ᠡᠬᠡ ᠬᠡᠯᠡ
ᠨᠡᠶᠢᠲᠡᠯᠡᠭᠰᠡᠨ ᠴᠠᠭ᠄
2020/12/30
                   ︵ᠬᠦᠳᠦᠯᠦᠬᠡ ᠨᠢᠬᠡ︶ ᠤᠶᠠᠩᠭᠠᠯᠠᠬᠤ ᠳᠤ ᠢᠷᠠᠭᠤ ᠡᠬᠡᠰᠢᠭ ᠬᠡᠯᠡ ᠤᠯᠠᠮᠵᠢᠯᠠᠬᠤ ᠳᠤ ᠴᠠᠶᠢᠯᠭᠠᠨ ᠴᠡᠪᠡᠷ ᠬᠡᠯᠡ ᠦᠢᠯᠠᠭᠠᠬᠤ ᠳᠤ ᠲᠦᠷᠬᠡᠨ ᠬᠤᠷᠴᠠ ᠬᠡᠯᠡ ᠤᠯᠵᠠᠷᠬᠠᠬᠤ ᠳᠤ ᠪᠠᠷᠳᠠᠮ ᠤᠤᠭᠠᠯ ᠬᠡᠯᠡ ᠰᠤᠨᠤᠰᠬᠤ ᠳᠤ ᠡᠬᠡᠯᠢᠳᠡᠢ ᠡᠬᠡ ᠬᠡᠯᠡ ᠰᠤᠨᠢᠷᠬᠠᠬᠤ ᠳᠤ ᠪᠠᠭ᠋ᠠᠳᠠᠢ ᠳᠤᠷᠭᠠᠨ ᠬᠡᠯᠡ ᠰᠤᠷᠬᠤ ᠳᠤ ᠠᠮᠠᠷᠬᠠᠨ ᠦᠨᠳᠦᠰᠦᠨ ᠬᠡᠯᠡ ᠰᠤᠳᠤᠯᠬᠤ ᠳᠤ ᠬᠦᠨ ᠠᠭᠤᠤ ᠬᠡᠯᠡ ᠠᠪᠢᠶ᠎ᠠ ᠪᠦᠷᠢᠨ ᠪᠠᠶᠠᠯᠢᠭ ᠬᠡᠯᠡ ᠠᠰᠤᠷᠤ ᠰᠠᠶᠢᠬᠠᠨ ᠰᠤᠳᠤᠨ ᠬᠡᠯᠡ ᠠᠰᠬᠠᠨ ᠨᠢᠷᠤᠭᠤ ᠲᠠᠢ ᠤᠷᠠᠨ ᠬᠡᠯᠡ ᠠᠩᠬᠢᠷ ᠰᠦ ᠲᠠᠢ ᠳᠠᠷᠬᠠᠨ ᠬᠡᠯᠡ ᠡᠷᠪᠡᠬᠡᠯᠵᠢ ᠳᠤᠯᠤᠭᠠᠢ ᠲᠠᠢ ᠲᠦᠷᠦᠯᠬᠢ ᠬᠡᠯᠡ ᠡᠪᠡᠷ ᠬᠡᠵᠢᠬᠡ ᠲᠠᠢ ᠠᠮᠠᠷᠠᠭ ᠬᠡᠯᠡ ᠡᠯᠢᠬᠡ ᠬᠡᠳᠡᠰᠤ ᠲᠠᠢ ᠠᠮᠢᠨ ᠬᠡᠯᠡ ᠡᠵᠢ ᠠᠪᠤ ᠰᠢᠭ᠋ ᠡᠷᠳᠡᠨᠢ ᠶᠢᠨ ᠬᠡᠯᠡ   ᠳᠡᠯᠡᠬᠡᠢ ᠳᠤ ᠠᠯᠳᠠᠷᠳᠠᠢ ᠳᠠᠩᠰᠤᠭ ᠬᠡᠯᠡ ᠳᠡᠤᠬᠡᠨ ᠳᠤ ᠮᠦᠷ ᠲᠠᠢ ᠪᠤᠯᠪᠠᠰᠤᠨ ᠬᠡᠯᠡ ᠳᠡᠭᠷᠢᠯᠢᠭ ᠵᠠᠶᠠᠭ᠎ᠠ ᠲᠠᠢ ᠠᠯᠳᠠᠨ ᠬᠡᠯᠡ ᠳᠡᠮᠪᠡᠷᠡᠯ ᠪᠡᠯᠬᠡ ᠲᠠᠢ ᠮᠦᠩᠬᠡ ᠬᠡᠯᠡ                     ᠤᠷᠠᠨ ᠬᠠᠷᠢᠶᠠᠴᠠᠢ ᠬᠠᠩᠪᠤᠨ ᠳᠤᠷᠭ᠎ᠠ ᠶᠢ ᠵᠦᠰᠦᠨ᠎ᠠ ᠬᠡᠳ ᠬᠠᠶᠢᠴᠢᠨ ᠰᠡᠬᠦᠯ ᠲᠠᠢ ᠳᠦᠷᠦᠭᠰᠡᠨ ᠶᠤᠮ ᠬᠠᠪᠤᠷ ᠬᠡᠤᠬᠡᠨ ᠢ ᠳᠠᠭᠠᠯᠠᠨ᠎ᠠ ᠬᠡᠳ ᠬᠠᠩᠰᠢ ᠶᠢᠨ ᠳᠠᠷᠠᠭᠠᠬᠠᠨ ᠢᠷᠡᠭᠰᠡᠨ ᠶᠤᠮ ᠬᠠᠳᠤᠨ ᠡᠬᠡ ᠰᠠᠭᠤᠨ᠎ᠠ ᠬᠡᠳ ᠬᠠᠨᠠᠨ ᠳᠤ ᠡᠬᠦᠷ ᠪᠠᠷᠢᠭᠰᠠᠨ ᠶᠤᠮ ᠬᠠᠯᠠᠭᠤᠨ ᠪᠦᠯᠢ ᠲᠠᠢ ᠶᠠᠪᠤᠨ᠎ᠠ ᠬᠡᠳ ᠬᠠᠶᠢᠷᠠᠳᠠᠢ ᠦᠷ᠎ᠠ ᠪᠠᠨ ᠦᠷᠡᠵᠢᠬᠦᠯᠦᠭᠰᠡᠨ ᠶᠤᠮ ᠡᠯᠢᠬᠡ ᠴᠠᠭᠠᠨ ᠵᠢᠰᠦᠮ ᠲᠠᠢ ᠪᠤᠯᠬᠤᠷ ᠡᠬᠡᠯᠢ ᠳᠤᠳᠤᠨᠤᠬᠠᠨ ᠰᠠᠨᠠᠭᠳᠠᠳᠠᠭ ᠶᠤᠮ ᠢᠷᠡᠭᠤ ᠴᠡᠬᠡᠯᠬᠡᠨ ᠡᠬᠡᠰᠢᠭ ᠲᠠᠢ ᠪᠤᠯᠬᠤᠷ ᠡᠬᠡ ᠤᠷᠤᠨ ᠢᠶᠠᠨ ᠬᠡᠵᠤ ᠳᠠᠭᠤᠯᠠᠳᠠᠭ ᠶᠤᠮ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号