ᠯᠢᠨᠰᠢ ᠰᠢᠶᠠᠨ ᠤ ᠭᠠᠵᠠᠷ ᠤᠨ  ᠨᠡᠷᠡᠰ
ᠨᠡᠶᠢᠲᠡᠯᠡᠭᠰᠡᠨ ᠴᠠᠭ᠄
2020-06-30
 ᠠᠭᠠᠳᠠᠷ  ᠪᠤᠷᠤᠭᠠᠨ  ᠎ ᠳᠤ ᠰᠡᠷᠭᠦᠳᠡᠭ  ᠠᠷᠤ  ᠰᠢᠪᠠᠷᠳᠠᠢ  ᠭᠤᠤᠯ  ᠎ ᠲᠠᠢ  ᠦᠶᠡᠷ  ᠎ ᠤᠨ  ᠴᠠᠭ  ᠎ ᠲᠤ   ᠲᠠᠪᠠᠯᠭᠠᠯᠠᠳᠠᠭ  ᠦᠷᠭᠡᠨ  ᠭᠠᠯᠳᠠᠰᠤᠳᠠᠢ ᠭᠤᠤᠯ  ᠎ ᠲᠠᠢ  ᠂  ᠤᠷᠤᠰᠬᠠᠯ   ᠲᠠᠰᠤᠷᠠᠭᠠᠳ ᠤᠳᠠᠭᠰᠠᠨ  ᠤᠯᠢᠶᠠᠰᠤᠳᠠᠢ  ᠭᠤᠤᠯ  ᠎ ᠤᠨ ᠬᠡᠪᠡᠯᠢ ᠲᠠᠢ  ᠂  ᠤᠷᠤᠮ  ᠲᠡᠳᠦᠢ  ᠪᠤᠯᠤᠭᠰᠠᠨ  ᠬᠠᠷᠤᠰᠤ ᠭᠤᠤᠯ  ᠎ ᠤᠨ ᠵᠢᠷᠤᠭ ᠲᠠᠢ᠃  ᠲᠠᠪᠠᠭ᠎ᠠ  ᠬᠢᠩᠭᠠᠨ  ᠎ ᠤ  ᠵᠠᠯᠭᠠᠮᠵᠢ  ᠲᠠᠯᠠᠩ ᠠᠭᠤᠯᠠ  ᠎ ᠶᠢᠨ  ᠪᠠᠷ᠎ᠠ ᠲᠠᠢ  ᠲᠤᠲ᠋ᠧᠮ  ᠴᠢᠨᠤᠸ᠎ᠠ  ᠎ ᠶᠢᠨ  ᠱᠤᠭᠤᠮᠠᠯ  ᠎ ᠲᠠᠢ  ᠮᠠᠷᠴᠢᠨ ᠰᠦᠮᠪᠦᠷ  ᠎ ᠤᠨ  ᠪᠠᠷᠳᠠᠭ᠎ᠠ ᠲᠠᠢ  ᠂    ᠠᠷᠪᠠᠨ  ᠭᠤᠷᠪᠠᠨ  ᠤᠪᠤᠭ᠎ᠠ ᠲᠠᠬᠢᠭᠰᠠᠨ  ᠠᠷᠤ  ᠬᠠᠶᠢᠷᠬᠠᠨ  ᠎ ᠤ  ᠨᠠᠮᠪᠠ  ᠎ ᠲᠠᠢ  ᠂  ᠠᠰᠬ᠎ᠠ ᠬᠠᠳᠠ ᠪᠠᠷ  ᠭᠤᠤᠯᠯᠭᠰᠠᠨ  ᠭᠤᠷᠪᠠᠨ  ᠰᠡᠷᠡᠩ  ᠎ ᠤᠨ  ᠦᠵᠡᠮᠵᠢ ᠲᠠᠢ᠃  ᠢᠨᠢᠶᠡᠮᠰᠦᠭᠯᠡᠵᠦ  ᠪᠠᠶᠢᠭ᠎ᠠ   ᠲᠦᠷᠢᠳᠠᠢ  ᠶᠢᠰᠦᠨ ᠪᠤᠷᠬᠠᠨᠳᠤ  ᠠᠭᠤᠯᠠ ᠲᠠᠢ᠂    ᠢᠩᠭᠡ  ᠎ ᠶᠢᠨ ᠰᠦᠷᠤᠭ᠌  ᠎ ᠢᠶᠠᠨ  ᠬᠠᠷᠢᠭᠤᠯᠳᠠᠭ  ᠢᠩᠭᠡᠳᠦ   ᠬᠦᠨᠳᠢ ᠶᠢᠨ  ᠨᠡᠷᠡᠶᠢᠳᠦᠯ ᠲᠠᠢ  ᠂  ᠤᠭᠠᠯᠵᠠ  ᠵᠡᠭᠡᠷ᠎ᠡ  ᠪᠦᠷᠭᠦᠳᠡᠭ  ᠤᠭᠠᠯᠵᠠ ᠠᠭᠤᠯᠠ  ᠎ ᠶᠢᠨ  ᠠᠯᠳᠠᠷ ᠲᠠᠢ  ᠃  ᠪᠠᠪᠤᠵᠠᠪ  ᠎ ᠤᠨ  ᠰᠤᠮᠤᠨ ᠳᠤ  ᠤᠨᠤᠭᠳᠠᠭᠰᠠᠨ  ᠪᠠᠶᠢᠬᠠᠳᠤ ᠠᠭᠤᠯᠠ  ᠎ ᠶᠢᠨ  ᠲᠡᠦᠬᠡ ᠲᠠᠢ  ᠪᠤᠤᠷ᠎ᠠ ᠲᠡᠮᠡᠭᠡ ᠪᠠᠨ  ᠬᠠᠷᠢᠭᠤᠯᠳᠠᠭ ᠪᠤᠤᠷ᠎ᠠ ᠶᠢᠨ  ᠬᠦᠨᠳᠢ ᠶᠢᠨ  ᠨᠡᠷ᠎ᠡ ᠲᠠᠢ  ᠂ ᠪᠦᠷᠭᠦᠳ ᠱᠤᠩᠭᠤᠷ ᠡᠭᠦᠷᠯᠡᠳᠡᠭ ᠪᠠᠭ᠎ᠠ ᠶᠤᠯᠤ  ᠎ ᠶᠢᠨ  ᠠᠭᠤᠯᠠ ᠲᠠᠢ  ᠂ ᠪᠠᠭᠠᠷᠢᠨ ᠬᠡᠰᠢᠭᠳᠡᠨ ᠢ  ᠵᠠᠭᠠᠭᠯᠠᠭᠰᠠᠨ ᠪᠠᠭᠠᠷᠢᠨ ᠤ   ᠬᠢᠵᠠᠭᠠᠷ  ᠨᠡᠷᠡᠶᠢᠳᠦᠯ ᠲᠠᠢ᠃ ᠦᠯᠡᠮᠵᠢ ᠬᠡᠮᠵᠢᠶᠡᠳᠦ  ᠎ ᠶᠢ  ᠰᠠᠨᠠᠭᠳᠠᠭᠤᠯᠤᠭᠰᠠᠨ ᠪᠠᠶᠠᠨ ᠬᠦᠨᠳᠡᠯᠡᠨ ᠠᠭᠤᠯᠠ  ᠎ ᠲᠠᠢ ᠪᠠᠷᠰ  ᠢᠷᠪᠢᠰ  ᠡᠭᠦᠷᠯᠡᠵᠦ  ᠪᠠᠶᠢᠭᠰᠠᠨ ᠪᠠᠷᠰᠳᠤ ᠲᠠᠪᠠᠭᠠᠨ ᠤ  ᠪᠡᠷᠭᠡ ᠲᠠᠢ  ᠃ ᠡᠭᠴᠨ  ᠦᠨᠳᠦᠷ ᠢᠶᠠᠷ  ᠎ ᠢᠶᠠᠨ  ᠠᠯᠳᠠᠷᠰᠢᠭᠰᠨ ᠡᠷᠭᠡᠯᠵᠢ ᠠᠭᠤᠯᠠ  ᠎ ᠶᠢᠨ  ᠰᠦᠷ ᠲᠠᠢ᠂ ᠤᠪᠤᠭ᠎ᠠ   ᠴᠢᠯᠭᠤᠨ  ᠎ ᠳᠠᠭᠠᠨ  ᠨᠡᠷᠯᠡᠭᠳᠡᠭᠰᠡᠨ ᠤᠪᠤᠭᠠᠳᠤ  ᠴᠢᠯᠠᠭᠤᠨ  ᠲᠤᠪᠤ ᠲᠠᠢ  ᠂ ᠤᠯᠡᠶᠢᠮ᠎ᠡ  ᠦᠩᠭᠡ  ᠎ ᠪᠠᠷ   ᠲᠠᠭᠤᠳᠠᠭᠳᠠᠭᠰᠠᠨ ᠤᠯᠠᠭᠠᠨ ᠬᠠᠳᠠ ᠶᠢᠨ   ᠴᠤᠯᠠ ᠲᠠᠢ  ᠃ ᠬᠤᠪᠳᠤ  ᠎ ᠶᠢᠨ  ᠲᠠᠪᠠᠭ᠎ᠠ   ᠮᠦᠷᠭᠦᠯᠴᠡᠭᠡ ᠠᠭᠤᠯᠠ ᠬᠤᠷᠢᠶ᠎ᠠ ᠠᠭᠤᠯᠠ  ᠱᠠᠪᠠᠭᠳᠤ ᠠᠭᠤᠯᠠ ᠬᠠᠳᠠᠳᠤ ᠠᠭᠤᠯᠠ   ᠢᠩᠭᠳᠦ  ᠠᠭᠤᠯᠠ   ᠬᠠᠮᠷᠳᠦ ᠤᠪᠤᠭ᠎ᠠ  ᠱᠤᠷᠤᠩ ᠠᠭᠤᠯᠠ  ᠂ ᠠᠰᠬᠠᠨ ᠲᠠᠪᠠᠭ᠎ᠠ  ᠴᠤᠭ ᠠᠭᠤᠯᠠ ᠠᠭᠳᠠᠷᠭ᠎ᠠ ᠶᠢᠨ  ᠨᠠᠭᠤᠷ  ᠬᠠᠭᠤᠷᠠᠢ ᠲᠠᠪᠠᠭ᠎ᠠ ᠡᠮᠡᠭᠡᠯ ᠤᠨ  ᠠᠭᠤᠯᠠ  ᠬᠤᠩᠭᠤᠳᠤ ᠶᠢᠨ  ᠲᠠᠪᠠᠭ᠎ᠠ ᠠᠷᠭᠤᠳᠤ ᠠᠭᠤᠯᠠ  ᠲᠡᠮᠡᠭᠡᠨ ᠴᠢᠯᠭᠠᠤᠨ ᠠᠯᠢ ᠤᠯᠠᠨ ᠮᠤᠩᠭᠤᠯ ᠨᠡᠷᠡᠰ  ᠎ ᠢ ᠠᠶ᠎ᠠ ᠪᠤᠷᠬᠠᠨ  ᠪᠠᠭᠳᠠᠭᠠᠬᠤ ᠪᠠᠨ  ᠪᠤᠯᠢᠯ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号