ᠵᠤᠤ ᠤᠳᠠ  ᠶᠢᠨ ᠲᠤᠬᠠᠢ ᠮᠦᠷᠳᠡᠯ
ᠨᠡᠶᠢᠲᠡᠯᠡᠭᠰᠡᠨ ᠴᠠᠭ᠄
2020-06-01
︽ᠵᠤᠤ ᠤᠳᠠ︾ ᠭᠡᠬᠦ ᠦᠭᠡ ᠶᠢᠨ  ᠮᠦᠷᠳᠡᠯ1639 ᠤᠨ   ᠳᠤ  ᠮᠠᠨᠵᠤ ᠶᠢᠨ  ᠬᠤᠸᠠᠩ ᠲᠠᠶᠢᠵᠢ  ᠭᠡᠰᠢᠭᠳᠡᠨ᠂ ᠪᠠᠭᠠᠷᠢᠨ᠂  ᠠᠷᠦ ᠬᠤᠷᠴᠢᠨ᠂  ᠤᠩᠨᠢᠭᠤᠳ ᠂ ᠠᠤᠬᠠᠨ᠂   ᠬᠠᠯᠬ᠎ᠠ ᠵᠡᠭᠦᠨ ᠭᠠᠷᠤᠨ   ᠵᠠᠷᠤᠳ᠂   ᠨᠠᠢᠮᠠᠨ  ᠵᠡᠷᠭᠡ  ᠨᠠᠢᠮᠠᠨ  ᠠᠶᠢᠮᠠᠭ ᠢᠶᠠᠷ  ᠵᠤᠤ ᠤᠳᠠ ᠶᠢᠨ ᠴᠢᠭᠤᠯᠭᠠᠨ ᠢ  ᠪᠦᠷᠢᠯᠳᠦᠭᠦᠵᠦ  ᠂  ᠵᠤᠤ ᠤᠳᠠ   ᠶᠢᠨ  ᠴᠤᠭᠯᠠᠭᠠᠨ ᠨᠢ 1956 ᠤᠨ ᠳᠤ   ᠳᠤ  ᠰᠢᠨ᠎ᠡ ᠪᠠᠷ ᠵᠤᠬᠢᠶᠠᠨ ᠪᠠᠶᠢᠭᠤᠯᠤᠭᠳᠠᠨ  ᠵᠤᠤ  ᠤᠳᠠ ᠠᠶᠢᠠᠮᠭ ᠭᠡᠬᠦ ᠪᠤᠯᠵᠤ 1983 ᠤᠨ ᠳᠤ  ᠪᠦᠬᠦᠳᠡ ᠨᠠᠶᠢᠷᠠᠮᠳᠠᠬᠤ  ᠲᠤᠮᠳᠠᠳᠤ ᠠᠷᠠᠳ ᠤᠯᠤᠰ ᠤᠨ   ᠤᠯᠤᠰ ᠤᠨ  ᠶᠠᠪᠤᠳᠠᠯ ᠤᠨ  ᠬᠤᠷᠢᠶ᠎ᠠ ᠠᠴᠠ  ︽ᠤᠯᠠᠭᠠᠨᠬᠠᠳᠠ ᠬᠤᠳᠠ  ︾  ᠭᠡᠵᠦ ᠦᠭᠡᠷᠴᠢᠯᠡᠵᠦ  ᠨᠡᠷᠡᠶᠢᠳᠦᠭᠰᠡᠨ ᠠᠴᠠ  ︽ ᠵᠤᠤ ᠤᠳᠠ︾  ᠭᠡᠬᠦ ᠦᠭᠡ  ᠬᠦᠮᠦᠰ ᠤᠨ  ᠰᠡᠳᠬᠢᠯ  ᠵᠢᠷᠦᠭᠡᠨ  ᠠᠴᠠ  ᠠᠶᠠᠨᠳᠠᠭᠠᠨ ᠬᠤᠯᠠᠳᠴᠦ ᠶᠠᠪᠤᠭᠰᠨ᠃ 2007 ᠤᠨ   ᠤ   ᠬᠠᠪᠤᠷ ᠤᠨ  ᠰᠠᠯᠬᠢᠨ ᠲᠠᠢ  ᠵᠤᠨ   ᠤ ᠡᠳᠦᠷ  ᠪᠢ  ᠬᠤᠳᠠ ᠤᠷᠤᠭᠠᠳ  ᠬᠢᠳᠡᠯ ᠠᠯᠳᠠᠬᠤ  ᠳᠠᠭᠠᠨ  ︽ᠵᠤᠤ ᠤᠳᠠ︾ ᠭᠡᠬᠦ ᠦᠭᠡ ᠶᠢᠨ  ᠡᠷᠢᠯ ᠳᠤ  ᠭᠠᠷᠤᠭᠰᠠᠨ  ᠂  ᠶᠠᠷᠢᠶᠠᠨ ᠦᠭᠡᠢ  ︽ᠵᠤᠤ ᠤᠳᠠ  ︾ ᠵᠠᠮ  ᠪᠠᠶᠢᠨ᠎ᠠ᠂  ᠵᠤᠤ ᠤᠳᠠ ᠶᠢᠨ  ᠤᠤᠬ᠎ᠠ ᠶᠢ ᠰᠤᠳᠤᠯᠤᠭᠰᠠᠨ   ᠢᠶᠠᠷ ᠡᠭᠦᠰᠦᠭᠰᠡᠨ ︽ᠵᠠᠭᠤᠨ ᠤᠳᠠ︾  ᠭᠡᠬᠦ ᠨᠡᠷ᠎ᠡ ᠲᠠᠢ ᠲᠡᠯᠭᠡᠭᠦᠷ ᠪᠠᠶᠢᠨ᠎ᠠ᠂ ﹇ᠵᠤᠤ ᠤᠳᠠ︾ ᠶᠢ ︽ᠵᠠᠭᠤᠨ ᠤᠳᠠ︾ ᠭᠡᠵᠦ ᠲᠠᠶᠢᠯᠪᠤᠷᠢᠯᠠᠬᠤ ᠳᠤ  ᠪᠢ ᠶᠡᠷᠦᠨᠢ ᠰᠡᠵᠢᠭ ᠲᠠᠢ ᠪᠠᠶᠢᠳᠠᠭ᠂  370 ᠵᠢᠯ ᠤᠨ  ᠡᠮᠦᠨᠡᠬᠢ ᠸᠠᠩ ᠬᠦᠩ ᠨᠠᠷ  ︽ᠤᠳᠠ︾ ᠲᠠᠷᠢᠵᠦ ᠲᠤᠷᠠᠰᠬᠠᠯ  ᠦᠯᠡᠳᠡᠭᠡᠬᠦ ᠷᠤᠮᠠᠨᠲ᠋ᠢᠭ ᠰᠡᠳᠬᠢᠯ ᠪᠠᠶᠢᠭᠰᠠᠨ ᠡᠰᠡᠬᠦ ᠳᠤ  ᠰᠡᠵᠢᠭ  ᠲᠦᠷᠦᠳᠡᠭ᠂  ᠬᠠᠷᠢᠨ  ︽ ᠵᠤᠤ ᠭᠠᠵᠠᠷ︾  ᠤᠨ  ᠭᠡᠰᠡᠨ ᠯᠡ ᠤᠤᠬ᠎ᠠ ᠲᠠᠢ ᠪᠠᠶᠢᠭ᠎ᠠ   ᠭᠡᠵᠦ ᠪᠤᠳᠤᠳᠠᠭ  ᠃ ᠭᠡᠳᠡᠯ᠎ᠡ  ︽ᠵᠠᠭᠤᠨ ᠤᠳᠠ︾ ᠲᠡᠯᠭᠡᠬᠦᠷ ᠲᠡᠭᠡᠨ ᠬᠤᠷᠢᠨ ᠵᠢᠯ ᠤᠨ  ᠲᠤᠷᠰᠢ ᠬᠠᠮᠤᠭ ᠤᠨ  ᠬᠠᠶᠢᠷ᠎ᠠ ᠰᠡᠳᠬᠢᠯ ᠲᠠᠢ  ᠠᠪᠴᠦ ᠪᠤᠯᠳᠠᠭ ᠶᠠᠭᠤᠮ᠎ᠠ ᠪᠠᠨ ᠲᠡᠨᠳᠡ ᠠᠴᠠ  ᠬᠤᠳᠠᠯᠳᠤᠨ ᠠᠪᠳᠠᠭ᠃   ᠬᠠᠮᠤᠭ ᠰᠡᠭᠦᠯ   ᠳᠤᠨᠢ  ︽ᠵᠤᠤ ᠤᠳᠠ︾ ᠬᠦᠭᠦᠷᠭᠡ ᠶᠢ ᠤᠯᠵᠤ ᠠᠪᠤᠯ᠎ᠠ᠂    ᠪᠤᠷᠵᠢᠨ ᠴᠢᠯᠠᠭᠤ ᠪᠠᠷ ᠪᠤᠰᠬᠠᠭᠰᠠᠨ ᠲᠡᠷᠡᠬᠦ  ᠬᠡᠷᠦᠭᠡ ᠶᠢ   ᠤᠳᠠᠳᠠᠯ᠎ᠠ ᠰᠢᠷᠳᠡᠨ  ᠵᠤᠭᠰᠤᠭᠰᠠᠨ  ᠃ ᠵᠤᠤ ᠤᠳᠠ ᠠᠶᠢᠮᠭ ᠤᠨ  ᠨᠡᠷ᠎ᠡ ᠶᠢ ᠦᠭᠡᠶᠢᠰᠡᠭᠰᠡᠨ ᠠᠴᠠ  ︽ ᠵᠤᠤ ᠤᠳᠠ︾ ᠪᠠᠷ ᠡᠬᠢᠯᠡᠭᠰᠡᠨ  ᠪᠠᠶᠢᠭᠤᠯᠤᠯᠭ᠎ᠠ ᠨᠢᠭᠡᠴᠨ ᠢᠶᠠᠷ ᠨᠡᠷ᠎ᠡ ᠴᠦ ᠠᠶᠠᠨᠳᠠᠭᠠᠨ  ︽ᠤᠯᠠᠭᠠᠨᠬᠠᠳᠠ  ︾ ᠪᠠᠷ ᠡᠬᠢᠯᠡᠵᠦ  ᠲᠠᠭᠠᠤᠳᠠᠭᠳᠠᠬᠤ  ᠪᠤᠯᠤᠭᠰᠠᠨ  ᠂ ᠡᠭᠦᠨ ᠳᠤ  ᠬᠠᠮᠤᠭ ᠤᠨ  ᠨᠡᠶᠢᠳᠡᠯᠢᠭ ᠵᠢᠰᠢᠶ᠎ᠡ ᠨᠢ  ︽ᠵᠤᠤ ᠤᠳᠠ ᠶᠢᠨ  ᠮᠤᠩᠭᠤᠯ  ᠦᠨᠳᠦᠰᠤᠳᠡᠨ ᠤ ᠪᠠᠭᠰᠢ  ᠶᠢᠨ  ᠰᠤᠷᠭᠠᠭᠤᠯᠢ  ︾ ᠪᠤᠯᠤᠨ᠎ᠠ᠂  ᠡᠨᠡᠬᠦ ᠨᠡᠷ᠎ᠡ ᠨᠢ 1995 ᠤᠨ ᠪᠤᠯᠬᠤ ᠳᠤ   ︽ᠤᠯᠠᠭᠠᠨᠬᠠᠳᠠ ᠶᠢᠨ  ᠦᠨᠳᠦᠰᠦᠳᠡᠨ ᠤ  ᠪᠠᠭᠰᠢ ᠶᠢᠨ  ᠰᠤᠷᠭᠠᠭᠤᠯᠢ  ︾ ᠭᠡᠵᠦ  ᠦᠭᠡᠷᠴᠢᠯᠡᠭᠳᠡᠵᠠᠢ᠃   ᠤᠳᠤᠬᠠᠨ ᠳᠤ  ︽ᠵᠤᠤ ᠤᠳᠠ  ︾ ᠪᠠᠷ ᠡᠬᠢᠯᠡᠭᠰᠡᠨ  ᠠᠯᠪᠠᠨ  ᠪᠠᠶᠢᠭᠤᠯᠤᠯᠭ᠎ᠠ ᠭᠡᠪᠡᠯ   ᠭᠡᠪᠡᠯ  ᠭᠠᠭᠴᠠᠬᠦ  ︽ᠵᠤᠤ ᠤᠳᠠ ᠶᠢᠨ   ᠤᠷᠴᠢᠭᠤᠯᠠᠯᠭ᠎ᠠ ᠶᠢᠨ  ᠬᠤᠷᠢᠶ᠎ᠠ︾   ᠪᠠᠶᠢᠨ᠎ᠠ  ᠂  ᠲᠠᠪᠤᠨ  ᠠᠵᠢᠯᠳᠠᠨ ᠲᠠᠢ   1991 ᠤᠨ ᠳᠤ  ᠲᠠᠩᠰᠠᠯᠠᠭᠤᠯᠵᠤ ᠪᠤᠰᠬᠠᠭᠰᠠᠨ  ᠠᠵᠢᠯ ᠦᠢᠯᠡᠰ ᠴᠢᠨᠠᠷᠳᠠᠢ ᠤᠷᠴᠢᠭᠤᠯᠭ᠎ᠠ ᠶᠢᠨ  ᠬᠤᠷᠢᠶ᠎ᠠ ᠪᠠᠶᠢᠳᠠᠭ᠃ ︽ ᠵᠤᠤ ᠤᠳᠠ  ︾ ᠭᠡᠬᠦ ᠨᠡᠷ᠎ᠡ  ᠨᠡᠶᠢᠭᠡᠮ ᠤᠨ  ᠴᠦᠭᠡᠨ ᠬᠡᠷᠡᠭᠯᠡᠳᠡᠬᠦ  ᠲᠤᠳᠤᠮ ᠲᠡᠭᠦᠨ ᠤ  ᠲᠡᠦᠭᠡᠳᠦ ᠪᠠᠶᠢᠷᠢ ᠰᠠᠭᠤᠷᠢ  ᠵᠢᠴᠢ ᠰᠤᠶᠤᠯ ᠤᠨ  ᠦᠨ᠎ᠡ  ᠦᠷᠳᠡᠭ ᠨᠢ  ᠤᠯᠠᠮ ᠬᠦᠨᠳᠦ ᠪᠤᠯᠳᠠᠭ ᠪᠠᠶᠢᠨ᠎ᠠ᠃   ᠡᠭᠦᠨ   ᠳᠤ  ᠠᠷᠤ ᠬᠤᠷᠴᠢᠨ   ᠤ ᠬᠠᠳᠠᠨᠪᠠᠭᠠᠳᠤᠷ   ᠨᠠᠷ ᠤᠨ  ᠵᠤᠬᠢᠶᠠᠨ ᠪᠠᠶᠢᠭᠤᠯᠵᠤ ᠲᠠᠩᠰᠠᠯᠠᠭᠤᠵᠤ ᠵᠦᠪᠰᠢᠶᠡᠷᠡᠭᠦᠯᠦᠭᠰᠨᠨ  ︽ᠵᠤᠤ ᠤᠳᠠ ᠶᠢᠨ  ᠮᠤᠩᠭᠤᠯ ᠤᠷᠠᠨ ᠵᠤᠬᠢᠶᠠᠯᠴᠢᠳ ᠤᠨ  ᠨᠡᠶᠢᠭᠡᠮᠯᠢᠭ  ︾   ᠨᠢ  ︽ᠵᠤᠤ ᠤᠳᠠ  ︾ ᠭᠡᠬᠦ ᠦᠭᠡ ᠶᠢ ᠰᠡᠷᠭᠦᠭᠡᠨ ᠬᠡᠷᠡᠭᠯᠡᠵᠦ  ᠬᠦᠮᠦᠰ ᠤᠨ  ᠰᠡᠳᠬᠢᠯ ᠳᠤ   ᠤᠷᠤᠨ ᠪᠠᠶᠢᠷᠢ ᠪᠠᠨ  ᠲᠤᠳᠤ  ᠂ ᠪᠠᠳᠤ  ᠤᠯᠵᠤ ᠴᠢᠳᠠᠵᠠᠢ  ᠃  ᠡᠭᠦᠨ ᠤ  ᠵᠡᠷᠭᠡᠪᠡᠷ ᠬᠤᠳᠠ ᠶᠢᠨ  ᠦᠨᠳᠦᠰᠤᠳᠡᠨ   ᠤ ᠬᠡᠷᠡᠭ ᠡᠷᠬᠢᠯᠡᠬᠦ  ᠵᠦᠪᠯᠡᠯ   ᠠᠴᠠ ᠰᠡᠷᠭᠦᠭᠡᠨ ᠬᠡᠪᠯᠡᠭᠰᠡᠨ  ︽ᠵᠤᠤ ᠤᠳᠠ︾ ᠭᠡᠬᠦ ᠰᠡᠳᠭᠦᠯ ᠨᠢ ᠴᠦ  ᠲᠡᠦᠭᠡ ᠰᠤᠶᠤᠯ ᠤᠨ  ᠬᠠᠳᠠᠭᠤ ᠭᠡᠷᠡᠴᠢ  ᠪᠤᠯᠵᠤ  ᠬᠡᠪᠯᠡᠭᠳᠡᠵᠦ ᠲᠠᠷᠬᠠᠭᠳᠠᠵᠤ ᠪᠠᠶᠢᠨ᠎ᠠ᠃  ᠶᠠᠷᠢᠶᠠᠨ ᠦᠭᠡᠢ  ︽ᠵᠤᠤ ᠤᠳᠠ︾   ᠶᠢᠨ  ᠲᠤᠳᠤᠣᠬᠠᠯ ᠲᠠᠢ  ᠠᠯᠪᠠᠨ ᠨᠢᠭᠡᠴᠨ ᠪᠤᠰᠤᠳ ᠪᠠᠰᠠ ᠪᠠᠶᠢᠬᠤ ᠨᠢ ᠯᠠᠪᠳᠠᠢ᠃  ᠮᠡᠳᠡᠭ᠊ ᠨᠦᠬᠦᠳ ᠨᠦᠬᠦᠵᠦ ᠦᠯᠡᠳᠡᠭᠡᠬᠦ ᠶᠢ ᠬᠦᠰᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号