ᠡᠭᠡ ᠭᠠᠵᠠᠷ ᠤᠨ ᠦᠯᠢᠭᠡᠷ ︵ᠭᠤᠷᠪᠠ︶
ᠨᠡᠶᠢᠲᠡᠯᠡᠭᠰᠡᠨ ᠴᠠᠭ᠄
2020-06-17
ᠤᠷᠠᠩᠭᠤᠸ᠎ᠠ    ᠡᠭᠡ ᠭᠠᠵᠠᠷ ᠤᠨ ᠦᠯᠢᠭᠡᠷ ︵ᠭᠤᠷᠪᠠ︶      ᠪᠢᠩ ᠲᠠᠩ᠄ ᠡᠨᠡ ᠮᠠᠭᠤ ᠡᠮᠰᠡᠭᠡᠷ ᠡᠮᠡᠭᠡᠨ ᠳᠤ ᠴᠦ ᠡᠳᠦᠢ ᠲᠡᠳᠦᠢ ᠦᠯᠢᠭᠡᠷ ᠲᠠᠢ ᠬᠦ᠋᠂ ᠡᠪ ᠬᠠᠮᠳᠤ ᠨᠠᠮ ᠲᠠᠢ ᠮᠥᠨ ᠯᠠ ᠡᠶᠢᠮᠤ ᠲᠡᠶᠢᠮᠤ ᠬᠠᠷᠢᠴᠠᠭ᠎ᠠ ᠲᠠᠢ᠃ ᠡᠪᠦᠭᠡ ᠲᠡᠭᠡᠳᠦᠰ ᠤᠨ ᠵᠠᠩ ᠴᠢᠨᠠᠷ ᠲᠠᠢ ᠨᠡᠩ ᠶᠡᠭᠡ ᠬᠤᠯᠪᠤᠭ᠎ᠠ ᠲᠠᠢ᠃ ᠪᠢ ᠪᠤᠰᠤᠳ ᠢ ᠬᠤᠷᠤᠰᠬᠠᠭᠰᠠᠨ ᠤᠴᠢᠷ ᠪᠠᠶᠢᠨ᠎ᠠ᠂ ᠭᠡᠬᠦ ᠳᠤ᠂ ᠪᠤᠰᠤᠳ ᠲᠤ ᠬᠤᠷᠤᠰᠴᠦ ᠦᠩᠭᠡᠷᠡᠭᠡ ᠦᠭᠡᠢ᠃ ᠤᠷᠠᠩᠭᠤᠸ᠎ᠠ᠄ ᠶᠠᠮᠠᠷ ᠬᠤᠷᠤᠳᠠᠢ ᠶᠤᠮ ᠪᠢᠯᠠ︖ ᠲᠠ᠃ ᠴᠢᠶᠠᠨ ᠲᠤᠳᠠᠢ ᠰᠢᠪᠠᠭᠤ ᠶᠢᠨ ᠮᠢᠩᠭᠠᠨ ᠯᠠᠩ ᠤᠨ ᠠᠪᠠᠭ᠋ᠠᠢ ᠨᠢᠭᠡᠨ ᠡᠳᠦᠷ ᠲᠦᠷᠦᠯ᠎ᠠ᠂ ᠲᠡᠭᠡᠭᠡᠳ ᠦᠯᠢᠭᠡᠷ ᠡᠬᠢᠯᠡᠵᠤ᠂ ᠲᠡᠷᠡ ᠦᠯᠢᠭᠡᠷ ᠢ ᠦᠨᠦᠳᠤᠷ ᠪᠢ ᠰᠤᠨᠤᠰᠬᠤ ᠠᠵᠠ ᠲᠠᠢ ᠪᠠᠶᠢᠨ᠎ᠠ ᠁ ᠭᠡᠵᠤ᠂ ᠪᠢ ᠲᠡᠬᠦᠨ ᠢ ᠠᠯᠢ ᠪᠠᠭ᠎ᠠ ᠶᠢᠨ ᠬᠢᠨ ᠤ ᠦᠯᠢᠭᠡᠷ ᠠᠴᠠ ᠡᠬᠢᠯᠡᠵᠤ ᠰᠤᠨᠤᠰᠬᠤ ᠭᠡᠵᠤ ᠰᠡᠳᠦᠭᠰᠡᠨ ᠶᠤᠮ᠃ ᠪᠢᠩ ᠲᠠᠩ᠄ ᠡᠴᠢᠭᠡ ᠶᠢᠨ ᠬᠢᠨ ᠮᠢᠩᠭᠠᠨ ᠯᠠᠩ ᠪᠠᠶᠢᠬᠤ ᠶᠤᠮ︖ ᠲᠦᠷᠪᠠᠨ ᠵᠢᠩ ᠲᠦᠷᠪᠠᠨ ᠯᠠᠩ ᠬᠦ᠋᠂ ᠰᠠᠶᠢᠨ ᠳᠠᠭᠠᠨ ᠪᠢ ᠡᠶᠢᠮᠤ ᠵᠢᠭᠠᠬᠠᠨ ᠪᠡᠶ᠎ᠡ ᠲᠠᠢ ᠪᠠᠶᠢᠬᠤ ᠦᠭᠡᠢ ᠤᠤ︖ ᠬᠠᠮᠢᠭ᠎ᠠ ᠪᠠᠶᠢᠭᠰᠠᠨ ᠴᠢ ᠰᠢᠭ ᠪᠦᠳᠦᠬᠦᠨ ᠬᠠᠳᠠᠭᠤᠨ ᠪᠡᠶ᠎ᠡ ᠪᠠᠶᠢᠬᠤ ᠶᠤᠮ︖ ᠭᠡᠳ ᠬᠢᠳ ᠬᠢᠳ ᠢᠨᠢᠶᠡᠪᠠ᠃ ᠤᠷᠠᠩᠭᠤᠸ᠎ᠠ᠄ ᠵᠠ᠂ ᠲᠠᠨ ᠤ ᠦᠯᠢᠭᠡᠷ ᠲᠦᠷᠪᠠᠨ ᠵᠢᠩ ᠲᠦᠷᠪᠠᠨ ᠯᠠᠩ ᠠᠴᠠ ᠡᠬᠢᠯᠠᠨ᠎ᠠ ᠳ᠋ᠠ︕ ᠲᠡᠷᠡ ᠲᠦᠷᠪᠡᠨ ᠵᠢᠩ ᠲᠦᠷᠪᠠᠨ ᠯᠠᠩ ᠨᠢ ᠶᠡᠷᠢᠨ ᠨᠢᠭᠡᠨ ᠵᠢᠯ ᠤᠨ ᠲᠠᠷᠠᠭ᠎ᠠ ᠮᠢᠨᠤ ᠡᠮᠦᠨ᠎ᠠ ᠰᠠᠭᠤᠬᠤ ᠳᠠᠭᠠᠨ ᠬᠠᠷᠢᠨ ᠲᠦᠮᠡᠨ ᠵᠢᠩ ᠤᠨ ᠠᠯᠳᠠᠨ ᠪᠤᠷᠬᠠᠨ ᠰᠢᠭ᠋ ᠰᠠᠨᠠᠭᠳᠠᠵᠤ ᠪᠠᠶᠢᠨ᠎ᠠ ᠬᠦ᠋ ᠁ ᠪᠢᠩ ᠲᠠᠩ᠄ ᠬᠠ ᠬᠠ᠂ ᠴᠢ ᠮᠡᠳᠡᠬᠦ ᠦᠭᠡᠢ᠂ ᠲᠡᠷᠡ ᠲᠦᠷᠪᠠᠨ ᠵᠢᠩ ᠲᠦᠷᠪᠠᠨ ᠯᠠᠩ ᠢ ᠴᠦ ᠭᠠᠭ᠋ᠠᠢ ᠶᠢᠨ ᠮᠢᠬ᠎ᠠ ᠪᠠᠷ ᠰᠤᠯᠢᠵᠤ ᠢᠷᠡᠭᠰᠡᠨ᠂ ᠴᠢ ᠰᠤᠨᠤᠰᠴᠦ ᠪᠠᠢ᠃ ᠮᠢᠨᠤ ᠠᠪᠤ ᠮᠦᠮᠦ ᠨᠠᠮᠠᠢᠢ ᠭᠠᠷᠬᠤ ᠠᠴᠠ ᠡᠮᠦᠨ᠎ᠠ ᠭᠡᠳᠦ ᠭᠡᠳᠦᠨ ᠬᠡᠦᠭᠡᠳ ᠠᠯᠳᠠᠵᠤ ᠭᠡᠨ᠎ᠠ᠃ ᠶᠠᠭ ᠬᠡᠦᠭᠡᠳ ᠲᠤᠭᠳᠠᠬᠤ ᠦᠭᠡᠢ ᠪᠠᠶᠢᠬᠤᠯ᠎ᠠ ᠨᠢᠭᠡ ᠦᠵᠡᠭᠡᠴᠢ ᠯᠠᠮᠠ ᠠᠴᠠ ᠠᠰᠠᠭᠤᠪᠠᠯ ᠲᠡᠷᠡ ᠯᠠᠮᠠ ᠨᠢ ︽ᠤᠳᠤ ᠬᠡᠦᠭᠡᠳ ᠤᠯᠪᠠᠯ ᠴᠢ ᠡᠭᠡᠨᠡᠷ ᠢᠶᠠᠨ ᠭᠠᠳᠠᠨ᠎ᠠ ᠰᠠᠷ᠎ᠠ ᠳᠤ ᠰᠠᠭᠤᠯᠭ᠎ᠠ᠂ ᠲᠡᠭᠡᠭᠡᠳ ᠭᠠᠷᠤᠭᠰᠠᠨ ᠬᠡᠦᠭᠡᠳ ᠢᠶᠠᠨ ᠵᠢᠩᠯᠡᠵᠤ ᠦᠵᠡ᠂ ᠭᠡᠳᠦᠢ ᠬᠦᠨᠳᠦ ᠪᠠᠶᠢᠪᠠᠯ ᠤᠷᠤᠨ ᠳᠤᠨᠢ ᠲᠡᠳᠦᠢ ᠬᠦᠨᠳᠦ ᠭᠠᠭ᠋ᠠᠢ ᠶᠢᠨ ᠮᠢᠬ᠎ᠠ ᠶᠢ ᠪᠦᠰ ᠲᠤ ᠴᠤᠭᠯᠠᠵᠤ ᠠᠪᠠᠴᠠᠭᠠᠳ ᠬᠠᠶᠠ︕ ᠮᠢᠬ᠎ᠠ ᠶᠢ ᠨᠢ ︽ᠪᠢ ᠬᠡᠦᠭᠡᠳ ᠢᠶᠠᠨ ᠬᠠᠶᠠᠴᠢᠬᠠᠯ᠎ᠠ︕︾ ᠭᠡᠵᠤ ᠬᠡᠯᠡᠨ ᠬᠠᠶᠠᠭᠰᠠᠨ ᠢᠶᠠᠨ᠂ ᠪᠦᠰ ᠢ ᠨᠢ ᠠᠪᠴᠢᠷᠠᠵᠤ ᠬᠡᠦᠭᠡᠳ ᠢᠶᠠᠨ ᠴᠤᠭᠯᠠᠨ᠎ᠠ᠃ ᠲᠡᠷᠡ ᠬᠡᠦᠭᠡᠳ ᠢᠶᠠᠨ ᠭᠠᠳᠠᠨ᠎ᠠ ᠦᠰᠭᠡᠵᠤ᠂ ᠲᠤᠯᠤᠭᠠᠨ ᠨᠠᠰᠤ ᠬᠦᠷᠳᠠᠯ᠎ᠠ ᠪᠠᠨ ᠦᠪᠡᠷ ᠤᠨ ᠬᠦᠷᠢᠶᠠᠨ ᠳᠡᠭᠡᠨ ᠤᠷᠤᠭᠤᠯᠵᠤ ᠪᠤᠯᠬᠤ ᠦᠭᠡᠢ᠂ ᠪᠦᠬᠦᠯᠢ ᠲᠤᠯᠤᠭᠠᠨ ᠨᠠᠰᠤᠨ ᠬᠦᠷᠪᠠᠯ ᠰᠠᠶ᠋ᠢ ︽ᠮᠢᠨᠤ ᠬᠡᠦᠭᠡᠳ ᠤᠳᠤ ᠰᠠᠶ᠋ᠢ ᠰᠠᠷ᠎ᠠ ᠲᠦᠬᠦᠷᠦᠯ᠎ᠠ︾ ᠭᠡᠵᠤ᠂ ᠦᠪᠡᠷ ᠤᠨ ᠭᠡᠷ ᠬᠦᠷᠢᠶᠠᠨ ᠳᠡᠭᠡᠨ ᠤᠷᠤᠭᠤᠯᠪᠠᠯ᠂ ᠲᠡᠷᠡ ᠦᠷ᠎ᠡ ᠲᠤᠭᠳᠠᠬᠤ ᠪᠦᠭᠡᠳ ᠤᠷᠳᠤ ᠨᠠᠰᠤᠯᠠᠨ᠎ᠠ ᠁︾ ᠭᠡᠰᠡᠨ ᠭᠡᠨ᠎ᠠ᠃ ᠬᠡᠦᠭᠡᠳ ᠲᠤ ᠲᠤᠷᠠᠳᠠᠢ ᠠᠪᠤ ᠮᠦᠮᠦ ᠮᠢᠨᠢ ᠲᠡᠭᠡᠭᠡᠳ ᠨᠠᠮᠠᠢᠢ ᠭᠠᠳᠠᠨ᠎ᠠ ᠨᠦᠭᠡᠨ ᠭᠡᠷ ᠲᠤ ᠲᠦᠷᠦᠵᠤ᠂ ᠸᠠᠩ ᠮᠦᠩᠭᠡ ᠭᠡᠰᠡᠨ ᠫᠤᠤᠴᠢ ᠶᠢᠨ ᠳᠠᠭᠠᠨ ᠰᠠᠭᠤᠯᠭᠠᠵᠤ᠂ ᠪᠠᠭ᠎ᠠ ᠨᠠᠢ ᠨᠠᠢ ᠲᠤᠰᠬᠠᠶᠢᠯᠠᠨ ᠨᠠᠮᠠᠢᠢ ᠠᠰᠠᠷᠠᠵᠤ ᠪᠠᠶᠢᠵᠡᠢ᠃ ᠪᠢ᠂ ᠪᠠᠭ᠎ᠠ ᠨᠠᠢ ᠨᠠᠢ ᠶᠢ ᠴᠦ ᠲᠡᠮᠡᠢ ᠠᠪᠬᠤ ᠲᠤᠷ᠎ᠠ ᠦᠭᠡᠢ ᠪᠠᠶᠢᠵᠤ᠂ ᠰᠦᠨᠢ ᠨᠢ ᠸᠠᠩ ᠮᠦᠩᠭᠡ ᠶᠢᠨ ᠡᠪᠦᠷ ᠲᠤ ᠤᠨᠳᠠᠨ᠂ ᠬᠦᠬᠦ ᠶᠢ ᠨᠢ ᠰᠢᠮᠡᠵᠤ ᠪᠠᠶᠢᠭᠠᠳ᠂ ᠡᠭᠡᠨᠡᠷ ᠬᠦᠮᠦᠨ ᠰᠢᠭ ᠲᠤᠮᠤ ᠬᠦᠬᠦ ᠲᠠᠢ ᠪᠤᠯᠭᠠᠴᠢᠬᠠᠵᠡᠢ᠃ ᠦᠭᠡ ᠬᠡᠯᠡᠵᠤ ᠴᠢᠳᠠᠬᠤ ᠠᠴᠠ ᠡᠬᠢᠯᠡᠵᠤ ᠸᠠᠩ ᠮᠦᠩᠭᠡ ᠶᠢ ᠯᠠ ᠠᠪᠤ ᠲᠠᠭᠤᠳᠠᠬᠤ ᠪᠤᠯᠵᠡᠢ᠃ ᠲᠦᠷᠦᠭᠰᠡᠨ ᠠᠪᠤ ᠮᠢᠨᠢ ᠬᠠᠶᠠ ᠢᠷᠡᠵᠤ ᠨᠠᠮᠠᠢᠢ ᠲᠡᠪᠡᠷᠢᠵᠤ ᠬᠠᠶᠢᠷᠠᠯᠠᠬᠤ ᠭᠡᠪᠡᠯ ᠪᠢ ᠨᠢᠭᠤᠷ ᠬᠠᠴᠠᠷ ᠢ ᠨᠢ ᠮᠠᠭᠠᠵᠢᠵᠤ ᠠᠭᠠᠰᠢᠯᠠᠳᠠᠭ ᠭᠡᠨ᠎ᠠ᠃ ᠮᠢᠨᠤ ᠠᠪᠤ ᠭᠡᠳᠡᠭ ᠢ ᠮᠡᠳᠡᠬᠦ ᠦᠭᠡᠢ ᠶᠤᠮ ᠴᠢᠨᠢ᠂ ᠮᠠᠭᠠᠵᠢᠭᠰᠠᠨ ᠨᠢ ᠮᠢᠨᠤ ᠪᠤᠷᠤᠭᠤ ᠪᠢᠰᠢ ᠪᠠᠶᠢᠬ᠎ᠠ᠃ ᠨᠦᠬᠦᠭᠡ ᠲᠠᠯ᠎ᠠ ᠪᠠᠷ ᠮᠢᠨᠤ ᠠᠪᠤ ᠴᠦ ᠡᠪ ᠬᠠᠮᠳᠤ ᠨᠠᠮ ᠭᠡᠳᠠᠯ᠎ᠠ ᠬᠤᠩᠬᠤᠰ ᠬᠤᠯᠠᠭᠠᠢ ᠶᠢ ᠴᠤᠬᠢᠬᠤ ᠭᠡᠳ᠂ ᠬᠦᠷᠢᠶᠡᠨ ᠳᠡᠭᠡᠨ ᠲᠡᠮᠡᠢ ᠰᠠᠭᠤᠬᠤ ᠴᠦ ᠦᠭᠡᠢ ᠶᠤᠮ ᠴᠢᠨᠢ᠂ ᠪᠢ ᠠᠶᠠᠨᠳᠠᠭᠠᠨ ᠤᠶᠢᠷᠠᠳᠬᠤ ᠦᠭᠡᠢ ᠪᠤᠯᠴᠢᠬᠠᠨ᠎ᠠ᠃ ᠲᠡᠭᠡᠵᠤ ᠪᠠᠶᠢᠳᠠᠯ᠎ᠠ ᠪᠠᠷᠢᠭᠳᠠᠭᠠᠳ ᠬᠢᠨᠳᠠᠨ ᠳᠤ ᠬᠠᠭᠠᠭᠳᠠᠴᠢᠬᠠᠭᠰᠠᠨ ᠴᠢᠨᠢ᠂ ᠪᠢ ᠤᠳᠤ ᠠᠪᠤ ᠶᠢᠨ ᠢᠶᠠᠨ ᠲᠦᠷᠢ ᠶᠢ ᠶᠠᠭ ᠮᠡᠳᠡᠬᠦ ᠦᠭᠡᠢ ᠪᠠᠶᠢᠨ᠎ᠠ᠂ ᠦᠨᠡᠰᠦ ᠭᠤᠯᠢᠷ ᠪᠤᠯᠭᠠᠵᠤ ᠰᠢᠳᠠᠭᠠᠭᠰᠠᠨ ᠲᠡᠷᠡ ᠤᠷᠤᠢ ᠲᠡᠭᠡᠷ᠎ᠡ ᠨᠢ ᠬᠦᠷᠦᠭᠰᠡᠨ ᠤᠳᠠᠭ᠎ᠠ᠂ ᠪᠢ ᠲᠡᠳᠦᠢ ᠤᠳᠠᠭᠠᠨ ᠵᠤᠭᠰᠤᠭᠰᠠᠨ ᠴᠦ᠂ ᠨᠠᠳᠠ ᠬᠦᠭᠡ ᠲᠡᠭᠷᠢ ᠬᠠᠷᠠᠭᠳᠠᠬᠤ ᠠᠴᠠ ᠪᠢᠰᠢ᠂ ᠦᠭᠡᠷ᠎ᠡ ᠶᠠᠮᠠᠷ ᠴᠦ ᠲᠦᠷᠢ ᠲᠦᠷᠰᠦ ᠤᠯᠳᠠᠬᠤ ᠦᠭᠡᠢ ᠪᠠᠶᠢᠪᠠ᠃ ᠤᠷᠠᠩᠭᠤᠸ᠎ᠠ᠄ ᠲᠡᠭᠡᠪᠡᠯ ᠲᠠᠭᠠᠷᠠᠵᠤ ᠪᠠᠶᠢᠨ᠎ᠠ᠂ ᠡᠪ ᠬᠠᠮᠳᠤ ᠨᠠᠮ ᠤᠨ ᠢᠶᠠᠨ ᠲᠦᠯᠦᠭᠡ᠂ ᠰᠢᠳᠤᠷᠭᠤ ᠶᠤᠰᠤᠨ ᠤ ᠲᠦᠯᠦᠭᠡ ᠭᠡᠳᠡᠭ ᠴᠢᠶᠠᠨ ᠤᠪᠤᠭᠳᠠᠨ ᠤ ᠬᠠᠳᠠᠭᠤ ᠶᠠᠰᠤ ᠲᠠᠢ ᠶᠠᠪᠤᠭᠰᠠᠨ ᠠᠪᠤ ᠴᠢᠨᠢ ᠮᠦᠩᠭᠡ ᠬᠦᠭᠡ ᠲᠡᠭᠷᠢ ᠶᠢᠨ ᠵᠢᠰᠤ ᠴᠢᠷᠠᠢ ᠲᠠᠢ ᠪᠠᠶᠢᠬᠤ ᠨᠢ ᠵᠦᠪ ᠪᠠᠶᠢᠯᠬᠦᠢ᠃ ᠲᠡᠭᠷᠢ ᠶᠢᠨ ᠦᠩᠭᠡ ᠪᠤᠯ ᠲᠠᠷᠤᠢ ᠲᠠᠨ ᠤ ᠠᠪᠤ ᠶᠢᠨ ᠵᠢᠰᠦ ᠡ᠃ ᠪᠢᠩ ᠲᠠᠩ᠄ ᠠᠨ᠎ᠠ᠂ ᠠᠨ᠎ᠠ᠃ ᠪᠢ ᠪᠠᠰᠠ ᠲᠡᠭᠡᠵᠤ ᠪᠤᠳᠤᠨ᠎ᠠ᠃ ᠤᠷᠠᠩᠭᠤᠸ᠎ᠠ᠄ ᠲᠡᠭᠡᠭᠡᠳ ᠲᠠᠨ ᠢ ᠲᠤᠯᠤᠭᠠᠨ ᠨᠠᠰᠤ ᠬᠦᠷᠴᠦ ᠦᠪᠡᠷ ᠤᠨ ᠭᠡᠷ ᠬᠦᠷᠢᠶᠠᠨ ᠳᠡᠭᠡᠨ ᠬᠠᠷᠢᠬᠤ ᠪᠠᠷ ᠠᠪᠤ ᠴᠢᠨᠢ ᠴᠦ ᠦᠭᠡᠢ ᠪᠤᠯᠴᠢᠬᠠᠵᠤ ᠤᠤ︖ ᠪᠢᠩ ᠲᠠᠩ᠄ ᠪᠢᠰᠢ ᠡ᠂ ᠡᠴᠢᠭᠡ ᠶᠢᠨ ᠬᠢᠨ ᠲᠤᠯᠤᠭᠠᠨ ᠨᠠᠰᠤ ᠬᠦᠷᠭᠡᠬᠦ ᠲᠠᠢ ᠶᠤᠮ︖ ᠵᠢᠷᠭᠤᠭᠠᠨ ᠨᠠᠰᠤᠨ ᠲᠡᠭᠡᠷ᠎ᠠ ᠨᠢ ᠬᠤᠩᠬᠤᠰ ᠬᠤᠮᠤᠷᠠᠭᠠᠯᠠᠵᠤ ᠢᠷᠡᠭᠡᠳ ᠨᠠᠮᠠᠢᠢ ᠪᠠᠷᠢᠪᠴᠠᠭᠠᠯᠠᠭᠰᠠᠨ ᠁ ᠤᠷᠠᠩᠭᠤᠸ᠎ᠠ᠄ ᠶᠠᠭᠤ ᠭᠡᠵᠤ ᠵᠢᠷᠭᠤᠭᠠᠬᠠᠨ ᠨᠠᠰᠤᠳᠠᠢ ᠬᠡᠦᠭᠡᠳ ᠴᠢᠮᠠᠢᠢ ᠪᠠᠷᠢᠪᠴᠠᠭᠠᠯᠠᠵᠤ ᠪᠠᠶᠢᠬᠤ ᠶᠤᠮ︖ ᠪᠢᠩ ᠲᠠᠩ᠄ ᠦᠰᠢᠶ᠎ᠡ ᠠᠪᠬᠤ ᠦᠭᠡᠢ ᠤᠤ ᠳ᠋ᠠ︖ ᠡᠪᠦᠭᠡ ᠮᠢᠨᠢ ᠲᠤᠰᠬᠠᠶᠢᠯᠠᠨ ᠬᠤᠩᠬᠤᠰ ᠴᠤᠬᠢᠬᠤ ᠴᠡᠷᠢᠭ ᠠᠩᠬᠢ ᠶᠢᠨ ᠨᠤᠶᠠᠨ ᠭᠡᠰᠡᠨ ᠢ ᠴᠢ ᠮᠠᠷᠳᠠᠴᠢᠬᠠᠪᠠ ᠤᠤ︖ ᠬᠤᠩᠬᠤᠰ ᠤᠨ ᠬᠠᠮᠤᠭ ᠬᠤᠷᠤᠰᠳᠠᠭ ᠦᠰᠳᠡᠨ ᠲᠠᠶᠢᠰᠤᠨ ᠪᠤᠯ ᠮᠠᠨ ᠤ ᠴᠢᠶᠠᠨ ᠤᠪᠤᠭᠳᠠᠨ ᠪᠠᠶᠢᠬᠤ ᠦᠭᠡᠢ ᠤᠤ︖ ᠠᠪᠤ ᠮᠢᠨᠢ ᠴᠦ ᠬᠢᠨᠳᠠᠨ ᠳᠤ ᠬᠤᠷᠢᠭᠳᠠᠴᠢᠬᠠᠭᠰᠠᠨ ᠪᠠᠶᠢᠭ᠎ᠠ ᠶᠢ ᠲᠡᠳᠡ ᠪᠦᠷ ᠰᠤᠨᠤᠰᠤᠭᠰᠠᠨ ᠪᠠᠶᠢᠯᠬᠦᠢ᠂ ᠡᠨᠡ ᠦᠶ᠎ᠡ᠂ ᠴᠢᠶᠠᠨ ᠤᠪᠤᠭᠳᠠᠨ ᠤ ᠴᠤᠷ ᠤᠨ ᠭᠠᠭᠴᠠ ᠬᠠᠶᠢᠷᠠᠳᠠᠢ ᠦᠬᠢᠨ ᠢ ᠨᠢ ᠪᠠᠷᠢᠵᠤ ᠠᠪᠠᠴᠠᠭᠠᠳ ᠲᠠᠷᠤᠴᠢᠬᠠᠪᠠᠯ ᠲᠡᠳᠡᠨ ᠢ ᠴᠤᠬᠢᠬᠤ ᠦᠭᠡᠢ ᠮᠦᠷᠳᠡᠭᠡᠨ᠂ ᠦᠬᠢᠨ ᠢᠶᠠᠨ ᠠᠪᠤᠶ᠎ᠠ ᠭᠡᠪᠡᠯ ᠶᠠᠭᠤ ᠶᠠᠭᠤ ᠦᠭ ᠭᠡᠵᠤ ᠨᠦᠬᠦᠴᠠᠯ ᠲᠤᠷᠠᠳᠬᠤ ᠦᠭᠡᠢ ᠤᠤ︖ ᠤᠷᠠᠩᠭᠤᠸ᠎ᠠ᠄ ᠪᠠᠷᠢᠭᠳᠠᠭᠰᠠᠨ ᠶᠠᠪᠤᠴᠠ ᠪᠠᠨ ᠪᠦᠷ ᠮᠠᠷᠳᠠᠭ᠎ᠠ ᠦᠭᠡᠢ ᠪᠢᠵᠠ︖ ᠪᠢᠩ ᠲᠠᠩ᠄ ᠡᠨᠡ ᠨᠠᠰᠤᠨ ᠶᠠᠭᠤ ᠶᠢ ᠮᠠᠷᠳᠠᠪᠠᠴᠦ ᠲᠡᠷᠡ ᠶᠠᠪᠤᠴᠠ ᠶᠢ ᠮᠠᠷᠳᠠᠵᠤ ᠴᠢᠳᠠᠬᠤ ᠦᠭᠡᠢ᠃ ᠸᠠᠩ ᠮᠦᠩᠭᠡ ᠠᠪᠤ ᠮᠢᠨᠢ ᠢᠳᠡᠰᠢᠨ ᠨᠤᠭᠤᠭᠠᠨ ᠳᠤ ᠶᠠᠪᠤᠨ᠎ᠠ ᠭᠡᠬᠦᠯᠠᠷ᠂ ᠪᠢ ᠴᠦ ᠲᠠᠭᠠᠵᠤ ᠶᠠᠪᠤᠨ᠎ᠠ ᠭᠡᠵᠤ ᠤᠬᠢᠯᠠᠵᠤ ᠬᠦᠭᠡᠭᠡᠳ ᠬᠦᠷᠪᠠ᠃ ᠲᠡᠭᠡᠭᠡᠳ ᠨᠠᠷᠠ ᠭᠡᠷᠡᠯᠳᠦᠭᠰᠡᠨ ᠴᠠᠭᠠᠨ ᠨᠤᠭᠤᠭᠠᠨ ᠤ ᠭᠠᠵᠠᠷ ᠲᠤᠨᠢ ᠲᠤᠭᠯᠠᠵᠤ ᠪᠠᠶᠢᠳᠠᠯ᠎ᠠ᠂ ᠭᠡᠨᠡᠳᠳᠡ ︽ᠠᠯᠠ᠂ ᠪᠤᠯᠢᠶᠠ︾ ᠭᠡᠵᠤ ᠬᠠᠰᠬᠢᠷᠤᠯᠳᠤᠭᠠᠳ ᠨᠢᠭᠡ ᠨᠢ ᠨᠠᠮᠠᠢᠢ ᠪᠠᠷᠢᠭᠠᠳ ᠠᠪᠤᠪᠠ᠃ ᠲᠡᠭᠡᠭᠡᠳ ᠪᠠᠰᠠ ︽ᠡᠨᠡ ᠪᠤᠯ ᠲᠠᠷᠤᠢ ᠴᠢᠶᠠᠨ ᠤᠪᠤᠭᠳᠠᠨ ᠤ ᠮᠢᠩᠭᠠᠨ ᠯᠠᠩ ᠤᠨ ᠦᠬᠢᠨ ᠨᠢ ᠮᠥᠨ᠂ ᠠᠪᠴᠤ ᠶᠠᠪᠤ︕ ᠮᠠᠭᠤ ᠴᠢᠶᠠᠨ ᠤᠪᠤᠭᠳᠠᠨ ᠴᠢ ᠮᠠᠨ ᠤ ᠬᠤᠩᠬᠤᠰ ᠢ ᠬᠢᠴᠢᠨᠡᠭᠡᠨ ᠴᠤᠬᠢᠭᠰᠠᠨ ᠦᠭᠡᠢ ᠪᠤᠢ︖ ᠵᠠᠯᠠᠶᠢᠳ ᠸᠠᠩ ᠤᠨ ᠪᠢᠯᠳᠠᠭᠤᠴᠢ ᠨᠤᠬᠠᠢ ᠶᠢᠨ ᠭᠤᠶ᠎ᠠ︕ ᠲᠡᠬᠢᠵᠤ ᠪᠢᠳᠠᠨ ᠲᠠᠢ ᠬᠠᠯᠳᠠᠪᠠᠯ᠂ ᠡᠨᠡ ᠦᠬᠢᠨ ᠢ ᠴᠢᠨᠢ ᠠᠯᠠᠨ᠎ᠠ ᠭᠡᠰᠡᠨ ᠢ ᠮᠡᠳᠡᠵᠤ ᠪᠡᠢ︕︾ ᠭᠡᠵᠤ ᠪᠠᠶᠢᠪᠠ᠃ ᠪᠢ ᠲᠡᠷᠡ ᠦᠶ᠎ᠡ ᠳᠤ ᠴᠦ ᠪᠠᠭ᠎ᠠ ᠰᠠᠭ᠎ᠠ ᠬᠢᠳᠠᠳ ᠦᠭᠡ ᠮᠡᠳᠡᠳᠡᠭ ᠠᠴᠠ᠂ ᠬᠤᠩᠬᠤᠰ ᠨᠠᠮᠠᠢᠢ ᠠᠯᠠᠨ᠎ᠠ ᠡ ᠭᠡᠵᠤ ᠪᠤᠳᠤᠬᠤ ᠳᠠᠭᠠᠨ ᠠᠶᠤᠭᠠᠳ ᠮᠠᠨᠠᠷᠠᠴᠢᠬᠠᠵᠡᠢ᠃ ᠨᠢᠭᠡ ᠰᠡᠷᠡᠪᠡᠯ ᠨᠠᠮᠠᠢᠢ ᠴᠠᠭᠠᠨ ᠪᠦᠰ ᠢᠶᠠᠷ ᠪᠤᠭᠤᠴᠢᠬᠠᠭᠰᠠᠨ᠂ ᠬᠠᠷ᠎ᠠ ᠯᠠᠭᠤᠰᠠᠨ ᠲᠡᠭᠡᠷ᠎ᠡ ᠠᠴᠢᠴᠢᠬᠠᠭᠰᠠᠨ ᠪᠠᠶᠢᠪᠠ᠃ ᠠᠳᠡ ᠲᠡᠨᠳᠡ ᠫᠤᠤ ᠬᠦᠷᠴᠢᠬᠢᠨᠡᠵᠤ ᠠᠯᠠᠯᠳᠤᠵᠤ ᠲᠤᠯᠤᠯᠳᠤᠬᠤ ᠴᠢᠮᠡᠭᠡ ᠭᠠᠷᠤᠨ᠎ᠠ᠃ ᠲᠡᠷᠡ ᠤᠳᠠᠭ᠎ᠠ ᠭᠡᠳᠦ ᠭᠡᠳᠦᠨ ᠬᠦᠮᠦᠨ ᠢ ᠠᠯᠠᠭᠰᠠᠨ ᠰᠢᠦ᠂ ᠠᠪᠤ ᠮᠢᠨᠢ ︵ᠸᠠᠩ ᠮᠦᠩᠭᠡ︶᠂ ᠨᠠᠮᠠᠢᠢ ᠪᠤᠯᠢᠶᠠᠵᠤ ᠠᠪᠬᠤ ᠭᠡᠵᠤ ᠬᠤᠩᠬᠤᠰ ᠲᠠᠢ ᠲᠤᠯᠤᠯᠳᠤᠭᠠᠳ ᠪᠠᠷᠢᠭᠳᠠᠭᠰᠠᠨ ᠪᠠᠶᠢᠪᠠ᠃ ᠲᠡᠭᠡᠭᠡᠳ ᠫᠤᠤᠳᠠᠵᠤ ᠠᠯᠠᠬᠤ ᠪᠠᠷ ᠪᠦᠭᠡᠮᠯᠡᠢ ︵ᠡᠷᠳᠡᠨᠢ ᠰᠢᠰᠢ︶ ᠪᠤᠯᠠᠵᠤ ᠪᠠᠶᠢᠭᠰᠠᠨ ᠨᠦᠭᠡᠨ ᠤ ᠢᠷᠮᠡᠭ ᠲᠡᠭᠡᠷ᠎ᠡ ᠵᠤᠭᠰᠤᠭᠠᠭᠠᠳ ᠫᠤᠤᠳᠠᠵᠤ ᠭᠡᠨ᠎ᠠ᠃ ᠫᠤᠤ ᠲᠤᠤᠭᠠᠷᠬᠤ ᠲᠠᠢ ᠵᠡᠷᠭᠡ ᠠᠪᠤ ᠮᠢᠨᠢ ᠦᠪᠡᠷ ᠢᠶᠠᠨ ᠠᠷᠤ ᠳᠤᠨᠢ ᠪᠤᠢ ᠨᠦᠭᠡᠨ ᠳᠤ ᠤᠨᠠᠭᠰᠠᠨ ᠶᠤᠮ ᠭᠡᠨ᠎ᠡ᠃ ᠫᠤᠤᠳᠠᠭᠰᠠᠨ ᠬᠦᠮᠦᠰ ᠬᠤᠷᠳᠤᠨ ᠲᠤᠳᠠᠭᠠᠵᠤ᠂ ᠬᠦᠯ ᠨᠠᠮᠵᠢᠷᠠᠬᠤ ᠪᠠᠷ᠂ ᠮᠢᠨᠤ ᠠᠪᠤ ᠰᠡᠮᠭᠡᠨ ᠬᠠᠷᠢᠵᠤ ᠢᠷᠡᠭᠰᠡᠨ ᠢ ᠪᠢ ᠰᠡᠬᠦᠯᠡᠷ ᠨᠢ ᠰᠤᠨᠤᠰᠤᠭᠰᠠᠨ ᠶᠤᠮ᠃ ᠤᠷᠠᠩᠭᠤᠸ᠎ᠠ᠄ ᠲᠡ ᠲᠡᠭᠡᠭᠡᠳ ᠯᠠ ᠪᠠᠷᠢᠴᠠᠭᠠᠨ ᠤ ᠬᠦᠮᠦᠨ ᠪᠤᠯᠵᠤ᠂ ᠬᠤᠩᠬᠤᠰ ᠤᠨ ᠲᠡᠨᠳᠡ ᠲᠠᠷᠤᠭᠳᠠᠴᠢᠬᠠᠯ᠎ᠠ ᠪᠢᠵᠠ︖ ᠲᠠᠨ ᠢ ᠲᠠᠷᠤᠯᠠᠵᠤ ᠲᠤᠷᠤᠮᠵᠢᠯᠠᠨ᠎ᠠ ᠤᠤ︖ ᠪᠢᠩ ᠲᠠᠩ᠄ ᠦᠭᠡᠢ ᠡ᠂ ᠵᠢᠭᠠᠬᠠᠨ ᠬᠡᠦᠭᠡᠳ ᠢ ᠶᠠᠭᠤ ᠭᠡᠵᠤ ᠵᠤᠪᠠᠭᠠᠨ᠎ᠠ ᠳ᠋ᠠ︖ ᠬᠤᠩᠬᠤᠰ ᠴᠦ ᠬᠦᠮᠦᠨ ᠠᠴᠠ ᠭᠠᠷᠤᠭᠰᠠᠨ ᠬᠦᠮᠦᠨ ᠠᠴᠠ ᠪᠢᠰᠢ᠂ ᠤᠨᠳᠤᠤ ᠭᠠᠵᠠᠷ ᠠᠴᠠ ᠤᠷᠭᠤᠭᠰᠠᠨ ᠤᠨᠳᠤᠤ ᠶᠠᠭᠤᠮ᠎ᠠ ᠤᠤ︖ ᠦᠨᠡᠨ ᠢ ᠬᠡᠯᠡᠪᠡᠯ ᠪᠦᠷ ᠰᠠᠶᠢᠨ ᠬᠦᠮᠦᠰ ᠪᠠᠶᠢᠳᠠᠭ ᠶᠤᠮ᠂ ᠠᠷᠭ᠎ᠠ ᠦᠭᠡᠢ ᠳᠡᠭᠡᠨ ᠬᠤᠩᠬᠤᠰ ᠪᠤᠯᠵᠤ ᠪᠠᠶᠢᠬᠤ ᠠᠴᠠ ᠪᠢᠰᠢ ᠁ ᠤᠷᠠᠩᠭᠤᠸ᠎ᠠ᠄ ᠬᠤᠩᠬᠤᠰ ᠢᠶᠠᠨ ᠪᠠᠰᠠ ᠦᠮᠦᠭᠯᠡᠴᠢᠭᠡᠵᠡᠢ᠂ ᠲᠠ ᠬᠤᠩᠬᠤᠰ ᠤᠨ ᠲᠡᠨᠳᠡ ᠭᠡᠳᠦᠨ ᠵᠢᠯ ᠪᠤᠯᠪᠠ ᠭᠡᠨ᠎ᠠ︖ ᠪᠢᠩ ᠲᠠᠩ᠄ ᠦᠮᠦᠭᠯᠡᠬᠦ ᠪᠢᠰᠢ᠂ ᠦᠨᠡᠨ ᠦᠭᠡ ᠬᠡᠯᠡᠬᠦ ᠭᠡᠷᠡᠭᠳᠡᠢ ᠰᠢᠦ᠃ ᠪᠢ ᠬᠤᠩᠬᠤᠰ ᠤᠨ ᠲᠡᠨᠳᠡ ᠲᠤᠯᠤᠭᠠᠨ ᠵᠢᠯ ᠪᠤᠯᠵᠡᠢ᠃ ᠵᠢᠷᠭᠤᠭᠠᠨ ᠨᠠᠰᠤᠳᠠᠢ ᠠᠴᠠ ᠠᠪᠠᠴᠠᠭᠠᠳ ᠠᠷᠪᠠᠨ ᠭᠤᠷᠪᠠᠳᠠᠢ ᠵᠢᠯ ᠬᠠᠷᠢᠵᠤ ᠢᠷᠡᠭᠰᠡᠨ ᠶᠤᠮ᠃ ᠨᠠᠮᠠᠢᠢ ᠠᠪᠠᠴᠠᠭᠠᠳ ᠲᠠᠷᠤᠴᠢᠬᠠᠭᠰᠠᠨ ᠠᠴᠠ᠂ ᠡᠪᠦᠭᠡ ᠴᠦ ᠬᠤᠩᠬᠤᠰ ᠢ ᠶᠡᠭᠡ ᠴᠤᠬᠢᠬᠤ ᠠᠷᠭ᠎ᠠ ᠦᠭᠡᠢ ᠪᠤᠯᠴᠢᠬᠠᠬᠤ ᠦᠭᠡᠢ ᠤᠤ︖ ᠠᠶᠠᠨᠳᠠᠭᠠᠨ ᠪᠠᠰᠠ ᠡᠪ ᠬᠠᠮᠳᠤ ᠨᠠᠮ ᠳᠤ ᠤᠷᠤᠵᠤ᠂ ᠨᠠᠮ ᠤᠨ ᠨᠢᠭᠤᠴᠠ ᠶᠠᠪᠤᠳᠠᠯ ᠳᠤ ᠶᠠᠭᠠᠷᠠᠴᠢᠬᠠᠭᠰᠠᠨ ᠠᠴᠠ᠂ ᠬᠤᠩᠬᠤᠰ ᠲᠠᠢ ᠲᠡᠮᠡᠢ ᠬᠠᠯᠳᠠᠭᠰᠠᠨ ᠦᠭᠡᠢ ᠃ ᠭᠤᠤᠯᠳᠠᠬᠤ ᠡᠪ ᠬᠠᠮᠳᠤ ᠨᠠᠮ ᠤᠨ ᠶᠠᠪᠤᠳᠠᠯ ᠳᠤ ᠶᠠᠭᠠᠷᠠᠴᠢᠬᠠᠵᠡᠢ᠃ ᠬᠠᠷᠢᠨ ᠶᠡᠭᠡ ᠬᠤᠬᠢᠷᠠᠯ ᠪᠤᠯ᠄ ᠮᠢᠨᠤ ᠠᠪᠤ ᠪᠠᠷᠢᠭᠳᠠᠭᠰᠠᠨ ᠠᠴᠠ᠂ ᠲᠡᠷᠡ ᠤᠯᠠᠨ ᠨᠠᠮ ᠤᠨ ᠭᠡᠰᠢᠬᠦᠨ ᠨᠠᠷ ᠪᠦᠷ ᠠᠳᠡ ᠲᠡᠨᠳᠡ ᠨᠢᠭᠤᠵᠤ ᠲᠠᠯᠳᠠᠯᠠᠨ᠂ ᠲᠤᠳᠠᠭᠠᠵᠤ ᠲᠠᠨᠤᠨ ᠶᠠᠪᠤᠴᠢᠬᠠᠬᠤ ᠦᠭᠡᠢ ᠤᠤ︖ ᠮᠢᠨᠤ ᠠᠪᠤ᠂ ᠤᠷᠴᠢᠨ ᠲᠤᠭᠤᠷᠢᠨ ᠤ ᠪᠠᠨ ᠭᠠᠶᠢᠭᠤᠢ ᠰᠢᠭ᠋ ᠴᠢᠳᠠᠯ ᠲᠠᠢ᠂ ᠬᠦᠴᠦᠨ ᠲᠠᠢ ᠬᠦᠮᠦᠰ ᠢᠶᠠᠨ ᠪᠦᠷ ᠨᠠᠮ ᠳᠤ ᠤᠷᠤᠭᠤᠯᠴᠢᠬᠠᠭᠰᠠᠨ ᠴᠢᠨᠢ᠂ ᠲᠡᠳᠡᠨ ᠨᠢᠭᠡ ᠲᠤᠤᠷ᠎ᠠ ᠪᠠᠶᠢᠪᠠᠯ ᠭᠤᠮᠢᠨᠳᠠᠩ ᠪᠦᠭᠡᠮ ᠢᠶᠠᠷ ᠲᠠᠷᠤᠵᠤ ᠠᠪᠬᠤ ᠠᠶᠤᠯ ᠲᠠᠢ ᠪᠠᠶᠢᠵᠡᠢ᠃ ᠲᠡᠭᠡᠵᠤ ᠪᠠᠶᠢᠳᠠᠯ᠎ᠠ ᠠᠪᠤ ᠮᠢᠨᠢ ᠴᠦ ᠬᠤᠤᠷᠯᠠᠭᠳᠠᠪᠠ᠃ ᠡᠶᠢᠮᠤ ᠭᠡᠴᠡᠬᠦᠦ ᠪᠠᠶᠢᠳᠠᠯ ᠲᠠᠢ ᠪᠠᠶᠢᠭᠰᠠᠨ ᠲᠡᠭᠡᠷ᠎ᠡ ᠪᠠᠰᠠ ᠶᠠᠫᠤᠨ ᠤᠷᠤᠵᠤ ᠢᠷᠡᠯ᠎ᠠ᠃ ᠡᠨᠡ ᠦᠶ᠎ᠡ᠂ ᠬᠤᠩᠬᠤᠰ ᠨᠠᠷ ᠴᠦ ᠰᠠᠨᠳᠤᠷᠴᠢᠬᠠᠵᠡᠢ᠃ ᠶᠠᠫᠤᠨ ᠬᠦᠮᠦᠨ ᠰᠦᠷᠡᠭᠡᠢ ᠲᠤᠮᠤ ᠲᠤᠮᠤ ᠫᠤᠤ ᠲᠠᠢ ᠶᠤᠮ ᠭᠡᠨ᠎ᠠ ᠭᠡᠳ ᠬᠤᠩᠬᠤᠰ ᠤᠳ ᠠᠶᠤᠬᠤ᠂ ᠮᠠᠨ ᠤ ᠡᠪᠦᠭᠡ ᠳᠤ ᠦᠭᠡ ᠢᠷᠡᠬᠦᠯᠵᠤ ᠭᠡᠨ᠎ᠠ᠃ ᠤᠷᠠᠩᠭᠤᠸ᠎ᠠ᠄ ᠡᠪᠦᠭᠡ ᠲᠠᠢ ᠴᠢᠨᠢ ᠬᠠᠮᠳᠤᠷᠠᠬᠤ ᠭᠡ ᠤᠤ︖ ᠪᠢᠩ ᠲᠠᠩ᠄ ᠡᠴᠢᠭᠡ ᠶᠢᠨ ᠬᠢᠨ᠂ ᠨᠠᠮᠠᠢᠢ ᠪᠤᠴᠠᠭᠠᠵᠤ ᠦᠭᠬᠦᠨ᠎ᠠ ᠭᠡᠵᠡᠢ᠃ ᠬᠠᠷᠢᠭᠤ ᠳᠤᠨᠢ ᠲᠠᠪᠤᠨ ᠵᠠᠭᠤᠨ ᠫᠤᠤ ᠵᠠᠪᠰᠡᠩ᠂ ᠨᠢᠭᠡ ᠵᠠᠭᠤᠨ ᠭᠡᠰᠡᠭ ᠬᠠᠷ᠎ᠠ ᠲᠡᠮᠡᠬᠢ ᠠᠪᠤᠨ᠎ᠠ ᠭᠡᠵᠡᠢ᠃ ᠬᠤᠩᠬᠤᠰ ᠪᠠ ᠡᠪᠦᠭᠡ ᠶᠢᠨ ᠲᠤᠮᠳᠠ ᠵᠠᠭᠤᠴᠢᠯᠠᠭᠤᠷ ᠪᠤᠯᠳᠠᠭ ᠲᠤᠰᠬᠠᠢ ᠬᠦᠮᠦᠨ ᠲᠠᠢ ᠰᠢᠦ᠂ ᠡᠾᠦ᠋ᠸᠧ ᠳ᠋ᠧ ᠱᠧᠩ ᠭᠡᠳᠡᠭ ᠶᠤᠮ᠃ ᠪᠢ ᠲᠡᠬᠦᠨ ᠢ ᠡᠾᠦ᠋ᠸᠧ ᠳ᠋ᠧ ᠱᠧᠩ ᠶᠧ ᠶᠧ ᠭᠡᠵᠤ ᠲᠠᠭᠤᠳᠠᠳᠠᠭ᠃ ᠤᠷᠠᠩᠭᠤᠸ᠎ᠠ᠄ ᠲᠡᠭᠡᠭᠡᠳ ᠡᠪᠦᠭᠡ ᠴᠢᠨᠢ ᠲᠡᠳᠡᠭᠡᠷ ᠫᠤᠤ᠂ ᠬᠠᠷ᠎ᠠ ᠲᠡᠮᠡᠬᠢ ᠶᠢ ᠨᠢ ᠦᠭᠬᠦᠭᠰᠡᠨ ᠪᠢᠵᠠ︖ ᠪᠢᠩ ᠲᠠᠩ᠄ ᠬᠠᠮᠢᠭ᠎ᠠ ᠪᠠᠶᠢᠭᠰᠠᠨ ᠲᠡᠶᠢᠮᠤ ᠤᠯᠠᠨ ᠫᠤᠤ᠂ ᠲᠡᠮᠡᠬᠢ ᠪᠠᠶᠢᠬᠤ ᠶᠤᠮ︖ ᠰᠠᠨᠳᠤᠷᠤᠭᠰᠠᠨ ᠬᠤᠩᠬᠤᠰ ᠨᠠᠷ ᠰᠡᠬᠦᠯᠡᠷ ᠨᠢ ᠨᠦᠬᠦᠴᠡᠯ ᠢᠶᠠᠨ ᠪᠠᠭᠤᠷᠠᠭᠤᠯᠵᠤ ᠵᠠᠭᠤᠨ ᠫᠤᠤ᠂ ᠲᠠᠪᠢᠨ ᠭᠡᠰᠡᠭ ᠬᠠᠷ᠎ᠠ ᠲᠡᠮᠡᠬᠢ ᠠᠪᠤᠪᠠᠯ ᠪᠤᠯᠴᠢᠬᠠᠨ᠎ᠠ᠂ ᠭᠡᠬᠦ ᠳᠤ᠂ ᠲᠠᠨ ᠤ ᠴᠢᠶᠠᠨ ᠤᠪᠤᠭᠳᠠᠨ ᠤ ᠬᠠᠮᠤᠭ ᠤᠨ ᠬᠠᠶᠢᠷᠠᠳᠠᠢ ᠨᠢᠭᠡ ᠬᠦᠮᠦᠨ ᠢ ᠨᠢ ᠤᠷᠤᠨ ᠳᠤᠨᠢ ᠠᠪᠤᠨ᠎ᠠ ᠭᠡᠵᠡᠢ᠃ ᠤᠷᠠᠩᠭᠤᠸ᠎ᠠ᠄ ᠪᠠᠰᠠ ᠶᠠᠮᠠᠷ ᠬᠠᠮᠤᠭ ᠤᠨ ᠬᠠᠶᠢᠷᠠᠳᠠᠢ ᠬᠦᠮᠦᠨ ᠪᠠᠶᠢᠬᠤ ᠶᠤᠮ︖ ᠲᠡᠷᠡ ᠨᠢ ᠭᠡᠨ ᠶᠤᠮ︖ ᠪᠢᠩ ᠲᠠᠩ᠄ ᠮᠢᠩᠭᠠᠨᠪᠠᠶᠠᠷ ᠭᠡᠰᠡᠨ ᠨᠢᠭᠡ ᠬᠦᠮᠦᠨ ᠡ ᠬᠦ᠋᠂ ᠡᠭᠡ ᠨᠢ ᠦᠬᠦᠴᠢᠭᠡᠭᠰᠡᠨ ᠠᠴᠠ ᠲᠦᠷᠪᠠᠨ ᠰᠠᠷ᠎ᠠ ᠲᠠᠢ ᠠᠴᠠ ᠨᠢ ᠮᠢᠨᠤ ᠡᠪᠦᠭᠡ ᠲᠠᠪᠠᠷᠢᠵᠤ ᠠᠪᠴᠢᠷᠠᠭᠠᠳ ᠬᠦᠮᠦᠨ ᠪᠤᠯᠭᠠᠭᠰᠠᠨ ᠪᠦᠭᠡᠳ ᠲᠤᠰᠬᠠᠶᠢᠯᠠᠨ ᠡᠪᠦᠭᠡ ᠡᠮᠡᠭᠡ ᠬᠤᠶᠠᠭᠤᠯᠠ ᠶᠢ ᠠᠰᠠᠷᠠᠳᠠᠭ ᠪᠠᠶᠢᠭᠰᠠᠨ᠂ ᠮᠢᠨᠤ ᠠᠪᠤ ᠠᠴᠠ ᠨᠢᠭᠡ ᠠᠬ᠎ᠠ᠂ ᠪᠢ ᠲᠡᠬᠦᠨ ᠢ ᠳ᠋ᠠ ᠶᠧ ᠲᠠᠭᠤᠳᠠᠳᠠᠭ᠃ ᠤᠷᠠᠩᠭᠤᠸ᠎ᠠ᠄ ᠨᠢᠭᠡᠨ ᠵᠠᠷᠤᠴᠠ ᠶᠠᠭᠠᠬᠢᠭᠠᠳ ᠬᠠᠮᠤᠭ ᠬᠠᠶᠢᠷᠠᠳᠠᠢ ᠬᠦᠮᠦᠨ ᠨᠢ ᠪᠤᠯᠴᠢᠬᠠᠭᠰᠠᠨ ᠶᠤᠮ︖ ᠪᠢᠩ ᠲᠠᠩ᠄ ᠰᠠᠶᠢᠨ ᠡᠷ᠎ᠡ ᠰᠠᠶᠢᠨ ᠡᠷ᠎ᠡ ᠳᠡᠭᠡᠨ ᠬᠠᠶᠢᠷᠠᠳᠠᠢ ᠭᠡᠵᠤ ᠪᠢ ᠴᠢᠮ᠎ᠠ ᠳᠤ ᠬᠡᠯᠡᠭᠰᠡᠨ ᠦᠭᠡᠢ ᠤᠤ︖ ᠲᠡᠷᠡ ᠮᠢᠩᠭᠠᠨᠪᠠᠶᠠᠷ ᠳ᠋ᠠ ᠶᠧ ᠪᠠᠰᠠ ᠨᠢᠭᠡ ᠰᠠᠶᠢᠨ ᠡᠷ᠎ᠡ ᠰᠢᠦ︕ ᠲᠡᠷᠡ ᠮᠦᠷᠳᠡᠭᠡᠨ ᠨᠠᠷ᠎ᠠ ᠠᠯᠳᠠᠷᠰᠢᠭᠰᠠᠨ ᠮᠡᠷᠭᠡᠨ ᠫᠤᠤᠴᠢ ᠶᠤᠮ᠃ ᠬᠦᠵᠢ ᠶᠢᠨ ᠭᠠᠯ ᠤᠨ ᠠᠷᠤ ᠳᠤ᠂ ᠬᠦᠮᠦᠨ ᠤ ᠭᠡᠷᠡᠯ ᠵᠢᠷᠤᠭ ᠢ ᠨᠠᠭᠠᠴᠢᠬᠠᠭᠠᠳ ︽ᠠᠮᠠ ᠶᠢ ᠨᠢ ᠫᠤᠤᠳᠠᠨ᠎ᠠ ᠤᠤ᠂ ᠬᠠᠮᠠᠷ ᠢ ᠨᠢ ᠫᠤᠤᠳᠠᠨ᠎ᠠ ᠤᠤ︾ ᠭᠡᠳ ᠨᠢᠭᠡ ᠴᠦ ᠠᠨᠳᠤᠳᠠᠭ ᠦᠭᠡᠢ ᠭᠡᠨ᠎ᠠ᠂ ᠬᠦᠵᠢ ᠶᠢᠨ ᠭᠠᠯ ᠭᠡᠳᠦ᠋ᠢᠭᠡᠨ ᠭᠡᠭᠡ ᠪᠠᠶᠢᠬᠤ ᠶᠤᠮ︖ ᠭᠡᠬᠦ ᠳᠤ ᠠᠮᠠ ᠭᠡᠪᠡᠯ ᠬᠠᠮᠠᠷ ᠢ ᠨᠢ ᠫᠤᠤᠳᠠᠳᠠᠭ ᠦᠭᠡᠢ ᠴᠠᠭᠠᠷᠠᠭᠰᠠᠨ ᠫᠤᠤᠴᠢ ᠶᠢ ᠬᠤᠩᠬᠤᠰ ᠨᠠᠷ ᠲᠤᠷᠠᠯᠠᠬᠤ ᠦᠭᠡᠢ ᠪᠠᠶᠢᠬᠤ ᠤᠤ ᠳ᠋ᠠ᠃ ᠨᠠᠷᠠᠨ ᠤᠯᠤᠰ ᠤᠨ ᠴᠡᠷᠢᠭ ᠢ ᠴᠤᠬᠢᠬᠤ ᠳᠤ᠂ ᠡᠶᠢᠮᠤ ᠬᠦᠮᠦᠨ ᠭᠡᠷᠡᠭ ᠲᠠᠢ ᠪᠠᠶᠢᠬᠤ ᠦᠭᠡᠢ ᠤᠤ ︖ ᠤᠷᠠᠩᠭᠤᠸ᠎ᠠ᠄ ᠲᠡᠭᠡᠭᠡᠳ ᠮᠢᠩᠭᠠᠠᠪᠠᠶᠠᠷ ᠢ ᠨᠢ ᠲᠠᠨ ᠤ ᠤᠷᠤᠨ ᠳᠤ ᠦᠭᠴᠢᠭᠡᠵᠤ ᠤᠤ︖ ᠪᠢᠩ ᠲᠠᠩ᠄ ᠠᠨ᠎ᠠ ᠂ ᠡᠪᠦᠭᠡ ︽ᠬᠦᠮᠦᠨ ᠤ ᠦᠷ᠎ᠡ ᠪᠠᠷ ᠦᠪᠡᠷ ᠤᠨ ᠢᠶᠠᠨ ᠦᠷ᠎ᠡ ᠪᠠᠨ ᠰᠤᠯᠢᠵᠤ ᠠᠪᠴᠢᠷᠠᠨ᠎ᠠ ᠭᠡᠵᠤ ᠶᠠᠭᠠᠬᠢᠨ ᠪᠤᠯᠬᠤ ᠪᠤᠢ︖ ᠶᠠᠪᠤᠭᠤᠯᠵᠤ ᠪᠤᠯᠬᠤ ᠦᠭᠡᠢ︕︾ ᠭᠡᠬᠦᠯᠡᠷ᠂ ᠮᠢᠩᠭᠠᠨᠪᠠᠶᠠᠷ ᠨᠢ ︽ᠪᠢ ᠤᠴᠢᠨ᠎ᠠ᠂ ᠡᠴᠢᠭᠡ ᠨᠢ ᠦᠬᠦᠬᠦ ᠠᠴᠠ ᠡᠮᠦᠨ᠎ᠠ ᠮᠢᠨᠤ ᠦᠬᠢᠨ ᠢ ᠰᠠᠶᠢᠨ ᠬᠠᠷᠭᠠᠯᠵᠡᠵᠤ ᠬᠦᠮᠦᠨ ᠪᠤᠯᠭᠠᠭᠠᠳ ᠦᠭ ᠭᠡᠵᠤ ᠭᠡᠷᠢᠶᠠᠰᠤᠯᠡᠭᠰᠡᠨ ᠪᠠᠶᠢᠬᠤ ᠳᠤ᠃ ᠪᠢᠳᠠ ᠨᠢᠭᠡ ᠨᠠᠮ ᠳᠤ ᠤᠷᠤᠵᠤ ᠨᠢᠭᠡ ᠠᠶᠢᠯ ᠪᠤᠯᠴᠢᠬᠠᠭᠠᠳ᠂ ᠡᠶᠢᠮᠤ ᠰᠠᠶᠢᠬᠠᠨ ᠵᠠᠪᠰᠢᠶᠠᠨ ᠢᠷᠡᠵᠤ ᠪᠠᠶᠢᠬᠤ ᠳᠤ ᠪᠢ ᠭᠠᠷᠴᠦ ᠢᠷᠡᠬᠦ ᠦᠭᠡᠢ ᠶᠠᠭᠠᠬᠢᠨ᠎ᠠ︖︾ ᠭᠡᠳ᠂ ᠫᠤᠤ ᠪᠠᠨ ᠠᠪᠤᠭᠰᠠᠨ ᠢᠶᠠᠨ᠂ ᠮᠤᠷᠢᠨ ᠳᠠᠭᠠᠨ ᠮᠤᠷᠳᠠᠭᠠᠳ ᠲᠠᠪᠭᠢᠴᠢᠬᠠᠵᠡᠢ᠃ ᠲᠡᠭᠡᠭᠡᠳ ᠯᠠ ᠨᠠᠮᠠᠢᠢ ᠭᠡᠷ ᠲᠤᠨᠢ ᠪᠤᠴᠠᠭᠠᠵᠤ ᠦᠭᠬᠦᠭᠰᠡᠨ ᠡ᠃ ᠲᠤᠯᠤᠭᠠᠨ ᠵᠢᠯ ᠲᠡᠳᠡᠨ ᠲᠠᠢ ᠬᠠᠮᠳᠤ ᠦᠰᠦᠭᠰᠡᠨ ᠠᠴᠠ ᠶᠠᠪᠤᠬᠤ ᠦᠶ᠎ᠡ ᠳᠤ ︽ᠦᠬᠢᠨ ᠮᠢᠨᠢ ᠪᠢᠳᠡᠭᠡᠢ ᠠᠶᠤ᠂ ᠰᠠᠨᠠᠭ᠎ᠠ ᠠᠮᠠᠷ ᠶᠠᠪᠤ᠂ ᠤᠳᠤ ᠪᠦᠷ ᠠᠪᠤ ᠡᠵᠢ ᠲᠠᠢ ᠪᠠᠨ ᠵᠤᠯᠭᠠᠴᠢᠬᠠᠨ᠎ᠠ ᠁︾ ᠭᠡᠵᠤ ᠤᠯᠠᠨ ᠦᠭᠡ ᠬᠡᠯᠡᠭᠡᠳ ᠦᠭᠡᠷ ᠲᠡᠷᠭᠡᠨ ᠳᠤ ᠭᠠᠷᠭᠠᠵᠤ᠂ ᠡᠾᠦ᠋ᠸᠧ ᠳ᠋ᠧ ᠱᠧᠩ ᠶᠧ ᠶᠧ ᠪᠠᠷ ᠬᠦᠷᠭᠡᠬᠦᠯᠪᠠ᠃ ᠤᠷᠠᠩᠭᠤᠸ᠎ᠠ᠄ ᠲᠠ ᠪᠠᠰᠠ ᠰᠠᠯᠵᠤ ᠶᠠᠳᠠᠴᠢᠬᠠᠪᠠ ᠤᠤ︖ ᠪᠢᠩ ᠲᠠᠩ᠄ ᠬᠠᠷᠢᠨ᠎ᠠ ᠭᠡᠵᠤ ᠭᠡᠳᠦ ᠤᠳᠠᠭ᠎ᠠ ᠲᠤᠳᠠᠭᠠᠭᠠᠳ ᠪᠠᠷᠢᠭᠳᠠᠴᠢᠬᠠᠭᠰᠠᠨ ᠬᠦᠮᠦᠨ᠂ ᠲᠡᠷᠡ ᠡᠳᠦᠷ ᠲᠡᠷᠭᠡ ᠤᠨᠤᠭ᠎ᠠ ᠬᠦᠯᠯᠡᠵᠤ ᠭᠡᠷ ᠲᠤᠨᠢ ᠬᠦᠷᠭᠡᠨ᠎ᠠ ᠭᠡᠬᠦᠯᠡᠷ ᠨᠢ ᠬᠦᠭᠰᠡᠨ ᠪᠠᠶᠠᠷᠯᠠᠬᠤ ᠮᠦᠷᠳᠡᠭᠡᠨ ᠬᠤᠩᠬᠤᠰ ᠨᠠᠷ ᠠᠴᠠ ᠪᠠᠨ ᠪᠠᠰᠠ ᠰᠠᠯᠵᠤ ᠶᠠᠳᠠᠴᠢᠬᠠᠪᠠ᠃ ᠢᠯᠩᠭᠤᠶ᠎ᠠ ᠨᠠᠳᠠ ᠲᠠᠢ ᠨᠢᠭᠡ ᠤᠪᠤᠭ ᠤᠨ ᠴᠢᠶᠠᠨ ᠠᠪᠤ᠂ ᠮᠤᠩᠭᠤᠯ ᠬᠤᠩᠬᠤᠰ ᠪᠤᠯᠬᠤ ᠭᠤᠤ ᠱᠠᠨ ᠠᠪᠤ᠂ ᠪᠠᠰᠠ ᠡᠦ ᠮᠠ ᠮᠠ᠂ ᠮᠢᠨᠤ ᠬᠦᠯ ᠢ ᠡᠮᠨᠡᠭᠰᠡᠨ ᠡᠮᠴᠢ ᠬᠤᠩᠬᠤᠰ ᠁ ᠬᠦᠶ᠋ᠢ᠂ ᠲᠡᠷᠡ ᠡᠳᠦᠷ᠂ ᠲᠡᠳᠡᠭᠡᠷ ᠮᠠᠭᠤ ᠬᠤᠩᠬᠤᠰ ᠨᠤᠭᠤᠳ ᠤᠨ ᠠᠯᠢ ᠨᠢ ᠴᠦ ᠲᠡᠶᠢᠮᠤ ᠮᠠᠭᠤᠬᠠᠢ ᠰᠠᠨᠠᠭᠳᠠᠭᠰᠠᠨ ᠦᠭᠡᠢ ᠡ︕ ᠤᠷᠠᠩᠭᠤᠸ᠎ᠠ᠄ ᠲᠠ ᠬᠤᠩᠬᠤᠰ ᠲᠤ ᠲᠠᠷᠤᠭᠳᠠᠵᠤ ᠪᠠᠶᠢᠬᠤ ᠳᠠᠭᠠᠨ ᠪᠠᠰᠠ ᠲᠤᠳᠠᠭᠠᠵᠤ ᠤᠤ︖ ᠪᠢᠩ ᠲᠠᠩ᠄ ᠲᠤᠳᠠᠭᠠᠭᠰᠠᠨ︕ ᠡᠮᠨᠢᠭ ᠮᠤᠷᠢ ᠤᠨᠤᠵᠤ ᠲᠤᠳᠠᠭᠠᠭᠠᠳ ᠡᠪᠦᠳᠦᠭ ᠤᠨ ᠲᠤᠯᠤᠭᠠᠢ ᠪᠠᠨ ᠮᠤᠯᠳᠤ ᠠᠪᠤᠭᠤᠯᠴᠢᠬᠠᠭᠰᠠᠨ᠂ ᠴᠢ ᠦᠵᠡ᠂ ᠡᠨᠡ ᠲᠤᠯᠤᠭᠠᠢ ᠦᠭᠡᠢ ᠬᠤᠩᠬᠤᠷᠴᠤᠭ ᠪᠤᠯᠤᠭᠰᠠᠨ ᠡᠪᠦᠳᠦᠭ ᠢ᠃ ᠶᠢᠰᠦᠨ ᠨᠠᠰᠤᠳᠠᠢ ᠳᠠᠭᠠᠨ ᠬᠢᠭᠰᠡᠨ ᠭᠡᠷᠡᠭ ᠶᠤᠮ᠃ ᠬᠤᠩᠬᠤᠰ ᠤᠨ ᠡᠮᠴᠢ ᠭᠡᠵᠤ ᠰᠦᠷᠡᠭᠡᠢ ᠶᠤᠮ ᠰᠢᠦ᠂ ᠨᠠᠮᠠᠢᠢ ᠡᠮᠨᠡᠵᠤ ᠪᠠᠶᠢᠭᠠᠳ ᠰᠠᠶᠢᠨ ᠪᠤᠯᠭᠠᠭᠰᠠᠨ᠃ ᠤᠷᠠᠩᠭᠤᠸ᠎ᠠ᠄ ᠰᠠᠶ᠋ᠢᠬᠠᠨ ᠲᠠ ᠴᠢᠶᠠᠨ ᠠᠪᠤ ᠭᠡᠵᠤ ᠲᠤᠷᠠᠳᠤᠭᠠᠳ ᠠᠪᠤᠯ᠎ᠠ᠂ ᠲᠡᠷᠡ ᠨᠢ ᠲᠠᠨ ᠤ ᠲᠦᠷᠦᠯ ᠤᠤ︖ ᠪᠢᠩ ᠲᠠᠩ᠄ ᠪᠢᠰᠢ᠂ ᠬᠤᠩᠬᠤᠰ ᠤᠨ ᠨᠤᠶᠠᠨ ᠴᠢᠶᠠᠨ ᠫᠠᠶᠢᠵᠠᠩ ᠭᠡᠳᠡᠭ᠃ ᠵᠦᠪᠭᠡᠨ ᠤᠪᠤᠭ ᠨᠢᠭᠡ ᠲᠠᠢ ᠠᠴᠠ ᠨᠠᠮᠠᠢᠢ ︽ᠶᠠᠰᠤ ᠴᠢᠩᠭ᠎ᠠ ᠴᠢᠶᠠᠨ ᠤᠪᠤᠭᠳᠠᠨ ᠤ ᠦᠬᠢᠨ︾ ᠭᠡᠵᠤ ᠰᠦᠷᠡᠭᠡᠢ ᠬᠠᠶᠢᠷᠠᠳᠠᠢ ᠪᠠᠶᠢᠳᠠᠭ ᠠᠴᠠ᠂ ᠦᠭᠡᠷ᠎ᠡ ᠬᠦᠮᠦᠰ ᠴᠦ ᠠᠶᠠᠨᠳᠠᠭᠠᠨ ᠲᠠᠷᠤᠯᠠᠵᠤ ᠴᠢᠳᠠᠬᠤ ᠦᠭᠡᠢ ᠪᠤᠯᠴᠢᠬᠠᠨ᠎ᠠ᠃ ᠬᠤᠩᠬᠤᠰ ᠤᠳ᠂ ᠪᠤᠯᠢᠶᠠᠵᠤ ᠠᠪᠴᠢᠷᠠᠭᠰᠠᠨ ᠭᠡᠰᠢᠭ ᠢᠶᠠᠨ ᠬᠤᠪᠢᠶᠠᠯᠴᠠᠬᠤ ᠳᠤ᠂ ᠪᠢ ︽ᠸᠧ ᠶᠤᠤ ᠪᠢᠩ ᠲᠠᠩ︕ ︵ᠪᠢ ᠮᠦᠰᠦᠨ ᠰᠢᠬᠢᠷ ᠠᠪᠤᠨ᠎ᠠ︶︾ ᠭᠡᠵᠤ ᠪᠠᠷᠬᠢᠷᠠᠨ᠎ᠠ᠃ ᠲᠡᠭᠡᠭᠡᠳ ᠲᠡᠳᠡᠨᠤᠰ ᠢᠨᠢᠶᠠᠯᠳᠤᠵᠤ ᠨᠠᠳᠠ ᠮᠦᠰᠦᠨ ᠰᠢᠬᠢᠷ ᠦᠭᠳᠡᠭ᠃ ᠲᠡᠭᠡᠵᠤ ᠪᠠᠶᠢᠭᠰᠠᠭᠠᠷ ᠨᠠᠳᠠ ᠪᠢᠩ ᠲᠠᠩ ᠭᠡᠰᠡᠨ ᠨᠠᠷ᠎ᠠ ᠦᠭᠬᠦᠭᠰᠡᠨ ᠰᠢᠦ᠂ ᠲᠡᠷᠡ ᠨᠠᠷ᠎ᠠ ᠨᠠᠰᠤᠨ ᠲᠤᠷᠰᠢ ᠨᠠᠮᠠᠢᠢ ᠲᠠᠭᠠᠯ᠎ᠠ᠃ ᠦᠭᠡᠢ ᠶᠤᠮ ᠪᠤᠯ ᠮᠢᠨᠤ ᠤᠤᠯ ᠨᠠᠷ᠎ᠠ ᠶᠢ ᠴᠢᠶᠠᠨ ᠱᠤ᠋ ᠵᠸᠡᠨ ᠭᠡᠳᠡᠭ ᠶᠤᠮ᠃ ᠤᠷᠠᠩᠭᠤᠸ᠎ᠠ᠄ ᠬᠤᠩᠬᠤᠰ ᠨᠠᠷ ᠬᠠᠮᠤᠭ ᠪᠠᠭ᠎ᠠ ᠪᠠᠨ ᠬᠠᠶᠢᠷᠠᠯᠠᠵᠤ᠂ ᠬᠠᠮᠤᠭ ᠠᠮᠳᠠᠳᠠᠢ ᠮᠦᠰᠦᠨ ᠰᠢᠬᠢᠷ ᠢᠶᠠᠨ ᠢᠳᠡᠬᠦᠯᠵᠤ ᠪᠠᠶᠢᠭᠰᠠᠭᠠᠷ᠂ ᠬᠠᠮᠤᠭ ᠠᠮᠳᠠᠳᠠᠢ ᠨᠡᠷ᠎ᠡ ᠲᠠᠢ ᠪᠤᠯᠴᠢᠬᠠᠵᠡᠢ ᠲᠠ᠃ ᠲᠠᠨ ᠤ ᠡᠨᠡ ᠪᠡᠶ᠎ᠡ ᠶᠢᠨ ᠭᠠᠷᠤᠯ ᠴᠦ ᠡᠯᠪᠡᠭ ᠠᠭᠤᠯᠭ᠎ᠠ ᠲᠠᠢ ᠪᠠᠶᠢᠨ᠎ᠠ ᠳ᠋ᠠ᠃ ᠤᠪᠤᠭ ᠶᠠᠰᠤ ᠶᠢ ᠴᠢᠨᠢ ᠡᠪᠦᠭᠡ ᠲᠡᠭᠡᠳᠦᠰ ᠦᠭᠴᠡᠢ᠂ ᠨᠠᠷ᠎ᠠ ᠶᠢ ᠨᠢ ᠲᠡᠭᠡᠷᠡᠮ ᠦᠭᠴᠡᠢ᠃ ᠪᠡᠶ᠎ᠡ ᠶᠢ ᠴᠢᠨᠢ ᠠᠪᠤ ᠡᠵᠢ ᠴᠢᠨᠢ ᠲᠦᠷᠦᠭᠰᠡᠨ ᠴᠦ ︵ᠪᠠᠰᠠ ᠭᠠᠭ᠋ᠠᠢ ᠶᠢᠨ ᠮᠢᠬ᠎ᠠ ᠪᠠᠷ ᠰᠤᠯᠢᠭᠰᠠᠨ ᠲᠡᠦᠭᠡ ᠲᠠᠢ ᠰᠢᠦ︕ ᠭᠡᠵᠤ ᠪᠢ ᠨᠠᠭᠠᠳᠪᠠ︶᠂ ᠠᠪᠤ ᠶᠢᠨ ᠬᠠᠶᠢᠷ᠎ᠠ ᠶᠢ ᠸᠠᠩ ᠮᠦᠩᠭᠡ ᠦᠭᠴᠡᠢ︕᠂ ᠲᠠ ᠴᠦ ᠤᠯᠠᠨ ᠬᠦᠮᠦᠨ ᠢ ᠲᠤᠩᠰᠤᠯᠠᠭᠠᠭᠰᠠᠨ ᠦᠢᠯᠡᠷ ᠤᠨ ᠮᠢᠩᠭᠠᠨ ᠯᠠᠩ ᠪᠠᠶᠢᠨ᠎ᠠ ᠬᠦ᠋ ᠁ ᠪᠢᠩ ᠲᠠᠩ᠄ ᠪᠠᠰᠠ ᠪᠠᠶᠢᠨ᠎ᠠ᠂ ᠦᠨᠦ ᠮᠢᠩᠭᠠᠨᠪᠠᠶᠠᠷ ᠳ᠋ᠠ ᠶᠧ︕ ᠤᠷᠠᠩᠭᠤᠸ᠎ᠠ᠄ ᠦᠨᠡᠭᠡᠷ ᠡ᠂ ᠲᠡᠷᠡ ᠬᠦᠮᠦᠨ ᠴᠢᠨᠤ ᠤᠷᠤᠨ ᠳᠤ ᠤᠴᠢᠭᠠᠳ ᠶᠠᠭᠠᠬᠢᠪᠠ︖ ᠬᠤᠩᠬᠤᠰ ᠪᠤᠯᠴᠢᠬᠠᠪᠠ ᠤᠤ︖ ᠪᠢᠩ ᠲᠠᠩ᠄ ᠭᠡᠩ᠂ ᠴᠢ ᠶᠠᠭᠤ ᠭᠡᠵᠤ ᠰᠠᠨᠠᠨ᠎ᠠ︖ ᠲᠡᠷᠡ ᠴᠢᠨᠢ ᠬᠤᠩᠬᠤᠰ ᠪᠤᠯᠴᠢᠬᠠᠳᠠᠭ ᠬᠦᠮᠦᠨ ᠮᠥᠨ ᠤᠤ ᠳ᠋ᠠ︖ ᠬᠤᠩᠬᠤᠰ ᠲᠡᠬᠦᠨ ᠢ ᠦᠪᠡᠷ ᠤᠨ ᠢᠶᠠᠨ ᠬᠦᠮᠦᠨ ᠪᠤᠯᠭᠠᠵᠤ ᠠᠪᠬᠤ ᠶᠢᠨ ᠲᠦᠯᠦᠭᠡ ᠭᠡᠳᠦᠢ ᠴᠦ ᠬᠠᠳᠠᠭᠤ ᠵᠦᠭᠡᠯᠡᠨ ᠠᠷᠭ᠎ᠠ ᠶᠢ ᠭᠡᠷᠡᠭᠯᠡᠵᠤ᠂ ᠭᠡᠳᠦᠢ ᠴᠦ ᠲᠠᠮᠤᠯᠠᠭᠰᠠᠨ ᠪᠢᠯᠠ︖ ᠨᠢᠷᠤᠭᠤᠨ ᠤ ᠮᠢᠬ᠎ᠠ ᠶᠢ ᠨᠢ ᠦᠪᠴᠢᠭᠡᠳ ᠪᠦᠷ ᠶᠠᠰᠤ ᠶᠢ ᠨᠢ ᠭᠠᠷᠭᠠᠴᠢᠬᠠᠭᠰᠠᠨ ᠴᠦ ᠬᠤᠩᠬᠤᠰ ᠲᠤ ᠤᠷᠤᠵᠤ ᠦᠭᠬᠦᠭᠰᠡᠨ ᠦᠭᠡᠢ᠃ ᠠᠷᠭ᠎ᠠ ᠦᠭᠡᠢ ᠳᠤ ᠬᠤᠷᠤᠰᠤᠯᠳᠠᠢ ᠪᠠᠷ ᠡᠪᠦᠭᠡ ᠳᠤ ᠮᠢᠨᠢ ᠪᠤᠴᠠᠭᠠᠵᠤ ᠦᠭᠴᠡᠢ᠃ ᠭᠡᠬᠦ ᠳᠤ᠂ ᠦᠭᠡᠷ ᠲᠡᠷᠭᠡᠨ ᠲᠡᠭᠡᠷ᠎ᠡ ᠡᠯᠢᠭᠡᠳᠡᠬᠦᠯᠵᠤ ᠭᠡᠪᠳᠡᠬᠦᠯᠦᠭᠡᠳ ᠮᠤᠷᠳᠠᠭᠤᠯᠬᠤ ᠦᠶ᠎ᠡ᠂ ᠪᠠᠰᠠ ᠨᠢᠭᠡ ᠨᠢ ᠬᠤᠷᠤᠰᠬᠤ ᠳᠠᠭᠠᠨ ᠬᠦᠶᠦᠵᠤ ᠢᠷᠡᠭᠡᠳ ᠬᠤᠶᠠᠷ ᠴᠢᠬᠢ ᠶᠢ ᠨᠢ ᠤᠭᠳᠤᠯᠵᠤ ᠬᠠᠶᠠᠭᠰᠠᠨ ᠭᠡᠨ᠎ᠠ᠃ ᠬᠠᠷᠢᠵᠤ ᠢᠷᠡᠬᠦ ᠳᠤ ᠬᠦᠳᠡᠯᠭᠡᠬᠦ ᠠᠷᠭ᠎ᠠ ᠴᠦ ᠦᠭᠡᠢ ᠪᠤᠯᠤᠭᠰᠠᠨ ᠪᠠᠶᠢᠪᠠ᠃ ᠨᠢᠷᠤᠭᠤᠨ ᠤ ᠶᠠᠰᠤ ᠨᠢ ᠶᠠᠷᠵᠠᠶᠢᠭᠠᠳ ᠦᠵᠡᠭᠳᠡᠬᠦ ᠶᠤᠮ ᠴᠢᠨᠢ᠃ ᠭᠡᠬᠦ ᠳᠤ ︽ᠶᠤᠤ︾ ᠭᠡᠬᠦ ᠦᠭᠡᠢ ᠯᠠ ᠪᠠᠶᠢᠪᠠ᠃ ᠡᠪᠦᠭᠡ ᠡᠮᠡᠭᠡ ᠶᠢᠨ ᠮᠢᠨᠢ ᠠᠰᠠᠷᠠᠭᠴᠢ ᠪᠠᠶᠢᠭᠰᠠᠨ ᠲᠡᠷᠡ᠂ ᠲᠡᠭᠡᠭᠡᠳ ᠯᠠ ᠡᠪᠦᠭᠡ ᠡᠮᠡᠭᠡ ᠬᠤᠶᠠᠷ ᠢᠶᠠᠷ ᠮᠢᠨᠢ ᠠᠰᠠᠷᠠᠭᠤᠯᠪᠠ᠃ ᠪᠢ ᠵᠦᠪᠭᠡᠨ ᠴᠠᠢ ᠤᠰᠤ ᠶᠢ ᠨᠢ ᠵᠦᠭᠡᠭᠡᠬᠦ ᠠᠴᠠ ᠶᠠᠭ ᠤᠶᠢᠷᠠᠳᠴᠦ ᠴᠢᠳᠠᠭᠰᠠᠨ ᠦᠭᠡᠢ᠂ ᠡᠪᠦᠭᠡ ᠨᠠᠳᠠ ︽ᠡᠨᠡ ᠳ᠋ᠠ ᠶᠧ ᠴᠢᠨᠢ ᠴᠢᠮ᠎ᠠ ᠳᠤ ᠭᠠᠪᠢᠶ᠎ᠠ ᠲᠠᠢ ᠬᠦᠮᠦᠨ ᠰᠢᠦ ᠁︾ ᠭᠡᠳ ᠪᠦᠬᠦ ᠤᠴᠢᠷ ᠢ ᠬᠡᠯᠡᠪᠡ᠃ ᠡᠶᠢᠮᠤ ᠨᠢᠭᠡ ᠰᠠᠶᠢᠨ ᠡᠷ᠎ᠡ ᠶᠢ ᠮᠢᠨᠤ ᠡᠪᠦᠭᠡ ᠬᠠᠶᠢᠷᠠᠯᠠᠬᠤ ᠦᠭᠡᠢ ᠶᠠᠭᠠᠬᠢᠨ᠎ᠠ︖ ᠬᠤᠩᠬᠤᠰ ᠤᠳ ᠴᠦ ᠪᠢᠰᠢᠷᠡᠬᠦ ᠪᠦᠭᠡᠳ ᠬᠤᠷᠤᠰᠤᠭᠰᠠᠨ ᠪᠠᠶᠢᠨ᠎ᠠ ᠰᠢᠦ ᠳ᠋ᠠ᠃ ᠤᠷᠠᠩᠭᠤᠸ᠎ᠠ᠄ ᠬᠤᠷᠤᠰᠤᠯ᠎ᠠ ᠭᠡᠳ ᠪᠠᠰᠠ ᠠᠯᠠᠬᠤ ᠦᠭᠡᠢ ᠨᠢ ᠡ︖ ᠪᠢᠩ ᠲᠠᠩ᠄ ᠠᠯᠠᠬᠤ ᠦᠭᠡᠢ ᠰᠢᠦ᠂ ᠰᠠᠶᠢᠨ ᠡᠷᠡᠰ ᠰᠠᠶᠢᠨ ᠡᠷᠡᠰ ᠲᠡᠭᠡᠨ ᠬᠠᠶᠢᠷᠠᠳᠠᠢ᠃ ᠶᠠᠭᠠᠬᠢᠭᠠᠳ ᠴᠦ ᠪᠠᠭᠤᠯᠭᠠᠵᠤ ᠲᠡᠶᠢᠯᠬᠦ ᠦᠭᠡᠢ ᠪᠤᠯ᠂ ᠪᠠᠭᠤᠵᠤ ᠦᠭᠬᠦ ᠯᠠ ᠤᠴᠢᠷ᠃ ᠦᠨᠡᠨ ᠳᠡᠭᠡᠨ ᠬᠤᠩᠬᠤᠰ ᠨᠠᠷ᠂ ᠮᠢᠨᠤ ᠮᠢᠩᠭᠠᠨᠪᠠᠶᠠᠷ ᠳ᠋ᠠ ᠶᠧ ᠳᠤ ᠪᠠᠭᠤᠵᠤ ᠦᠭᠬᠦᠭᠰᠡᠨ ᠤᠴᠢᠷ ᠰᠢᠦ ᠳ᠋ᠠ᠃ ᠪᠠᠭᠤᠵᠤ ᠦᠭᠬᠦᠭᠰᠡᠨ ᠳᠡᠭᠡᠨ ᠬᠦᠯᠢᠴᠡᠵᠤ ᠲᠡᠶᠢᠯᠬᠦ ᠦᠭᠡᠢ ᠬᠤᠷᠤᠰᠴᠦ᠂ ᠴᠢᠬᠢ ᠶᠢ ᠨᠢ ᠤᠭᠳᠤᠯᠤᠯ᠎ᠠ ᠪᠢᠵᠠ ᠳ᠋ᠠ᠃ ᠬᠤᠩᠬᠤᠰ ᠨᠠᠷ ᠬᠠᠳᠠᠭᠤ ᠴᠦ᠂ ᠬᠦᠮᠦᠨ ᠤ ᠤᠭ ᠴᠢᠨᠠᠷ ᠢ ᠬᠦᠨᠳᠦᠳᠭᠡᠳᠡᠭ ᠶᠤᠮ ᠡ᠂ ᠲᠠᠨᠤᠰ ᠮᠡᠳᠡᠬᠦ ᠦᠭᠡᠢ ᠪᠠᠶᠢᠨ᠎ᠠ᠃ ᠲᠡᠳᠡᠨ ᠴᠢᠨᠢ᠂ ᠬᠦᠮᠦᠨ ᠤ ᠤᠭ ᠴᠢᠨᠠᠷ ᠢ ᠬᠦᠨᠳᠡᠭᠡᠵᠤ ᠪᠤᠯᠳᠠᠭ ᠦᠭᠡᠢ ᠴᠡᠭᠡᠷ ᠲᠠᠢ᠃ ᠨᠦᠬᠦᠭᠡ ᠲᠠᠯ᠎ᠠ ᠪᠠᠷ᠂ ᠶᠠᠫᠤᠨ ᠤᠷᠤᠵᠤ ᠢᠷᠡᠭᠡᠳ ᠪᠠᠶᠢᠭ᠎ᠠ ᠦᠶ᠎ᠡ᠃ ᠬᠤᠩᠬᠤᠰ ᠦᠪᠡᠷ ᠤᠨ ᠤᠯᠤᠰ ᠤᠨ ᠢᠶᠠᠨ ᠭᠠᠵᠠᠷ ᠨᠤᠳᠤᠭ ᠲᠠᠭᠠᠨ ᠬᠠᠶᠢᠷ᠎ᠠ ᠦᠭᠡᠢ ᠪᠤᠯᠴᠢᠬᠤ ᠤᠤ︖ ᠶᠠᠭᠠᠬᠢᠵᠤ ᠮᠠᠭᠤᠳᠠᠯᠴᠠᠯ᠎ᠠ ᠭᠡᠳ ᠲᠤᠬᠤᠢ ᠰᠢᠯᠪᠤᠷᠠᠪᠠᠯ ᠬᠠᠨᠴᠦᠢ ᠲᠤᠳᠤᠷ᠎ᠠ ᠪᠠᠨ ᠭᠡᠭᠴᠢ ᠪᠠᠷ᠂ ᠮᠢᠩᠭᠠᠨᠪᠠᠶᠠᠷ ᠮᠡᠳᠦ ᠶᠢᠨ ᠬᠦᠮᠦᠰ ᠢ ᠦᠯᠡᠳᠡᠭᠡᠵᠤ ᠪᠠᠶᠢᠪᠠᠯ ᠶᠠᠫᠤᠨᠴᠤᠳ ᠢ ᠴᠤᠬᠢᠬᠤ ᠳᠤ ᠭᠡᠷᠡᠭ ᠲᠠᠢ ᠰᠢᠦ︕ ᠤᠷᠠᠩᠭᠤᠸ᠎ᠠ᠄ ᠶᠤᠰᠤᠳᠠᠢ ᠳ᠋ᠠ ᠃ ᠭᠡᠳᠦ᠋ᠢᠪᠡᠷ ᠬᠤᠭᠤᠷᠤᠨᠳᠤ ᠪᠠᠨ ᠵᠤᠳᠤᠯᠳᠤᠵᠤ ᠴᠤᠬᠢᠯᠳᠤᠵᠤ ᠪᠠᠶᠢᠳᠠᠭ ᠴᠦ᠂ ᠭᠠᠳᠠᠭᠠᠳᠤ ᠶᠢᠨ ᠲᠦᠷᠮᠡᠭᠡᠶᠢᠯᠡᠭᠴᠢᠳ ᠢ ᠴᠤᠬᠢᠬᠤ ᠳᠤ ᠪᠦᠷ ᠠᠬ᠎ᠠ ᠲᠡᠬᠦᠦ ᠪᠤᠯᠵᠤ ᠬᠠᠮᠳᠤᠷᠠᠯᠴᠠᠬᠤ ᠨᠢ ᠴᠦ ᠵᠦᠪ ᠳ᠋ᠠ᠃ ᠲᠡᠷᠡ ᠰᠠᠶᠢᠨ ᠫᠤᠤᠴᠢ ᠮᠢᠩᠭᠠᠨᠪᠠᠶᠠᠷ ᠠᠪᠤ ᠴᠢᠨᠢ ᠲᠡᠭᠡᠭᠡᠳ ᠶᠠᠫᠤᠨ ᠢ ᠴᠤᠬᠢᠪᠠ ᠤᠤ︖ ᠪᠢᠩ ᠲᠠᠩ᠄ ᠮᠡᠳᠡᠬᠦ ᠦᠭᠡᠢ ᠰᠢᠦ ᠃ ᠰᠢᠷᠬ᠎ᠠ ᠪᠠᠨ ᠡᠮᠨᠡᠵᠤ ᠪᠠᠶᠢᠬᠤ ᠬᠤᠭᠤᠴᠠᠭᠠᠨ ᠳᠤ ᠪᠠᠶᠢᠨ ᠪᠠᠶᠢᠨ ︽ᠪᠢ ᠭᠠᠳᠠ ᠳᠤ ᠤᠷᠤᠬᠤ ᠶᠤᠮᠰᠠᠨ ᠁ ᠰᠤᠨᠤᠰᠬᠤ ᠳᠤ ᠭᠠᠳᠠ ᠦᠭᠡᠢ ᠪᠤᠯᠴᠢᠬᠠᠯ᠎ᠠ ᠭᠡᠨ᠎ᠠ᠂ ᠪᠢ ᠭᠠᠳᠠ ᠪᠤᠯᠬᠤ ᠶᠤᠮᠰᠠᠨ ᠁︾ ᠭᠡᠬᠦ ᠮᠡᠳᠦ ᠶᠢᠨ ᠶᠠᠭᠤᠮ᠎ᠠ ᠬᠡᠯᠡᠵᠤ ᠪᠠᠶᠢᠪᠠ᠃ ᠤᠷᠠᠩᠭᠤᠸ᠎ᠠ᠄ ᠲᠡᠭᠡᠭᠡᠳ ᠭᠠᠳᠠ ᠮᠠᠶᠢᠷᠠᠨ ᠳᠤ ᠤᠷᠤᠭᠰᠠᠨ ᠤᠤ︖ ᠪᠢᠩ ᠲᠠᠩ᠄ ᠪᠠᠰᠠ ᠮᠡᠳᠡᠬᠦ ᠦᠭᠡᠢ ᠰᠢᠦ᠃ ᠲᠦᠷᠦᠯ ᠤᠨ ᠬᠢᠨ ᠤ ᠠᠴᠢ ᠦᠬᠢᠨ ᠨᠢ ᠢᠷᠡᠵᠤ ᠠᠪᠤᠭᠠᠳ ᠶᠠᠪᠤᠭᠰᠠᠨ᠃ ᠠᠪᠤ ᠪᠠᠨ ᠠᠯᠳᠠᠴᠢᠬᠭ᠍ᠭ᠍ᠰᠠᠨ ᠲᠡᠷᠡ ᠦᠬᠢᠨ᠂ ᠮᠢᠩᠭᠠᠨᠪᠠᠶᠠᠷ ᠳ᠋ᠠ ᠶᠧ ᠶᠢ ᠠᠪᠤ ᠲᠠᠨᠢᠨ᠎ᠠ ᠭᠡᠳ ᠠᠪᠴᠦ ᠶᠠᠪᠤᠭᠰᠠᠨ ᠶᠤᠮ᠂ ᠭᠡᠨ ᠮᠡᠳᠡᠬᠦ ᠪᠤᠢ᠂ ᠬᠠᠮᠢᠭ᠎ᠠ ᠶᠠᠪᠤᠭᠰᠠᠨ ᠢ ᠨᠢ᠃ ᠪᠢ ᠴᠦ ᠨᠢᠭᠡ ᠵᠢᠭᠠᠬᠠᠨ ᠬᠡᠦᠭᠡᠨ ᠦᠬᠢᠨ ᠬᠦᠮᠦᠨ᠂ ᠮᠢᠨᠤ ᠡᠪᠦᠭᠡ ᠲᠡᠷᠡ ᠪᠤᠯᠭᠠᠨ ᠢ ᠨᠠᠳᠠ ᠬᠡᠯᠡᠬᠦ ᠴᠦ ᠪᠢᠰᠢ᠃ ᠨᠦᠬᠦᠭᠡ ᠲᠠᠯ᠎ᠠ ᠪᠠᠷ ᠮᠢᠩᠭᠠᠨᠪᠠᠶᠠᠷ ᠳ᠋ᠠ ᠶᠧ ᠴᠦ ᠨᠢᠭᠤᠴᠠ ᠨᠠᠮ ᠤᠨ ᠭᠡᠰᠢᠬᠦᠨ᠃ ᠪᠠᠰᠠ ᠯᠠ ᠨᠢᠭᠤᠵᠤ ᠲᠤᠳᠠᠭᠠᠵᠤ ᠠᠮᠢᠳᠤᠷᠠᠳᠠᠭ ᠦᠢᠯᠠ ᠲᠠᠢ ᠨᠢᠭᠡ ᠨᠢ ᠰᠢᠳᠠ᠃ ᠰᠡᠬᠦᠯ ᠳᠤ ᠬᠠᠮᠢᠭᠠᠰᠢ ᠶᠠᠪᠤᠭᠰᠠᠨ ᠢ ᠨᠢ ᠪᠢ ᠮᠡᠳᠡᠬᠦ ᠦᠭᠡᠢ᠃ ᠤᠷᠠᠩᠭᠤᠸ᠎ᠠ᠄ ᠲᠠᠨ ᠤ ᠡᠨᠡ ᠶᠡᠷᠢᠨ ᠨᠢᠭᠡᠨ ᠨᠠᠰᠤ ᠴᠦ ᠤᠯᠠᠨ ᠬᠦᠮᠦᠨ ᠲᠠᠢ ᠬᠤᠯᠪᠤᠭᠳᠠᠵᠤ ᠢᠷᠡᠭᠰᠡᠨ ᠶᠤᠮ ᠪᠠᠶᠢᠨ᠎ᠠ᠃ ᠲᠡᠶᠢᠮᠤ ᠤᠯᠠᠨ ᠬᠦᠮᠦᠨ ᠲᠠᠨ ᠢ ᠬᠠᠶᠢᠷᠠᠯᠠᠵᠤ ᠯᠠ ᠪᠠᠶᠢᠵᠡᠢ ᠳ᠋ᠠ ᠁ ᠪᠢᠩ ᠲᠠᠩ᠄ ᠲᠡᠶᠢᠮᠤ ᠰᠢᠦ᠂ ᠦᠨᠡᠨ ᠤᠯᠠᠨ ᠬᠦᠮᠦᠨ ᠨᠠᠳᠠ ᠬᠠᠶᠢᠷᠠᠳᠠᠢ ᠶᠤᠮ᠃ ᠪᠠᠰᠠ ᠨᠢᠭᠡ ᠬᠦᠮᠦᠨ ᠢ ᠬᠡᠯᠡᠬᠦ ᠭᠡᠷᠡᠭᠳᠠᠢ ᠪᠠᠶᠢᠨ᠎ᠠ᠃ ᠴᠢᠶᠠᠨ ᠲᠤᠸᠠᠨᠵᠠᠩ ᠳ᠋ᠠ ᠶᠧ᠃ ᠲᠡᠷᠡ ᠬᠦᠮᠦᠨ᠂ ᠰᠡᠬᠦᠯᠡᠷ ᠨᠢ ᠨᠢᠭᠡ ᠪᠦᠯᠦᠭ ᠬᠤᠩᠬᠤᠰ ᠢᠶᠠᠨ ᠠᠪᠴᠦ ᠮᠠᠨ ᠤ ᠳᠤ ᠪᠠᠭᠤᠵᠤ ᠦᠭᠬᠦᠭᠰᠡᠨ ᠪᠦᠭᠡᠳ ᠡᠪ ᠬᠠᠮᠳᠤ ᠨᠠᠮ ᠳᠤ ᠤᠷᠤᠭᠰᠠᠨ ᠶᠤᠮ᠃ ᠭᠤᠤᠯᠳᠠᠭᠤ ᠶᠠᠫᠤᠨ ᠢ ᠴᠤᠬᠢᠬᠤ ᠶᠢᠨ ᠵᠤᠷᠢᠯᠭ᠎ᠠ ᠭᠡᠳᠡᠭ ᠪᠤᠯᠪᠠᠴᠦ᠂ ᠮᠢᠨᠤ ᠨᠢᠭᠤᠷ ᠲᠠᠯ᠎ᠠ ᠶᠢ ᠬᠠᠷᠠᠭᠰᠠᠨ ᠤᠴᠢᠷ ᠪᠠᠶᠢᠭ᠎ᠠ ᠶᠤᠮ᠃ ᠭᠡᠬᠦ ᠳᠡᠭᠡᠨ᠂ ᠲᠠᠭᠠᠭᠤᠯᠵᠤ ᠢᠷᠡᠭᠰᠡᠨ ᠬᠤᠩᠬᠤᠰ ᠠᠴᠠ ᠨᠢ ᠤᠷᠪᠠᠭᠴᠢ ᠭᠠᠷᠴᠦ ᠴᠢᠶᠠᠨ ᠲᠤᠸᠠᠨᠵᠠᠩ ᠳ᠋ᠠ ᠶᠧ ᠶᠢ ᠮᠢᠨᠢ ᠫᠤᠤᠳᠠᠴᠢᠬᠠᠭᠰᠠᠨ ᠶᠤᠮ︕ ᠮᠠᠨ ᠤ ᠳᠤ ᠤᠷᠤᠵᠤ ᠢᠷᠡᠭᠰᠡᠨ ᠦᠭᠡᠢ ᠪᠤᠯ ᠲᠠᠷᠠ ᠬᠦᠮᠦᠨ ᠤᠷᠳᠤ ᠨᠠᠰᠤᠯᠠᠬᠤ ᠯᠠ ᠬᠦᠮᠦᠨ ᠳ᠋ᠠ᠃ ᠤᠷᠠᠩᠭᠤᠸ᠎ᠠ᠄ ᠲᠠ ᠦᠨᠡᠭᠡᠷ ᠤᠷᠰᠢᠭ ᠤᠨ ᠤᠳᠤᠨ ᠪᠠᠶᠢᠨ᠎ᠠ᠂ ᠤᠯᠠᠨ ᠭᠡᠷᠡᠭ ᠲᠠᠳᠠᠭᠰᠠᠨ᠂ ᠤᠯᠠᠨ ᠬᠦᠮᠦᠨ ᠢ ᠲᠤᠩᠰᠤᠯᠭᠠᠭᠰᠠᠨ ᠠᠮᠳᠠᠳᠠᠢ ᠮᠦᠰᠦᠨ ᠰᠢᠭᠢᠷ ᠪᠠᠶᠢᠨ᠎ᠠ︕ ᠪᠢᠩ ᠲᠠᠩ᠄ ᠠᠢ ᠳ᠋ᠠ᠂ ᠲᠦᠷᠪᠠᠨ ᠵᠢᠩ ᠲᠦᠷᠪᠠᠨ ᠯᠠᠩ ᠤᠨ ᠬᠦᠨᠳᠤ ᠶᠢᠨ ᠵᠢᠩ ᠢᠶᠠᠷ ᠡᠨᠡ ᠶᠢᠷᠳᠢᠨᠴᠦ ᠳᠤ ᠢᠷᠡᠭᠰᠡᠨ ᠬᠦᠮᠦᠨ ᠡᠶᠢᠮᠤ ᠪᠠᠶᠢᠳᠠᠭ ᠶᠤᠮ ᠪᠠᠶᠢᠬ᠎ᠠ᠂ ᠭᠡᠨ ᠮᠡᠳᠡᠯ᠎ᠠ︖ ᠲᠠᠷᠠ ᠤᠯᠠᠨ ᠬᠦᠮᠦᠨ ᠢ ᠲᠤᠩᠰᠤᠯᠭᠠᠵᠤ ᠵᠤᠪᠠᠭᠠᠭᠰᠠᠨ ᠤ ᠬᠠᠷᠢᠭᠤ ᠳᠤᠨᠢ ᠲᠦᠮᠠ ᠮᠢᠩᠭᠠᠨ ᠬᠦᠮᠦᠨ ᠳᠤ ᠰᠠᠶᠢᠨ ᠬᠢᠶ᠎ᠡ ᠭᠡᠵᠤ ᠬᠠᠳᠠᠭᠤ ᠪᠤᠳᠤᠵᠤ ᠶᠠᠪᠤᠯ᠎ᠠ᠃ ︽ᠴᠢᠶᠠᠨ ᠤᠪᠤᠭᠳᠠᠨ ᠯᠠ ᠶᠤᠮ ᠪᠤᠯ ᠪᠤᠳᠤᠭᠰᠠᠨ ᠢᠶᠠᠨ ᠪᠡᠶᠡᠯᠡᠬᠦᠯᠬᠦ ᠭᠡᠷᠡᠭᠳᠠᠢ ᠭᠡᠵᠤ ᠰᠢᠦ︕︾ ᠭᠡᠵᠤ᠂ ᠪᠡᠶ᠎ᠡ ᠳᠡᠭᠡᠨ ᠪᠠᠶᠢᠨ ᠪᠠᠶᠢᠨ ᠰᠠᠨᠠᠭᠤᠯᠵᠤ ᠪᠠᠶᠢᠳᠠᠭ᠃ ᠭᠡᠬᠦ ᠳᠤ᠂ ᠪᠠᠰᠠ ᠬᠤᠷᠤᠰᠬᠠᠭᠰᠠᠨ ᠬᠦᠮᠦᠨ ᠴᠦ ᠪᠠᠶᠢᠨ᠎ᠠ᠂ ᠬᠤᠷᠤᠰᠬᠠᠬᠤ ᠦᠭᠡᠢ ᠶᠠᠭᠠᠬᠢᠨ᠎ᠠ︖ ᠵᠦᠪ ᠶᠤᠰᠤᠨ ᠳᠤ ᠰᠠᠶᠢᠨ ᠢ ᠬᠢᠪᠠᠯ ᠪᠤᠷᠤᠭᠤ ᠶᠤᠰᠤᠨ ᠳᠤ ᠤᠰᠤᠯᠳᠤᠬᠤ ᠶᠤᠮ ᠴᠢᠨᠢ᠃ ᠲᠦᠭᠡᠮᠡᠯ ᠴᠦ ᠴᠡᠷᠢᠭ ᠤᠨ ᠨᠤᠶᠠᠨ ᠢᠶᠠᠨ ᠠᠯᠠᠴᠢᠬᠠᠯ᠎ᠠ᠂ ᠬᠤᠶᠢᠴᠢ ᠶᠢ ᠨᠢ ᠬᠤᠷᠤᠰᠬᠠᠵᠤ ᠦᠭᠡᠢ ᠤᠤ ︖ ᠡᠪᠦᠭᠡ ᠮᠢᠨᠢ ᠴᠦ ᠭᠠᠷ ᠢᠶᠠᠨ ᠪᠠᠩᠵᠠᠳᠠᠭᠤᠯᠵᠤ ᠪᠠᠶᠢᠭᠠᠳ ᠲᠡᠭᠡᠰᠦᠨ ᠤ ᠨᠤᠶᠠᠨ ᠢ ᠬᠤᠷᠤᠰᠬᠠᠭᠰᠠᠨ ᠦᠭᠡᠢ ᠤᠤ ᠂ ᠰᠡᠬᠦᠯᠠᠷ ᠨᠢ ᠭᠡᠳᠦᠨ ᠮᠢᠩᠭᠠᠨ ᠬᠤᠩᠬᠤᠰ ᠢ ᠬᠤᠷᠤᠰᠬᠠᠯ᠎ᠠ᠃ ᠡᠴᠢᠭᠡ ᠮᠢᠨᠢ ᠭᠤᠮᠢᠨᠳᠠᠩ ᠢ ᠬᠤᠷᠤᠰᠬᠠᠯ᠎ᠠ᠂ ᠬᠤᠷᠤᠰᠤᠭᠰᠠᠨ ᠬᠢᠯᠢᠩ ᠤᠨ ᠭᠠᠯ ᠢᠶᠠᠷ ᠢᠶᠠᠨ ᠠᠪᠤ ᠶᠢ ᠦᠨᠡᠰᠦ ᠪᠤᠯᠭᠠᠪᠠ᠃ ᠭᠡᠬᠦ ᠳᠤ᠂ ᠠᠪᠤ ᠮᠢᠨᠢ ᠪᠤᠳᠤᠭᠰᠠᠨ ᠢᠶᠠᠨ ᠪᠤᠴᠠᠭᠠᠵᠤ ᠬᠡᠯᠡᠭᠰᠡᠨ ᠢᠶᠠᠨ ᠵᠠᠯᠬᠢᠭᠰᠠᠨ ᠦᠭᠡᠢ᠃ ᠵᠦᠪ ᠶᠤᠰᠤᠨ ᠤ ᠲᠦᠯᠦᠭᠡ ᠭᠡᠰᠨᠨ ᠭᠠᠭᠴᠠᠬᠠᠨ ᠪᠤᠳᠤᠯ ᠨᠢ ᠦᠨᠡᠰᠦ ᠲᠠᠢ ᠪᠠᠨ ᠬᠠᠮᠳᠤ ᠮᠦᠩᠭᠡ ᠬᠦᠭᠡ ᠲᠡᠭᠷᠢ ᠳᠡᠭᠡᠨ ᠠᠭᠠᠷ ᠪᠤᠯᠪᠠ᠃ ᠪᠢ ᠴᠦ ᠬᠦᠮᠦᠨ ᠢ ᠬᠤᠷᠤᠰᠬᠠᠬᠤ ᠠᠴᠠ ᠠᠶᠤᠬᠤ ᠦᠭᠡᠢ᠃ ᠮᠢᠨᠤ ᠬᠢᠵᠤ ᠪᠠᠶᠢᠭ᠎ᠠ ᠨᠢ ᠶᠤᠰᠤᠳᠠᠢ᠂ ᠵᠦᠪ ᠯᠠ ᠪᠠᠶᠢᠳᠠᠭ ᠶᠤᠮ ᠪᠤᠯ ᠶᠡᠷᠢ ᠦᠩᠭᠡᠷᠡᠴᠢᠭᠡᠯ᠎ᠠ ᠭᠡᠳ ᠬᠦᠮᠦᠨ ᠬᠤᠷᠤᠰᠬᠠᠬᠤ ᠠᠴᠠ ᠪᠠᠨ ᠠᠶᠤᠬᠤ ᠦᠭᠡᠢ ᠬᠦ᠋᠃ ᠤᠷᠠᠩᠭᠤᠸ᠎ᠠ᠄ ᠭᠡᠷᠪᠡ ᠲᠠ ᠪᠤᠷᠤᠭᠤᠳᠠᠭᠰᠠᠨ ᠪᠠᠶᠢᠪᠠᠯ ᠶᠠᠭᠠᠬᠢᠯᠳᠠᠢ︖ ᠪᠢᠩ ᠲᠠᠩ᠄ ᠪᠤᠷᠤᠭᠤᠳᠠᠭᠰᠠᠨ ᠪᠤᠯ ᠪᠢ ᠬᠤᠷᠳᠤᠨ ᠪᠠᠭᠤᠵᠤ ᠦᠭᠬᠦᠨ᠎ᠠ ᠬᠦ᠋᠂ ᠪᠤᠷᠤᠭᠤ ᠲᠠᠢ ᠪᠠᠶᠢᠵᠤ ᠶᠠᠭᠤ ᠭᠡᠮᠡᠨ ᠬᠦᠮᠦᠨ ᠲᠠᠢ ᠦᠰᠢᠯᠳᠦᠬᠦ ᠶᠤᠮ︖ ᠶᠤᠰᠤ ᠭᠡᠳᠡᠭ ᠶᠠᠭᠤᠮ᠎ᠠ ᠪᠠᠶᠢᠬᠤ ᠶᠤᠮ ᠴᠢᠨᠢ᠃ ᠤᠷᠠᠩᠭᠤᠸ᠎ᠠ᠄ ᠴᠢᠶᠠᠨ ᠤᠪᠤᠭᠳᠠᠨ ᠤ ᠦᠬᠢᠨ ᠮᠥᠨ ᠪᠠᠶᠢᠨ᠎ᠠ᠂ ᠡᠦ ᠶᠢᠨ ᠳ᠋ᠧ ᠶᠢᠨ ᠤᠮᠪᠤᠯᠤ ᠴᠦ ᠮᠥᠨ ᠪᠠᠶᠢᠨ᠎ᠠ᠂ ᠶᠤᠬᠤ ᠁ ᠪᠢᠩ ᠲᠠᠩ᠄ ᠠᠯᠠᠭ ᠶᠢᠷᠳᠢᠨᠴᠦ᠂ ᠠᠯᠠᠭ ᠶᠢᠷᠳᠢᠨᠴᠦ ᠭᠡᠵᠤ ᠬᠡᠯᠡᠭᠡᠳ ᠪᠠᠶᠢᠨ᠎ᠠ ᠰᠢ ︵ᠲᠡᠶᠢᠮᠤ ᠪᠢᠰᠢᠦ᠂ ᠪᠢᠵᠠ︶︖ ᠠᠯᠠᠭ ᠭᠡᠳᠡᠭ ᠨᠢ ᠤᠯᠠᠨ ᠦᠩᠭᠡ ᠲᠠᠢ ᠭᠡᠰᠡᠨ ᠦᠭᠡ ᠪᠠ︖ ᠬᠦᠮᠦᠨ ᠲᠡᠭᠡᠭᠡᠳ ᠠᠯᠢ ᠦᠩᠭᠡ ᠶᠢ ᠨᠢ ᠴᠦ ᠲᠠᠭᠠᠭᠠᠳ ᠪᠠᠶᠢᠵᠤ ᠪᠤᠯᠬᠤ ᠶᠤᠮ ᠤᠤ︖ ᠲᠡᠬᠦᠨ ᠢ ᠴᠢᠨᠢ ᠬᠦᠮᠦᠨ ᠭᠡᠬᠦ ᠶᠤᠮ ᠤᠤ︖ ᠪᠡᠶ᠎ᠡ ᠰᠡᠳᠬᠢᠯ ᠦᠭᠡᠢ᠂ ᠵᠠᠩ ᠠᠭᠠᠰᠢ ᠦᠭᠡᠢ ᠰᠠᠯᠬᠢ ᠯᠠ ᠪᠠᠶᠢᠨ᠎ᠠ᠃ ᠤᠷᠠᠩᠭᠤᠸ᠎ᠠ᠄ ᠵᠠ ᠵᠠ᠂ ᠪᠡᠶ᠎ᠡ ᠰᠡᠳᠬᠢᠯ ᠲᠠᠢ᠂ ᠵᠠᠩ ᠠᠭᠠᠰᠢ ᠲᠠᠢ ᠪᠢᠩ ᠲᠠᠩ ᠠᠪᠠᠭ᠋ᠠᠢ ᠬᠤᠩᠬᠤᠰ ᠨᠠᠷ ᠠᠴᠠ ᠪᠠᠨ ᠰᠠᠯᠵᠤ ᠶᠠᠳᠠᠭᠰᠠᠨ ᠴᠦ ᠡᠴᠦᠰ ᠲᠡᠭᠡᠨ ᠰᠠᠯᠵᠤ᠂ ᠦᠭᠡᠷ ᠬᠠᠰᠠᠭ ᠲᠡᠭᠡᠷ᠎ᠡ ᠪᠠᠨ ᠰᠠᠭᠤᠭᠠᠳ ᠬᠠᠷᠢᠵᠤ ᠢᠷᠡᠯ᠎ᠠ᠃ ᠲᠤᠯᠤᠭᠠᠨ ᠵᠢᠯ ᠤᠷᠬᠢᠭᠠᠳ ᠶᠠᠪᠤᠭᠰᠠᠨ ᠭᠡᠷ ᠨᠤᠳᠤᠭ ᠲᠠᠭᠠᠨ ᠬᠠᠷᠢᠭᠠᠳ ᠢᠷᠡᠬᠦ ᠳᠤ ᠪᠦᠷ ᠶᠠᠮᠠᠷ ᠪᠠᠶᠢᠭᠰᠠᠨ ᠪᠤᠯ︖ ᠪᠢᠩ ᠲᠠᠩ᠄ ᠬᠠᠷᠢᠵᠤ ᠢᠷᠡᠭᠰᠡᠨ ᠪᠢ ᠪᠠᠶᠠᠷᠯᠠᠬᠤ ᠮᠦᠷᠳᠡᠭᠡᠨ ᠵᠤᠪᠠᠨ᠎ᠠ᠃ ᠤᠤᠯ ᠨᠢ ᠲᠡᠶᠢᠮᠤ ᠶᠡᠭᠡ ᠭᠡᠷ ᠬᠦᠷᠢᠶ᠎ᠡ ᠪᠠᠶᠢᠭᠰᠠᠨ ᠮᠠᠨ ᠤ ᠠᠶᠢᠯ ᠤᠨ ᠤᠯᠠᠩᠬᠢ ᠬᠦᠮᠦᠰ ᠨᠢ ᠲᠤᠳᠠᠭᠠᠵᠤ ᠰᠠᠷᠨᠢᠭᠠᠳ ᠶᠠᠪᠤᠴᠢᠬᠠᠭᠰᠠᠨ ᠪᠠᠶᠢᠪᠠ᠃ ᠲᠦᠷᠪᠠᠨ ᠬᠤᠵᠢᠭᠡᠷ ᠫᠤᠤᠴᠢ ᠶᠢᠨ ᠨᠢᠭᠡ ᠨᠢ ᠴᠦ ᠦᠭᠡᠢ᠃ ᠭᠡᠷ ᠬᠦᠷᠢᠶ᠎ᠡ ᠡᠯᠦᠢ ᠬᠤᠯᠤᠢ ᠁ ᠤᠷᠠᠩᠭᠤᠸ᠎ᠠ᠄ ᠲᠡᠳᠡ ᠶᠠᠭᠤ ᠭᠡᠵᠤ ᠲᠤᠳᠠᠭᠠᠴᠢᠬᠠᠳᠠᠭ ᠶᠤᠮ︖ ᠪᠢᠩ ᠲᠠᠩ᠄ ᠬᠦᠶ᠋ᠢ᠂ ᠪᠢ ᠰᠠᠶ᠋ᠢᠬᠠᠨ ᠴᠢᠮ᠎ᠠ ᠳᠤ ᠬᠡᠯᠡᠯ᠎ᠠ ᠰᠢ︕ ᠡᠪ ᠬᠠᠮᠳᠤ ᠨᠠᠮ ᠤᠨ ᠭᠡᠰᠢᠬᠦᠨ ᠪᠤᠯᠤᠨ᠎ᠠ ᠭᠡᠵᠤ ᠠᠮᠠᠷ ᠶᠤᠮ ᠤᠤ︖ ᠨᠢᠭᠤᠨ᠎ᠠ ᠰᠢᠦ᠂ ᠠᠪᠤ ᠮᠢᠨᠢ ᠪᠠᠷᠢᠭᠳᠠᠵᠤ ᠬᠤᠤᠷᠯᠠᠭᠳᠠᠭᠰᠠᠨ ᠠᠴᠠ ᠪᠤᠰᠤᠳ ᠨᠢ ᠪᠦᠷ ᠠᠶᠤᠯ ᠲᠠᠢ ᠪᠠᠶᠢᠬᠤ ᠦᠭᠡᠢ ᠤᠤ︖ ᠲᠡᠭᠡᠭᠡᠳ ᠯᠠ ᠵᠦᠭ ᠵᠦᠭ ᠲᠡᠭᠡᠨ ᠲᠤᠳᠠᠭᠠᠵᠤ ᠨᠢᠭᠤᠴᠠ ᠪᠠᠷ ᠨᠠᠮ ᠢᠶᠠᠨ ᠬᠢᠭᠰᠡᠨ ᠴᠢᠷᠠᠢ᠃ ᠪᠢ ᠴᠦ ᠠᠷᠪᠠᠨ ᠭᠤᠷᠪᠠ ᠬᠦᠷᠴᠦ ᠤᠴᠢᠷ ᠮᠡᠳᠡᠬᠦ ᠨᠠᠰᠤ ᠪᠤᠯᠤᠭᠰᠠᠨ ᠠᠴᠠ᠂ ᠡᠪᠦᠭᠡ ᠠᠴᠠ ᠪᠠᠨ ᠠᠯᠢ ᠪᠦᠬᠦᠢ ᠶᠢ ᠰᠤᠨᠤᠰᠴᠦ ᠮᠡᠳᠡᠭᠰᠡᠨ᠃ ᠦᠪᠡᠷ ᠢ ᠪᠠᠨ ᠴᠢᠶᠠᠨ ᠲᠤᠳᠠᠢ ᠰᠢᠪᠠᠭᠤ ᠶᠢᠨ ᠦᠬᠢᠨ ᠭᠡᠰᠡᠨ ᠢᠶᠠᠨ ᠢᠶᠠᠨ ᠮᠡᠳᠡᠪᠠ᠃ ᠠᠪᠤ ᠮᠢᠨᠢ ᠦᠬᠦᠭᠰᠡᠨ ᠢ ᠴᠦ ᠮᠡᠳᠡᠪᠠ᠃ ᠸᠠᠩ ᠮᠦᠩᠭᠡ ᠠᠪᠤ ᠮᠢᠨᠢ ᠴᠦ ᠡᠪ ᠬᠠᠮᠳᠤ ᠨᠠᠮ ᠤᠨ ᠭᠡᠰᠢᠬᠦᠨ ᠪᠠᠶᠢᠭᠰᠠᠨ ᠠᠴᠠ ᠪᠡᠶ᠎ᠡ ᠪᠠᠨ ᠨᠢᠭᠤᠭᠠᠳ ᠶᠠᠪᠤᠴᠢᠬᠠᠭᠰᠠᠨ ᠪᠠᠶᠢᠪᠠ᠃ ᠡᠵᠢ ᠮᠢᠨᠢ ᠴᠦ ᠦᠭᠡᠷ᠎ᠡ ᠡᠷ᠎ᠡ ᠳᠤ ᠭᠠᠷᠴᠦ᠂ ᠦᠭᠡᠷ᠎ᠡ ᠠᠶᠢᠯ ᠳᠤ ᠶᠠᠪᠤᠭᠰᠠᠨ ᠪᠠᠶᠢᠪᠠ᠃ ᠮᠢᠨᠤ ᠶᠠᠪᠤᠭᠰᠠᠨ ᠠᠷᠦ ᠳᠤ ᠡᠵᠢ ᠰᠤᠯᠢᠶᠠᠳᠠᠭᠰᠠᠨ ᠭᠡᠨ᠎ᠠ᠃ ᠬᠠᠶᠢᠷᠠᠳᠤ ᠦᠬᠢᠨ ᠢ ᠨᠢ ᠬᠤᠩᠬᠤᠰ ᠪᠠᠷᠢᠵᠤ᠂ ᠡᠷ᠎ᠡ ᠨᠦᠬᠦᠷ ᠶᠢ ᠨᠢ ᠬᠢᠨᠳᠠᠨ ᠳᠤ ᠬᠤᠤᠷᠯᠠᠭᠰᠠᠨ ᠶᠡᠭᠡ ᠵᠤᠪᠠᠯ ᠢ ᠲᠠᠭᠠᠭᠠᠵᠤ ᠲᠡᠶᠢᠯᠬᠦ ᠦᠭᠡᠢ ᠪᠤᠯᠵᠤ ᠰᠤᠯᠢᠶᠠᠳᠠᠭᠰᠠᠨ ᠪᠠᠶᠢᠬᠤ ᠦᠭᠡᠢ ᠤᠤ᠃ ᠬᠠᠷᠢᠨ ᠵᠤᠯ ᠢᠶᠠᠷ ᠨᠢᠭᠡᠨ ᠪᠤᠤ ᠤᠪᠤᠭᠳᠠᠢ ᠨᠤᠳᠤᠭ ᠤᠨ ᠡᠮᠴᠢ ᠡᠮᠨᠡᠵᠤ ᠡᠳᠡᠭᠡᠭᠡᠭᠰᠡᠨ ᠠᠴᠠ᠂ ᠡᠪᠦᠭᠡ ᠮᠢᠨᠢ ᠮᠢᠨᠤ ᠡᠵᠢ ᠶᠢ ᠲᠡᠷᠡ ᠡᠮᠴᠢ ᠲᠠᠢ ᠠᠮᠢᠳᠤᠷᠠᠭᠤᠯᠵᠡᠢ᠃ ᠤᠷᠠᠩᠭᠤᠸ᠎ᠠ᠄ ᠲᠡᠭᠡᠭᠡᠳ ᠤᠳᠤ ᠭᠡᠷ ᠲᠤ ᠶᠠᠮᠠᠷ ᠬᠦᠮᠦᠰ ᠪᠠᠶᠢᠳᠠᠭ ᠶᠤᠮ︖ ᠪᠢᠩ ᠲᠠᠩ᠄ ᠡᠪᠦᠭᠡ᠂ ᠪᠠᠭ᠎ᠠ ᠨᠠᠢ ᠨᠠᠢ᠂ ᠮᠢᠨᠤ ᠵᠢᠭᠠᠬᠠᠨ ᠠᠪᠠᠭ᠎ᠠ᠂ ᠮᠢᠨᠤ ᠬᠤᠶᠠᠷ ᠦᠬᠢᠨ ᠲᠡᠬᠦᠦ ᠁ ᠵᠡᠷᠭᠡ ᠪᠦᠷ ᠯᠠ ᠶᠠᠳᠠᠷᠠᠵᠤ ᠵᠦᠳᠡᠷᠡᠭᠰᠡᠨ ᠭᠡᠳᠦᠨ ᠬᠦᠮᠦᠰ᠃ ᠤᠷᠠᠩᠭᠤᠸ᠎ᠠ᠄ ᠲᠦᠷᠪᠠᠨ ᠫᠤᠤᠴᠢ᠂ ᠲᠦᠷᠪᠠᠨ ᠬᠠᠮᠭᠠᠯᠠᠭᠴᠢ︖ ᠪᠢᠩ ᠲᠠᠩ᠄ ᠪᠦᠷ ᠨᠢᠭᠤᠴᠠ ᠡᠪ ᠬᠠᠮᠳᠤ ᠨᠠᠮ ᠤᠨ ᠭᠡᠰᠢᠬᠦᠨ ᠪᠤᠯᠴᠢᠬᠠᠭᠰᠠᠨ ᠶᠤᠮ ᠴᠢᠨᠢ᠂ ᠨᠢᠭᠤᠬᠤ ᠪᠠᠷ ᠯᠠ ᠶᠠᠪᠤᠨ᠎ᠠ ᠪᠠ︕ ᠤᠷᠠᠩᠭᠤᠸ᠎ᠠ᠄ ᠲᠠ ᠬᠤᠩᠬᠤᠰ ᠠᠴᠠ ᠭᠡᠷ ᠲᠡᠭᠡᠨ ᠬᠠᠷᠢᠵᠤ ᠢᠷᠡᠭᠰᠡᠨ ᠤ ᠲᠠᠷᠠᠭ᠎ᠠ ᠶᠠᠭᠤ ᠬᠢᠳᠡᠭ ᠶᠤᠮ︖ ᠪᠢᠩ ᠲᠠᠩ᠄ ᠭᠡᠷ ᠲᠡᠭᠡᠨ ᠪᠠᠶᠢᠬᠤ ᠦᠶ᠎ᠡ ᠳᠤ ᠡᠪᠦᠭᠡ ᠡᠮᠡᠭᠡ ᠬᠤᠶᠠᠭᠤᠯᠠ ᠳᠤ ᠬᠠᠪᠰᠤᠷᠴᠦ ᠭᠡᠷ ᠤᠨ ᠬᠢᠳᠠᠯ ᠬᠢᠳᠡᠭ᠃ ᠮᠦᠮᠦ ᠶᠢᠨ ᠳᠡᠭᠡᠨ ᠤᠴᠢᠪᠠᠯ ᠡᠮᠴᠢ ᠠᠪᠤ ︵ᠪᠤᠤ ᠡᠮᠴᠢ ᠶᠢ ᠬᠡᠯᠡᠵᠤ ᠪᠤᠢ︶᠎ ᠪᠠᠨ ᠲᠠᠭᠠᠵᠤ ᠡᠪᠡᠳᠴᠢᠨ ᠡᠮᠨᠡᠬᠦ ᠶᠢ ᠰᠤᠷᠳᠠᠭ᠃ ᠤᠷᠠᠩᠭᠤᠸ᠎ᠠ᠄ ᠬᠤᠶᠢᠳᠤ ᠠᠪᠤ ᠴᠢᠨᠢ ᠲᠠᠨ ᠳᠤ ᠬᠠᠶᠢᠷᠠᠳᠠᠢ ᠨᠢ︖ ᠪᠢᠩ ᠲᠠᠩ᠄ ᠬᠠᠶᠢᠷᠠᠳᠠᠢ ᠡ᠂ ᠬᠠᠶᠢᠷᠠᠳᠠᠢ᠂ ᠬᠤᠩᠬᠤᠰ ᠬᠦᠷᠳᠡᠯ᠎ᠠ ᠨᠠᠳᠠ ᠬᠠᠶᠢᠷᠠᠳᠠᠢ ᠪᠠᠶᠢᠬᠤ ᠳᠤ᠂ ᠮᠢᠨᠤ ᠠᠪᠤ ᠪᠤᠯᠴᠢᠬᠠᠭᠠᠳ ᠶᠠᠭᠤ ᠭᠡᠵᠤ ᠨᠠᠳᠠ ᠬᠠᠶᠢᠷ᠎ᠠ ᠦᠭᠡᠢ ᠪᠠᠶᠢᠬᠤ ᠶᠤᠮ︖ ᠲᠠᠷᠠ ᠨᠠᠮ᠎ᠠ ᠬᠠᠶᠢᠷᠠᠯᠠᠭᠠᠳ ᠦᠪᠡᠷ ᠤᠨ ᠤᠪᠤᠭ ᠢᠶᠠᠨ ᠦᠭᠴᠦ ᠪᠤᠤ ᠱᠤ᠋ ᠵᠸᠡᠨ ᠭᠡᠰᠡᠨ ᠨᠡᠷ᠎ᠡ ᠦᠭᠬᠦᠭᠰᠡᠨ ᠰᠢᠦ᠃ ᠤᠷᠠᠩᠭᠤᠸ᠎ᠠ ᠄ ᠲᠠ ᠲᠡᠭᠡᠭᠡᠳ ᠡᠮᠴᠢ ᠶᠢᠨ ᠮᠡᠷᠭᠡᠵᠢᠯ ᠲᠠᠢ ᠪᠤᠯᠴᠢᠬᠠᠯ᠎ᠠ︖ ᠪᠢᠩ ᠲᠠᠩ᠄ ᠡᠩ ᠤᠨ ᠪᠢᠰᠢ ᠮᠡᠷᠭᠡᠵᠢᠯ ᠰᠢᠦ᠂ ᠡᠮᠴᠢ ᠠᠪᠤ ᠦᠨᠡᠨ ᠰᠠᠨᠠᠭᠠᠨ ᠠᠴᠠ ᠪᠠᠨ ᠨᠠᠳᠠ ᠡᠷᠳᠡᠮ ᠢᠶᠠᠨ ᠵᠢᠭᠠᠭᠰᠠᠨ᠃ ᠪᠢ ᠰᠡᠬᠦᠯᠡᠷ ᠨᠢ ᠡᠮᠴᠢ ᠠᠪᠤ ᠶᠢᠨ ᠢᠶᠠᠨ ᠵᠢᠭᠠᠭᠰᠠᠨ ᠲᠡᠷᠡ ᠡᠷᠳᠡᠮ ᠢᠶᠠᠷ ᠤᠯᠠᠨ ᠬᠦᠮᠦᠨ ᠤ ᠠᠮᠢ ᠶᠢ ᠠᠪᠤᠷᠠᠭᠰᠠᠨ᠃ ᠴᠢᠶᠠᠨ ᠤᠪᠤᠭᠳᠠᠨ ᠤ ᠦᠬᠢᠨ ᠪᠢ ᠲᠦᠮᠠ ᠮᠢᠩᠭᠠᠨ ᠬᠦᠮᠦᠨ ᠳᠤ ᠰᠠᠶᠢᠨ ᠬᠢᠨ᠎ᠠ ᠭᠡᠰᠡᠨ ᠵᠡᠬᠦᠳᠤ ᠶᠢ ᠡᠮᠴᠢ ᠠᠪᠤ ᠮᠢᠨᠢ ᠨᠠᠳᠠ ᠬᠠᠮᠵᠢᠨ ᠪᠡᠶᠡᠯᠡᠬᠦᠯᠵᠤ ᠦᠭᠬᠦᠭᠰᠡᠨ ᠶᠤᠮ᠃ ᠶᠠᠷᠦᠨᠢ ᠵᠦᠪ ᠢ ᠪᠤᠳᠤᠵᠤ ᠪᠠᠶᠢᠪᠠᠯ ᠬᠠᠮᠵᠢᠬᠤ ᠬᠦᠮᠦᠨ ᠤᠯᠠᠨ ᠪᠠᠶᠢᠳᠠᠭ ᠶᠤᠮ ᠪᠠᠶᠢᠨ᠎ᠠ ᠯᠠᠢ᠃ ᠤᠷᠠᠩᠭᠤᠸ᠎ᠠ᠄ ᠠᠮᠠᠨ ᠳᠠᠭᠠᠨ ᠬᠢᠪᠡᠯ ᠬᠠᠶᠢᠯᠴᠢᠬᠠᠮᠠᠷ ᠠᠮᠳᠠᠳᠠᠢ ᠰᠠᠶᠢᠬᠠᠨ ᠮᠦᠰᠦᠨ ᠰᠢᠬᠢᠷ ᠠᠪᠠᠭ᠋ᠠᠢ ᠶᠢ ᠲᠡᠭᠡᠭᠡᠳ ᠶᠠᠮᠠᠷ ᠬᠦᠮᠦᠨ ᠳᠤ ᠶᠠᠭᠠᠬᠢᠵᠤ ᠮᠤᠷᠳᠠᠭᠤᠯᠪᠠ︖ ᠲᠡ ᠭᠡᠳᠦᠢ ᠨᠠᠰᠤᠨ ᠲᠡᠭᠡᠷ᠎ᠡ ᠪᠠᠨ ᠬᠤᠷᠢᠮᠯᠠᠭᠰᠠᠨ ᠶᠤᠮ︖ ᠪᠢᠩ ᠲᠠᠩ᠄ ᠭᠡᠩ᠂ ᠪᠠᠰᠠ ᠶᠠᠭᠤᠨᠠᠢ ᠬᠤᠷᠢᠮᠯᠠᠴᠢᠬᠠᠭᠰᠠᠨ ᠶᠤᠮ︖ ᠦᠨᠡᠨ ᠳᠡᠭᠡᠨ ᠪᠢ ᠦᠨᠳᠡᠭᠡᠨ ᠰᠦᠢ ᠲᠠᠢ ᠬᠦᠮᠦᠨ ᠶᠤᠮ᠃ ᠠᠪᠤ ᠶᠢᠨ ᠮᠢᠨᠢ ᠨᠠᠮ ᠳᠤ ᠤᠷᠤᠭᠤᠯᠤᠭᠰᠠᠨ ᠰᠠᠶᠢᠨ ᠠᠨᠳᠠ᠂ ᠮᠧᠩ ᠴᠦᠨ ᠭᠡᠰᠡᠨ ᠬᠦᠮᠦᠨ ᠤ ᠬᠦᠦ ᠲᠠᠢ ᠬᠤᠷᠢᠮᠯᠠᠭᠤᠯᠬᠤ ᠭᠡᠵᠤ ᠬᠤᠶᠠᠷ ᠭᠡᠷ ᠤᠨ ᠠᠬᠠᠮᠠᠳ ᠰᠦᠢ ᠲᠤᠭᠳᠠᠭᠰᠠᠨ ᠪᠠᠶᠢᠪᠠ᠃ ᠤᠷᠠᠩᠭᠤᠸ᠎ᠠ᠄ ᠬᠦᠶ᠋ᠢ᠂ ᠡᠨᠡ ᠮᠢᠩᠭᠠᠨ ᠯᠠᠩ ᠤᠨ ᠡᠷᠭᠡ ᠠᠪᠠᠭ᠋ᠠᠢ ᠪᠠᠨ ᠶᠠᠭᠤ ᠭᠡᠵᠤ ᠲᠡᠬᠦᠨ ᠲᠠᠢ ᠦᠨᠳᠡᠭᠡᠨ ᠰᠦᠢ ᠲᠤᠭᠳᠠᠭᠰᠠᠨ ᠶᠤᠮ︖ ᠶᠡᠭᠡ ᠠᠶᠢᠯ ᠤᠤ︖ ᠪᠠᠶᠠᠨ ᠨᠤᠶᠠᠨ ᠬᠦᠮᠦᠨ ᠤᠤ︖ ᠡᠬᠦᠳᠡ ᠲᠠᠭᠠᠷᠠᠬᠤ ᠶᠤᠮ ᠤᠤ︖ ᠪᠢᠩ ᠲᠠᠩ ᠄ ᠠᠪᠤ ᠶᠢᠨ ᠮᠢᠨᠢ ᠨᠠᠮ ᠳᠤ ᠤᠷᠤᠭᠤᠯᠤᠭᠰᠠᠨ ᠬᠦᠮᠦᠨ ᠰᠢᠦ᠃ ᠨᠠᠮ ᠤᠨ ᠬᠠᠷᠢᠴᠠᠭ᠎ᠠ ᠪᠠᠨ ᠨᠡᠩ ᠨᠢᠭᠳᠠ ᠰᠠᠶᠢᠨ ᠪᠤᠯᠭᠠᠬᠤ ᠶᠢᠨ ᠲᠦᠯᠦᠭᠡ ᠰᠢᠳᠠ᠃ ᠨᠢᠭᠡ ᠨᠠᠮ ᠳᠤ ᠬᠠᠮᠳᠤ ᠪᠠᠷ ᠵᠢᠳᠬᠦᠵᠤ᠂ ᠡᠴᠦᠰ ᠲᠤᠨᠢ ᠲᠤᠯᠳᠠᠯ᠎ᠠ ᠲᠡᠮᠡᠴᠡᠬᠦ ᠰᠠᠶᠢᠨ ᠠᠬ᠎ᠠ ᠲᠡᠬᠦᠦ ᠪᠤᠯᠤᠯᠴᠠᠨ᠎ᠠ᠂ ᠲᠡᠭᠡᠷ᠎ᠡ ᠠᠴᠠ ᠨᠢ ᠬᠤᠳᠠ ᠬᠤᠳᠠᠭᠤᠢ ᠪᠤᠯᠤᠯᠴᠠᠵᠤ ᠬᠤᠶᠠᠷ ᠬᠡᠦᠭᠡᠳ ᠢ ᠬᠤᠯᠪᠤᠪᠠᠯ ᠨᠡᠩ ᠤᠶᠢᠷ᠎ᠠ ᠲᠤᠳᠤᠨᠤ ᠪᠤᠯᠴᠢᠬᠠᠨ᠎ᠠ ᠭᠡᠰᠡᠨ ᠰᠠᠨᠠᠭ᠎ᠠ ᠭᠡᠨ᠎ᠠ᠃ ᠦᠬᠢᠨ ᠢᠶᠠᠨ ᠦᠭᠴᠦ ᠰᠡᠳᠬᠢᠯ ᠢ ᠨᠢ ᠤᠯᠵᠤ ᠪᠠᠶᠢᠭ᠎ᠠ ᠶᠤᠮ ᠪᠢᠵᠠ᠂ ᠬᠢ ᠬᠢ᠂ ᠪᠢ ᠴᠦ ᠡᠷᠳᠡ ᠤᠷᠤᠢ ᠦᠭᠡᠢ ᠨᠢᠭᠡ ᠡᠷ᠎ᠡ ᠳᠤ ᠭᠠᠷᠬᠤ ᠶᠤᠮ ᠴᠢᠨᠢ᠃ ᠲᠡᠷᠡ ᠭᠠᠶᠢᠭᠤᠢ ᠤᠴᠢᠷ᠃ ᠤᠷᠠᠩᠭᠤᠸ᠎ᠠ᠄ ᠬᠦᠦ ᠶᠢ ᠨᠢ ᠭᠡᠨ ᠭᠡᠳᠡᠭ ᠶᠤᠮ︖ ᠪᠢᠩ ᠲᠠᠩ᠄ ᠮᠧᠩ ᠰᠢᠶᠠᠨ ᠯᠢᠶᠠᠩ ᠭᠡᠳᠡᠭ᠃ ᠪᠢ ᠲᠡᠬᠦᠨ ᠢ ᠨᠢ ᠮᠡᠳᠡᠬᠦ ᠴᠦ ᠪᠢᠰᠢ ᠳ᠋ᠠ᠂ ᠪᠢᠳᠠ ᠪᠠᠭ᠎ᠠ ᠳᠠᠭᠠᠨ ᠪᠠᠰᠠ ᠬᠠᠮᠳᠤ ᠲᠤᠭᠯᠠᠵᠤ ᠪᠠᠶᠢᠭᠰᠠᠨ᠂ ᠪᠢᠳᠠ ᠬᠤᠶᠠᠭᠤᠯᠠ ᠨᠠᠰᠤ ᠰᠠᠴᠠᠭᠤ᠃ ᠲᠠᠪᠠᠭᠤ ᠰᠡᠷᠬᠦᠯᠡᠩ ᠬᠦᠦ ᠪᠠᠶᠢᠭᠰᠠᠨ᠂ ᠨᠠᠮᠠᠢᠢ ᠪᠠᠰᠠ ᠰᠠᠶᠢᠨ ᠬᠠᠮᠠᠭᠠᠯᠠᠳᠠᠭ ᠰᠢᠦ᠂ ᠰᠡᠬᠦᠯᠡᠷ ᠨᠢ ᠨᠠᠮᠠᠢᠢ ᠬᠤᠩᠬᠤᠰ ᠠᠪᠤᠭᠠᠳ ᠶᠠᠪᠤᠴᠢᠬᠠᠭᠰᠠᠨ ᠶᠤᠮ ᠴᠢᠨᠢ᠃ ᠤᠷᠠᠩᠭᠤᠸ᠎ᠠ᠄ ᠪᠤᠴᠠᠭᠠᠳ ᠢᠷᠡᠬᠦ ᠳᠤ᠂ ᠪᠠᠭ᠎ᠠ ᠶᠢᠨ ᠬᠤᠩᠭᠤᠷ ᠮᠧᠩ ᠰᠢᠶᠠᠨ ᠯᠢᠶᠠᠩ ᠴᠢᠨᠢ ᠪᠠᠶᠢᠪᠠ ᠤᠤ︖ ᠪᠢᠩ ᠲᠠᠩ᠄ ᠡᠴᠢᠭᠡ ᠶᠢᠨ ᠬᠢᠨ ᠪᠠᠶᠢᠬᠤ ᠪᠤᠢ︖ ᠡᠪ ᠬᠠᠮᠳᠤ ᠨᠠᠮ ᠤᠨ ᠭᠡᠰᠢᠬᠦᠨ ᠪᠤᠯᠴᠢᠬᠠᠭᠰᠠᠨ ᠠᠶᠢᠯ᠂ ᠠᠮᠠᠷ ᠲᠤᠭᠳᠠᠭᠤᠨ ᠪᠠᠶᠢᠵᠤ ᠪᠤᠯᠬᠤ ᠶᠤᠮ ᠤᠤ︖ ᠪᠠᠰᠠ ᠯᠠ ᠲᠤᠳᠠᠭᠠᠵᠤ ᠨᠢᠭᠤᠭᠠᠳ ᠶᠠᠪᠤᠴᠢᠬᠠᠭᠰᠠᠨ᠃ ᠭᠡᠬᠦ ᠳᠤ᠂ ᠡᠪᠦᠭᠡ ᠮᠢᠨᠢ ᠦᠭᠡᠨ ᠳᠡᠭᠡᠨ ᠬᠦᠷᠬᠦ ᠭᠡᠵᠤ᠂ ᠨᠠᠮᠠᠢᠢ ᠬᠤᠷᠢᠨ ᠨᠢᠭᠡ ᠬᠦᠷᠳᠠᠯ᠎ᠠ ᠬᠠᠳᠠᠭᠠᠯᠠᠪᠠ᠃ ᠬᠦᠭᠰᠢᠨ ᠦᠬᠢᠨ ᠪᠤᠯᠴᠢᠠᠬᠭ᠍ᠰᠠᠨ ᠴᠦ ᠮᠧᠩ ᠤᠪᠤᠭᠳᠠᠨ ᠢ ᠢᠷᠡᠨ᠎ᠠ ᠭᠡᠵᠤ ᠬᠦᠯᠢᠶᠡᠭᠰᠡᠨ ᠶᠤᠮ᠃ ᠮᠢᠨᠤ ᠠᠷᠪᠠᠨ ᠲᠠᠪᠤ ᠲᠠᠢ ᠵᠢᠯ ᠳᠤ᠂ ᠮᠠᠨ ᠤ ᠬᠢ ᠴᠦ ᠱᠤᠳᠤᠩ ᠠᠴᠠ ᠨᠡᠬᠦᠵᠤ ᠤᠳᠤ ᠶᠢᠨ ᠡᠨᠡ ᠪᠠᠳᠠᠷᠠᠬᠤ ᠭᠡᠰᠡᠨ ᠠᠶᠢᠯ ᠳᠤ ᠢᠷᠡᠴᠢᠭᠡᠭᠰᠡᠨ ᠰᠢᠦ᠃ ᠵᠢᠭᠠᠬᠠᠨ ᠠᠪᠠᠭ᠎ᠠ ᠴᠦ ᠡᠭᠡᠨᠡᠷ ᠠᠪᠴᠦ ᠬᠡᠦᠭᠡᠳ ᠭᠠᠷᠴᠢᠬᠠᠯ᠎ᠠ᠃ ᠶᠠᠫᠤᠨ ᠴᠦ ᠤᠷᠤᠭᠠᠳ ᠢᠷᠡᠴᠢᠭᠡᠵᠡᠢ᠃ ᠮᠢᠨᠤ ᠵᠢᠭᠠᠬᠠᠨ ᠠᠪᠠᠭ᠎ᠠ ᠭᠡᠵᠤ ᠪᠠᠰᠠ ᠨᠢᠭᠡ ᠡᠷᠳᠡᠮᠳᠠᠢ ᠬᠦᠮᠦᠨ ᠰᠢᠦ᠂ ᠬᠤᠶᠠᠷ ᠭᠠᠷ ᠢᠶᠠᠷ ᠢᠶᠠᠨ ᠰᠤᠸᠠᠮᠫᠠᠨ ᠴᠤᠬᠢᠳᠠᠭ᠃ ᠲᠡᠭᠡᠬᠦ ᠪᠠᠷ ᠶᠠᠫᠤᠨ ᠤ ᠬᠢᠨ ᠠᠵᠢᠯᠯᠠᠬᠤ ᠭᠠᠵᠠᠷ ᠲᠠᠭᠠᠨ ᠵᠠᠷᠤᠴᠢᠬᠠᠪᠠ᠃ ᠲᠡᠭᠡᠵᠤ ᠪᠠᠶᠢᠭᠠᠳ ᠪᠠᠰᠠ ᠯᠠ ᠠᠮᠢ ᠪᠠᠨ ᠠᠯᠳᠠᠪᠠ᠃ ᠤᠷᠠᠩᠭᠤᠸ᠎ᠠ᠄ ᠪᠠᠰᠠ ᠶᠠᠭᠠᠬᠢᠴᠢᠬᠠᠪᠠ︖ ᠪᠢᠩ ᠲᠠᠩ᠄ ᠦᠨᠤ ᠨᠠᠷᠠᠨ ᠤᠯᠤᠰ ᠤᠨ ᠴᠡᠷᠢᠭ ᠤᠨ ᠨᠤᠶᠠᠨ ᠰᠦᠨᠢ ᠪᠤᠯᠪᠠᠯ ᠠᠶᠢᠯ ᠲᠤᠰᠬᠤᠨ ᠢ ᠭᠡᠰᠦᠵᠤ ᠰᠠᠶᠢᠬᠠᠨ ᠡᠮ᠎ᠠ ᠦᠬᠢᠳ ᠢᠶᠠᠷ ᠨᠠᠭᠠᠳᠤᠨ᠎ᠠ᠃ ᠲᠡᠭᠡᠬᠦ ᠳᠡᠭᠡᠨ ᠬᠤᠶᠠᠷ ᠶᠠᠫᠤᠨ ᠬᠠᠮᠠᠭᠠᠯᠠᠭᠴᠢ ᠲᠠᠭᠠᠭᠤᠯᠵᠤ᠂ ᠨᠢᠭᠡ ᠮᠤᠩᠭᠤᠯ ᠬᠦᠮᠦᠨ ᠲᠠᠭᠠᠭᠤᠯᠤᠨ᠎ᠠ᠃ ᠤᠴᠢᠷ ᠨᠢ ᠲᠡᠷᠡ ᠨᠤᠶᠠᠨ ᠮᠤᠩᠭᠤᠯ ᠦᠭᠡ ᠬᠡᠯᠡᠵᠤ ᠴᠢᠳᠠᠬᠤ ᠦᠭᠡᠢ᠃ ᠠᠶᠢᠯ ᠤᠳ ᠲᠡᠬᠦᠨ ᠳᠤ ᠡᠬᠦᠳᠡ ᠪᠠᠨ ᠰᠡᠬᠦᠵᠤ ᠦᠭᠬᠦ ᠦᠭᠡᠢ ᠰᠢᠦ᠃ ᠨᠢᠭᠡᠨ ᠤᠷᠤᠢ ᠮᠢᠨᠤ ᠵᠢᠭᠠᠬᠠᠨ ᠠᠪᠠᠭ᠎ᠠ ︵ᠨᠠᠷ᠎ᠠ ᠶᠢ ᠨᠢ ᠴᠢᠶᠠᠨ ᠴᠦᠨ ᠯᠠᠢ ᠭᠡᠳᠡᠭ ᠰᠢᠳᠠ᠂ ᠮᠠᠷᠳᠠᠭ᠎ᠠ ᠦᠭᠡᠢ ᠪᠠ︖︶᠎ ᠶᠢ ᠲᠠᠭᠠᠭᠤᠯᠬᠤ ᠲᠡᠭᠡᠷ᠎ᠡ ᠲᠠᠭᠠᠷᠡᠵᠡᠢ᠃ ᠰᠤᠸᠠᠮᠫᠠᠨ ᠴᠤᠬᠢᠵᠤ ᠪᠠᠶᠢᠭᠰᠠᠨ ᠬᠦᠮᠦᠨ ᠢ ︽ᠬᠤᠷᠳᠤᠨ ᠶᠠᠪᠤᠴᠠᠭᠠᠶ᠎ᠠ︕︾ ᠭᠡᠳ ᠰᠦᠷᠳᠡᠬᠦᠯᠬᠦᠯᠡᠷ ᠨᠢ ᠤᠬᠤᠰᠬᠢᠨ ᠭᠡᠳᠦᠨ ᠰᠤᠸᠠᠮᠫᠠᠨ ᠤ ᠡᠷᠢᠬᠢ ᠶᠢ ᠨᠢ ᠰᠤᠭᠤᠯᠵᠤ ᠠᠪᠤᠭᠠᠳ ᠬᠠᠷᠮᠠᠨ ᠳᠠᠭᠠᠨ ᠬᠢᠭᠡᠳ ᠠᠮᠵᠢᠴᠢᠬᠠᠵᠡᠢ᠃ ᠤᠴᠢᠭᠰᠠᠨ ᠠᠶᠢᠯ ᠨᠢ ᠲᠡᠬᠦᠨ ᠤ ᠲᠠᠨᠢᠯ ᠪᠠᠶᠢᠵᠤ ︽ᠴᠦᠨ ᠯᠠᠢ ᠡ᠂ ᠡᠨᠡ ᠶᠠᠫᠤᠨ ᠨᠤᠶᠠᠨ ᠴᠢᠨᠢ ᠠᠶᠢᠯ ᠤᠨ ᠡᠮᠡᠰ ᠬᠡᠦᠭᠡᠳ ᠢ ᠦᠢᠮᠡᠬᠦᠯᠵᠤ ᠶᠠᠪᠤᠭ᠎ᠠ ᠬᠦᠮᠦᠨ ᠶᠤᠮ ᠰᠢᠤ᠂ ᠶᠠᠭᠠᠬᠢᠯᠳᠠᠢ ᠪᠢᠯᠠ︖︾ ᠭᠡᠵᠤ ᠲᠤᠳᠤᠷ᠎ᠠ ᠠᠴᠠ ᠨᠢ ᠲᠤᠤᠭᠠᠷᠴᠦ ᠭᠡᠨ᠎ᠠ᠃ ᠮᠢᠨᠤ ᠵᠢᠭᠠᠬᠠᠨ ᠠᠪᠠᠭ᠎ᠠ ︽ᠬᠠᠮᠢᠶ᠎ᠠ ᠦᠭᠡᠢ᠂ ᠴᠢ ᠡᠬᠦᠳᠡ ᠪᠠᠨ ᠰᠡᠬᠦ᠂ ᠨᠠᠳᠠ ᠠᠷᠭ᠎ᠠ ᠪᠠᠶᠢᠨ᠎ᠠ︕︾ ᠭᠡᠵᠡᠢ᠃ ᠲᠤᠬᠠᠢ ᠶᠢᠨ ᠦᠶ᠎ᠡ ᠶᠢᠨ ᠡᠬᠦᠳᠡ ᠭᠡᠵᠤ ᠪᠤᠭᠤᠨᠢᠬᠠᠨ ᠰᠢᠦ᠂ ᠡᠬᠦᠳᠡ ᠰᠡᠬᠦᠭᠳᠡᠵᠤ᠂ ᠦᠨᠦ ᠶᠠᠫᠤᠨ ᠨᠤᠶᠠᠨ ᠪᠦᠬᠦ᠋ᠢᠵᠤ ᠤᠷᠤᠬᠤ ᠵᠠᠭᠤᠷ᠎ᠠ ᠳᠤ ᠮᠢᠨᠤ ᠠᠪᠠᠭ᠎ᠠ ᠰᠤᠸᠠᠮᠫᠠᠨ ᠤ ᠡᠷᠢᠬᠢ ᠪᠠᠷ ᠢᠶᠠᠨ ᠲᠤᠯᠤᠭᠠᠢ ᠤᠷᠤᠭᠤ ᠨᠢ ᠤᠷᠤᠭᠤ ᠨᠢ ᠰᠢᠭᠠᠭᠠᠳ ᠲᠤᠳᠠᠭᠠᠵᠡᠢ᠃ ᠬᠤᠶᠠᠷ ᠬᠠᠷᠠᠭᠤᠯ ᠨᠢ ᠨᠤᠶᠠᠨ ᠢᠶᠠᠨ ᠡᠷᠬᠦᠵᠤ ᠪᠤᠰᠬᠠᠵᠤ ᠪᠠᠶᠢᠬᠤ ᠵᠠᠭᠤᠷ᠎ᠠ ᠳᠤ ᠬᠤᠯᠠᠳᠠᠴᠢᠬᠠᠭᠰᠠᠨ ᠭᠡᠨ᠎ᠠ᠃ ᠤᠷᠠᠩᠭᠤᠸ᠎ᠠ᠄ ᠠᠯᠠᠴᠢᠬᠠᠪᠠ ᠤᠤ︖ ᠪᠢᠩ ᠲᠠᠩ᠄ ᠨᠢᠭᠡ ᠮᠠᠭᠤ ᠰᠤᠸᠠᠮᠫᠠᠨ ᠤ ᠡᠷᠢᠬᠢ ᠪᠠᠷ ᠶᠠᠮᠠᠷ ᠡᠴᠢᠭᠡ ᠶᠢᠨ ᠬᠢᠨ ᠬᠦᠮᠦᠨ ᠠᠯᠠᠴᠢᠬᠠᠬᠤ ᠶᠤᠮ︖ ᠤᠷᠠᠩᠭᠤᠸ᠎ᠠ᠄ ᠤᠳᠤ ᠴᠦ ᠭᠡᠷᠡᠭ ᠢᠶᠠᠨ ᠬᠢᠴᠢᠭᠡᠯ᠎ᠠ ᠰᠢᠦ ᠳ᠋ᠠ᠃ ᠪᠠᠷᠢᠭᠳᠠᠴᠢᠬᠠᠭᠰᠠᠨ ᠪᠠᠶᠢᠬ᠎ᠠ︖ ᠪᠢᠩ ᠲᠠᠩ᠄ ᠨᠢᠭᠡ ᠲᠤᠳᠠᠭᠠᠭᠰᠠᠨ ᠢᠶᠠᠷ ᠢᠶᠠᠨ ᠲᠤᠳᠠᠭᠠᠭᠠᠳ ᠭᠡᠭᠡᠷ᠎ᠡ ᠶᠢᠨ ᠨᠤᠭᠤᠭ᠎ᠠ ᠬᠦᠮᠡᠯᠢ ᠢᠳᠡᠨ᠂ ᠪᠤᠭᠳᠠ ᠠᠭᠤᠯᠠᠨ ᠳᠤ ᠵᠡᠷᠯᠢᠭᠰᠢᠨ ᠠᠮᠢᠳᠤᠷᠠᠭᠰᠠᠭᠠᠷ ᠪᠠᠶᠢᠵᠤ᠂ ᠶᠠᠫᠤᠨᠴᠤᠳ ᠤᠯᠤᠰ ᠲᠠᠭᠠᠨ ᠬᠠᠷᠢᠭᠰᠠᠨ ᠤ ᠲᠠᠷᠠᠭ᠎ᠠ ᠰᠠᠶ᠋ᠢ ᠬᠠᠷᠢᠵᠤ ᠢᠷᠡᠪᠡ᠃ ᠭᠡᠬᠦ ᠳᠤ ᠱᠠᠬᠠᠢ ᠭᠤᠳᠤᠯ ᠨᠢ ᠤᠷᠠᠭᠳᠠᠵᠤ ᠨᠠᠪᠰᠠᠭᠠᠳ᠂ ᠨᠢᠭᠤᠷ ᠴᠢᠷᠠᠢ ᠨᠢ ᠬᠠᠷᠠᠯᠠᠵᠤ ᠬᠦᠭᠡᠷᠡᠭᠡᠳ ᠰᠠᠷᠮᠠᠭᠴᠢᠨ ᠰᠢᠭ᠋ ᠪᠤᠯᠴᠢᠬᠠᠭᠰᠠᠨ ᠪᠠᠶᠢᠪᠠ᠃ ᠴᠢᠰᠤ ᠪᠠᠷ ᠬᠠᠨᠢᠶᠠᠯᠭᠠᠵᠤ ᠪᠠᠶᠢᠭᠰᠠᠭᠠᠷ ᠦᠬᠦᠪᠠ᠃ ᠮᠢᠨᠤ ᠡᠮᠴᠢ ᠠᠪᠤ ᠭᠡᠳᠦᠢ ᠡᠮᠨᠡᠭᠰᠡᠨ ᠴᠦ ᠲᠡᠶᠢᠯᠦᠭᠡ ᠦᠭᠡᠢ᠃    
 
ᠢᠷᠡᠯᠲᠡ᠄ ᠤᠷᠠᠩᠭᠤᠸ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号