᠭᠠᠵᠠᠷ ᠲᠠᠷᠢᠶᠠᠨ ᠤ ᠡᠷᠭᠡ ᠶᠢᠨ ᠰᠢᠯᠵᠢᠬᠦᠯᠤᠯᠳᠡ ᠪᠤᠯᠤᠨ᠎ᠠ᠃ ᠠᠳᠠᠷ ᠬᠤᠳᠠᠯᠳᠤᠬᠤ ᠪᠠᠷ ᠪᠤᠳᠤᠪᠠᠯ᠂ ᠶᠠᠳᠠᠭᠤ ᠠᠶᠢᠯ ᠨᠢ ᠢᠳᠡᠵᠤ ᠡᠮᠤᠰᠬᠦ ᠳᠡᠭᠡᠨ ᠵᠦᠪ ᠥᠭᠡᠢ ᠶᠤᠮ ᠴᠢᠨᠢ ᠭᠡᠷᠬᠢᠨ ᠠᠳᠠᠷ ᠬᠤᠳᠠᠯᠳᠤᠨ ᠠᠪᠴᠤ ᠲᠡᠶᠢᠯᠬᠦ ᠪᠤᠢ︖ ᠢᠡᠭᠬᠢᠬᠦᠯᠡᠷ ᠶᠠᠷᠢᠶᠠᠨ ᠥᠭᠡᠢ ᠤᠯᠠᠩᠬᠢ ᠭᠠᠵᠠᠷ ᠢ ᠲᠤᠮᠤ ᠭᠠᠵᠠᠷ ᠤᠨ ᠡᠵᠡᠳ ᠬᠤᠳᠠᠯᠳᠤᠨ ᠠᠪᠬᠤ ᠪᠤᠯᠤᠨ᠎ᠠ᠃ ᠡᠨᠡ ᠨᠢ ᠮᠦᠨ ᠴᠢᠨᠠᠷ ᠲᠡᠭᠡᠷ᠎ᠠ  ᠪᠠᠨ ᠬᠢᠳᠠᠳ ᠮᠤᠩᠭᠤᠯ ᠮᠠᠨᠵᠤ ᠹᠸᠤᠳᠠᠯ ᠤᠨ ᠡᠵᠡᠳ ᠤᠨ ᠬᠢᠭᠰᠡᠨ ᠨᠢᠭᠡ ᠤᠳᠠᠭᠠᠨ ᠤ ᠭᠠᠵᠠᠷ ᠰᠢᠷᠤᠢ ᠶᠢᠨ ᠠᠷᠠᠯᠵᠢᠶ᠎ᠠ ᠪᠤᠯᠤᠨ᠎ᠠ᠃ ᠪᠠᠭᠠᠷᠢᠨ ᠤ ᠵᠤᠯᠠᠴᠢᠨ ᠰᠦᠮ᠎ᠠ ᠶᠢ ᠬᠦᠡᠭᠵᠤ ᠶᠢᠨ ᠲᠠᠬᠢᠯᠭ᠎ᠠ ᠳᠤ ᠵᠤᠷᠢᠭᠤᠯᠤᠨ ᠪᠠᠷᠢᠬᠰᠡᠨ ᠶᠤᠮ᠃ ᠵᠤᠯᠠᠴᠢᠨ ᠰᠦᠮ᠎ᠠ ᠨᠢ ᠵᠠᠮ ᠬᠠᠷᠢᠯᠴᠠᠭ᠎ᠠ ᠲᠦᠬᠦᠮ ᠲᠦᠳᠡ ᠤᠷᠤᠨ ᠳᠤ ᠪᠠᠶᠢᠷᠢᠰᠢᠬᠰᠡᠨ ᠪᠤᠯᠬᠤᠷ ᠵᠠᠩ ᠸᠧᠠ ᠬᠤᠤ ᠵᠡᠷᠭᠡ  ᠶᠢᠨ ᠬᠦᠮᠤᠰ ᠵᠤᠯᠠᠴᠢᠨ ᠰᠦᠮ᠎ᠠ ᠶᠢᠨ ᠬᠦᠵᠢ ᠵᠤᠯᠠ ᠶᠢᠨ ᠭᠡᠰᠢᠭ ᠲᠤ ᠬᠤᠳᠠ ᠶᠢᠨ ᠰᠠᠭᠤᠷᠢ ᠥᠯᠡᠳᠡᠭᠡᠬᠦ ᠪᠠᠷ ᠵᠦᠪᠯᠡᠵᠤ ᠪᠠᠶᠢᠬᠰᠡᠨ ᠢᠶᠠᠨ ᠬᠤᠵᠢᠮ ᠨᠢ ᠪᠠᠯᠭᠠᠰᠤᠨ ᠤ ᠰᠠᠭᠤᠷᠢ ᠪᠤᠯᠭᠠᠬᠤ ᠪᠠᠷ ᠲᠤᠬᠳᠠᠵᠠᠢ᠃ ᠡᠬᠦᠨ ᠳᠤ ᠯᠠᠮᠠ ᠨᠠᠷ ᠤᠨ ᠠᠳᠠᠯ ᠤᠨᠳᠤᠷᠤᠯᠭ᠎ᠠ ᠳᠤ ᠰᠢᠭᠤᠳ ᠬᠠᠷᠰᠢ ᠪᠤᠯᠵᠤ ᠵᠦᠷᠢᠴᠡᠯ ᠡᠬᠦᠰᠪᠡ᠃ ᠬᠤᠰᠢᠭᠤᠨ ᠤ ᠵᠠᠰᠠᠭ ᠤᠨ ᠭᠠᠵᠠᠷ ᠨᠢ ᠭᠡᠳᠤᠨᠳᠡ ᠢᠳᠬᠠᠬᠰᠡᠨ ᠪᠤᠯᠪᠠᠴᠤ ᠠᠰᠢᠭ ᠭᠠᠷᠤᠬᠰᠡᠨ ᠥᠭᠡᠢ ᠮᠦᠷᠳᠡᠭᠡᠨ ᠲᠤᠰ ᠭᠤᠷᠪᠠᠯᠵᠢᠨ ᠭᠡᠰᠡᠭ  ᠤᠨ ᠠᠳᠠᠷ ᠤᠨ ᠮᠦᠡᠭᠬᠦ ᠶᠢᠨ ᠬᠠᠭᠠᠰ ᠢ ᠲᠤᠰ ᠰᠦᠮ᠎ᠠ ᠳᠤ ᠥᠭᠬᠦ ᠪᠠᠷ ᠠᠮᠠᠯᠠᠬᠰᠡᠨ ᠴᠤ ᠯᠠᠮᠠ ᠨᠠᠷ ᠪᠦᠷᠢᠮᠤᠰᠤᠨ ᠵᠦᠪᠰᠢᠶᠡᠷᠡᠭᠡ ᠥᠭᠡᠢ᠃ ᠰᠡᠬᠦᠯᠡᠷ ᠲᠤᠰ ᠰᠦᠮ᠎ᠠ ᠳᠤ ᠬᠤᠰᠢᠭᠤᠨ ᠤ ᠤᠯᠬᠤ ᠠᠳᠠᠷ ᠤᠨ ᠮᠦᠡᠭᠬᠦ ᠬᠢᠭᠡᠳ ᠤᠯᠤᠰ  ᠤᠨ ᠤᠯᠬᠤ ᠠᠳᠠᠷ ᠤᠨ ᠮᠦᠡᠭᠬᠦ ᠶᠢ ᠪᠦᠬᠦᠨ ᠢᠶᠠᠷ ᠨᠢ ᠥᠭᠴᠤ ᠬᠦᠵᠢ ᠵᠤᠯᠠ ᠶᠢᠨ ᠰᠦᠢᠳᠭᠡᠯ ᠪᠤᠯᠭᠠᠭᠰᠡᠨ ᠢᠶᠠᠷ ᠡᠨᠡ ᠵᠦᠷᠢᠴᠡᠯ ᠠᠷᠠᠶᠢᠬᠠᠨ ᠨᠠᠮᠳᠠᠵᠠᠢ᠃5 ᠰᠠᠷ᠎ᠠ ᠶᠢᠨ 24 ᠤ ᠡᠳᠤᠷ᠂ ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ ᠲᠤᠪᠴᠢᠶ᠎ᠠ ᠶᠢᠨ ᠬᠦᠮᠤᠰ ᠬᠤᠶᠢᠳᠤ ᠭᠡᠰᠡᠭ ᠤᠨ ᠭᠠᠨᠵᠤᠤᠷ ᠰᠦᠮ᠎ᠠ ᠤᠷᠴᠢᠮ ᠢᠶᠠᠷ ᠲᠡᠭᠡᠰᠤᠯᠡᠬᠦ ᠥᠶᠡᠰ ᠲᠤᠰ ᠤᠷᠤᠨ ᠳᠤ ᠰᠠᠭᠤᠷᠢᠰᠢᠭ᠎ᠠ ᠭᠡᠰᠢᠭᠳᠡᠨ ᠬᠤᠰᠢᠭᠤᠨ ᠳᠤ ᠬᠠᠷᠢᠶᠠᠯᠠᠬᠳᠠᠬᠤ ᠵᠠᠭᠤ ᠢᠯᠡᠬᠦᠤ ᠮᠠᠯᠴᠢᠨ ᠲᠠᠶᠢᠵᠢ ᠬᠦᠭᠡ᠂ ᠷᠢᠨᠴᠢᠨ ᠨᠠᠷ ᠤᠨ ᠤᠳᠤᠷᠢᠳᠤᠯᠭ᠎ᠠ  ᠪᠠᠷ ᠴᠤᠬᠯᠠᠵᠤ᠄ ︽ᠲᠡᠭᠡᠰᠤᠯᠡᠬᠦ ᠶᠢ ᠭᠡᠳᠤᠷᠢᠬᠦᠯᠬᠦ︾ ᠶᠢ ᠬᠦᠰᠡᠭᠰᠡᠨ ᠳᠤ ᠪᠠᠭᠠᠷᠢᠨ ᠤ ᠨᠤᠶᠠᠳ ᠡᠰᠡ ᠬᠦᠯᠢᠶᠡᠪᠡ᠃ ᠬᠢᠯᠢᠩᠨᠡᠭᠰᠡᠨ ᠠᠷᠠᠳ ᠴᠢᠯᠠᠭᠤ ᠰᠢᠳᠠᠮ ᠡᠷᠬᠢᠬᠦᠯᠤᠨ ᠪᠠᠭᠠᠷᠢᠨ ᠤ ᠤᠶᠦᠨᠪᠢᠯᠢᠭ ᠮᠠᠶᠢᠷᠠᠨ ᠵᠡᠷᠭᠡ ᠨᠤᠶᠠᠳ ᠲᠠᠢ ᠭᠡᠷᠡᠬᠦᠯ ᠵᠢᠭᠤᠷᠭᠠᠨ ᠪᠤᠯᠵᠤ ᠪᠠᠶᠢᠬᠰᠡᠨ ᠢᠶᠠᠨ ᠠᠳᠠᠷ ᠬᠠᠭᠠᠯᠪᠤᠷᠢᠯᠠᠬᠤ ᠲᠤᠪᠴᠢᠶᠠᠨ ᠤ ᠭᠡᠰᠢᠬᠦᠳ ᠢ ᠴᠤ ᠬᠠᠮᠤᠷᠠᠪᠠ᠃ 7 ᠰᠠᠷ᠎ᠠ ᠶᠢᠨ 7 ᠤ ᠡᠳᠤᠷ᠂ ᠲᠢᠩ ᠵᠢᠶᠧ ᠪᠠᠷ ᠪᠠᠭᠠᠷᠢᠨ ᠵᠢᠶᠦ᠋ᠨ ᠸᠠᠩ᠂ ᠪᠠᠶᠢᠰᠠ ᠸᠠᠩ᠂ ᠠᠳᠠᠷ ᠤᠨ ᠲᠤᠪᠴᠢᠶᠠᠨ ᠤ ᠠᠶᠢᠯᠠᠳᠬᠠᠯ ᠢ ᠥᠨᠳᠤᠰᠤᠯᠡᠵᠤ᠂ ᠴᠢᠩ ᠤᠨ ᠲᠦᠷᠤ ᠳᠤ ᠪᠤᠳᠤᠷᠤᠤᠯ ᠪᠢᠴᠢᠭ ᠡᠷᠬᠦᠵᠤ ᠡᠨᠡᠬᠦ ᠵᠢᠭᠤᠷᠭᠠᠨ ᠢ ᠬᠦᠮᠤᠨ ᠲᠤᠮᠢᠯᠠᠵᠤ ᠪᠠᠶᠢᠴᠠᠭᠠᠬᠤ ᠶᠢ ᠬᠦᠰᠡᠪᠡ᠃ 7 ᠰᠠᠷ᠎ᠠ ᠶᠢᠨ 17 ᠤ ᠡᠳᠤᠷ ᠴᠤᠬᠤᠯᠳᠠ ᠪᠠᠭᠤᠵᠤ᠄ ︽ᠭᠤᠤᠯᠴᠢ ᠪᠠᠷ ᠨᠠᠷᠢᠨ ᠪᠠᠶᠢᠴᠠᠭᠠᠵᠤ ᠲᠤᠬᠢᠷᠠᠮᠵᠢᠳᠠᠢ ᠰᠢᠢᠳᠪᠤᠷᠢᠯᠡᠭᠳᠦᠨ︕︾ ᠭᠡᠮᠡᠭᠰᠡᠨ ᠳᠤ ᠬᠦᠮᠤᠨ ᠲᠤᠮᠢᠯᠠᠵᠤ ᠪᠠᠶᠢᠴᠠᠭᠠᠯᠳᠠ ᠬᠢᠯᠭᠡᠬᠦ ᠶᠢᠨ ᠵᠡᠷᠭᠡᠪᠡᠷ ᠭᠡᠰᠡᠭ ᠪᠦᠯᠦᠭ ᠬᠦᠮᠤᠰ ᠢ ᠰᠢᠬᠦᠨ ᠠᠰᠠᠭᠤᠪᠠ᠃ ᠡᠨᠡ ᠬᠤᠭᠤᠴᠠᠭᠠᠨ ᠳᠤ ᠪᠠᠭᠠᠷᠢᠨ ᠸᠠᠩ ᠭᠡᠰᠢᠭᠳᠡᠨ ᠬᠤᠰᠢᠭᠤ ᠯᠤᠭ᠎ᠠ ᠵᠦᠪᠳᠡᠵᠤ᠄ ︽ᠭᠡᠰᠢᠭᠳᠡᠨ ᠤ ᠬᠠᠷᠢᠶ᠎ᠠ ᠠᠷᠠᠳ ᠬᠤᠰᠢᠭᠤᠨ ᠳᠠᠭᠠᠨ ᠪᠤᠴᠠᠵᠤ ᠨᠤᠳᠤᠬᠯᠠᠨ᠂ ᠪᠠᠭᠠᠷᠢᠨ ᠪᠠᠷᠠᠭᠤᠨ ᠬᠤᠰᠢᠭᠤ ᠠᠳᠠᠷ ᠤᠨ ᠮᠦᠡᠭᠬᠦ ᠠᠴᠠ ᠭᠡᠰᠢᠭᠳᠡᠨ ᠤ 482 ᠡᠷᠤᠭᠡ ᠠᠷᠠᠳ ᠲᠤ ᠨᠡᠬᠦᠨ ᠪᠠᠭᠤᠵᠤ ᠮᠦᠡᠭᠬᠦ ᠲᠦᠮᠡᠨ ᠯᠠᠩ ᠥᠭᠬᠦ︾ ᠪᠠᠷ ᠲᠤᠬᠳᠠᠬᠰᠡᠨ ᠢ ᠨᠢ ᠲᠢᠩ ᠵᠢᠶᠧ ᠬᠠᠭᠠᠰ ᠢ ᠨᠢ ᠥᠭᠬᠦ ᠪᠠᠷ ᠴᠤᠬᠤᠯᠠᠵᠤ ᠵᠦᠪᠰᠢᠶᠡᠷᠡᠭᠰᠡᠨ ᠠᠴᠠ ᠡᠷᠤᠭᠡ ᠪᠦᠬᠦᠨ ᠳᠤ 10 ᠯᠠᠩ 3 ᠴᠢᠶᠠᠨ 3 ᠯᠢ ᠤᠨᠤᠬᠳᠠᠵᠠᠢ᠃ ᠭᠠᠨᠵᠤᠤᠷ ᠰᠦᠮ᠎ᠠ ᠶᠢᠨ ᠯᠠᠮᠠ ᠬᠤᠸᠠᠷᠠᠭ ᠨᠠᠷ ᠤᠷᠤᠰᠢᠬᠤ ᠤᠷᠤᠨ ᠢᠶᠠᠨ ᠠᠯᠳᠠᠬᠰᠡᠨ ᠮᠦᠷᠳᠡᠭᠡᠨ 7 ᠰᠠᠷ᠎ᠠ ᠶᠢᠨ ᠰᠡᠬᠦᠯᠴᠢ ᠪᠠᠷ ᠴᠠᠭ ᠬᠤᠭᠤᠴᠠᠨ ᠰᠢᠯᠵᠢᠬᠦ ᠪᠠᠷ ᠪᠤᠯᠤᠬᠰᠡᠨ ᠳᠤ  ᠵᠦᠷᠢᠴᠡᠯ  ᠪᠠᠰᠠᠯᠠ  ᠡᠭᠦᠰᠬᠦ ᠪᠤᠯᠵᠠᠢ  ᠃  ᠡᠭᠦᠨ ᠳᠤ  ᠪᠤᠰᠤᠳ ᠬᠦᠮᠦᠨ ᠬᠡᠪᠳᠦ ᠶᠤᠰᠤᠳᠤ ᠶᠢᠨ  ᠠᠩᠬᠠᠳᠤᠭᠠᠷ ᠤᠨ ᠳᠤ  ᠴᠢᠩ ᠤᠨ  ᠵᠠᠰᠠᠭ ᠲᠤ ᠠᠶᠢᠯᠠᠳᠬᠠᠵᠤ  ᠄︽ᠮᠤᠩᠭᠤᠯ ᠬᠤᠰᠢᠭᠤᠳ ᠲᠤ  ᠠᠳᠠᠷ ᠬᠠᠭᠠᠯᠪᠤᠷᠢᠯᠠᠬᠤ ᠨᠢ  ᠮᠤᠩᠭᠤᠯ ᠢᠷᠭᠡᠳ ᠢ ᠠᠯᠪᠠᠳᠠᠨ ᠬᠦᠭᠡᠭᠡᠵᠤ ᠬᠠᠷᠬᠢᠰ ᠭᠡᠷᠴᠡᠭᠡᠢ ᠮᠦᠯᠵᠢᠯ ᠪᠤᠯᠪᠠ︾ ᠭᠡᠮᠡᠭᠰᠡᠨ ᠳᠤ ᠴᠢᠩ ᠤᠨ ᠵᠠᠰᠠᠭ ᠤᠨ ᠭᠠᠵᠠᠷ ᡁᠢ ᠯᠢ  ᠶᠢᠨ ᠪᠦᠬᠦᠳᠡ ᠶᠢ ᠵᠠᠬᠢᠷᠤᠬᠴᠢ ᠿᠦᠢ ᠹᠸᠡᠭ᠂ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠪᠠᠷ ᠪᠠᠶᠢᠴᠠᠭᠠᠨ ᠰᠢᠢᠳᠪᠤᠷᠢᠯᠡᠬᠦᠯᠪᠡ᠃ ᠡᠬᠦᠨ ᠤ ᠳ᠋ᠦᠡᠭ ᠳᠤ ᠵᠠᠷᠢᠮ ᠵᠤᠶᠢᠯ ᠨᠢ ᠠᠶᠢᠯᠠᠳᠬᠠᠯ ᠳᠤ ᠠᠷᠠᠢ ᠨᠡᠶᠢᠴᠡᠬᠦ ᠥᠭᠡᠢ ᠪᠠᠶᠢᠪᠠ᠃ ᠰᠡᠬᠦᠯᠡᠷ ᠨᠢ ᠲᠢᠩ ᠵᠢᠶᠧ ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ ᠲᠤᠪᠴᠢᠶᠠᠨ ᠤ ᠶᠡᠷᠤᠩᠭᠡᠢ ᠮᠡᠳᠡᠭᠴᠢ ᠬᠦᠸᠧ ᠿᠸᠠ ᠲᠠᠢ ᠪᠠᠷ ᠲᠠᠮᠵᠢᠭᠤᠯᠤᠨ ᠲᠠᠪᠤᠨ ᠮᠢᠩᠭᠠᠨ ᠯᠠᠩ ᠮᠦᠡᠭᠬᠦ ᠶᠢ ᠨᠦᠬᠦᠨ ᠪᠠᠭᠤᠯᠭᠠᠪᠠ᠃ ᠡᠬᠦᠨ ᠤ ᠵᠡᠷᠭᠡᠪᠡᠷ ᠲᠢᠩ ᠵᠢᠶᠧ ᠵᠡᠷᠭᠡ ᠬᠦᠮᠤᠰ ᠴᠢᠩ ᠤᠨ ᠵᠠᠰᠠᠭ ᠢᠶᠠᠷ ᠵᠦᠪᠰᠢᠶᠡᠷᠡᠬᠦᠯᠵᠤ᠂ ᠲᠠᠶᠢᠵᠢ ᠬᠦᠭᠡ ᠶᠢ ᠵᠡᠷᠭᠡᠯᠡᠳᠡᠭᠡ ᠠᠶᠢᠮᠠᠭ ᠲᠤ ᠴᠦᠯᠠᠵᠤ ᠭᠠᠰᠢᠭᠤᠨ ᠠᠯᠪᠠ ᠬᠢᠯᠭᠡᠨ᠂ ᠲᠠᠶᠢᠵᠢ ᠷᠢᠨᠴᠢᠨ ᠤ ᠭᠡᠷᠭᠡᠮ ᠢ ᠨᠢ ᠬᠠᠰᠤᠵᠤ ᠴᠢᠭᠤᠯᠭᠠᠨ ᠲᠠᠷᠤᠭ᠎ᠠ ᠳᠤ ᠲᠤᠰᠢᠶᠠᠵᠤ᠂ ᠲᠡᠬᠦᠰ ᠤᠨ ᠮᠠᠶᠢᠷᠡᠨ ᠵᠡᠷᠭᠡ ᠶᠢ ᠡᠪᠳᠡᠵᠤ᠂ ᠬᠤᠰᠢᠭᠤᠨ ᠤ ᠰᠢᠳᠠᠷ ᠶᠠᠪᠤᠬᠤ ᠵᠠᠬᠢᠷᠤᠬᠴᠢ ᠯᠧ ᠱᠠᠨ ᠢ ᠭᠠᠳᠠᠭᠠᠳᠤ ᠮᠤᠩᠭᠤᠯ ᠤᠨ ᠶᠠᠮᠤᠨ ᠳᠤ ᠲᠤᠰᠢᠶᠠᠨ ᠥᠭᠴᠤ ᠰᠢᠢᠳᠪᠤᠷᠢᠯᠡᠬᠦᠯᠪᠡ᠃1908 ᠤᠨ ᠤ 1 ᠰᠠᠷ᠎ᠠ ᠶᠢᠨ 7 ᠤ ᠡᠳᠤᠷ ᠿᠧ ᠡᠾᠧ ᠶᠢᠨ ᠪᠦᠬᠦᠳᠡ ᠶᠢ ᠵᠠᠬᠢᠷᠤᠬᠴᠢ ᠠᠶᠢᠯᠠᠳᠬᠠᠯ ᠡᠷᠬᠦᠵᠤ᠂ ᠤᠯᠠᠭᠠᠨᠬᠠᠳᠠ ᠰᠢᠶᠠᠨ ᠢ ᡁᠢ ᠯᠢ ᠵᠸᠤ ᠪᠤᠯᠭᠠᠨ ᠲᠡᠪᠰᠢᠬᠦᠯᠵᠤ᠂ ᠺᠠᠶᠢᠯᠤ᠂ ᠠᠨ ᠳ᠋ᠦᠡᠭ᠂ ᠪᠠ ᠰᠢ ᠭᠤᠷᠪᠠᠨ ᠰᠢᠶᠠᠨ ᠨᠡᠮᠡᠵᠤ ᠪᠠᠶᠢᠭᠤᠯᠬᠤ ᠶᠢ ᠰᠠᠨᠠᠭᠠᠴᠢᠯᠠᠵᠠᠢ᠃ ᠪᠠ ᠰᠢ ᠪᠤᠯᠪᠠᠯ ᠲᠠᠷᠤᠢ ᠯᠢᠨᠰᠢ ᠰᠢᠶᠠᠨ ᠪᠤᠯᠤᠨ᠎ᠠ᠃ ᠪᠠᠭᠠᠷᠢᠨ ᠤ ᠪᠠᠷᠠᠭᠤᠨ ᠳᠤ ᠪᠠᠶᠢᠷᠢᠰᠢᠬᠰᠡᠨ ᠪᠤᠯᠬᠤᠷ ︽ᠪᠠ ᠰᠢ︾ ᠭᠡᠮᠡᠪᠡ᠃ 1 ᠰᠠᠷ᠎ᠠ ᠶᠢᠨ 30 ᠤ ᠡᠳᠤᠷ ᠨᠢ ᠴᠢᠩ ᠤᠨ ᠵᠠᠰᠠᠭ ᠤᠨ ᠤᠷᠳᠤᠨ ᠠᠴᠠ ᠲᠤᠰ ᠠᠶᠢᠯᠠᠳᠬᠠᠯ ᠢ ᠵᠦᠪᠰᠢᠶᠡᠷᠡᠨ ᠢ ᠺᠤᠸᠠᠩ ᠵᠡᠷᠭᠡ ᠬᠦᠮᠤᠰ ᠲᠤ ᠲᠤᠰᠢᠶᠠᠨ ᠥᠭᠴᠤ ᠲᠠᠪᠳᠠᠨ ᠵᠦᠪᠯᠡᠬᠦᠯᠵᠠᠢ᠃ ᠪᠠᠳᠠᠷᠠᠭᠤᠯᠳᠤ ᠲᠦᠷᠤ ᠶᠢᠨ ᠭᠤᠴᠢᠨ ᠲᠦᠷᠪᠡᠳᠤᠭᠡᠷ ᠤᠨ ᠤ 2 ᠰᠠᠷ᠎ᠠ ᠶᠢᠨ 15 ᠤ ᠡᠳᠤᠷ ᠶᠡᠭᠡ ᠰᠠᠶᠢᠳ ᠢ ᠺᠤᠸᠠᠩ ᠬᠠᠷᠢᠭᠤ ᠠᠶᠢᠯᠠᠳᠬᠠᠯ ᠳᠠᠭᠠᠨ ︽ᠪᠠ ᠰᠢ ᠶᠢ ᠯᠢᠨᠰᠢ︾ ᠭᠡᠮᠡᠵᠤ ᠬᠠᠯᠠᠬᠤ  ᠶᠢ ᠵᠦᠪᠯᠡᠪᠡ᠃ ᠢᠡᠭᠬᠢᠭᠡᠳ ᠯᠢᠨᠰᠢ ᠬᠢᠭᠡᠳ ᠺᠠᠶᠢᠯᠤ ᠵᠡᠷᠭᠡᠪᠡᠷ ᠪᠠᠶᠢᠭᠤᠯᠤᠬᠳᠠᠵᠠᠢ᠃ ᠵᠠᠩ ᠸᠧᠠ ᠬᠤᠤ ᠪᠤᠯ ᠯᠢᠨᠰᠢ ᠰᠢᠶᠠᠨ ᠤ ᠬᠠᠮᠤᠭ ᠠᠩᠬᠠᠨ ᠤ ᠰᠢᠶᠠᠨ ᠤ ᠮᠡᠳᠡᠭᠴᠢ ᠪᠤᠯᠤᠨ᠎ᠠ᠃ ᠲᠤᠬᠠᠢ ᠶᠢᠨ ᠥᠶ᠎ᠠ ᠳᠤ ᠰᠢᠶᠠᠨ ᠤ ᠵᠠᠬᠢᠷᠭ᠎ᠠ ᠨᠢ ᠤᠯᠢᠶᠠᠰᠤᠳᠠᠢ ᠶᠢᠨ ᠬᠦᠨᠳᠠᠢ ᠳᠤ ᠪᠠᠶᠢᠷᠢᠯᠠᠭᠤᠯᠤᠬᠰᠡᠨ ᠨᠢ ᠤᠳᠤᠬᠠᠨ ᠤ ᠯᠢᠨᠰᠢ ᠪᠠᠯᠭᠠᠰᠤᠨ ᠤ ᠠᠩᠬᠠᠨ ᠤ ᠰᠠᠭᠤᠷᠢ ᠪᠤᠯᠤᠨ᠎ᠠ᠃ ᠤᠳᠤ ᠪᠤᠯᠳᠠᠯ᠎ᠠ ᠭᠡᠰᠡᠭ ᠪᠦᠯᠦᠭ ᠬᠦᠮᠤᠰ ᠯᠢᠨᠰᠢ ᠰᠢᠶᠠᠨ ᠤ ᠨᠡᠷᠡᠶᠢᠳᠤᠯ ᠤᠨ ᠢᠷᠡᠯᠳᠡ ᠶᠢᠨ ᠲᠤᠬᠠᠢ ᠤᠯᠠᠨ ᠵᠤᠶᠢᠯ ᠤᠨ ᠲᠠᠭᠠᠮᠠᠭ ᠲᠠᠯᠪᠢᠵᠤ ᠪᠤᠢ᠃ ᠥᠨᠡᠨ ᠳᠡᠭᠡᠨ ︽ᠯᠢᠨᠰᠢ︾ ᠭᠡᠭᠴᠢ ᠨᠢ ︽ᠪᠠᠭᠠᠷᠢᠨ ︵巴林︶  ᠤ  ︵ ᠯᠢᠨ︶  ᠪᠠ  ᠪᠠᠷᠠᠭᠤᠨ ︵西︶ ᠭᠡᠬᠦ ᠬᠢᠳᠠᠳ ᠮᠤᠩᠭᠤᠯ ᠬᠤᠶᠠᠷ ᠭᠡᠯᠡ ᠠᠴᠠ ᠡᠬᠦᠰᠦᠭᠰᠡᠨ ᠬᠤᠯᠢᠮᠠᠭ ᠨᠡᠷ᠎ᠠ ᠪᠤᠯᠬᠤ ᠶᠤᠮ ᠪᠠᠶᠢᠨ᠎ᠠ᠃ ᠪᠠᠭᠠᠷᠢᠨ ᠤ ᠪᠠᠷᠠᠭᠤᠨᠳᠡᠬᠢ ᠠᠳᠠᠷ ᠬᠠᠭᠠᠯᠪᠤᠷᠢᠯᠠᠯᠳᠠ ᠨᠢ 1912 ᠤᠨ ᠪᠤᠯᠬᠤ ᠳᠤ ᠥᠨᠳᠤᠰᠤᠨ ᠳᠡᠭᠡᠨ ᠲᠡᠬᠦᠰᠦᠭᠰᠡᠨ ᠪᠤᠯᠪᠠᠴᠤ ᠤᠷᠳᠤ ᠬᠤᠭᠤᠴᠠᠭ᠎ᠠ ᠪᠠᠷ  ᠲᠠᠰᠤᠷᠠᠯᠳᠠ  ᠥᠭᠡᠢ ᠶᠠᠪᠤᠬᠳᠠᠵᠤ᠂ 1931 ᠤᠨ ᠳᠤ ᠯᠢᠨᠰᠢ ᠰᠢᠶᠠᠨ ᠶᠠᠫᠤᠨ ᠡᠵᠡᠷᠭᠡᠭ ᠲᠦᠷᠢᠮᠡᠭᠡᠶᠢᠳᠡᠨ ᠳᠤ ᠡᠵᠡᠯᠡᠭᠳᠡᠭᠰᠡᠨ ᠤ ᠲᠠᠷᠠᠭ᠎ᠠ ᠲᠠᠭᠤᠰᠤᠬᠰᠡᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号