| | ᠪᠤᠷᠵᠢᠬᠢᠨ ᠦᠦᠷ | | ᠪᠤᠷᠵᠢᠭᠡᠨ ᠦᠦᠷ᠄ ᠰᠠᠶᠢᠨ ᠪᠠᠶᠢᠨ᠎ᠠ ᠤᠤ︖ ᠤᠷᠠᠩᠭᠤᠸ᠎ᠠ︕ | ᠤᠷᠠᠩᠭᠤᠸ᠎ᠠ᠄ ᠰᠠᠶᠢᠨ᠂ ᠰᠠᠶᠢᠨ᠂ ᠲᠠ ᠰᠠᠶᠢᠨ ᠪᠠᠶᠢᠨ᠎ᠠ ᠤᠤ︖ | ᠪᠤᠷᠵᠢᠭᠡᠨ ᠦᠦᠷ᠄ ᠡᠨᠡ ᠭᠡᠳᠦᠨ ᠡᠳᠦᠷ ᠭᠤᠷᠪᠠᠨ ᠨᠠᠶᠢᠷᠠᠭᠤᠯᠤᠯ ᠤᠨ ᠲᠡᠬᠦᠪᠦᠷᠢ ᠶᠢ ᠴᠢᠨᠢ ᠤᠩᠰᠢᠵᠤ ᠤᠯᠠᠨ | ᠶᠠᠭᠤᠮ᠎ᠠ ᠶᠢ ᠪᠤᠳᠤᠯ᠎ᠠ᠃ ᠪᠢᠳᠠᠨᠤᠰ ᠦᠪᠡᠷ ᠢ ᠪᠠᠨ ᠲᠢᠭᠯᠡᠬᠦ ᠭᠡᠷᠡᠭᠳᠠᠢ ᠪᠠᠶᠢᠨ᠎ᠠ ᠭᠡᠵᠤ ᠲᠠᠨᠢᠭᠰᠠᠨ ᠨᠢ ᠬᠠᠴᠢᠨ ᠶᠤᠮ | ᠃ ᠨᠢᠭᠡᠨ ᠡᠮᠡᠭᠳᠠᠢ ᠵᠤᠬᠢᠶᠠᠯᠴᠢ᠂ ᠨᠢᠭᠡᠨ ᠡᠷᠡᠭᠳᠠᠢ ᠵᠤᠬᠢᠶᠡᠯᠴᠢ ᠶᠢ ᠢᠩᠬᠢᠵᠤ ᠮᠡᠳᠡᠷᠡᠬᠦᠯᠦᠭᠰᠡᠨ ᠢ ᠪᠤᠳᠤᠪᠠᠯ᠂ | ᠡᠮᠡᠭᠳᠠᠢ ᠬᠦᠮᠦᠨ ᠪᠤᠯ ᠡᠷᠡᠭᠳᠠᠢ ᠬᠦᠮᠦᠨ ᠢ ᠲᠠᠶᠢᠯᠠᠨ ᠲᠠᠭᠠᠭᠤᠯᠤᠭᠴᠢ ᠶᠤᠮ ᠭᠡᠳᠡᠭ ᠦᠭᠡ ᠵᠦᠢᠳᠡᠢ ᠪᠠᠶᠢᠭ᠎ᠠ ᠨᠢ︖ | | ᠤᠷᠠᠩᠭᠤᠸ᠎ᠠ᠄ ᠶᠡᠷᠦ ᠠᠴᠠ ᠡᠮᠡᠭᠳᠠᠢ ᠬᠦᠮᠦᠨ ᠭᠡᠵᠤ ᠡᠷ᠎ᠡ ᠬᠦᠮᠦᠨ ᠢ ᠲᠠᠶᠢᠯᠠᠨ ᠲᠠᠭᠠᠭᠤᠯᠬᠤ ᠡᠬᠦᠷᠭᠡ ᠲᠠᠢ | ᠪᠦᠭᠡᠳ ᠡᠮᠡᠭᠳᠠᠢ ᠬᠦᠮᠦᠨ ᠢᠶᠠᠨ ᠴᠦ ᠲᠠᠶᠢᠴᠢᠯᠠᠬᠤ ᠶᠤᠰᠤᠳᠠᠢ ᠪᠠᠶᠢᠭ᠎ᠠ ᠶᠤᠮ᠃ ᠮᠤᠩᠭᠤᠯ ᠪᠦᠰᠡᠬᠦᠢ ᠤᠬᠠᠭᠠᠨ᠂ | ᠮᠤᠩᠭᠤᠯ ᠪᠦᠰᠡᠬᠦᠢ ᠬᠠᠶᠢᠷ᠎ᠠ ᠭᠡᠵᠤ ᠤᠤᠯ ᠠᠴᠠ ᠪᠠᠨ ᠲᠤᠳᠤᠮᠳᠠᠨ ᠲᠠᠭᠠᠭᠤᠯᠬᠤ ᠪᠠ ᠰᠤᠶᠤᠨ ᠭᠡᠭᠡᠷᠡᠬᠦᠯᠬᠦ ᠪᠠᠷ | ᠢᠶᠠᠨ ᠤᠨᠴᠠᠯᠠᠭᠳᠠᠨ᠎ᠠ ᠪᠠᠶᠢᠬ᠎ᠠ᠂ ᠭᠡᠶ᠎ᠡ᠂ ᠪᠢ ᠬᠦᠷᠦᠯᠴᠡᠬᠦ ᠦᠭᠡᠢ ᠪᠠᠶᠢᠨ᠎ᠠ᠃ | ᠪᠤᠷᠵᠢᠭᠡᠨ ᠦᠦᠷ᠄ ᠬᠠᠷᠢᠨ ᠲᠡᠶᠢᠮᠤ᠂ ᠲᠠᠨ ᠤ ᠡᠨᠡ ᠭᠤᠷᠪᠠᠨ ᠨᠠᠶᠢᠷᠠᠭᠤᠯᠤᠯ ᠤᠨ ᠲᠡᠬᠦᠪᠦᠷᠢ ᠶᠢ ᠤᠩᠰᠢᠬᠤ | ᠳᠤ᠂ ᠨᠢᠭᠡᠨ ᠭᠤᠤᠯ ᠤᠷᠤᠰᠤᠭᠠᠳ ᠪᠠᠶᠢᠭ᠎ᠠ ᠶᠤᠮ ᠰᠢᠭ᠋ ᠰᠠᠨᠠᠭᠳᠠᠳᠠᠭ᠃ ᠲᠡᠷᠡ ᠨᠢ ᠲᠠᠷᠤᠢ ᠬᠠᠶᠢᠷ᠎ᠠ ᠶᠤᠮ ᠪᠠᠶᠢᠨ᠎ᠠ | ᠯᠠᠢ᠂ ᠨᠤᠳᠤᠭ ᠪᠠᠶᠢᠭᠠᠯᠢ᠂ ᠰᠤᠶᠤᠯ ᠵᠠᠩᠰᠢᠯ᠂ ᠬᠦᠮᠦᠨ ᠠᠷᠠᠳ ᠁ ᠲᠠᠭᠠᠨ ᠭᠡᠬᠦ ᠲᠠᠨ ᠤ ᠬᠠᠶᠢᠷ᠎ᠠ | ᠶᠠᠭᠠᠬᠢᠬᠤᠯᠠᠷ ᠨᠢ ᠲᠡᠭᠡᠵᠤ ᠴᠢᠨᠤᠷᠠᠵᠤ ᠢᠪᠢᠯᠵᠤ ᠪᠠᠶᠢᠭ᠎ᠠ ᠶᠤᠮ ᠰᠢᠭ᠋ ᠡᠯᠪᠡᠭ ᠪᠠᠶᠢᠭᠠᠳ ᠪᠠᠶᠢᠳᠠᠭ ᠶᠤᠮ ᠪᠢᠯᠠ︖ | | ᠤᠷᠠᠩᠭᠤᠸ᠎ᠠ᠄ ᠬᠠᠶᠢᠷᠠᠯᠠᠬᠤ ᠪᠤᠯ ᠡᠮᠡᠭᠳᠠᠢ ᠬᠦᠮᠦᠨ ᠤ ᠲᠦᠷᠦᠯᠬᠢ ᠴᠢᠨᠠᠷ᠃ ᠪᠤᠯᠢᠴᠢᠬᠠᠶᠠ ᠭᠡᠳ ᠲᠡᠶᠢᠯᠬᠦ ᠴᠦ | ᠶᠠᠭᠤᠮ᠎ᠠ ᠪᠢᠰᠢ᠃ ᠪᠤᠯᠢᠭᠠᠳ ᠴᠦ ᠶᠠᠭᠠᠬᠢᠬᠤᠪ᠂ ᠪᠤᠷᠬᠠᠨ ᠲᠡᠭᠷᠢ ᠠᠴᠠ ᠪᠢᠳᠠᠨ ᠢ ᠬᠤᠷᠸ᠎ᠠ ᠶᠢᠷᠳᠢᠨᠴᠦ ᠶᠢ | ᠬᠠᠶᠢᠷᠠᠯᠠᠵᠤ ᠲᠤᠳᠤᠮᠳᠠ ᠭᠡᠵᠤ ᠲᠤᠮᠢᠯᠠᠭᠰᠠᠨ ᠪᠠᠶᠢᠬᠤ ᠳᠤ ᠲᠡᠷᠰᠯᠡᠬᠦ ᠭᠡᠷᠡᠭ ᠦᠭᠡᠢ ᠰᠢᠳᠠ᠃ ᠬᠠᠶᠢᠷᠠᠯᠠᠬᠤ ᠪᠤᠯ | ᠮᠥᠨ ᠴᠦ ᠮᠢᠨᠤ ᠲᠡᠭᠷᠢᠯᠢᠭ ᠴᠢᠳᠠᠪᠬᠢ ᠮᠥᠨ᠃ ᠲᠡᠭᠡᠭᠡᠳ ᠡᠮᠡᠭᠳᠠᠢ ᠬᠦᠮᠦᠨ ᠦᠭᠡᠷ᠎ᠡ ᠶᠠᠭᠤ ᠪᠠᠷ ᠢᠶᠠᠨ ᠠᠮᠢᠳᠤᠷᠠᠯ | ᠠᠬᠤᠢ ᠶᠢ ᠲᠠᠶᠢᠴᠢᠯᠠᠬᠤ ᠶᠤᠮ ᠪᠤᠢ ᠳ᠋ᠠ︖ | ᠪᠤᠷᠵᠢᠭᠡᠨ ᠦᠦᠷ᠄ ᠠᠮᠢᠳᠤᠷᠠᠯ᠂ ᠤᠷᠠᠨ ᠵᠤᠬᠢᠶᠠᠯ ᠠᠯᠢᠪᠠ ᠪᠦᠬᠦᠨ ᠳᠤ ᠲᠠ ᠬᠠᠶᠢᠷ᠎ᠠ ᠪᠠᠷ ᠢᠶᠠᠨ | ᠨᠢᠷᠤᠭᠤᠯᠠᠳᠠᠭ ᠨᠢ ᠡ︖ | ᠤᠷᠠᠩᠭᠤᠸ᠎ᠠ᠄ ᠶᠠᠭᠤ ᠲᠠᠢ ᠬᠦᠮᠦᠨ ᠶᠠᠭᠤ ᠪᠠᠨ ᠲᠦᠰᠢᠨ᠎ᠠ ᠪᠢᠵᠠ᠃ ᠪᠢ ᠪᠤᠯ ᠲᠠᠮᠠᠢ ᠰᠤᠷᠭᠠᠭᠤᠯᠢ ᠰᠤᠶᠤᠯ | ᠰᠠᠭᠤᠭᠰᠠᠨ ᠴᠦ ᠦᠭᠡᠢ ᠨᠢᠭᠡᠨ ᠪᠤᠷᠤᠬᠠᠨ ᠪᠦᠰᠡᠬᠦᠢ᠃ ᠨᠠᠳᠠ ᠲᠡᠭᠡᠵᠤ ᠰᠡᠴᠡᠯᠡᠵᠤ ᠮᠡᠷᠭᠡᠯᠡᠮᠡᠷ ᠡᠷᠳᠡᠮ ᠮᠡᠳᠡᠯᠭᠡ | ᠭᠡᠵᠤ ᠦᠭᠡᠢ᠂ ᠠᠪᠢᠶᠠᠰ ᠴᠢᠳᠠᠪᠤᠷᠢ ᠭᠡᠵᠤ ᠴᠦ ᠦᠭᠡᠢ᠃ ᠠᠵᠤ ᠠᠮᠢᠳᠤᠷᠠᠯ᠂ ᠬᠡᠦᠭᠡᠳ ᠦᠷᠡᠰ ᠲᠡᠭᠡᠨ ᠯᠠ | ᠡᠬᠦᠷᠳᠦᠭᠰᠡᠨ ᠶᠠᠯᠢᠮ ᠦᠭᠡᠢ ᠭᠡᠷ ᠪᠦᠯᠢ ᠶᠢᠨ ᠪᠦᠰᠡᠬᠦᠢ᠃ ᠲᠡᠳᠡᠨ ᠢ ᠪᠠᠨ ᠢᠳᠡᠬᠦᠯᠵᠤ ᠤᠤᠭᠤᠯᠭᠠᠵᠤ᠂ ᠤᠬᠢᠶᠠᠵᠤ | ᠠᠷᠠᠴᠢᠯᠠᠵᠤ᠂ ᠵᠢᠭᠠᠵᠤ ᠵᠢᠷᠭᠠᠭᠠᠬᠤ ᠠᠵᠤ ᠴᠦ ᠨᠠᠳᠠ ᠳᠠᠭᠠᠨ ᠬᠦᠷᠴᠢᠭᠡᠨᠠ᠃ ᠭᠡᠬᠦ ᠳᠤ᠂ ᠲᠡᠳᠡᠨ ᠳᠡᠭᠡᠨ ᠭᠡᠬᠦ | ᠬᠠᠶᠢᠷ᠎ᠠ ᠠᠴᠠ ᠴᠠᠯᠬᠢᠵᠤ ᠭᠠᠷᠤᠭᠰᠠᠨ ᠢᠯᠡᠬᠦᠴᠠ ᠬᠠᠶᠢᠷ᠎ᠠ ᠨᠠᠳᠠ ᠪᠠᠰᠠ ᠪᠠᠶᠢᠭᠠᠳ ᠪᠠᠶᠢᠨ᠎ᠠ᠃ ᠲᠡᠷᠡ ᠢᠯᠡᠬᠦᠴᠠ | ᠬᠠᠶᠢᠷ᠎ᠠ ᠳᠠᠭᠠᠨ ᠰᠢᠷᠭᠠᠭᠤ ᠬᠦᠳᠡᠯᠮᠦᠷᠢ ᠶᠢ ᠠᠭᠤᠰᠬᠠᠨ ᠪᠠᠶᠢᠵᠤ ᠮᠢᠨᠤ ᠵᠤᠬᠢᠶᠠᠯ ᠤᠳ ᠲᠦᠷᠦᠵᠤ ᠲᠦᠯᠵᠢᠭᠰᠡᠨ | ᠶᠤᠮ᠃ ᠶᠠᠭ ᠯᠠ ᠤᠰᠤ ᠰᠢᠷᠦᠢ ᠬᠤᠶᠠᠭᠤᠯᠠ ᠠᠭᠤᠰᠤᠯᠳᠤᠪᠠᠯ᠂ ᠡᠪᠡᠰᠦ ᠴᠡᠴᠡᠭ ᠲᠡᠯᠭᠡᠷᠡᠳᠡᠭ ᠰᠢᠭ ᠮᠢᠨᠤ | ᠨᠠᠶᠢᠷᠠᠭᠤᠯᠤᠯ ᠤᠳ ᠦᠪᠡᠷ ᠢᠶᠠᠨ᠂ ᠦᠨᠨᠡ ᠢᠶᠠᠷ ᠢᠶᠠᠨ ᠤᠷᠭᠤᠭᠰᠠᠨ ᠶᠤᠮ᠃ ᠦᠪᠡᠷ ᠢᠶᠠᠨ ᠰᠤᠶᠤᠯ ᠦᠭᠡᠢ ᠴᠦ᠂ | ᠬᠠᠷᠢᠨ ᠬᠠᠶᠢᠷᠠᠯᠠᠬᠤ᠂ ᠬᠦᠳᠡᠯᠮᠦᠷᠢᠯᠡᠬᠦ ᠬᠤᠶᠠᠷ ᠠᠴᠠ ᠰᠤᠶᠤᠯ ᠲᠦᠷᠦᠳᠡᠭ ᠶᠤᠮ ᠰᠢᠭ ᠰᠠᠨᠠᠭᠳᠠᠭᠰᠠᠨ᠃ ᠲᠡᠭᠡᠬᠦ | ᠮᠦᠷᠳᠡᠭᠡᠨ ᠦᠪᠡᠷ ᠤᠨ ᠢᠶᠠᠨ ᠡᠬᠦᠳᠦᠭᠰᠡᠨ ᠰᠤᠶᠤᠯ ᠠᠷᠠᠭᠰᠢᠨ ᠲᠤᠳᠤᠷᠠᠬᠤ ᠰᠢᠭ᠋ ᠮᠡᠳᠡᠭᠳᠡᠳᠡᠭ ᠶᠤᠮ᠂ ᠡᠨᠡ ᠪᠤᠯ | ᠲᠠᠨᠠᠷ ᠤᠨ ᠬᠡᠯᠡᠳᠡᠭ ᠦᠨᠦ ᠦᠪᠡᠷᠮᠢᠴᠠ ᠭᠡᠪ ᠨᠠᠮᠪᠠ ᠭᠡᠭᠴᠢ ᠨᠢ ᠶᠤᠮ ᠪᠢᠵᠠ︖ ᠮᠢᠨᠤ ᠮᠡᠳᠡᠷᠡᠭᠳᠡᠬᠦᠨ᠂ ᠪᠤᠷᠤᠭᠤ | ᠪᠠᠶᠢᠵᠤ ᠴᠦ ᠮᠡᠳᠡᠨ᠎ᠠ᠃ | ᠪᠤᠷᠵᠢᠭᠡᠨ ᠦᠦᠷ᠄ ᠬᠠᠷᠢᠨ ᠲᠠᠨ ᠤ ᠨᠠᠶᠢᠷᠠᠭᠤᠯᠤᠯ ᠢ ᠤᠩᠰᠢᠬᠤ ᠪᠠᠷ᠂ ᠨᠠᠷᠠ ᠴᠢᠨᠢ ᠦᠭᠡᠢ ᠴᠦ ︿︿ᠡᠨᠡ | ᠪᠤᠯ ᠯᠠᠪ ᠤᠷᠠᠩᠭᠤᠸ᠎ᠠ ᠶᠢᠨ ᠵᠤᠬᠢᠶᠠᠯ ᠮᠥᠨ﹀﹀ ᠭᠡᠵᠤ ᠲᠠᠨᠢᠭᠤᠯᠬᠤ ᠦᠪᠡᠷ ᠤᠨ ᠢᠶᠠᠨ ᠲᠤᠳᠤᠷᠬᠠᠢ ᠦᠩᠭᠡ ᠦᠨᠦᠷ | ᠲᠠᠢ ᠪᠠᠶᠢᠳᠠᠭ᠃ | ᠤᠷᠠᠩᠭᠤᠸ᠎ᠠ᠄ ᠬᠠᠷᠢᠨ᠂ ᠡᠮᠡᠭᠳᠠᠢ ᠬᠦᠮᠦᠨ ᠵᠠᠪᠠᠯ ᠦᠪᠡᠷ ᠤᠨ ᠢᠶᠠᠨ ᠭᠡᠰᠡᠨ ᠰᠢᠨ᠎ᠠ ᠡᠬᠦᠳᠦᠯᠳᠡ ᠲᠠᠢ | ᠪᠠᠶᠢᠬᠤ ᠭᠡᠷᠡᠭᠳᠠᠢ᠂ ᠦᠪᠡᠷ ᠤᠨ ᠢᠶᠠᠨ ᠭᠡᠰᠡᠨ ᠨᠢᠭᠡ ᠶᠢᠷᠳᠢᠨᠴᠦ ᠲᠠᠢ ᠪᠠᠶᠢᠬᠤ ᠭᠡᠷᠡᠭᠳᠠᠢ᠂ ᠨᠡᠩ ᠴᠦ ᠦᠪᠡᠷ ᠤᠨ | ᠢᠶᠠᠨ ᠭᠡᠰᠡᠨ ᠪᠠᠳᠤ ᠵᠤᠭᠰᠤᠯᠳᠠ ᠲᠠᠢ ᠪᠠᠶᠢᠬᠤ ᠭᠡᠷᠡᠭᠳᠠᠢ ᠶᠤᠮ ᠭᠡᠵᠤ ᠪᠢ ᠪᠤᠳᠤᠳᠠᠭ᠃ ᠦᠪᠡᠷ ᠢᠶᠠᠨ ᠶᠠᠭᠤ ᠬᠢᠬᠦ | ᠭᠡᠷᠡᠭᠳᠠᠢ᠂ ᠶᠠᠭᠤ ᠶᠢ ᠬᠢᠵᠤ ᠲᠡᠶᠢᠯᠬᠦ᠂ ᠶᠠᠭᠤ ᠤᠯᠵᠤ ᠪᠤᠯᠬᠤ᠂ ᠶᠠᠭᠤ ᠶᠢ ᠤᠯᠵᠤ ᠦᠯᠦ ᠪᠤᠯᠬᠤ ᠪᠠᠨ ᠮᠡᠳᠡᠬᠦ | ᠭᠡᠷᠡᠭᠳᠠᠢ᠃ ᠤᠯᠤᠰ ᠤᠨ ᠬᠠᠳᠤᠨ ᠬᠠᠭᠠᠨ ᠲᠡᠶᠢᠮᠤ ᠬᠤᠪᠴᠠᠰᠤ ᠶᠢ ᠡᠮᠦᠰᠴᠦ ᠪᠠᠶᠢᠨ᠎ᠠ᠂ ᠪᠢ ᠪᠠᠰᠠ ᠲᠡᠬᠦᠨ ᠢ | ᠡᠮᠦᠰᠦᠶ᠎ᠡ ᠭᠡᠪᠡᠯ ᠪᠢ ᠤᠷᠠᠩᠭᠤᠸ᠎ᠠ ᠪᠢᠰᠢ ᠪᠤᠯᠴᠢᠬᠠᠨ᠎ᠠ ᠰᠢᠳᠠ᠃ ᠭᠡᠬᠦ ᠳᠡᠭᠡᠨ ᠪᠤᠰᠤᠳ ᠤᠨ ᠰᠤᠶᠤᠯ ᠭᠡᠭᠡ ᠶᠢ | ᠬᠡᠵᠢᠶᠡᠳᠡ ᠦᠪᠡᠷᠳᠡᠭᠡᠨ ᠰᠢᠩᠬᠢᠭᠡᠵᠤ ᠪᠠᠶᠢᠬᠤ ᠭᠡᠷᠡᠭᠳᠠᠢ᠃ | ᠪᠤᠷᠵᠢᠭᠡᠨ ᠦᠦᠷ ᠄ ᠲᠡᠶᠢᠮᠤ᠂ ᠲᠠᠨ ᠤ ᠵᠤᠬᠢᠶᠠᠯ ᠳᠤ᠂ ᠡᠮᠡᠭᠳᠠᠢ ᠬᠦᠮᠦᠨ ᠤ ᠪᠡᠶ᠎ᠡ ᠪᠠᠨ ᠲᠠᠭᠠᠭᠠᠬᠤ᠂ | ᠦᠪᠡᠷ ᠢ ᠪᠠᠨ ᠢᠳᠡᠭᠡᠭᠦ᠂ ᠬᠦᠮᠦᠨ ᠬᠤᠷᠸ᠎ᠠ ᠶᠢ ᠪᠠᠭᠳᠠᠭᠠᠵᠤ ᠶᠠᠪᠤᠬᠤ ᠶᠢ ᠲᠠᠶᠢᠴᠢᠯᠠᠭᠰᠠᠨ ᠤᠷᠢᠶᠠᠯᠭ᠎ᠠ ᠢᠯᠠ | ᠮᠡᠳᠡᠭᠳᠡᠨ᠂ ᠡᠮᠡᠭᠳᠠᠢ ᠬᠦᠮᠦᠨ ᠤ ᠭᠡᠭᠡᠡᠯᠢᠭ ᠤᠶᠤᠨᠯᠢᠭ ᠰᠡᠳᠬᠢᠯᠭᠡ᠂ ᠵᠤᠯᠠ ᠭᠡᠷᠡᠯᠳᠦᠬᠦ ᠰᠢᠭ ᠬᠠᠷᠠᠭᠳᠠᠳᠠᠭ᠃ ᠲᠠ | ᠶᠠᠷᠦᠨᠢ ᠪᠤᠰᠤᠳ ᠢ ᠭᠡᠷᠡᠯ ᠭᠡᠭᠡ ᠦᠭᠡᠳᠡ ᠲᠠᠳᠠᠬᠤ ᠭᠡᠵᠤ ᠮᠠᠷᠠᠶᠢᠳᠠᠭ ᠬᠦᠮᠦᠨ ᠶᠤᠮ ᠪᠠᠶᠢᠨ᠎ᠠ᠃ | ᠤᠷᠠᠩᠭᠤᠸ᠎ᠠ᠄ ᠲᠠᠨᠠᠷ ᠡᠮᠡᠭᠳᠡᠢ ᠬᠦᠮᠦᠨ ᠢ ᠬᠤᠶᠠᠷ ᠲᠤᠶᠢᠯ ᠤᠨ ᠲᠤᠮᠳᠠ ᠪᠦᠮᠪᠦᠷᠢᠬᠦᠯᠦᠨ ᠦᠨᠡᠯᠡᠳᠡᠭ᠃ ᠨᠢᠭᠡ | ᠪᠤᠯ ᠳ᠋ᠠᠷᠢ ᠡᠭᠡ᠂ ᠨᠦᠬᠦᠭᠡ ᠨᠢ ᠪᠤᠯ ᠰᠢᠮᠨᠤ᠃ ᠪᠢ ᠡᠮᠡᠭᠳᠠᠢ ᠬᠦᠮᠦᠨ ᠢᠶᠠᠨ ᠡᠨᠡ ᠬᠤᠶᠠᠷ ᠴᠢᠨᠠᠷ ᠢ ᠲᠡᠩᠴᠡᠬᠦᠯᠵᠤ | ᠴᠢᠳᠠᠬᠤ ᠪᠤᠶᠤ᠂ ᠪᠤᠯᠪᠠᠯ ᠳ᠋ᠠᠷᠠᠢ ᠡᠭᠡ ᠦᠭᠡᠳᠡ ᠢᠯᠡᠬᠦᠦ ᠭᠡᠯᠪᠡᠶᠢᠭᠡᠰᠡᠢ ᠭᠡᠵᠤ ᠰᠠᠨᠠᠳᠠᠭ᠃ ᠭᠡᠨ ᠮᠡᠳᠡᠯ᠎ᠠ︖ | ᠪᠤᠷᠤᠭᠤ ᠪᠤᠳᠤᠭᠰᠠᠨ ᠴᠦ ᠮᠠᠭᠠᠳ᠃ | ᠪᠤᠷᠵᠢᠭᠡᠨ ᠦᠦᠷ᠄ ᠲᠠᠨ ᠤ ᠨᠠᠶᠢᠷᠠᠭᠤᠯᠤᠯ ᠢ ᠤᠩᠰᠢᠬᠤ ᠳᠤ᠂ ᠠᠭᠠᠷ᠂ ᠤᠰᠤ᠂ ᠤᠷᠭᠤᠮᠠᠯ ᠠᠴᠠ ᠲᠡᠦᠭᠡ | ᠰᠤᠶᠤᠯ ᠤᠨ ᠦᠯᠡᠳᠡᠭᠳᠡᠯ᠂ ᠪᠠᠭᠤᠷᠢ ᠪᠠᠭᠤᠴᠠ ᠶᠢᠨ ᠤᠷᠤᠮ ᠁ ᠭᠡᠳ ᠶᠠᠭ ᠯᠠ ᠲᠡᠭᠷᠢ ᠶᠢᠨ ᠢᠶᠠᠨ ᠲᠤᠤᠷ᠎ᠠ᠂ | ᠭᠠᠵᠠᠷ ᠤᠨ ᠢᠶᠠᠨ ᠲᠡᠭᠡᠷ᠎ᠡ ᠪᠠᠶᠢᠭ᠎ᠠ ᠠᠯᠢᠪᠠ ᠨᠢᠭᠡ ᠰᠢᠷᠭᠡᠭ ᠡᠪᠡᠰᠦᠨ ᠳᠤ ᠴᠦ ᠭᠡᠳ᠂ ᠬᠦᠮᠦᠨ ᠨᠢ ᠬᠦᠷᠴᠦ ᠯᠠ | ᠪᠠᠶᠢᠪᠠᠯ ᠰᠡᠳᠬᠢᠯ ᠴᠢᠨᠢ ᠬᠦᠷᠴᠦ ᠯᠠ ᠪᠠᠶᠢᠬᠤ ᠶᠤᠮ ᠰᠢᠭ᠋ ᠰᠠᠨᠠᠭᠳᠠᠬᠤ ᠶᠤᠮ᠃ ︿︿ᠰᠡᠳᠬᠢᠯ ᠤᠨ ᠠᠨᠢᠷ﹀﹀ ᠭᠡᠬᠦ | ᠨᠠᠶᠢᠷᠠᠭᠤᠯᠤᠯ ᠤᠨ ᠲᠡᠬᠦᠪᠦᠷᠢ ᠳᠠᠬᠢ ᠦᠪᠡᠷ ᠤᠨ ᠤᠷᠤᠰᠢᠯ ᠳᠠᠭᠠᠨ ᠴᠦ᠂ ᠲᠠ ᠦᠪᠡᠷ ᠢ ᠪᠠᠨ ᠬᠠᠪᠤᠷ ᠲᠦᠷᠦᠭᠰᠡᠨ | ᠭᠡᠵᠤ ᠬᠡᠯᠡᠯ᠎ᠠ᠃ ᠦᠰᠴᠦ ᠲᠤᠷᠨᠢᠬᠤ ᠠᠨᠢᠷ ᠴᠢᠮᠡᠭᠡ ᠴᠢᠨᠢ ᠪᠦᠷ ᠡᠪᠡᠰᠦ ᠴᠡᠴᠡᠭ ᠲᠠᠢ ᠬᠠᠮᠳᠤ ᠡᠬᠢᠯᠡᠭᠰᠡᠨ ᠶᠤᠮ | ᠪᠤᠯᠬᠤᠷ᠂ ᠦᠪᠡᠷ ᠢᠶᠠᠨ ᠤᠰᠤᠨ ᠮᠡᠳᠡᠷᠡᠬᠦᠨ᠂ ᠤᠷᠭᠤᠮᠠᠯ ᠮᠡᠳᠡᠷᠡᠬᠦᠨ᠂ ᠵᠢᠷᠮᠦᠰᠦᠯᠡᠬᠦ ᠮᠡᠳᠡᠷᠡᠬᠦᠨ ᠢᠶᠠᠷ ᠦᠰᠦᠨ | ᠪᠤᠶᠢᠵᠢᠯᠠ ᠭᠡᠵᠤ ᠪᠢᠴᠢᠪᠡ᠃ ᠡᠬᠦᠨ ᠠᠴᠠ ᠪᠤᠯᠵᠤ᠂ ᠨᠠᠰᠤᠨ ᠲᠤᠷᠰᠢᠳᠠ ᠠᠮᠢ ᠨᠠᠰᠤ ᠶᠢ ᠬᠦᠨᠳᠦᠯᠡᠬᠦ ᠰᠢᠯᠳᠠᠭᠠᠨ | ᠲᠠᠢ ᠪᠤᠯᠤᠯ᠎ᠠ ᠭᠡᠰᠡᠨ ᠪᠢᠯᠠ᠃ ᠵᠤᠬᠢᠶᠠᠯ ᠢ ᠴᠢᠨᠢ ᠤᠩᠰᠢᠵᠤ ᠪᠠᠶᠢᠭᠠᠳ ᠪᠢ ᠨᠢᠭᠡ ᠶᠠᠭᠤᠮ᠎ᠠ ᠪᠤᠳᠤᠭᠰᠠᠨ ᠶᠤᠮ— | ᠡᠮᠡᠭᠳᠠᠢ ᠬᠦᠮᠦᠨ ᠤ ᠰᠡᠳᠬᠢᠯ ᠨᠡᠩ ᠪᠠᠶᠢᠭᠠᠯᠢ ᠠᠴᠠ ᠤᠶᠢᠷ᠎ᠠ᠂ ᠨᠡᠩ ᠠᠮᠢᠳᠤᠷᠠᠯ ᠳᠤ ᠲᠤᠳᠤᠨᠤ ᠪᠠᠶᠢᠭ᠎ᠠ ᠶᠤᠮ ᠰᠢᠭ᠋ | ᠃ | ᠤᠷᠠᠩᠭᠤᠸ᠎ᠠ᠄ ᠮᠢᠨᠤ ᠪᠤᠳᠤᠬᠤ ᠪᠠᠷ᠂ ᠲᠡᠭᠷᠢᠯᠢᠭ ᠴᠢᠨᠠᠷ ᠠᠴᠠ ᠪᠠᠨ ᠤᠷᠪᠠᠵᠤ ᠲᠡᠷᠰᠡᠯᠡᠭᠰᠡᠨ ᠦᠭᠡᠢ ᠡᠮᠡᠭᠳᠠᠢ | ᠬᠦᠮᠦᠨ ᠪᠤᠯᠭᠠᠨ ᠪᠦᠷ ᠡᠶᠢᠮᠤ ᠯᠠ ᠪᠠᠶᠢᠬ᠎ᠠ᠂ ᠠᠮᠢᠰᠬᠤᠯ ᠪᠦᠷᠢ ᠳᠤᠨᠢ ᠠᠮᠢ ᠨᠠᠰᠤ ᠪᠤᠶᠤ ᠬᠦᠮᠦᠨ ᠬᠦᠳᠡᠯᠵᠤ ᠯᠠ | ᠪᠠᠶᠢᠳᠠᠭ᠃ ᠲᠡᠷᠡ ᠪᠤᠯ ᠡᠵᠢ ᠮᠡᠳᠡᠷᠡᠬᠦᠨ᠃ ᠲᠡᠶᠢᠮᠤ ᠳᠡᠭᠡᠨ ᠵᠢᠷᠮᠦᠰᠦᠯᠡᠬᠦ ᠠᠵᠠ ᠲᠤᠬᠢᠶᠠᠯ ᠬᠡᠵᠢᠶᠡᠳᠡ ᠪᠡᠯᠡᠨ | ᠪᠠᠶᠢᠭᠠᠳ ᠪᠠᠶᠢᠳᠠᠭ ᠶᠤᠮ ᠪᠢᠵᠠ᠃ ᠡᠵᠢ ᠴᠢᠨᠠᠷ ᠲᠠᠢ ᠪᠦᠰᠡᠬᠦᠢ ᠬᠦᠮᠦᠨ ᠶᠠᠭᠤ ᠶᠢ ᠬᠠᠶᠢᠷᠠᠯᠠᠭᠰᠠᠨ ᠴᠦ᠂ ᠬᠠᠶᠢᠷ᠎ᠠ | ᠶᠢᠨ ᠤᠭ ᠠᠴᠠ ᠨᠢ ᠰᠦ ᠢᠪᠢᠯᠵᠤ ᠪᠠᠶᠢᠳᠠᠭ᠃ ᠲᠡᠶᠢᠮᠤ ᠳᠡᠭᠡᠨ ᠡᠭᠡ ᠴᠢᠨᠠᠷ ᠪᠤᠯ ᠬᠠᠮᠤᠭ ᠤᠨ ᠠᠭᠤᠤ ᠶᠡᠭᠡ ᠭᠡᠵᠤ | ᠲᠡᠯᠡᠭᠡᠢ ᠪᠠᠷ ᠢᠶᠠᠨ ᠮᠡᠳᠡᠷᠡᠳᠡᠭ ᠰᠢᠳᠠ᠂ ᠡᠨᠡ ᠪᠤᠯ ᠲᠠᠨ ᠤ ᠡᠷᠡᠭᠳᠡᠶᠢᠴᠤᠳ ᠤᠨ ᠡᠮᠡᠭᠳᠠᠶᠢᠴᠤᠳ ᠢ ᠵᠠᠪᠠᠯ | ᠬᠠᠶᠢᠷᠠᠯᠠᠨ ᠬᠦᠨᠳᠦᠯᠡᠬᠦ ᠶᠤᠰᠤᠳᠠᠢ ᠶᠢᠨ ᠰᠢᠯᠳᠠᠭᠠᠨ᠃ | ᠪᠤᠷᠵᠢᠭᠡᠨ ᠦᠦᠷ᠄ ᠡᠮᠡᠭᠳᠠᠢ ᠬᠦᠮᠦᠨ ᠪᠠᠶᠢᠭᠠᠯᠢ ᠲᠠᠢ ᠨᠡᠩ ᠤᠶᠢᠷ᠎ᠠ ᠪᠠᠶᠢᠳᠠᠭ ᠨᠢ ᠮᠢᠨᠤ ᠰᠤᠨᠢᠷᠬᠠᠯ ᠢ ᠨᠡᠩ | ᠶᠡᠭᠡ ᠲᠠᠳᠠᠭᠰᠠᠨ ᠶᠤᠮ᠃ | ᠤᠷᠠᠩᠭᠤᠸ᠎ᠠ᠄ ᠪᠠᠶᠢᠭᠠᠯᠢ ᠶᠢᠨ ᠴᠢᠨᠠᠷ ᠪᠤᠯ ᠡᠭᠡ ᠴᠢᠨᠠᠷ᠂ ᠡᠭᠡ ᠴᠢᠨᠠᠷ ᠪᠤᠯ ᠮᠥᠨ ᠴᠦ ᠪᠠᠶᠢᠭᠠᠯᠢ ᠴᠢᠨᠠᠷ᠃ | ᠨᠠᠮᠠᠢᠢ ᠪᠠᠭ᠎ᠠ ᠪᠠᠶᠢᠬᠤ ᠳᠤ᠂ ᠬᠠᠮᠳᠤ ᠲᠤᠭᠯᠠᠵᠤ ᠨᠠᠭᠠᠳᠬᠤ ᠦᠭᠡᠷ᠎ᠡ ᠬᠡᠦᠭᠡᠳ ᠴᠦ ᠤᠶᠢᠷ᠎ᠠ ᠳᠤ ᠪᠠᠶᠢᠳᠠᠭ ᠦᠭᠡᠢ᠃ | ᠢᠰᠢᠭᠡ ᠬᠤᠷᠠᠭ᠎ᠠ ᠲᠠᠢ ᠬᠠᠮᠳᠤ ᠪᠠᠶᠢᠭᠠᠯᠢ ᠲᠡᠭᠡᠷ᠎ᠡ ᠪᠠᠨ ᠯᠠ ᠲᠤᠭᠯᠠᠳᠠᠭ ᠪᠠᠶᠢᠪᠠ᠂ ᠲᠡᠭᠡᠬᠦ ᠳᠤ ᠡᠭᠡ ᠲᠡᠯᠡᠭᠡᠢ᠂ | ᠡᠪᠦᠷ ᠲᠦᠬᠦᠷᠡᠩ ᠡᠪᠡᠰᠦ ᠮᠤᠳᠤᠳ ᠢᠶᠠᠨ ᠲᠦᠯᠵᠢᠬᠦᠯᠦᠨ ᠦᠰᠭᠡᠵᠤ ᠪᠠᠶᠢᠭ᠎ᠠ ᠦᠵᠡᠮᠵᠢ ᠶᠢ ᠬᠠᠷᠠᠵᠤ ᠮᠠᠰᠢ | ᠲᠤᠷᠠᠯᠠᠳᠠᠭ ᠪᠠᠶᠢᠯ᠎ᠠ᠃ ᠲᠡᠷᠡ ᠦᠶ᠎ᠡ ᠠᠴᠠ ᠡᠬᠢᠯᠡᠵᠤ ᠯᠠ ᠪᠠᠶᠢᠭᠠᠯᠢ ᠮᠠᠶ᠋ᠢᠭ ᠢᠶᠠᠷ ᠤᠷᠤᠰᠢᠵᠤ᠂ ᠡᠭᠡ ᠲᠡᠯᠡᠭᠡᠢ | ᠮᠠᠶ᠋ᠢᠭ ᠢᠶᠠᠷ ᠡᠮᠡᠭᠳᠠᠢ ᠬᠦᠮᠦᠨ ᠪᠤᠯᠵᠤ᠂ ᠡᠵᠢ ᠬᠦᠮᠦᠨ ᠪᠤᠯᠬᠤ ᠭᠡᠰᠡᠨ ᠬᠦᠰᠡᠯ ᠲᠡᠮᠡᠦᠯᠦᠯ ᠲᠠᠢ ᠪᠤᠯᠤᠭᠰᠠᠨ ᠪᠠᠶᠢᠵᠡᠢ | ᠃ ᠤᠳᠤ ᠶᠢᠨ ᠬᠡᠦᠭᠡᠳ ᠪᠦᠷ ᠦᠪᠡᠷ ᠤᠨ ᠢᠶᠠᠨ ᠰᠢᠳᠦᠨ ᠪᠢᠰᠢᠷᠡᠳᠡᠭ ᠲᠠᠭᠤᠴᠢᠨ ᠲᠤᠭᠯᠠᠭᠴᠢ ᠲᠠᠢ ᠪᠠᠶᠢᠳᠠᠭ ᠰᠢᠭ᠋ | ᠢᠶᠠᠷ᠂ ᠪᠢ ᠴᠦ ᠪᠠᠭ᠎ᠠ ᠳᠠᠭᠠᠨ ᠰᠢᠳᠦᠭᠴᠢ ᠲᠠᠢ ᠪᠠᠶᠢᠭᠰᠠᠨ᠂ ᠲᠡᠷᠡ ᠪᠤᠯ ᠪᠠᠶᠢᠭᠠᠯᠢ᠃ ᠤᠳᠤ ᠪᠤᠯᠳᠠᠯ᠎ᠠ ᠪᠠᠨ ᠲᠡᠷᠡᠬᠦ | ᠲᠦᠮᠡᠨ ᠤᠷᠭᠤᠮᠠᠯ ᠢᠶᠠᠨ ᠦᠷᠡᠵᠢᠬᠦᠯᠦᠨ ᠲᠤᠷᠨᠢᠭᠤᠯᠵᠤ ᠪᠠᠶᠢᠭ᠎ᠠ ᠪᠠᠶᠢᠭᠠᠯᠢ ᠶᠢᠨ ᠦᠵᠡᠭᠳᠠᠯ ᠬᠠᠮᠤᠭ ᠤᠨ ᠭᠤᠸ᠎ᠠ | ᠰᠠᠶᠢᠬᠠᠨ᠂ ᠬᠠᠮᠤᠭ ᠤᠨ ᠠᠭᠤᠤ ᠶᠡᠭᠡ ᠶᠠᠩᠵᠤ ᠪᠠᠷ ᠰᠡᠳᠬᠢᠯ ᠳᠤ ᠰᠢᠳᠦᠭᠳᠡᠭᠰᠡᠭᠡᠷ᠃ | ᠪᠤᠷᠵᠢᠭᠡᠨ ᠦᠦᠷ ᠄ ᠮᠢᠨᠤ ᠮᠡᠳᠡᠬᠦ ᠪᠠᠷ ᠲᠠ ᠤᠤᠯ ᠨᠢ ᠦᠬᠦᠯᠡᠯᠭᠡ ᠲᠤᠭᠤᠵᠢ ᠪᠢᠴᠢᠳᠡᠭ ᠪᠠᠶᠢᠭᠰᠠᠨ᠃ | ᠶᠠᠭᠠᠬᠢᠭᠠᠳ ᠰᠡᠬᠦᠯᠴᠢ ᠶᠢᠨ ᠵᠢᠯ ᠤᠳ ᠲᠤ ᠲᠠᠩᠳᠠ ᠨᠠᠶᠢᠷᠠᠭᠤᠯᠤᠯ ᠪᠢᠴᠢᠳᠡᠭ ᠪᠤᠯᠪᠠ︖ | ᠤᠷᠠᠩᠭᠤᠸ᠎ᠠ᠄ ᠮᠢᠨᠤ ᠵᠠᠩ ᠴᠢᠨᠠᠷ ᠠᠴᠠ ᠰᠢᠯᠳᠠᠭᠠᠯᠠᠭᠳᠠᠭᠰᠠᠨ ᠪᠠᠶᠢᠭ᠎ᠠ ᠶᠤᠮ᠃ ᠪᠠᠶᠢᠭᠠᠯᠢ ᠲᠡᠭᠡᠷ᠎ᠡ | ᠦᠰᠦᠭᠰᠡᠨ ᠬᠡᠦᠭᠡᠳ ᠶᠤᠮ ᠪᠤᠯᠬᠤᠷ᠂ ᠶᠠᠭᠤᠮ᠎ᠠ ᠪᠦᠬᠦᠨ ᠢ ᠪᠠᠶᠢᠭ᠎ᠠ ᠪᠠᠷ ᠢᠶᠠᠨ ᠪᠠᠶᠢᠯᠭᠠᠬᠤ ᠳᠤ ᠲᠤᠷᠠᠳᠠᠢ᠃ | ᠨᠠᠶᠢᠷᠠᠭᠤᠯᠤᠯ ᠪᠤᠯ ᠶᠠᠭ ᠯᠠ ᠲᠠᠯ᠎ᠠ ᠳᠤ ᠤᠷᠤᠰᠳᠠᠭ ᠭᠤᠤᠯ ᠭᠤᠷᠤᠬ᠎ᠠ ᠰᠢᠭ᠋ ᠢᠶᠠᠨ ᠦᠪᠡᠷ ᠢᠶᠠᠨ ᠤᠷᠤᠰᠴᠦ᠂ | ᠭᠡᠭᠡᠷ᠎ᠡ ᠲᠡᠯᠭᠡᠷᠡᠳᠡᠭ ᠡᠪᠡᠰᠦ ᠴᠡᠴᠡᠭ ᠰᠢᠭ ᠤᠰᠤᠨ ᠤ ᠰᠠᠨᠠᠭ᠎ᠠ᠂ ᠰᠠᠯᠬᠢᠨ ᠤ ᠠᠶ᠎ᠠ ᠪᠠᠷ ᠠᠶᠠᠳᠠᠶᠢᠬᠠᠨ ᠨᠠᠬᠢᠶᠠᠯᠠᠳᠠᠭ | ᠦᠨᠡᠨ ᠤ ᠤᠷᠠᠯᠢᠭ ᠶᠤᠮ᠂ ᠪᠢ ᠲᠡᠷᠡ ᠦᠨᠡᠨ ᠳᠤ ᠲᠤᠷᠠᠳᠠᠢ ᠠᠴᠠ ᠨᠠᠶᠢᠷᠠᠭᠤᠯᠤᠯ ᠳᠤ ᠢᠯᠡᠬᠦᠦ ᠬᠠᠶᠢᠷᠠᠳᠠᠢ᠃ | ᠡᠮᠡᠭᠳᠠᠢ ᠬᠦᠮᠦᠨ ᠤ ᠬᠦᠯ ᠬᠠᠶᠢᠷ᠎ᠠ ᠪᠠᠨ ᠲᠠᠭᠠᠭᠠᠳ ᠠᠯᠠᠬᠤᠳᠠᠭ ᠶᠤᠰᠤ ᠪᠠᠷ᠂ ᠶᠠᠭᠠᠬᠢᠬᠤᠪ᠂ ᠨᠠᠶᠢᠷᠠᠭᠤᠯᠤᠯ | ᠤᠷᠤᠭᠤ ᠬᠠᠶᠢᠷ᠎ᠠ ᠮᠢᠨᠢ ᠢᠯᠡᠬᠦᠦ ᠭᠡᠯᠪᠡᠶᠢᠴᠢᠭᠡᠯᠠ ᠳ᠋ᠠ᠃ ᠵᠠᠷᠢᠮ ᠨᠠᠶᠢᠷᠠᠭᠤᠯᠤᠯ ᠤᠳ ᠢ ᠵᠠᠪᠠᠯ ᠪᠢ ᠯᠠ ᠪᠢᠴᠢᠬᠦ | ᠭᠡᠷᠡᠭᠳᠠᠢ ᠶᠤᠮ ᠰᠢᠭ᠋ ᠰᠠᠨᠠᠭᠳᠠᠳᠠᠭ᠃ ᠭᠡᠬᠦ ᠳᠤ ᠪᠤᠰᠤᠳ ᠲᠦᠷᠦᠯ ᠤᠨᠤᠷᠠᠨ ᠵᠤᠬᠢᠶᠠᠯ ᠳᠤ ᠴᠦ ᠪᠢ ᠬᠠᠶᠢᠷᠠᠳᠠᠢ | ᠶᠤᠮ᠃ | ᠪᠤᠷᠵᠢᠭᠡᠨ ᠦᠦᠷ᠄ ᠶᠠᠷᠦᠨᠢ ᠲᠠ ᠤᠯᠠᠨ ᠵᠦᠢᠯ ᠤᠨ ᠤᠷᠠᠯᠢᠭ ᠲᠤ ᠬᠠᠶᠢᠷᠠᠳᠠᠢ ᠪᠠᠶᠢᠳᠠᠭ ᠨᠢ︖ | ᠰᠡᠬᠦᠯᠴᠢ ᠶᠢᠨ ᠵᠢᠯ ᠤᠳ ᠲᠤ᠂ ᠬᠦᠳᠡᠭᠡ ᠭᠡᠭᠡᠷ᠎ᠠ ᠶᠠᠪᠤᠵᠤ᠂ ᠰᠡᠬᠦᠳᠡᠷᠯᠡᠵᠤ ᠵᠢᠷᠤᠭᠯᠠᠬᠤ᠂ ᠰᠤᠷᠪᠤᠯᠵᠢᠯᠠᠵᠤ | ᠲᠡᠮᠳᠡᠭᠯᠡᠬᠦ ᠠᠵᠢᠯᠠᠯᠭ᠎ᠠ ᠪᠠᠨ ᠡᠬᠢᠯᠡᠬᠦᠯᠦᠭᠰᠡᠨ ᠪᠠᠶᠢᠨ᠎ᠠ᠃ | ᠤᠷᠠᠩᠭᠤᠸ᠎ᠠ᠄ ᠲᠡᠶᠢᠮᠤ᠃ ᠪᠢ ᠬᠤᠶᠠᠷ ᠮᠢᠩᠭ᠎ᠠ ᠵᠢᠷᠭᠤᠭᠠᠨ ᠤᠨ ᠠᠴᠠ ᠡᠬᠢᠯᠡᠵᠤ ︿︿ᠤᠷᠳᠤᠰ ᠢ ᠲᠤᠭᠤᠯᠬᠤ | ᠭᠡᠭᠡᠷ᠎ᠡ ᠶᠢᠨ ᠠᠶᠠᠨ﹀﹀ ᠢᠶᠠᠨ ᠡᠬᠢᠯᠡᠬᠦᠯᠵᠤ᠂ ᠬᠤᠷᠢᠨ ᠨᠢᠭᠡᠳᠦᠭᠡᠷ ᠵᠠᠭᠤᠨ ᠤ ᠨᠡᠬᠦᠳᠡᠯᠴᠢᠳ ᠤᠨ ᠦᠨᠡᠨ ᠪᠤᠳᠠᠳᠤ | ᠠᠮᠢᠳᠤᠷᠠᠯ ᠢ ᠲᠠᠮᠳᠡᠭᠯᠡᠭᠰᠡᠨ ᠶᠤᠮ᠃ ᠲᠠᠷᠠ ᠪᠤᠷᠤᠬᠠᠨ ᠠᠮᠢᠳᠤᠷᠠᠯ ᠤᠨ ᠴᠠᠭᠠᠳᠠᠢ᠂ ᠲᠠᠯᠡᠭᠡᠢ ᠨᠠᠶᠢᠳᠠ ᠪᠠᠷ ᠢᠶᠠᠨ | ᠲᠠᠭᠤᠷᠢᠶᠠᠨ ᠰᠤᠷᠤᠯᠴᠠᠭᠤᠰᠢᠳᠠᠢ ᠰᠤᠩᠭᠤᠳᠠᠭ ᠰᠤᠶᠤᠯ ᠨᠢᠭᠤᠭᠳᠠᠵᠤ ᠪᠠᠶᠢᠭᠰᠠᠨ ᠶᠤᠮ ᠪᠠᠶᠢᠨ᠎ᠠ ᠭᠡᠳᠡᠭ ᠢ ᠪᠢ | ᠲᠡᠳᠡᠨ ᠤ ᠲᠤᠮᠳᠠ ᠶᠠᠪᠤᠵᠤ ᠪᠠᠶᠢᠭᠠᠳ ᠤᠯᠵᠤ ᠮᠡᠳᠡᠭᠰᠡᠨ ᠶᠤᠮ᠃ ᠨᠡᠩ ᠴᠦ ᠪᠢᠳᠠᠨ ᠢ ᠰᠤᠴᠢᠭᠠᠭᠰᠠᠨ ᠶᠠᠭᠤᠮ᠎ᠠ | ᠪᠤᠯ᠂ ᠲᠡᠷᠡ ᠰᠤᠩᠭᠤᠳᠠᠭ ᠰᠤᠶᠤᠯ ᠨᠢ ᠶᠡᠭᠡ ᠨᠡᠬᠦᠳᠡᠯ ᠢᠶᠠᠨ ᠲᠠᠭᠠᠭᠠᠳ ᠵᠠᠷᠢᠮ ᠨᠢ ᠤᠷᠬᠢᠭᠳᠠᠵᠤ ᠬᠠᠶᠠᠭᠳᠠᠵᠤ᠂ | ᠵᠠᠷᠢᠮ ᠦᠴᠦᠭᠡᠨ ᠲᠡᠳᠦᠢ ᠨᠢᠭᠡ ᠭᠡᠰᠡᠭ ᠢ ᠬᠤᠳᠠ ᠳᠠᠭᠠᠨ ᠨᠡᠬᠦᠵᠤ ᠠᠪᠤᠭᠠᠳ ᠢᠷᠡᠳᠡᠭ ᠶᠤᠮ ᠪᠠᠶᠢᠨ᠎ᠠ᠃ | ᠪᠤᠷᠵᠢᠭᠡᠨ ᠦᠦᠷ ᠄ ᠵᠢᠱᠢᠶᠠᠯᠠᠪᠠᠯ︖ | ᠤᠷᠠᠩᠭᠤᠸ᠎ᠠ᠄ ᠵᠢᠱᠢᠶᠠᠯᠠᠪᠠᠯ᠄ ᠮᠠᠨ ᠤ ᠤᠷᠳᠤᠰᠴᠤᠳ ᠬᠡᠶᠢᠮᠤᠷᠢ ᠪᠠᠨ ᠨᠤᠷᠠᠭᠠᠬᠤ ᠶᠢ ᠮᠠᠰᠢ ᠴᠢᠩᠭ᠎ᠠ | ᠴᠡᠭᠡᠷᠯᠡᠳᠡᠭ ᠶᠤᠮ᠃ ᠲᠡᠶᠢᠮᠤ ᠪᠤᠯᠬᠤᠷ᠂ ᠵᠠᠷᠢᠮ ᠨᠠᠰᠤᠳᠠᠨ ᠲᠤᠮᠤᠭᠠᠳᠠᠳ ᠬᠤᠳᠠᠨ ᠳᠤ ᠤᠷᠤᠬᠤ ᠳᠠᠭᠠᠨ᠂ | ᠬᠡᠶᠢᠮᠤᠷᠢ ᠪᠠᠨ ᠪᠤᠰᠤᠭ᠎ᠠ ᠪᠠᠷ ᠢᠶᠠᠨ ᠠᠪᠤᠭᠠᠳ ᠢᠷᠡᠴᠢᠭᠡᠵᠤ᠂ ᠠᠰᠠᠷ ᠤᠨ ᠢᠶᠠᠨ ᠡᠮᠦᠨ᠎ᠠ ᠮᠡᠨᠳᠤᠭᠤᠯᠤᠭᠰᠠᠨ | ᠪᠠᠶᠢᠳᠠᠭ᠃ ᠭᠡᠬᠦ ᠳᠤ᠂ ᠲᠠᠯ᠎ᠠ ᠨᠤᠳᠤᠭ ᠢᠶᠠᠨ ᠠᠪᠤᠭᠠᠳ ᠢᠷᠡᠵᠤ ᠲᠡᠶᠢᠯᠳᠡᠭ ᠦᠭᠡᠢ᠂ ᠲᠠᠪᠤᠨ ᠬᠤᠰᠢᠭᠤ ᠮᠠᠯ ᠢᠶᠠᠨ | ᠠᠪᠤᠭᠠᠳ ᠢᠷᠡᠵᠤ ᠲᠡᠶᠢᠯᠳᠡᠭ ᠦᠭᠡᠢ᠂ ᠵᠦᠪᠭᠡᠨ ᠠᠰᠠᠷ ᠤᠨ ᠢᠶᠠᠨ ᠭᠡᠷᠡᠮ ᠲᠡᠭᠡᠷ᠎ᠡ ᠵᠢᠷᠤᠭ ᠪᠤᠯᠭᠠᠨ ᠡᠯᠬᠦᠳᠡᠭ᠃ | ᠲᠠᠯ᠎ᠠ ᠨᠤᠳᠤᠭ᠂ ᠲᠠᠪᠤᠨ ᠬᠤᠰᠢᠭᠤ ᠮᠠᠯ ᠠᠴᠠ ᠪᠠᠨ ᠰᠠᠯᠪᠠᠯ᠂ ᠲᠡᠳᠡᠨ ᠲᠠᠢ ᠬᠤᠯᠪᠤᠭᠳᠠᠬᠤ ᠮᠠᠰᠢ ᠤᠯᠠᠨ ᠰᠤᠶᠤᠯ | ᠵᠠᠩᠰᠢᠯ ᠬᠠᠶᠠᠭᠳᠠᠨ᠎ᠠ᠃ ᠪᠢ ᠰᠠᠶ᠋ᠢᠬᠠᠨ ᠬᠠᠶᠢᠷᠠᠯᠠᠬᠤ ᠬᠦᠳᠡᠯᠮᠦᠷᠢᠯᠡᠬᠦ ᠠᠴᠠ ᠦᠪᠡᠷ ᠤᠨ ᠭᠡᠰᠡᠨ ᠰᠤᠶᠤᠯ ᠡᠬᠦᠰᠦᠨ᠎ᠠ | ᠭᠡᠵᠤ ᠬᠡᠯᠡᠭᠰᠡᠨ ᠰᠢᠭ ᠢᠶᠠᠷ᠂ ᠲᠡᠯᠡᠭᠡᠢ ᠶᠢᠨ ᠪᠦᠮᠪᠦᠷᠴᠡᠭ ᠢᠶᠠᠨ ᠠᠪᠤ ᠡᠵᠢ ᠠᠴᠠ ᠪᠠᠨ ᠢᠯᠡᠬᠦᠦ ᠬᠠᠶᠢᠷᠠᠯᠠᠨ | ᠬᠦᠨᠳᠦᠯᠡᠳᠡᠭ ᠮᠤᠩᠭᠤᠯᠴᠤᠳ ᠮᠢᠨᠢ᠂ ᠬᠠᠶᠢᠷᠠᠯᠠᠵᠤ ᠪᠠᠶᠢᠭᠠᠳ᠂ ᠬᠦᠳᠡᠯᠵᠤ ᠪᠠᠶᠢᠭᠠᠳ ᠬᠢᠯᠠᠯᠵᠢᠮᠠ ᠰᠤᠶᠤᠯ ᠢ | ᠡᠬᠦᠳᠦᠭᠰᠡᠨ ᠪᠠᠶᠢᠳᠠᠭ᠃ ᠲᠡᠷᠡ ᠰᠤᠶᠤᠯ ᠨᠢ ᠤᠳᠤ ᠤᠷᠬᠢᠭᠳᠠᠬᠤ ᠪᠤᠯᠵᠤ ᠪᠤᠢ᠃ | ᠪᠤᠷᠵᠢᠭᠡᠨ ᠦᠦᠷ᠄ ᠰᠢᠨ᠎ᠠ ᠳᠤ ᠲᠤᠷᠠᠯᠠᠵᠤ᠂ ᠤᠤᠯ ᠰᠤᠶᠤᠯ ᠳᠠᠭᠠᠨ ᠬᠠᠶᠢᠷ᠎ᠠ ᠦᠭᠡᠢ ᠠᠴᠠ ᠪᠤᠯᠤᠭᠠᠳ ᠤᠤ︖ | | ᠤᠷᠠᠩᠭᠤᠸ᠎ᠠ᠄ ᠪᠢᠰᠢ᠂ ᠬᠠᠶᠢᠷᠠᠯᠠᠭᠠᠳ ᠬᠠᠨ ᠲᠡᠯᠡᠭᠡᠢ ᠳᠡᠭᠡᠨ ᠬᠠᠶᠢᠯᠤᠭᠠᠳ ᠦᠭᠴᠢᠭᠡᠮᠡᠷ ᠪᠠᠶᠢᠭ᠎ᠠ ᠮᠠᠯᠴᠢᠨ | ᠲᠦᠮᠡᠨ ᠢ ᠪᠢ ᠤᠯᠠᠨ ᠰᠤᠷᠪᠤᠯᠵᠢᠯᠠᠵᠤ ᠵᠢᠷᠤᠭᠯᠠᠵᠤ ᠶᠠᠪᠤᠭᠰᠠᠨ ᠡ︕ ᠬᠠᠶᠢᠷ᠎ᠠ ᠦᠭᠡᠢ ᠪᠤᠯᠤᠭᠰᠠᠨ ᠤᠭᠳᠤ ᠪᠢᠰᠢ | ᠡ᠂ ᠬᠠᠷᠢᠨ ᠬᠦᠳᠡᠯᠦᠯ ᠦᠭᠡᠢ ᠪᠤᠯᠤᠭᠰᠠᠨ᠂ ᠬᠦᠳᠡᠯᠬᠦ ᠦᠭᠡᠢ ᠪᠤᠯ ᠠᠮᠢ ᠦᠭᠡᠢ ᠪᠤᠯᠤᠨ᠎ᠠ ᠰᠢᠳᠠ᠃ ᠡᠳᠦᠷ ᠪᠦᠷᠢ | ᠰᠢᠨ᠎ᠠ ᠠᠭᠠᠷ ᠲᠤ ᠭᠠᠷᠴᠦ᠂ ᠤᠯᠠᠷᠢᠯ ᠪᠦᠷᠢ ᠰᠢᠨ᠎ᠠ ᠠᠭᠤᠯᠠ ᠤᠰᠤ ᠶᠢ ᠲᠤᠭᠤᠯᠤᠨ᠂ ᠰᠢᠨ᠎ᠠ ᠨᠡᠬᠦᠳᠡᠯ ᠳᠡᠭᠡᠨ | ᠬᠦᠷᠴᠦ ᠶᠠᠪᠤᠬᠤ ᠳᠤ᠂ ᠲᠡᠷᠢᠬᠢ ᠰᠡᠷᠭᠡᠭᠵᠢᠨ᠂ ᠤᠬᠠᠭ᠎ᠠ ᠰᠠᠷᠠᠭᠤᠯᠵᠢᠨ᠂ ᠲᠤᠮᠳᠠ ᠠᠴᠠ ᠨᠢ ᠰᠢᠨ᠎ᠠ ᠰᠢᠨ᠎ᠠ | ᠰᠤᠶᠤᠯ ᠰᠤᠶᠤᠭᠠᠯᠠᠨ ᠤᠷᠭᠤᠳᠠᠭ ᠪᠠᠶᠢᠭᠰᠠᠨ ᠶᠤᠮ ᠪᠠᠶᠢᠨ᠎ᠠ ᠯᠠᠢ᠂ ᠮᠠᠨ ᠤ ᠲᠡᠭᠡᠳᠦᠰ ᠤᠨ ᠰᠤᠶᠤᠯ ᠠᠷᠠᠨᠰᠢᠨ | ᠢᠩᠬᠢᠵᠤ ᠢᠷᠡᠭᠰᠡᠨ ᠪᠠᠶᠢᠯᠳᠠᠢ᠃ | ᠪᠤᠷᠵᠢᠭᠡᠨ ᠦᠦᠷ᠄ ᠨᠢᠭᠡᠨ ᠡᠮᠡᠭᠳᠠᠢ ᠪᠦᠰᠡᠬᠦᠢ ᠬᠦᠮᠦᠨ ᠲᠡᠭᠡᠵᠤ ᠬᠦᠳᠡᠭᠡ ᠭᠡᠭᠡᠷ᠎ᠡ ᠶᠢ ᠲᠤᠭᠤᠯᠬᠤ ᠴᠦ ᠪᠠᠰᠠ | ᠨᠢᠭᠡᠨ ᠠᠭᠤᠯᠠ ᠤᠰᠤᠨ ᠤ ᠲᠤᠭᠤᠯᠤᠯᠳᠠ ᠪᠠᠶᠢᠨ᠎ᠠ᠂ ᠶᠠᠭᠠᠬᠢᠵᠤ ᠲᠡᠶᠢᠯᠳᠡᠭ ᠶᠤᠮ ᠪᠤᠯ︖ | ᠤᠷᠠᠩᠭᠤᠸ᠎ᠠ᠄ ᠲᠡᠭᠡᠳᠦᠰ ᠮᠢᠨᠢ ᠪᠢᠳᠠᠨ ᠳᠤ ᠲᠡᠶᠢᠮᠤ ᠶᠡᠭᠡ ᠰᠤᠶᠤᠯ ᠢ ᠡᠬᠦᠳᠴᠦ ᠲᠡᠶᠢᠯᠦᠭᠰᠡᠨ ᠪᠠᠶᠢᠬᠤ ᠳᠤ᠂ | ᠪᠢ ᠭᠡᠳᠦᠨ ᠠᠯᠳᠠ ᠶᠠᠪᠤᠵᠤ᠂ ᠲᠡᠬᠦᠨ ᠢ ᠨᠢ ᠭᠡᠳᠦᠨ ᠨᠢᠭᠤᠷ ᠤᠩᠰᠢᠬᠤ ᠳᠤ ᠲᠤᠭᠤᠯᠬᠤ ᠦᠭᠡᠢ ᠭᠡᠵᠤ ᠬᠡᠯᠡᠪᠡᠯ | ᠢᠴᠢᠬᠦ ᠶᠤᠮ ᠪᠢᠵᠠ︖ | ᠪᠤᠷᠵᠢᠭᠡᠨ ᠦᠦᠷ᠄ ᠲᠡᠨ ᠤ ᠪᠦᠷᠭᠡᠨ ᠳᠤ ᠠᠴᠠ ︿︿ᠲᠡᠷᠭᠡᠨ ᠤ ᠤᠷᠤᠨ ᠳᠤ ᠨᠤᠮ﹀﹀ ᠭᠡᠬᠦ ᠵᠤᠬᠢᠶᠠᠯ ᠢ ᠴᠢᠨᠢ | ᠤᠩᠰᠢᠬᠤ ᠳᠤ᠂ ᠲᠠ ᠭᠠᠭᠴᠠ ᠯᠠ ᠲᠤᠭᠤᠢ ᠲᠡᠷᠭᠡᠨ ᠠᠴᠠ ᠦᠭᠡᠷ᠎ᠡ ᠤᠨᠤᠭ᠎ᠠ ᠬᠠᠰᠠᠭ ᠦᠭᠡᠢ ᠬᠦᠮᠦᠨ ᠪᠠᠶᠢᠭ᠎ᠠ | ᠨᠢ᠃ ᠬᠦᠳᠡᠭᠡ ᠭᠡᠭᠡᠷ᠎ᠡ ᠶᠠᠮᠠᠷ ᠤᠨᠤᠭ᠎ᠠ ᠲᠡᠷᠭᠡ ᠪᠠᠷ ᠶᠠᠭᠠᠬᠢᠵᠤ ᠶᠠᠪᠤᠳᠠᠭ ᠶᠤᠮ︖ | ᠤᠷᠠᠩᠭᠤᠸ᠎ᠠ᠄ ᠶᠠᠮᠠᠷ ᠤᠨᠤᠭ᠎ᠠ ᠲᠠᠭᠠᠷᠠᠪᠠᠯ ᠶᠠᠮᠠᠷ ᠤᠨᠤᠭᠠᠨ ᠳᠤ ᠰᠠᠭᠤᠨ᠎ᠠ᠃ ᠡᠯᠵᠢᠭᠡ ᠯᠠᠭᠤᠰᠠᠨ ᠬᠠᠰᠠᠭ | ᠠᠴᠠ᠂ ᠲᠦᠷᠪᠡᠨ ᠬᠦᠷᠳᠦᠳᠤ ᠲᠡᠷᠺᠠᠲ᠋ᠤᠷ᠂ ᠮᠤᠲ᠋ᠤᠷ ᠲᠡᠷᠭᠡ ᠁ ᠵᠠᠷᠭᠡ ᠳᠤ ᠪᠦᠷ ᠰᠠᠭᠤᠵᠤ᠂ ᠪᠠᠰᠠ ᠮᠤᠷᠢ | ᠤᠨᠤᠵᠤ᠂ ᠠᠷᠭ᠎ᠠ ᠦᠭᠡᠢ ᠪᠤᠯ ᠶᠠᠪᠠᠭᠠᠨ ᠶᠠᠪᠤᠳᠠᠭ᠃ | ᠪᠤᠷᠵᠢᠭᠡᠨ ᠦᠦᠷ᠄ ᠲᠡᠭᠡᠵᠤ ᠵᠤᠪᠠᠵᠤ ᠵᠦᠳᠡᠬᠦ ᠳᠡᠭᠡᠨ ᠪᠠᠶᠢᠴᠢᠬᠠᠶ᠎ᠠ ᠭᠡᠵᠤ ᠵᠤᠷᠢᠭ ᠮᠤᠬᠤᠭ᠎ᠠ ᠦᠭᠡᠢ ᠤᠤ︖ | | ᠤᠷᠠᠩᠭᠤᠸ᠎ᠠ᠄ ᠶᠡᠷᠦ ᠠᠴᠠ ᠡᠨᠡ ᠦᠢᠯᠠ ᠶᠢ ᠰᠤᠩᠭᠤᠭᠰᠠᠨ ᠠᠴᠠ ᠬᠤᠶᠢᠰᠢ ᠪᠢ ᠠᠮᠠᠷ ᠰᠠᠭᠤᠵᠤ ᠠᠮᠰᠠᠨ | ᠵᠢᠷᠭᠠᠶ᠎ᠠ ᠭᠡᠵᠤ ᠪᠤᠳᠤᠭᠰᠠᠨ ᠦᠭᠡᠢ᠃ ᠵᠦᠳᠡᠷᠡᠯ ᠤᠨ ᠲᠤᠮᠳᠠ ᠠᠴᠠ ᠵᠢᠷᠭᠠᠯ ᠢᠶᠠᠨ ᠤᠯᠤᠨ᠎ᠠ ᠰᠢᠳᠠ᠃ ᠬᠠᠷᠢᠨ | ᠵᠢᠷᠤᠭᠯᠠᠬᠤ ᠮᠠᠰᠢᠨ᠂ ᠪᠤᠭᠴᠦ ᠮᠡᠳᠦ ᠡᠬᠦᠷᠭᠡ ᠴᠢᠷᠦᠬᠦᠯ ᠢᠶᠠᠨ ᠡᠬᠦᠷᠴᠦ ᠲᠡᠶᠢᠯᠬᠦ ᠦᠭᠡᠢ ᠪᠤᠯᠬᠤ ᠳᠠᠭᠠᠨ ᠲᠡᠷᠺᠠᠲ᠋ᠤᠷ | ᠴᠦ ᠭᠡᠰᠡᠨ ᠨᠢᠭᠡ ᠤᠨᠤᠭ᠎ᠠ ᠲᠠᠢ ᠪᠤᠯᠴᠢᠬᠠᠪᠠᠯ ᠭᠡᠵᠤ ᠦᠨᠡᠭᠡᠷ ᠲᠤᠷᠠᠯᠠᠳᠠᠭ᠃ ᠪᠢ ᠨᠢᠷᠤᠭᠤ ᠭᠡᠮ ᠲᠠᠢ ᠠᠴᠠ᠂ | ᠵᠠᠷᠢᠮ ᠳᠠᠭᠠᠨ ᠡᠬᠦᠷᠭᠡ ᠪᠠᠨ ᠲᠠᠭᠠᠭᠠᠵᠤ ᠲᠡᠶᠢᠯᠬᠦ ᠦᠭᠡᠢ ᠡᠪᠡᠳᠦᠳᠡᠭ ᠶᠤᠮ᠃ ᠦᠭᠡᠷ᠎ᠡ ᠪᠦᠰᠡᠬᠦᠶᠢᠴᠤᠳ ᠬᠢᠯᠠᠭᠠᠷ | ᠰᠠᠶᠢᠬᠠᠨ ᠲᠡᠷᠭᠡ ᠮᠠᠰᠢᠨ ᠪᠠᠷᠢᠭᠠᠳ ᠬᠢᠯᠠᠰᠠᠭᠤᠯᠵᠤ ᠪᠠᠶᠢᠬᠤ ᠳᠤ᠂ ᠪᠢ ᠡᠬᠦᠷᠭᠡ ᠪᠠᠨ ᠡᠬᠦᠷᠦᠭᠡᠳ ᠭᠤᠶᠢᠷᠠᠨᠴᠢ ᠰᠢᠭ᠋ | ᠲᠠᠨᠤᠬᠦ ᠮᠢᠨᠢ ᠦᠪᠡᠷ ᠤᠨ ᠮᠢᠨᠢ ᠴᠢᠳᠠᠯ ᠦᠭᠡᠢ ᠠᠴᠠ ᠪᠤᠯᠤᠯ᠎ᠠ ᠭᠡᠵᠤ ᠯᠠ ᠪᠤᠳᠤᠨ᠎ᠠ᠃ ᠭᠡᠬᠦ ᠳᠤ᠂ ᠨᠠᠳᠠ ᠴᠢᠳᠠᠯ | ᠲᠠᠢ ᠪᠤᠯᠬᠤ ᠴᠢᠯᠦᠭᠡ ᠴᠦ ᠦᠭᠡᠢ ᠪᠠᠶᠢᠨ᠎ᠠ᠃ ᠪᠠᠰᠠ ᠭᠡᠳᠦᠨ ᠵᠢᠯ ᠪᠤᠯᠪᠠᠯ ᠪᠢ ᠴᠦ ᠬᠦᠭᠰᠢᠷᠡᠭᠡᠳ ᠶᠠᠪᠤᠵᠤ | ᠲᠤᠭᠤᠯᠬᠤ ᠦᠭᠡᠢ ᠪᠤᠯᠤᠨ᠎ᠠ᠃ ᠵᠢᠭᠠᠬᠠᠨ ᠬᠠᠭᠤᠴᠢ ᠰᠤᠶᠤᠯ ᠢᠶᠠᠨ ᠮᠡᠳᠡᠳᠡᠭ ᠡᠪᠦᠭᠡᠳ ᠨᠠᠰᠤᠳᠠᠳ ᠴᠦ ᠲᠡᠭᠷᠢ | ᠳᠡᠭᠡᠨ ᠶᠠᠪᠤᠭᠠᠳ ᠪᠠᠷᠠᠴᠢᠬᠠᠨ᠎ᠠ᠃ ᠤᠷᠳᠤᠰ ᠲᠡᠶᠢᠮᠤ ᠶᠡᠭᠡ᠂ ᠪᠢ ᠡᠶᠢᠮᠤ ᠦᠴᠦᠭᠡᠨ᠂ ᠶᠠᠭᠤ ᠶᠠᠭᠤ ᠶᠢ ᠨᠢ ᠴᠦ | ᠲᠡᠮᠳᠡᠭᠯᠡᠵᠤ ᠠᠮᠵᠢᠭ᠎ᠠ ᠦᠭᠡᠢ ᠪᠠᠷ ᠦᠳᠡᠯᠴᠢᠭᠡᠬᠦ ᠶᠤᠮ ᠪᠠᠶᠢᠨ᠎ᠠ᠂ ᠡᠬᠦᠨ ᠢ ᠪᠤᠳᠤᠭᠰᠠᠭᠠᠷ ᠪᠢ ᠵᠠᠭᠤ ᠲᠠᠪᠢᠨ | ᠨᠠᠰᠤᠯᠠᠴᠢᠬᠠᠪᠠᠯ ᠭᠡᠵᠤ ᠰᠠᠨᠠᠨ᠎ᠠ᠃ | ᠪᠤᠷᠵᠢᠭᠡᠨ ᠦᠦᠷ ᠄ ᠵᠠᠰᠠᠭ ᠤᠨ ᠲᠠᠯ᠎ᠠ ᠠᠴᠠ ᠴᠢᠮ᠎ᠠ ᠳᠤ ᠲᠡᠮᠵᠢᠯᠭᠡ ᠦᠭᠬᠦᠭᠰᠡᠨ ᠤᠤ︖ | ᠤᠷᠠᠩᠭᠤᠸ᠎ᠠ᠄ ᠦᠭᠡᠢ᠂ ᠤᠳᠤ ᠪᠤᠯᠳᠠᠯ᠎ᠠ ᠨᠠᠳᠠ ᠨᠢᠭᠡ ᠲᠦᠬᠦᠷᠢᠭ ᠲᠡᠮᠵᠢᠭᠰᠡᠨ ᠴᠦ ᠦᠭᠡᠢ᠃ ᠨᠢᠭᠡ ᠪᠦᠰᠡᠬᠦᠢ | ᠨᠠᠶᠢᠵᠠ ᠨᠠᠳᠠ ᠭᠡᠳᠦᠨ ᠵᠠᠭᠤᠨ ᠲᠦᠬᠦᠷᠢᠭ ᠦᠭᠬᠦᠭᠰᠡᠨ᠃ | ᠪᠤᠷᠵᠢᠭᠡᠨ ᠦᠦᠷ᠄ ᠵᠢᠷᠤᠭᠯᠠᠯ ᠴᠢᠨᠢ ᠶᠠᠮᠠᠷ ᠪᠠᠶᠢᠭ᠎ᠠ ᠶᠢ ᠪᠢ ᠬᠠᠷᠠᠭ᠎ᠠ ᠦᠭᠡᠢ᠂ ᠭᠡᠬᠦ ᠳᠤ ᠰᠡᠬᠦᠳᠡᠷ ᠤᠳ | ᠴᠢᠨᠢ ᠶᠡᠭᠡ ᠰᠠᠶᠢᠬᠠᠨ ᠰᠠᠨᠠᠭᠳᠠᠭᠰᠠᠨ᠃ | ᠤᠷᠠᠩᠭᠤᠸ᠎ᠠ᠄ ᠮᠢᠨᠤ ᠰᠡᠬᠦᠳᠡᠷ᠂ ᠵᠢᠷᠤᠭᠯᠠᠯ᠂ ᠨᠠᠶᠢᠷᠠᠭᠤᠯᠤᠯ᠂ ᠰᠤᠷᠪᠤᠯᠵᠢᠯᠭ᠎ᠠ ᠁ ᠭᠡᠬᠦ ᠵᠡᠷᠭᠡ ᠠᠯᠢᠪᠠ | ᠪᠦᠳᠦᠭᠡᠯ ᠮᠢᠨᠢ ᠪᠦᠷ ᠦᠨᠡᠨ ᠤ ᠰᠭᠤᠷᠢᠨ ᠲᠡᠭᠡᠷ᠎ᠡ ᠯᠠ ᠪᠤᠯᠤᠭᠰᠠᠨ ᠪᠠᠶᠢᠭᠠᠯᠯᠢᠭ ᠲᠡᠮᠳᠡᠭᠯᠡᠯ ᠶᠤᠮ᠃ ᠶᠠᠮᠠᠷᠴᠦ | ᠤᠷ᠎ᠠ ᠮᠡᠷᠭᠡᠵᠢᠯ ᠭᠡᠷᠡᠭᠯᠡᠭᠡ ᠦᠭᠡᠢ᠃ ᠨᠠᠳᠠ ᠶᠠᠮᠠᠷ ᠴᠦ ᠮᠡᠷᠭᠡᠵᠢᠯ ᠪᠠᠶᠢᠬᠤ ᠦᠭᠡᠢ᠃ ᠭᠡᠳᠦᠷᠡᠬᠦᠯᠵᠤ ᠬᠡᠯᠡᠪᠡᠯ ᠵᠢᠷᠤᠭ | ᠤᠨ ᠮᠠᠰᠢᠨ ᠢᠶᠠᠨ ᠴᠦ ᠵᠦᠪ ᠪᠠᠷᠢᠵᠤ ᠴᠢᠳᠠᠳᠠᠭ ᠦᠭᠡᠢ ᠰᠢᠦ᠃ ᠭᠡᠬᠦ ᠳᠤ ᠪᠢ ᠵᠢᠷᠤᠭᠯᠠᠬᠤ ᠮᠠᠰᠢᠨ ᠢᠶᠠᠨ ᠪᠠᠷᠢᠵᠤ | ᠡᠬᠢᠯᠡᠬᠦ ᠪᠠᠷ᠂ ᠨᠠᠳᠠ ᠮᠠᠰᠢᠨ ᠭᠡᠵᠤ ᠰᠠᠨᠠᠭᠳᠠᠳᠠᠭ ᠦᠭᠡᠢ᠂ ᠬᠠᠷᠢᠨ ᠮᠢᠨᠤ ᠪᠡᠶ᠎ᠡ ᠶᠢᠨ ᠨᠢᠭᠡᠨ ᠭᠡᠰᠡᠭ ᠪᠤᠯᠵᠤ᠂ ᠮᠢᠨᠤ | ᠮᠡᠳᠡᠷᠡᠮᠵᠢ ᠶᠢ ᠲᠡᠮᠵᠢᠭᠤᠯᠳᠠᠭ ᠨᠢᠭᠡᠨ ᠡᠷᠭᠡᠳᠡᠨ ᠮᠢᠨᠢ ᠪᠤᠯᠴᠢᠬᠠᠳᠠᠭ᠃ ᠲᠦᠮᠡᠨ ᠪᠤᠳᠢᠰ ᠪᠦᠷ ᠠᠮᠢᠨ ᠴᠢᠨᠠᠷ ᠲᠠᠢ | ᠶᠤᠮ ᠪᠤᠯᠬᠤᠷ᠂ ᠵᠢᠷᠤᠭᠯᠠᠬᠤ ᠮᠠᠰᠢᠨ ᠪᠢᠳᠠ ᠬᠤᠶᠠᠭᠤᠯᠠ ᠪᠠᠨ᠂ ᠲᠡᠳᠡᠨ ᠤ ᠤᠶᠤᠨ ᠰᠦᠨᠡᠰᠦ ᠶᠢ ᠨᠢ ᠤᠶᠢᠯᠠᠭᠠᠶᠡ | ᠭᠡᠵᠤ ᠯᠠ ᠴᠤᠭ ᠳᠠᠭᠠᠨ ᠬᠦᠰᠡᠳᠡᠭ᠃ ᠲᠡᠶᠢᠮᠤ ᠳᠡᠭᠡᠨ ᠪᠢ ᠵᠢᠷᠤᠭᠯᠠᠬᠤ ᠮᠠᠰᠢᠨ ᠳᠠᠭᠠᠨ ᠮᠠᠰᠢ ᠬᠠᠶᠢᠷᠠᠳᠠᠢ᠂ | ᠦᠭᠡᠷ᠎ᠡ ᠬᠦᠮᠦᠨ ᠢᠶᠠᠷ ᠪᠠᠷᠢᠭᠤᠯᠬᠤ ᠲᠤᠷ᠎ᠠ ᠦᠭᠡᠢ ᠪᠠᠶᠢᠳᠠᠭ᠃ | ᠪᠤᠷᠵᠢᠭᠡᠨ ᠦᠦᠷ ᠄ ᠶᠠᠭᠤ ᠭᠡᠵᠤ ᠨᠤᠮ ᠳᠠᠭᠠᠨ ᠵᠢᠷᠤᠭ ᠲᠠᠭᠠᠷᠠᠭᠤᠯᠪᠠ︖ | ᠤᠷᠠᠩᠭᠤᠸ᠎ᠠ᠄ ᠤᠩᠰᠢᠭᠴᠢᠳ ᠳᠠᠭᠠᠨ ᠠᠮᠠᠷᠬᠠᠨ ᠤᠶᠢᠯᠠᠭᠠᠭᠠᠤᠯᠤᠶᠠ᠂ ᠢᠳᠡᠭᠡᠬᠦᠯᠦᠶᠡ ᠭᠡᠰᠡᠨ ᠭᠠᠭᠴᠠᠬᠠᠨ | ᠬᠦᠰᠡᠯ᠃ ᠵᠢᠷᠤᠭ ᠪᠤᠯ ᠪᠠᠶᠢᠭᠠᠯᠢ ᠶᠢᠨ ᠬᠡᠯᠡ ᠶᠤᠮ᠃ ᠪᠢ ᠦᠭᠡ ᠦᠬᠦᠯᠡᠪᠦᠷᠢ ᠪᠤᠯᠭᠠᠵᠤ ᠲᠡᠶᠢᠯᠬᠦ ᠦᠭᠡᠢ ᠪᠠᠨ | ᠵᠢᠷᠤᠭ ᠢᠶᠠᠷ ᠢᠯᠡᠳᠭᠡᠬᠦ ᠭᠡᠰᠨᠨ ᠠᠷᠭ᠎ᠠ ᠦᠭᠡᠢ ᠲᠡᠮᠡᠦᠯᠦᠯ ᠴᠦ ᠪᠤᠢ᠃ | ᠪᠤᠷᠵᠢᠭᠡᠨ ᠦᠦᠷ ᠄ ᠨᠠᠳᠠ ᠬᠠᠷᠢᠨ ᠲᠠ ᠦᠪᠡᠷ ᠢᠶᠠᠨ ᠴᠦ ᠨᠢᠭᠡᠨ ᠤᠷᠠᠨ ᠭᠤᠸ᠎ᠠ ᠨᠠᠶᠢᠷᠠᠭᠤᠯᠤᠯ ᠤᠨ | ᠵᠤᠬᠢᠶᠠᠯ ᠶᠤᠮ ᠰᠢᠭ᠋ ᠰᠠᠨᠠᠭᠳᠠᠯ᠎ᠠ ᠰᠢᠦ᠃ | ᠤᠷᠠᠩᠭᠤᠸ᠎ᠠ᠄ ᠮᠠᠭᠠᠳ ᠴᠦ ᠦᠭᠡᠢ᠂ ᠨᠠᠶᠢᠷᠠᠭᠤᠯᠤᠯ ᠮᠢᠨᠤ ᠬᠠᠭᠠᠰ ᠭᠡᠬᠦ ᠳᠤ᠂ ᠪᠢ ᠴᠦ ᠨᠠᠶᠢᠷᠠᠭᠤᠯᠤᠯ ᠤᠨ | ᠬᠠᠭᠠᠰ ᠪᠤᠯᠳᠠᠭ᠃ | ᠪᠤᠷᠵᠢᠭᠡᠨ ᠦᠦᠷ᠄ ᠲᠠ ᠦᠪᠡᠷᠳᠡᠭᠡᠨ ᠠᠯᠢ ᠵᠤᠬᠢᠶᠠᠯ ᠢᠶᠠᠨ ᠬᠠᠮᠤᠭ ᠠᠴᠠ ᠢᠯᠡᠬᠦᠦ ᠲᠤᠭᠤᠳᠠᠭ ᠪᠤᠢ︖ | | ᠤᠷᠠᠩᠭᠤᠸ᠎ᠠ᠄ ᠪᠢ ᠦᠪᠡᠷ ᠤᠨ ᠢᠶᠠᠨ ᠠᠯᠢ ᠨᠢᠭᠡ ᠬᠡᠦᠭᠡᠳ ᠲᠡᠭᠡᠨ ᠨᠡᠩ ᠢᠯᠡᠬᠦᠦ ᠬᠠᠶᠢᠷᠠᠳᠠᠢ ᠪᠠᠶᠢᠭ᠎ᠠ ᠪᠠᠨ | ᠮᠡᠳᠡᠳᠡᠭ ᠦᠭᠡᠢ ᠰᠢᠭ ᠢᠶᠠᠷ᠂ ᠠᠯᠢ ᠨᠢᠭᠡ ᠵᠤᠬᠢᠶᠠᠯ ᠳᠠᠭᠠᠨ ᠤᠨᠴᠠᠭᠠᠢ ᠬᠠᠶᠢᠷᠠᠳᠠᠢ ᠪᠠᠶᠢᠭ᠎ᠠ ᠪᠠᠨ ᠪᠦᠷ ᠮᠡᠳᠡᠳᠡᠭ | ᠦᠭᠡᠢ᠃ ᠭᠡᠬᠦ ᠳᠤ ᠬᠠᠮᠤᠭ ᠰᠢᠨ᠎ᠠ ᠵᠤᠬᠢᠶᠠᠯ ᠳᠠᠭᠠᠨ ᠢᠯᠡᠬᠦᠦ ᠬᠠᠶᠢᠷᠠᠳᠠᠢ ᠰᠢᠭ᠋ ᠪᠠᠶᠢᠳᠠᠭ᠃ ᠲᠦᠩᠬᠢᠵᠤ | ᠲᠦᠷᠦᠭᠰᠡᠨ ᠬᠡᠦᠭᠡᠳ ᠤᠨ ᠨᠢᠷᠠᠢ ᠲᠠᠭᠤᠨ ᠨᠠᠳᠠ ᠤᠨᠴᠠ ᠠᠴᠠ ᠤᠨᠴᠠᠭᠠᠢ ᠰᠠᠶᠢᠬᠠᠨ ᠰᠤᠨᠤᠰᠳᠠᠳᠠᠭ᠃ ᠲᠡᠷᠡ | ᠲᠠᠭᠤᠨ ᠤ ᠲᠦᠯᠦᠭᠡ ᠴᠦ ᠭᠡᠳ ᠪᠠᠰᠠ ᠨᠢᠭᠡ ᠬᠡᠦᠭᠡᠳ ᠲᠦᠷᠦᠮᠡᠷ ᠰᠠᠨᠠᠭᠳᠠᠳᠠᠭ᠃ ᠶᠠᠭ ᠡᠬᠦᠨ ᠲᠠᠢ ᠠᠳᠠᠯᠢ ᠪᠠᠷ | ᠲᠦᠩᠬᠢᠵᠤ ᠪᠢᠴᠢᠵᠤ ᠭᠠᠷᠭᠠᠭᠰᠠᠨ ᠵᠤᠬᠢᠶᠠᠯ ᠪᠤᠯᠭᠠᠨ ᠢᠶᠠᠨ ᠪᠢ ᠭᠡᠳᠦ ᠤᠳᠠᠭ᠎ᠠ ᠤᠩᠰᠢᠳᠠᠭ᠃ ᠶᠠᠭ ᠲᠡᠷᠡ ᠨᠢᠷᠠᠢ | ᠲᠠᠭᠤᠨ ᠢ ᠰᠤᠨᠤᠰᠬᠤ ᠭᠡᠰᠡᠨ ᠲᠤᠷᠠᠯᠠᠯ ᠰᠢᠭ᠋ ᠢᠶᠠᠷ ᠲᠤᠷᠠᠯᠠᠵᠤ ᠤᠩᠰᠢᠳᠠᠭ ᠶᠤᠮ ᠡ᠃ | ᠪᠤᠷᠵᠢᠭᠡᠨ ᠦᠦᠷ᠄ ᠲᠠ ᠦᠪᠡᠷ ᠤᠨ ᠵᠤᠬᠢᠶᠠᠯ ᠢᠶᠠᠨ ᠲᠤᠷᠠᠯᠠᠳᠠᠭ ᠨᠢ ᠡ᠃ | ᠤᠷᠠᠩᠭᠤᠸ᠎ᠠ᠄ ᠬᠡᠯᠡᠪᠡᠯ ᠢᠴᠢᠮᠠᠷ ᠶᠤᠮ᠃ ᠶᠢᠷᠳᠢᠨᠴᠤ ᠲᠡᠭᠡᠷ᠎ᠡ ᠦᠪᠡᠷ ᠤᠨ ᠬᠢᠨᠢ ᠬᠡᠦᠭᠡᠳ ᠯᠠ ᠬᠠᠮᠤᠭ | ᠬᠦᠭᠡᠷᠦᠬᠦᠨ ᠬᠠᠷᠠᠭᠳᠠᠭᠠᠳ ᠪᠠᠶᠢᠳᠠᠭ ᠰᠢᠭ᠋ ᠢᠶᠠᠷ᠂ ᠮᠢᠨᠤ ᠲᠦᠩᠬᠢᠵᠤ ᠪᠢᠴᠢᠵᠤ ᠭᠠᠷᠭᠠᠭᠰᠠᠨ ᠵᠤᠬᠢᠶᠠᠯ ᠮᠢᠨᠢ ᠶᠠᠭ | ᠯᠠ ᠡᠨᠡ ᠶᠢᠷᠳᠢᠨᠴᠤ ᠲᠡᠭᠡᠷ᠎ᠡ ᠬᠠᠮᠤᠭ ᠤᠨ ᠬᠠᠶᠢᠷᠠᠯᠠᠯᠳᠠᠢ ᠦᠭᠡ ᠦᠰᠦᠭ ᠢᠶᠠᠷ ᠲᠦᠬᠦᠷᠦᠭᠰᠡᠨ ᠵᠤᠬᠢᠶᠠᠯ ᠪᠠᠶᠢᠭ᠎ᠠ | ᠶᠤᠮ ᠰᠢᠭ᠋ ᠰᠠᠨᠠᠭᠳᠠᠳᠠᠭ ᠦᠶ᠎ᠡ ᠴᠦ ᠪᠤᠢ᠃ ᠭᠡᠬᠦ ᠳᠤ᠂ ᠪᠤᠰᠤᠳ ᠤᠨ ᠰᠢᠯᠢᠳᠡᠭ ᠵᠤᠬᠢᠶᠠᠯ ᠢ ᠤᠩᠰᠢᠵᠤ | ᠪᠠᠭ᠋ᠠᠷᠬᠠᠬᠤ ᠪᠠᠷ᠂ ᠦᠪᠡᠷ ᠢᠶᠠᠨ ᠶᠠᠭ ᠯᠠ ᠨᠠᠷᠠ ᠲᠠᠢ ᠭᠡᠭᠡᠨ ᠡᠳᠦᠷ ᠪᠠᠶᠢᠳᠠᠯ᠎ᠠ ᠳ᠋ᠧᠩ ᠨᠤᠴᠤᠭᠠᠬᠤ ᠭᠡᠵᠤ | ᠤᠷᠤᠯᠳᠤᠭᠰᠠᠨ ᠶᠤᠮ ᠰᠢᠭ᠋ ᠰᠠᠨᠠᠭᠳᠠᠨ᠂ ᠪᠢ ᠵᠤᠬᠢᠶᠠᠯ ᠪᠢᠴᠢᠭᠡᠳ ᠶᠠᠭᠤ ᠬᠢᠬᠦᠪ︖ ᠪᠠᠶᠢᠴᠢᠬᠠᠶ᠎ᠠ ᠭᠡᠵᠤ ᠴᠦ | ᠪᠤᠳᠤᠵᠤ ᠠᠪᠳᠠᠭ᠃ ᠠᠬᠢᠭᠠᠳ ᠨᠢᠭᠡ ᠪᠤᠳᠤᠬᠤ ᠳᠤ᠂ ᠪᠢ ᠴᠦ ᠡᠶᠢᠮᠤ ᠰᠠᠶᠢᠬᠠᠨ ᠵᠤᠬᠢᠶᠠᠯ ᠪᠢᠴᠢᠬᠦ ᠪᠠᠷ ᠴᠢᠷᠮᠠᠶᠢᠵᠤ | ᠪᠤᠯᠬᠤ ᠦᠭᠡᠢ ᠶᠠᠭᠠᠬᠢᠭᠰᠠᠨ ᠪᠤᠢ ᠭᠡᠵᠤ ᠪᠡᠶ᠎ᠡ ᠪᠠᠨ ᠰᠢᠬᠦᠮᠵᠢᠯᠡᠵᠤ ᠠᠪᠳᠠᠭ ᠶᠤᠮ᠃ | ᠪᠤᠷᠵᠢᠭᠡᠨ ᠦᠦᠷ᠄ ᠲᠠ ᠶᠠᠭᠤᠨ ᠤ ᠲᠦᠯᠦᠭᠡ ᠢᠩᠬᠢᠵᠤ ᠬᠢᠳᠡᠭ ᠶᠤᠮ ᠪᠤᠢ︖ | ᠤᠷᠠᠩᠭᠤᠸ᠎ᠠ᠄ ᠶᠠᠭᠤᠨ ᠤ ᠲᠦᠯᠦᠭᠡ ᠭᠡᠵᠤ ᠬᠡᠯᠡᠬᠦ ᠠᠴᠠ ᠦᠭᠡ ᠶᠠᠭᠡᠳᠦᠨᠠ᠂ ᠪᠢ᠂ ᠦᠨᠳᠦᠰᠦᠳᠠᠨ ᠤ | ᠲᠦᠯᠦᠭᠡ ᠪᠤᠶᠤ ᠭᠡᠨ ᠶᠠᠭᠤᠨ ᠤ ᠲᠦᠯᠦᠭᠡ ᠭᠡᠵᠤ ᠶᠡᠭᠡ ᠦᠭᠡ ᠭᠡᠯᠡᠬᠦ ᠲᠤᠷ᠎ᠠ ᠦᠭᠡᠢ᠃ ᠬᠠᠮᠤᠭ ᠦᠨᠡᠨ ᠢᠶᠠᠨ | ᠬᠡᠯᠡᠬᠦ ᠳᠤ᠂ ᠲᠠᠷᠤᠢ ᠦᠪᠡᠷ ᠤᠨ ᠢᠶᠠᠨ ᠲᠦᠯᠦᠭᠡ᠃ ᠲᠡᠷᠡ ᠤᠯᠠᠨ ᠢ ᠬᠢᠵᠤ ᠶᠠᠪᠤᠬᠤ ᠳᠤ᠂ ᠬᠠᠮᠤᠭ ᠶᠡᠭᠡ | ᠵᠦᠳᠡᠷᠡᠯ ᠲᠠᠢ ᠴᠦ᠂ ᠬᠠᠮᠤᠭ ᠰᠠᠶᠢᠬᠠᠨ ᠵᠤᠯ ᠵᠢᠷᠭᠠᠯ ᠢ ᠲᠡᠷᠡ ᠶᠠᠪᠤᠴᠠ ᠲᠤᠮᠳᠠ ᠠᠴᠠ ᠤᠯᠳᠠᠭ᠃ ᠰᠠᠨᠠᠭᠠᠨ ᠳᠤ | ᠬᠦᠷᠦᠮᠡᠷ ᠨᠢᠭᠡ ᠰᠠᠶᠢᠬᠠᠨ ᠨᠠᠶᠢᠷᠠᠭᠤᠯᠤᠯ ᠪᠢᠴᠢᠵᠤ ᠭᠠᠷᠭᠠᠪᠠᠯ ᠪᠢ ᠨᠠᠭᠠᠳᠤ ᠵᠠᠬ᠎ᠠ ᠳᠤ ᠭᠤᠷᠪᠠᠨ ᠡᠳᠦᠷ ᠬᠠᠨᠤᠮᠰᠢᠯ | ᠤᠨ ᠲᠤᠳᠤᠷ᠎ᠠ ᠤᠮᠤᠷᠬᠠᠭ ᠠᠯᠬᠤᠳᠠᠭ᠃ ᠨᠢᠭᠡ ᠬᠦᠮᠦᠨ ᠳᠤ ᠠᠪᠴᠦ ᠬᠡᠯᠡᠪᠡᠯ᠂ ᠦᠨᠡᠨ ᠦᠭᠡ ᠬᠡᠯᠡᠬᠦ ᠠᠴᠠ | ᠤᠨᠳᠤᠤ ᠨᠡᠩ ᠶᠡᠭᠡ ᠰᠡᠳᠬᠢᠯ ᠤᠨ ᠲᠠᠯᠪᠢᠭᠤᠷᠠᠯ ᠭᠡᠵᠤ ᠪᠠᠶᠢᠳᠠᠭ ᠦᠭᠡᠢ ᠪᠠᠶᠢᠬ᠎ᠠ᠃ ᠭᠡᠬᠦ ᠳᠤ᠂ ᠪᠢ ᠠᠵᠠ ᠲᠠᠢ ᠡ | ᠃ ᠪᠠᠶᠢᠨ ᠪᠠᠶᠢᠨ ᠲᠡᠭᠡᠵᠤ ᠨᠢᠭᠡ ᠲᠠᠯᠪᠢᠭᠤᠷᠠᠳᠠᠭ ᠰᠢᠦ᠃ ᠬᠦᠳᠡᠭᠡ ᠭᠡᠭᠡᠷ᠎ᠡ ᠶᠠᠪᠤᠵᠤ ᠬᠠᠮᠤᠭ ᠤᠨ ᠠᠰᠪᠤᠷᠢ | ᠴᠠᠭᠠᠪᠤᠷ ᠬᠦᠮᠦᠰ ᠤᠨ ᠲᠤᠮᠳᠠ ᠬᠠᠮᠤᠭ ᠦᠨᠡᠨ ᠢᠶᠠᠷ ᠶᠠᠪᠤᠬᠤ ᠮᠢᠨᠢ ᠨᠡᠩ ᠶᠡᠭᠡ ᠵᠢᠷᠭᠠᠯ ᠲᠠᠢ ᠰᠠᠨᠠᠭᠳᠠᠳᠠᠭ ᠶᠤᠮ᠃ | | ᠪᠤᠷᠵᠢᠭᠡᠨ ᠦᠦᠷ᠄ ᠦᠪᠦᠷ ᠮᠤᠩᠭᠤᠯ ᠳᠤ ᠮᠤᠩᠭᠤᠯ ᠡᠮᠡᠭᠳᠠᠢ ᠵᠤᠬᠢᠶᠠᠯᠴᠢᠳ ᠬᠠᠷᠢᠴᠠᠩᠭᠤᠷᠢ ᠪᠠᠷ ᠴᠦᠭᠡᠨ | ᠪᠠᠶᠢᠳᠠᠭ᠃ ᠡᠬᠢᠯᠡᠭᠡᠳ ᠶᠡᠭᠡ ᠬᠠᠯᠠᠭᠤᠨ ᠲᠠᠢ ᠰᠠᠶᠢᠬᠠᠨ ᠪᠢᠴᠢᠳᠡᠭ ᠢᠶᠠᠨ ᠠᠭᠠᠵᠢᠮ ᠢᠶᠠᠷ ᠨᠠᠮᠬᠠᠷᠠᠳᠠᠭ ᠨᠢ ᠤᠯᠠᠨ᠃ | ᠲᠠ ᠡᠨᠡ ᠲᠤᠬᠠᠢ ᠶᠠᠭᠤ ᠭᠡᠵᠤ ᠦᠵᠡᠳᠡᠭ ᠪᠤᠢ︖ | ᠤᠷᠠᠩᠭᠤᠸ᠎ᠠ᠄ ᠡᠬᠦᠨ ᠳᠤ ᠭᠡᠳᠦᠨ ᠵᠦᠢᠯ ᠤᠨ ᠰᠢᠯᠳᠠᠭᠠᠨ ᠪᠤᠢ᠂ ᠨᠢᠭᠡ ᠳᠤ᠂ ᠡᠮᠡᠭᠳᠠᠢ ᠬᠦᠮᠦᠨ ᠠᠯᠪᠡᠨ | ᠲᠡᠭᠡᠷ᠎ᠡ ᠪᠠᠨ ᠡᠷᠡᠭᠳᠠᠢ ᠬᠦᠮᠦᠨ ᠲᠠᠢ ᠮᠦᠷᠦ ᠵᠡᠷᠭᠡᠴᠢᠨ ᠠᠵᠢᠯᠯᠠᠬᠤ ᠭᠡᠷᠡᠭᠳᠠᠢ ᠪᠠᠶᠢᠳᠠᠭ᠃ ᠠᠶᠢᠯ ᠭᠡᠷ ᠲᠡᠭᠡᠨ ᠪᠤᠯ | ᠡᠷᠡᠭᠳᠠᠢ ᠬᠦᠮᠦᠨ ᠠᠴᠠ ᠨᠢᠭᠡ ᠮᠦᠷᠤ ᠦᠨᠳᠤᠷ ᠡᠬᠦᠷᠭᠡ ᠬᠠᠷᠢᠭᠤᠴᠠᠯᠭ᠎ᠠ ᠶᠢ ᠲᠠᠭᠠᠭᠠᠴᠢᠯᠠᠵᠤ ᠪᠠᠶᠢᠳᠠᠭ᠃ ᠬᠤᠶᠠᠷ | ᠲᠤ᠂ ᠮᠠᠨ ᠤ ᠬᠢᠨ ᠡᠮᠡᠭᠳᠠᠢ ᠵᠤᠬᠢᠶᠠᠯᠴᠢᠳ ᠢᠶᠠᠨ ᠤᠷᠮᠠᠰᠢᠭᠤᠯᠵᠤ ᠵᠤᠷᠢᠭᠵᠠᠭᠤᠯᠬᠤ ᠦᠵᠡᠭᠳᠠᠯ ᠲᠤᠩ ᠴᠦᠭᠡᠨ᠃ | ᠪᠢ ᠵᠤᠬᠢᠶᠠᠯ ᠪᠢᠴᠢᠵᠤ ᠡᠬᠢᠯᠡᠭᠰᠡᠨ ᠠᠴᠠ ᠡᠳᠦᠭᠡ ᠪᠤᠯᠳᠠᠯᠡᠬᠢ ᠭᠤᠴᠢ ᠬᠢᠷᠢ ᠵᠢᠯ᠂ ᠮᠠᠨ ᠤ ᠡᠮᠡᠭᠳᠠᠢ ᠵᠤᠬᠢᠶᠠᠯᠴᠢᠳ | ᠲᠤ ᠨᠢᠭᠡ ᠪᠢᠷ ᠤᠨ ᠴᠤᠭᠯᠠᠭᠠᠨ᠂ ᠵᠤᠬᠢᠶᠠᠯ ᠪᠦᠳᠦᠭᠡᠯ ᠤᠨ ᠵᠠᠯᠠᠷᠠᠭᠤᠯᠭ᠎ᠠ ᠶᠢ ᠬᠢᠭᠡᠳ ᠦᠭᠬᠦ ᠶᠢ ᠵᠤᠬᠢᠶᠠᠯᠴᠢᠳ ᠤᠨ | ᠡᠵᠡᠨ ᠪᠤᠯᠬᠤ ᠲᠠᠷᠤᠭ᠎ᠠ ᠨᠠᠷ ᠲᠤ ᠭᠤᠶᠤᠳᠠᠭ᠃ ᠨᠢᠭᠡ ᠴᠦ ᠪᠤᠯᠤᠭ᠎ᠠ ᠦᠭᠡᠢ᠃ ᠨᠠᠷᠠ ᠨᠢᠭᠤᠷ ᠮᠠᠭᠤᠳᠠᠬᠤ ᠶᠤᠮ | ᠭᠡᠨ᠎ᠡ᠃ ᠰᠡᠬᠦᠯᠴᠢ ᠶᠢᠨ ᠵᠢᠯ ᠤᠳ ᠲᠤ ᠭᠡᠯᠡᠬᠦ ᠪᠠᠨ ᠴᠦ ᠪᠤᠯᠢᠭᠰᠠᠨ᠂ ᠬᠢᠳᠡᠭ ᠢᠶᠠᠨ ᠬᠢᠪᠠᠯ ᠪᠠᠷᠠᠯ᠎ᠠ ᠭᠡᠵᠤ ᠪᠤᠳᠤᠬᠤ | ᠪᠤᠯᠪᠠ᠃ ᠪᠢ ᠭᠠᠶᠢᠬᠠᠳᠠᠭ ᠶᠤᠮ᠂ ᠡᠵᠢ ᠴᠢᠨᠠᠷ ᠤᠨ ᠡᠮᠡᠭᠳᠠᠢ ᠬᠦᠮᠦᠨ ᠢᠶᠠᠨ ᠲᠡᠳᠡᠨ ᠲᠡᠳᠬᠦᠬᠦ ᠤᠷᠮᠠᠰᠢᠭᠤᠯᠤᠨ | ᠵᠤᠷᠢᠭᠵᠠᠭᠤᠯᠬᠤ ᠨᠢ ᠨᠢᠭᠡᠨ ᠡᠷᠡᠭᠳᠠᠢ ᠲᠠᠷᠤᠭ᠎ᠠ ᠶᠢᠨ ᠬᠠᠮᠤᠭ ᠤᠨ ᠬᠦᠮᠦᠨᠴᠢ ᠴᠢᠨᠠᠷ ᠢ ᠢᠯᠡᠷᠡᠬᠦᠯᠦᠭᠰᠡᠨ ᠦᠩᠭᠡ | ᠭᠡᠷᠡᠯ ᠲᠠᠢ ᠶᠠᠪᠤᠳᠠᠯ ᠪᠢᠰᠢ᠂ ᠬᠠᠷᠢᠨ ᠪᠤᠴᠠᠭᠠᠳ ᠶᠠᠭᠠᠬᠢᠬᠤ ᠳᠠᠭᠠᠨ ᠨᠠᠷᠠ ᠨᠢᠭᠤᠷ ᠮᠠᠭᠤᠳᠠᠬᠤ ᠶᠠᠪᠤᠳᠠᠯ ᠪᠤᠯᠴᠢᠬᠤ | ᠶᠤᠮ︖ ᠤᠶᠢᠯᠠᠭᠠᠬᠤ ᠦᠭᠡᠢ᠃ ᠭᠤᠷᠪᠠ ᠳᠤ᠂ ᠨᠡᠶᠢᠭᠡᠮ ᠠᠴᠠ ᠡᠮᠡᠭᠳᠠᠢ ᠬᠦᠮᠦᠨ ᠤ ᠬᠠᠷᠠᠩᠭᠤᠢ ᠡᠮᠵᠡᠭ ᠢ ᠡᠷᠢᠬᠦ | ᠭᠡᠳ ᠯᠠ ᠰᠦᠪᠡᠭᠴᠡᠯᠡᠵᠤ ᠪᠠᠶᠢᠳᠠᠭ ᠨᠢ ᠤᠯᠠᠨ᠃ ᠡᠮᠡᠭᠳᠠᠢ ᠬᠦᠮᠦᠨ ᠨᠢᠭᠡ ᠵᠤᠬᠢᠶᠠᠯ ᠨᠠᠶᠢᠳᠡᠯᠡᠬᠦ ᠪᠤᠶᠤ᠂ ᠨᠢᠭᠡ | ᠨᠤᠮ ᠭᠠᠷᠭᠠᠪᠠᠯ᠂ ᠬᠠᠮᠤᠭ ᠡᠮᠦᠨ᠎ᠠ ᠨᠢ ᠲᠡᠬᠦᠨ ᠤ ᠬᠡᠳᠦᠢ ᠬᠦᠴᠦ ᠬᠦᠳᠡᠯᠮᠦᠷᠢ ᠵᠠᠷᠤᠴᠠᠭᠤᠯᠵᠤ ᠭᠡᠳᠦᠢ ᠴᠢᠷᠮᠠᠶᠢᠵᠤ | ᠪᠢᠴᠢᠭᠰᠡᠨ ᠢ ᠨᠢ ᠮᠡᠳᠡᠷᠡᠬᠦ ᠨᠢ ᠭᠡᠳᠦ ᠪᠠᠶᠢᠳᠠᠭ ᠪᠢᠯᠠ︖ ᠬᠠᠷᠢᠨ ᠲᠠᠯᠠᠨ ᠲᠤᠯᠤᠭᠠᠨ ᠡᠮᠵᠡᠭ ᠪᠤᠯᠴᠢᠷᠬᠠᠢ ᠶᠢ ᠨᠢ | ᠲᠤᠷᠠᠳᠵᠤ᠂ ᠡᠪᠡᠳᠭᠡᠭᠡᠳ ᠬᠠᠶᠠᠬᠤ ᠪᠤᠶᠤ ᠶᠠᠮᠠᠷ ᠭᠡᠷᠡᠭ ᠲᠠᠢ ᠶᠤᠮ︖ ᠲᠡᠬᠦᠨ ᠢ ᠪᠢᠴᠢᠭᠡᠳ ᠁ ᠭᠡᠬᠦ ᠮᠡᠳᠦ | ᠪᠠᠷ ᠴᠤᠬᠢᠯᠳᠠ ᠦᠭᠬᠦᠨ᠎ᠠ᠃ ᠲᠡᠭᠡᠷ᠎ᠡ ᠠᠴᠠ ᠨᠢ᠂ ᠮᠡᠨ ᠤ ᠡᠮᠡᠭᠳᠠᠢ ᠬᠦᠮᠦᠨ ᠨᠢ ᠴᠦ ᠡᠮᠡᠭᠳᠠᠢ ᠬᠦᠮᠦᠨ ᠢᠶᠠᠨ | ᠤᠶᠢᠯᠠᠭᠠᠬᠤ ᠦᠭᠡᠢ᠂ ᠨᠢᠭᠡ ᠨᠢᠭᠡᠨ ᠢ ᠪᠠᠨ ᠮᠠᠭᠤᠯᠠᠬᠤ᠂ ᠪᠤᠰᠤᠳ ᠤᠨ ᠠᠮᠵᠢᠯᠳᠠ ᠤᠯᠬᠤ ᠶᠢ ᠬᠤᠷᠤᠰᠳᠠᠭ | ᠮᠠᠭᠤᠬᠠᠢ ᠪᠤᠵᠠᠷ ᠵᠠᠩ ᠪᠤᠢ᠃ ᠲᠠ ᠪᠤᠳᠤᠵᠤ ᠦᠵᠡ᠂ ᠡᠨᠡ ᠤᠯᠠᠨ ᠲᠠᠷᠤᠯᠳᠠ ᠴᠤᠬᠢᠯᠳᠠ ᠶᠢ ᠲᠠᠭᠠᠭᠠᠵᠤ ᠲᠡᠶᠢᠯᠬᠦ | ᠠᠮᠠᠷ ᠤᠤ︖ | ᠪᠤᠷᠵᠢᠭᠡᠨ ᠦᠦᠷ ᠄ ᠲᠠ ᠲᠡᠭᠡᠭᠡᠳ ᠡᠨᠡ ᠤᠯᠠᠨ ᠲᠠᠷᠤᠯᠳᠠ ᠴᠤᠬᠢᠯᠳᠠ ᠳᠤ ᠶᠠᠭᠠᠬᠢᠭᠠᠳ ᠤᠨᠠᠭᠰᠠᠨ | ᠦᠭᠡᠢ ᠪᠤᠢ︖ | ᠤᠷᠠᠩᠭᠤᠸ᠎ᠠ᠄ ᠦᠭᠡᠷ ᠰᠢᠭ ᠵᠤᠷᠢᠭᠳᠠᠢ᠂ ᠮᠤᠷᠢ ᠰᠢᠭ᠋ ᠦᠨᠡᠨᠴᠢ ᠪᠠᠶᠢᠬᠤ ᠪᠤᠯ ᠨᠢᠭᠡᠨ ᠮᠤᠩᠭᠤᠯ ᠪᠦᠰᠡᠬᠦᠢ | ᠪᠤᠯᠤᠭᠰᠠᠨ ᠮᠢᠨᠤ ᠦᠪᠡᠷᠮᠢᠴᠠ ᠵᠠᠩ ᠴᠢᠨᠠᠷ᠃ ᠰᠤᠩᠭᠤᠭᠰᠠᠨ ᠦᠢᠯᠡᠰ᠂ ᠬᠦᠰᠡᠯ ᠲᠤᠷᠠᠯᠠᠯ ᠳᠠᠭᠠᠨ ᠦᠨᠡᠨᠴᠢ | ᠪᠠᠶᠢᠬᠤ ᠭᠡᠷᠡᠭᠳᠠᠢ ᠰᠢᠳᠠ᠃ ᠵᠤᠬᠢᠶᠠᠯ ᠪᠢᠴᠢᠵᠤ᠂ ᠠᠶᠠᠯᠠᠨ ᠲᠡᠮᠳᠡᠭᠯᠡᠬᠦ ᠮᠢᠨᠢ ᠭᠡᠨ ᠨᠢᠭᠡᠨ ᠳᠤ ᠬᠠᠷᠠᠭᠤᠯᠵᠤ ᠭᠠᠪᠢᠶ᠎ᠠ | ᠤᠯᠬᠤ ᠭᠡ ᠪᠢᠰᠢ᠃ ᠬᠠᠮᠤᠭ ᠤᠨ ᠦᠨᠡᠨ ᠲᠡᠮᠡᠦᠯᠦᠯ ᠪᠤᠯ ᠦᠪᠡᠷ ᠤᠨ ᠢᠶᠠᠨ ᠰᠡᠳᠬᠢᠯ ᠢᠶᠠᠨ ᠦᠨᠡᠨᠴᠢ ᠪᠠᠷ | ᠲᠡᠮᠳᠡᠭᠯᠡᠬᠦ ᠭᠡᠰᠡᠨ ᠶᠤᠮ᠃ ᠲᠡᠶᠢᠮᠤ ᠳᠡᠭᠡᠨ ᠪᠢ ᠤᠳᠤ ᠪᠤᠯᠳᠠᠯ᠎ᠠ᠂ ᠦᠪᠡᠷ ᠤᠨ ᠵᠤᠬᠢᠶᠠᠯ ᠪᠦᠳᠦᠭᠡᠯ ᠳᠡᠭᠡᠨ ᠬᠤᠷᠠᠯ | ᠬᠤᠢ ᠬᠢᠵᠤ᠂ ᠰᠠᠶᠢᠨ ᠦᠭᠡ ᠶᠢ ᠤᠯᠵᠤ ᠰᠤᠨᠤᠰᠬᠤ ᠭᠡᠵᠤ ᠬᠦᠶᠦᠭᠰᠡᠨ ᠦᠭᠡᠢ᠃ ᠬᠦᠮᠦᠰ ᠨᠠᠮᠠᠢᠢ ᠮᠤᠵᠢᠭᠤᠳᠠ | ᠵᠠᠩ ᠲᠠᠢ ᠭᠡᠳᠡᠭ ᠨᠢ ᠪᠤᠢ᠃ ᠮᠤᠵᠢᠭᠤᠳᠠ ᠪᠠᠨ ᠲᠤᠶᠢᠯᠪᠤᠷᠢᠳᠠᠢ ᠵᠠᠰᠴᠢᠬᠠᠪᠠᠯ ᠴᠤᠬᠤᠮ ᠴᠦ ᠰᠠᠶᠢᠨ ᠪᠦᠰᠡᠬᠦᠢ | ᠪᠤᠯᠴᠢᠬᠠᠬᠤ ᠮᠠᠭᠠᠳ᠃ ᠭᠡᠶ᠎ᠡ᠂ ᠦᠭᠡᠢ ᠯᠠ ᠳ᠋ᠠ ᠁ | ᠪᠤᠷᠵᠢᠭᠡᠨ ᠦᠦᠷ᠄ ᠲᠠᠷᠠᠭᠠᠴᠢ ᠶᠢᠨ ᠲᠦᠯᠦᠪᠯᠡᠭᠡ ᠠᠴᠠ ᠪᠠᠨ ᠶᠠᠷᠢᠬᠤ ᠤᠤ︖ | ᠤᠷᠠᠩᠭᠤᠸ᠎ᠠ᠄ ᠤᠷᠳᠤᠰ ᠢ ᠪᠠᠨ ᠲᠤᠭᠤᠯᠤᠨ᠎ᠠ᠂ ᠰᠤᠷᠪᠤᠯᠵᠢᠯᠭ᠎ᠠ ᠵᠢᠷᠤᠭᠯᠠᠯ ᠢᠶᠠᠨ ᠬᠢᠨ᠎ᠠ᠂ ᠲᠡᠮᠳᠡᠭᠯᠡᠯ ᠢᠶᠠᠨ | ᠪᠢᠴᠢᠨ᠎ᠠ᠂ ᠵᠤᠬᠢᠶᠠᠯ ᠢᠶᠠᠨ ᠪᠢᠴᠢᠨ᠎ᠠ᠃ ᠵᠢᠯ ᠳᠡᠭᠡᠨ ᠭᠤᠷᠪᠠᠨ ᠨᠤᠮ ᠲᠠᠢ ᠶᠠᠪᠤᠨ᠎ᠠ ᠭᠡᠵᠤ ᠯᠠ ᠪᠤᠳᠤᠨ᠎ᠠ᠃ ᠦᠨᠦ | ᠵᠢᠯ ᠤᠨ ᠭᠤᠷᠪᠠᠨ ᠨᠤᠮ ᠢᠶᠠᠨ ᠨᠢᠭᠡᠨᠳᠡ ᠲᠤᠰᠢᠶᠠᠪᠠ᠃ | ᠪᠤᠷᠵᠢᠭᠡᠨ ᠦᠦᠷ᠄ ᠶᠠᠮᠠᠷ ᠨᠠᠷᠠ ᠲᠠᠢ ᠨᠤᠮ ᠪᠤᠢ︖ | ᠤᠷᠠᠩᠭᠤᠸ᠎ᠠ᠄ ᠬᠤᠷᠢᠨ ᠨᠢᠭᠡᠳᠦᠭᠡᠷ ᠵᠠᠭᠤᠨ ᠤ ᠤᠷᠳᠤᠰ ᠮᠤᠩᠭᠤᠯᠴᠤᠳ ᠤᠨ ᠠᠮᠢᠳᠤᠷᠠᠯ ᠤᠨ ᠦᠨᠡᠨ | ᠲᠡᠮᠳᠡᠭᠯᠡᠯ ᠪᠤᠯᠤᠭᠰᠠᠨ ᠪᠠᠷᠢᠮᠳᠠᠳᠤ ᠨᠠᠶᠢᠷᠠᠭᠤᠯᠤᠯ ᠤᠨ ᠲᠡᠬᠦᠪᠦᠷᠢ ︿︿ᠦᠨᠳᠦᠷᠯᠢᠭ ᠤᠨ ᠨᠢᠭᠤᠴᠠ ᠲᠤᠪᠴᠢᠶ᠎ᠠ﹀﹀᠂ | ᠦᠪᠡᠷ ᠤᠨ ᠨᠠᠶᠢᠷᠠᠭᠤᠯᠤᠯ ᠤᠨ ᠲᠡᠬᠦᠪᠦᠷᠢ ︿︿ᠰᠠᠯᠬᠢᠨ ᠤ ᠲᠤᠷᠭᠠᠨ ᠬᠤᠷᠮᠤᠢ﹀﹀᠂ ᠬᠡᠦᠭᠡᠳ ᠢ ᠲᠡᠮᠳᠡᠭᠯᠡᠭᠰᠡᠨ | ᠰᠤᠯᠠ ᠲᠡᠮᠳᠡᠭᠯᠡᠯ ︿︿ᠡᠭᠡ ᠬᠦᠦ﹀﹀ ᠵᠡᠷᠭᠡ ᠶᠢ ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶᠠᠨ ᠳᠤ | ᠲᠤᠰᠢᠶᠠᠭᠠᠳ ᠪᠤᠢ᠃ ᠪᠠᠰᠠ ᠬᠦᠮᠦᠨ ᠲᠦᠷᠢ ᠲᠠᠢ ᠨᠠᠶᠢᠷᠠᠭᠤᠯᠤᠯ ᠪᠤᠯᠬᠤ ︿︿ᠬᠠᠶᠢᠷ᠎ᠠ ᠶᠢᠨ ᠰᠦᠨ ᠭᠡᠭᠡ﹀﹀ ᠭᠡᠬᠦ | ᠨᠤᠮ ᠢᠶᠠᠨ ᠦᠨᠳᠤᠰᠦᠳᠠᠨ ᠤ ᠭᠡᠪᠯᠡᠯ ᠤᠨ ᠬᠤᠷᠢᠶᠠᠨ ᠳᠤ ᠲᠤᠰᠢᠶᠠᠪᠠ᠃ ᠦᠪᠡᠷ ᠤᠨ ᠨᠠᠶᠢᠷᠠᠭᠤᠯᠤᠯ ᠠᠴᠠ ᠪᠠᠨ | ᠭᠡᠳᠦ ᠶᠢ ᠲᠡᠬᠦᠵᠤ ᠭᠡᠳᠡᠳ ᠢᠶᠠᠷ ᠤᠷᠴᠢᠭᠤᠯᠪᠠ᠃ ᠲᠡᠭᠡᠭᠡᠳ ᠪᠠᠰᠠ ᠨᠢᠭᠡ ᠬᠢᠳᠠᠳ ᠨᠠᠶᠢᠷᠠᠭᠤᠯᠤᠯ ᠤᠨ ᠲᠡᠬᠦᠪᠦᠷᠢ | ᠶᠢ ᠭᠡᠪᠯᠡᠬᠦᠯᠦᠨᠠ ᠭᠡᠳ ᠪᠠᠶᠢᠨ᠎ᠠ᠂ ᠨᠠᠷᠠ ᠶᠢ ᠦᠭᠴᠦ ᠲᠤᠬᠢᠷᠠᠭᠠᠳᠤᠢ᠃ | ᠪᠤᠷᠵᠢᠭᠡᠨ ᠦᠦᠷ᠄ ᠬᠦᠶ᠋ᠢ᠂ ᠲᠡᠭᠡᠪᠡᠯ ᠭᠤᠷᠪᠠ ᠲᠡᠭᠡᠷ᠎ᠡ ᠲᠤᠭᠳᠠᠬᠤ ᠦᠭᠡᠢ ᠨᠢ᠂ ᠲᠠᠪᠤᠨ ᠨᠤᠮ ᠴᠦ | ᠪᠤᠯᠴᠢᠬᠠᠯ᠎ᠠ ᠰᠢᠳᠠ᠃ ᠲᠠᠨ ᠳᠤ ᠪᠠᠶᠠᠷ ᠬᠦᠷᠭᠡᠶ᠎ᠡ᠂ ᠪᠠᠰᠠ ᠠᠮᠵᠢᠯᠳᠠ ᠬᠦᠰᠡᠶ᠎ᠡ︕ ᠰᠢᠷᠭᠠᠭᠤ ᠬᠦᠳᠡᠯᠮᠦᠷᠢᠯᠡᠭᠰᠡᠨ | ᠳᠤ ᠴᠢᠨᠢ ᠬᠦᠨᠳᠦᠯᠠᠨ ᠶᠤᠰᠤᠯᠠᠶᠠ᠃ | ᠤᠷᠠᠩᠭᠤᠸ᠎ᠠ᠄ ᠪᠠᠶᠠᠷᠯᠠᠯ᠎ᠠ᠃ ᠪᠢᠳᠠ ᠪᠦᠬᠦᠳᠡ ᠠᠮᠵᠢᠯᠳᠠ ᠲᠠᠢ ᠪᠠᠶᠢᠭᠠᠰᠡᠢ᠃ ᠰᠠᠷᠠᠭᠤᠯᠬᠠᠨ ᠪᠠᠶᠢᠭᠠᠰᠡᠢ᠃ | | ︿︿ᠰᠢᠷ᠎ᠠ ᠮᠦᠷᠡᠨ﹀﹀ ᠰᠡᠳᠬᠦᠯ ᠤᠨ2013 ᠤᠨ ᠤ 2 ᠳ᠋ᠤᠭᠠᠷ ᠬᠤᠭᠤᠴᠠᠭ᠎ᠠ ᠠᠴᠠ ᠰᠢᠯᠵᠢᠬᠦᠯᠪᠠ | | | | |