—— ᠪᠠᠷᠳᠠᠮ ᠬᠠᠷ᠎ᠠ ᠴᠤᠤᠷᠠᠢ ᠲᠠᠪᠴᠠᠩ ᠡᠬᠢᠯᠡᠬᠦ ᠤᠨᠢᠭᠠᠨ ᠲᠡᠭᠡᠷ᠎ᠡ | ᠨᠢᠭᠡ ᠄ ᠡᠮᠦᠨᠡᠬᠢ ᠦᠭᠡ | ᠮᠤᠩᠭᠤᠯ ᠦᠭᠡᠨ ᠳᠤ ︽ᠤᠯᠪᠤᠭ ᠴᠤᠭᠤᠷᠳᠠᠯ᠎ᠠ ᠰᠠᠭᠤᠭᠰᠠᠨ ᠮᠡᠷᠭᠡᠨ ᠠᠴᠠ ᠂ ᠤᠯᠠᠨ ᠢ ᠲᠤᠭᠤᠷᠢᠭᠰᠠᠨ | ᠮᠤᠩᠬᠠᠭ ︾ ᠭᠡᠳᠡᠭ ᠮᠡᠷᠭᠡᠨ ᠦᠭᠡ ᠪᠠᠶᠢᠳᠠᠭ᠂ ᠪᠢ ᠦᠨᠡᠨ ᠲᠡᠭᠡᠨ ︽ᠤᠯᠪᠤᠭ ᠴᠤᠭᠤᠷᠳᠠᠯ᠎ᠠ ᠰᠠᠭᠤᠭᠰᠠᠨ | ᠮᠤᠩᠬᠠᠭ ︾ ᠤᠨ ᠨᠢᠭᠡᠨ ᠪᠢᠯᠡ ᠃ ᠭᠡᠳᠡᠯ᠎ᠡ ︽ ᠪᠠᠷᠳᠠᠮ ᠬᠠᠷ᠎ᠠ ᠸᠧᠢᠴᠠᠲ ᠲᠠᠪᠴᠠᠩ ︾ ᠤᠨ | ᠪᠦᠷᠢᠯᠳᠤᠨ ᠨᠡᠶᠢᠯᠡᠬᠦ ᠬᠤᠭᠤᠴᠠᠭᠠᠨ ᠳᠤ ᠤᠯᠠᠨ ᠤ ᠲᠤᠮᠳᠠ ᠰᠠᠨᠠᠮᠰᠠᠷ ᠦᠭᠡᠢ ᠪᠠᠷ ︽ ᠮᠤᠩᠭᠤᠯ ᠤᠷᠤᠨ ᠤ | ᠵᠠᠷᠢᠮ ᠠᠭᠤᠯᠠ ᠤᠰᠤᠨ ᠤ ᠨᠡᠷ᠎ᠡ ᠨᠢ ᠣᠣᠯ ᠳᠠᠭᠠᠨ ᠪᠠᠷᠳᠠᠮ ᠲᠤᠭᠰᠢᠨ ᠴᠢᠨᠠᠷᠳᠠᠢ ᠪᠠᠶᠢᠭᠰᠠᠨ ᠢᠶᠠᠨ ᠠᠭᠠᠵᠢᠮ | ᠢᠶᠠᠷ ᠤᠶᠠᠨ ᠵᠦᠭᠡᠯᠡᠨ ᠨᠠᠶᠢᠷᠰᠠᠭ ᠪᠤᠯᠵᠤ ᠬᠤᠪᠢᠷᠠᠭᠰᠠᠨ ︾ ᠭᠡᠵᠦ ᠶᠠᠷᠢᠭᠰᠠᠨ ᠮᠢᠨᠢ ᠨᠠᠷᠢᠨ ᠪᠢᠴᠢᠭ ᠤᠨ | ᠲᠠᠷᠤᠭ᠎ᠠ ᠬᠦᠪᠴᠢᠨ᠂ ᠨᠤᠳᠤᠭ ᠵᠡᠷᠭᠡ ᠵᠠᠯᠠᠭᠤ ᠡᠷᠳᠡᠮᠳᠡᠳ ᠲᠤ ᠶᠡᠭᠡᠳᠡ ᠲᠠᠭᠠᠯᠠᠭᠳᠠᠨ ᠨᠠᠳᠠᠳᠤ ᠲᠠᠷᠦᠶᠢᠬᠠᠨ | ᠵᠤᠬᠢᠶᠠᠯ ᠪᠢᠴᠢᠬᠦ ᠡᠭᠦᠷᠭᠡ ᠲᠤᠰᠢᠶᠠᠭᠰᠠᠨ ᠃ ᠲᠡᠷᠡ ᠬᠡᠳᠦᠶᠢᠪᠡᠷ ᠴᠢᠩᠭ᠎ᠠ ᠲᠠᠳᠠᠭᠠᠯᠵᠠᠭᠰᠠᠨ ᠴᠦ ᠬᠠᠰᠢᠯᠠ | ᠬᠦᠯᠢᠶᠡᠵᠤ ᠠᠪᠤᠭᠰᠠᠨ ᠂ ᠤᠴᠠᠷ ᠨᠢ ᠡᠨᠡᠬᠦ ᠬᠤᠯᠪᠤᠭᠠᠨ ᠳᠤ ᠪᠢ ᠬᠠᠮᠤᠭ ᠤᠨ ᠠᠬᠠᠮᠠᠳ ᠨᠢ ᠪᠤᠯᠤᠨ᠎ᠠ ᠃ | ᠡᠨᠡᠬᠦ ᠵᠦᠢᠯ ᠤᠨ ᠲᠤᠬᠠᠢ ᠵᠤᠬᠢᠶᠠᠯ ᠪᠢᠴᠢᠬᠦ ᠳᠤ ᠶᠡᠷᠦᠨᠢ ᠬᠦᠴᠢᠷᠳᠠᠢ ᠰᠠᠨᠠᠭᠳᠠᠵᠤ ᠶᠠᠮᠠᠷ ᠨᠢᠭᠡ ᠦᠭᠦᠯᠡᠯ ᠤᠨ | ᠬᠡᠮᠵᠢᠶ᠎ᠡ ᠪᠠᠷ ᠪᠢᠴᠢᠬᠦ ᠭᠡᠪᠡᠯ ᠬᠡᠳᠦᠨ ᠵᠢᠯ ᠤᠨ ᠬᠤᠭᠤᠴᠠᠭ᠎ᠠ ᠭᠡᠷᠡᠭᠰᠡᠵᠦ ᠾᠦᠩᠨᠤ ᠂ ᠰᠢᠶᠠᠨᠪᠢ ᠠᠴᠠ | ᠡᠬᠢᠯᠡᠵᠦ ᠮᠢᠩ᠂ ᠴᠢᠩ᠂ ᠮᠤᠩᠭᠤᠯ ᠦᠶ᠎ᠡ ᠶᠢᠨ ᠲᠡᠦᠭᠡᠨ ᠨᠤᠮ ᠢ ᠱᠦᠭᠦᠨ ᠤᠩᠰᠢᠬᠤ ᠴᠢᠬᠤᠯᠠᠳᠠᠢ | ᠮᠦᠷᠳᠡᠭᠡᠨ ᠦᠷᠭᠡᠨ ᠲᠡᠯᠭᠡᠷ ᠭᠠᠵᠠᠷ ᠵᠦᠢ ᠶᠢᠨ ᠮᠡᠳᠡᠯᠭᠡ ᠬᠡᠷᠡᠭᠰᠡᠨ᠎ᠡ᠃ ᠲᠤᠭᠳᠠᠬᠤ ᠪᠠᠭᠰᠢ ᠶᠢᠨ ︽ | ᠢᠰᠡᠭᠡᠢ ᠲᠤᠭᠤᠷᠭᠠᠳᠠᠨ ᠤ ᠲᠡᠦᠭᠡ ︾ ᠶᠢ ᠤᠷᠪᠠᠭᠤᠯᠤᠨ ᠭᠡᠳᠦᠨ ᠨᠡᠷ᠎ᠡ ᠤᠯᠤᠭᠰᠠᠨ ᠪᠤᠯᠪᠠᠴᠦ ᠤᠳᠤᠬᠠᠨ ᠤ | ᠬᠢᠨᠢ ᠨᠡᠷ᠎ᠡ ᠲᠠᠢ ᠬᠤᠯᠪᠤᠵᠤ ᠪᠠᠳᠤᠯᠠᠵᠤ ᠴᠢᠳᠠᠬᠤ ᠦᠭᠡᠢ ᠳᠡᠭᠡᠨ ᠴᠢᠭᠯᠡᠯ ᠢ ᠪᠠᠨ ᠤᠷᠬᠢᠵᠤ ᠯᠢᠶᠤᠤ ᠤᠯᠤᠰ ᠂ | ᠮᠢᠩ ᠤᠯᠤᠰ ᠤᠨ ᠲᠡᠦᠭᠡᠨ ᠳᠤ ᠰᠢᠷᠪᠢᠨ ᠤᠩᠰᠢᠯᠳᠡ ᠬᠢᠵᠤ ᠠᠵᠢᠯ ᠢᠶᠠᠨ ᠡᠬᠢᠯᠡᠭᠰᠡᠨ᠃ ᠬᠡᠳᠦᠭᠡᠨ ᠡᠳᠦᠷ | ᠤᠨ ᠴᠠᠭ ᠲᠤ ᠬᠡᠳᠦᠨ ᠵᠠᠭᠤᠨ ᠤ ᠲᠡᠦᠭᠡ ᠶᠢ ᠤᠩᠰᠢᠨ ᠪᠤᠯᠪᠠᠰᠤᠷᠠᠭᠤᠯᠵᠤ ᠴᠢᠳᠠᠬᠤ ᠭᠡᠳᠡᠭ ᠨᠢ ᠪᠠᠳᠤᠳᠠᠢ᠃ | ᠢᠨᠬᠢᠬᠦ ᠳᠤ ᠵᠤᠬᠢᠶᠠᠯ ᠪᠤᠯᠵᠤ ᠲᠡᠶᠢᠯᠬᠦ ᠦᠭᠡᠢ ᠂ ᠵᠦᠪᠭᠡᠨ ︽ᠵᠤᠬᠢᠶᠠᠯ ︾ ᠤᠨ ᠪᠠᠷᠢᠮᠵᠢᠶ᠎ᠠ ᠪᠠᠷ ᠤᠩᠰᠢᠬᠤ | ᠶᠢ ᠲᠠ ᠨᠠᠷ ᠲᠠᠭᠠᠨ ᠨᠠᠶᠢᠳᠠᠨ᠎ᠠ᠃ ᠮᠡᠳᠡᠯᠭᠡ ᠶᠢᠨ ᠴᠠᠷ᠎ᠠ ᠬᠦᠷᠢᠶᠡᠨ ᠳᠤ ᠪᠠᠷᠢᠭᠳᠠᠨ ᠤᠳᠤᠬᠠᠨ ᠤ ᠪᠠᠭᠠᠷᠢᠨ ᠤ | ᠬᠢᠵᠠᠭᠠᠷ ᠪᠠᠷ ᠭᠤᠤᠯ ᠪᠤᠯᠭᠠᠨ ᠮᠡᠳᠡᠳᠡᠭ ᠵᠦᠢᠯ ᠢᠶᠠᠷ ᠵᠢᠱᠢᠶ᠎ᠠ ᠲᠠᠳᠠᠵᠤ ᠶᠠᠷᠢᠬᠤ ᠪᠤᠯᠤᠨ᠎ᠠ᠂ ᠦᠵᠡᠬᠦ ᠮᠡᠷᠭᠡᠳ | ᠤᠩᠰᠢᠨ ᠪᠤᠯᠭᠤᠭᠠᠵᠤ ᠨᠡᠮᠡᠯᠳᠡ ᠵᠠᠰᠠᠯᠳᠠ ᠬᠢᠵᠤ ᠦᠭᠬᠦ ᠶᠢ ᠤᠷᠢᠳᠠᠪᠡᠷ ᠬᠦᠰᠡᠬᠦ ᠶᠢᠨ ᠬᠠᠮᠳᠤ ᠬᠤᠵᠢᠮ ᠠᠯᠢ | ᠨᠢᠭᠡᠨ ᠬᠡᠦᠭᠡᠳ ᠲᠡᠭᠦᠦ ᠡᠨᠡᠬᠦ ᠴᠢᠭᠯᠡᠯ ᠢᠶᠠᠷ ᠰᠤᠳᠤᠯᠵᠤ ᠴᠤᠬᠤᠮ ᠶᠤᠰᠤᠳᠠᠢ ᠦᠭᠦᠯᠡᠯ ᠪᠢᠴᠢᠬᠦ ᠶᠢ ᠨᠠᠶᠢᠳᠠᠵᠤ | ᠪᠠᠶᠢᠨ᠎ᠠ᠂ ᠮᠢᠨᠦ ᠬᠤᠪᠢᠨ ᠳᠤ ᠦᠪᠡᠷ ᠤᠨ ᠢᠶᠠᠨ ᠰᠡᠳᠤᠭ᠍ᠰᠡᠨ ᠲᠤᠷᠠᠳᠤᠭᠰᠠᠨ ᠪᠢᠴᠢᠭᠰᠡᠨᠵᠦ᠋ᠢᠯ ᠳᠤ ᠪᠠᠨ | ᠬᠠᠨᠤᠮᠵᠢ ᠦᠭᠡᠢ ᠠᠴᠠ ᠭᠠᠳᠠᠨ᠎ᠠ ᠶᠠᠮᠠᠷ ᠨᠢᠭᠡᠨ ᠬᠡᠪᠯᠡᠯ ᠤᠨ ᠡᠷᠭᠡ ᠂ ᠮᠡᠳᠡᠯᠭᠡ ᠶᠢᠨ ᠡᠷᠭᠡ ᠭᠡᠵᠦ ᠪᠠᠶᠢᠳᠠᠭ | ᠦᠭᠡᠢ ᠭᠡᠳᠡᠭ ᠢᠶᠠᠨ ᠢᠯᠡᠷᠡᠭᠡᠶᠢᠯᠡᠰᠦᠭᠡᠢ᠃ | ᠬᠤᠶᠠᠷ ᠄ ᠮᠤᠩᠭᠤᠯ ᠤᠷᠤᠨ ᠤ ᠪᠠᠷᠳᠠᠮ ᠲᠤᠭᠰᠢᠨ ᠨᠡᠷᠡᠰ ᠤᠨ ᠲᠤᠬᠠᠢ ᠲᠤᠶᠢᠮᠦ | ᠤᠳᠤᠬᠠᠨ ᠤ ᠮᠤᠩᠭᠤᠯ ᠤᠷᠤᠨ ᠳᠤ ︽ᠪᠠᠶᠠᠨ ︾ ᠂ ︽ᠰᠠᠶᠢᠬᠠᠨ ︾ ᠂ ︽ᠰᠠᠶᠢᠨ ︾ ︽ᠴᠠᠭᠠᠨ | ︾ ᠵᠡᠷᠭᠡ ᠪᠠᠷ ᠲᠤᠳᠤᠤᠬᠠᠯ ᠲᠤᠯᠤᠭᠠᠢ ᠪᠤᠯᠭᠠᠭᠰᠠᠨ ᠠᠭᠤᠯᠠᠨ ᠤᠰᠤᠨ ᠤ ᠨᠡᠷ᠎ᠡ ᠤᠯᠠᠰᠢᠷᠠᠵᠠᠢ ᠃ ᠲᠡᠭᠡᠬᠦ | ᠳᠤ ᠡᠳᠡᠭᠡᠷ ᠭᠠᠵᠠᠷ ᠤᠷᠤᠨ ᠤ ᠤᠤᠯ ᠨᠡᠷ᠎ᠡ ᠨᠢ ᠬᠠᠷᠢᠨ ᠪᠠᠷᠳᠠᠮ ᠲᠤᠭᠰᠢᠨ ᠴᠢᠨᠠᠷᠳᠠᠢ ᠨᠡᠷᠡᠰ ᠪᠠᠶᠢᠭᠰᠠᠨ᠃ | ᠡᠷᠳᠡᠨ ᠤ ᠰᠤᠷᠪᠤᠯᠵᠢ ᠪᠢᠴᠢᠭ ᠲᠤ ᠦᠯᠡᠳᠡᠭᠰᠡᠨ ᠪᠤᠶᠤ ᠤᠳᠤᠬᠠᠨ ᠳᠤ ᠦᠷᠭᠦᠯᠵᠢᠯᠡᠨ ᠭᠡᠷᠡᠭᠯᠡᠭᠳᠡᠵᠦ ᠪᠠᠶᠢᠭ᠎ᠠ | ᠵᠠᠷᠢᠮ ᠭᠠᠵᠠᠷ ᠤᠰᠤᠨ ᠤ ᠪᠠᠷᠳᠠᠮ ᠲᠤᠭᠰᠢᠨ ᠨᠡᠷ᠎ᠡ ᠨᠢ ᠶᠡᠭᠡ ᠲᠦᠯᠦᠪ ᠲᠤ ︽ᠲᠡᠭᠷᠢ ︾ ᠂ ︽ᠬᠠᠷ᠎ᠠ︾ | ᠂ ︽ ᠪᠠᠷᠳᠠᠮ︾ ︽ᠬᠠᠯᠵᠠᠨ︾ ᠂ ︽ᠶᠡᠭᠡ︾ ᠂ ︽ᠦᠨᠳᠤᠷ ︾ ︽ᠤᠯᠠᠭᠠᠨ︾ ︽ᠪᠤᠷᠤ︾ ᠂ ︽ | ᠬᠦᠢᠳᠡᠨ ︾ ᠂ ︽ᠬᠦᠨᠳᠡᠯᠡᠨ︾ ᠂ ︽ᠬᠦᠨ ︾᠂ ︽ᠪᠤᠬ᠎ᠠ︾ ᠂ ︽ᠪᠠᠷᠰ︾ ᠂ ︽ᠴᠢᠨ᠋ᠸ᠎ᠠ ︾ ︿ | ᠠᠳᠠᠷᠭ᠎ᠠ︾ ᠵᠡᠷᠭᠡ ᠨᠡᠷ᠎ᠡ᠂ ᠲᠡᠮᠳᠡᠭ ᠦᠭᠡ ᠪᠠᠷ ᠲᠤᠳᠤᠤᠬᠠᠯ ᠪᠤᠯᠭᠠᠨ᠎ᠠ᠃ ᠲᠤᠤᠷ᠎ᠠ ᠲᠤᠶᠢᠮᠦᠴᠢᠯᠠᠨ ᠶᠠᠷᠢᠶ᠎ᠠ ᠃ | | ︽ᠲᠡᠭᠷᠢ︾ ᠬᠡᠮᠡᠬᠦ ᠦᠭᠡ ᠶᠢ ᠮᠤᠩᠭᠤᠯ ᠦᠭᠡᠨ ᠤ ᠤᠷᠬᠢᠯ ᠭᠡᠬᠦ ᠳᠤ ᠮᠠᠷᠭᠤᠬᠤ ᠬᠦᠮᠦᠨ ᠴᠦᠭᠡᠨ ᠪᠠᠶᠢᠭ᠎ᠠ | ᠂ ᠠᠯᠳᠠᠢ ᠶᠢᠨ ᠰᠦᠷᠯᠢᠭ ᠠᠭᠤᠯᠠᠰ ᠲᠠᠢ ᠵᠡᠷᠭᠡᠴᠨᠨ ᠲᠤᠭᠳᠠᠨᠢᠭᠰᠠᠨ ᠲᠡᠭᠷᠢ ᠠᠭᠤᠯᠠ ᠲᠡᠯᠡᠬᠡᠢ ᠶᠢᠨ | ᠲᠤᠯᠤᠭᠠᠨ ᠶᠡᠭᠡ ᠠᠭᠤᠯᠠ ᠨᠢᠷᠤᠭᠤᠳ ᠤᠨ ᠨᠢᠭᠡᠨ ᠪᠤᠯᠵᠤ ᠲᠦᠷᠪᠡᠨ ᠤᠯᠤᠰ ᠤᠨ ᠬᠢᠯᠢ ᠶᠢ ᠬᠦᠨᠳᠡᠯᠢᠰᠤᠨ | ᠰᠤᠨᠳᠠᠯᠢᠰᠴᠦ ︽ ᠲᠡᠭᠷᠢ ᠠᠭᠤᠯᠠ︾ ᠬᠡᠮᠡᠬᠦ ᠨᠡᠷ᠎ᠡ ᠲᠡᠭᠡᠨ ᠶᠤᠰᠤᠳᠠᠢ ᠵᠤᠬᠢᠷᠠᠭᠰᠠᠨ ᠪᠠᠷᠳᠠᠮ ᠲᠡᠨᠢᠭᠡᠷ | ᠲᠤᠭᠰᠢᠨ ᠬᠦᠴᠦᠳᠤ ᠠᠭᠤᠯᠠ ᠪᠤᠯᠵᠠᠢ ᠂ ᠲᠡᠷᠡᠪᠡᠷ ᠲᠦᠷᠪᠡᠨ ᠤᠯᠤᠰ ᠤᠨ ᠬᠢᠯᠢ ᠶᠢ ᠬᠦᠨᠳᠡᠯᠢᠰᠤᠨ | ᠰᠤᠨᠳᠠᠯᠢᠰᠴᠦ᠂ ᠲᠡᠯᠡᠭᠡᠢ ᠶᠢᠨ ᠲᠤᠯᠤᠭᠠᠨ ᠶᠡᠭᠡ ᠠᠭᠤᠯᠠ ᠬᠠᠶᠢᠷᠬᠠᠨ ᠤ ᠨᠢᠭᠡᠨ ᠪᠤᠯᠵᠤ ᠰᠦᠨᠳᠡᠷᠡᠯᠡᠨᠡ᠂ | ᠮᠤᠩᠭᠤᠯ ᠬᠦᠮᠦᠨ ᠲᠡᠭᠦᠨ ᠢ ᠲᠡᠭᠷᠢ ᠠᠭᠤᠯᠠ ᠬᠡᠮᠡᠨ ᠨᠡᠷᠡᠯᠡᠭᠰᠡᠨ ᠨᠢ ᠶᠠᠮᠠᠷ ᠴᠦ ᠤᠰᠤᠯ ᠦᠭᠡᠢ ᠂ ᠤᠳᠤᠬᠠᠨ | ᠳᠤ ︽ᠲᠢᠶᠠᠨ ᠱᠠᠨ ︾ ᠭᠡᠵᠦ ᠲᠤᠭᠳᠠᠨᠢᠰᠴᠦ ᠪᠤᠢ ᠃ ︽ᠲᠡᠭᠷᠢ ᠡᠯᠡᠰᠦ ︾ ᠤᠳᠤᠬᠠᠨ ᠤ ᠠᠯᠠᠱᠠᠨ | ᠡᠯᠡᠰᠦᠨ ᠤ ᠨᠢᠭᠡ ᠭᠡᠰᠡᠭ ᠪᠤᠯᠵᠤ ᠦᠪᠦᠷ ᠮᠤᠩᠭᠤᠯ ᠤᠨ ᠪᠠᠷᠠᠭᠤᠨ ᠲᠠᠯ᠎ᠠ ᠳᠤ ᠨᠡᠯᠦᠶᠢᠨ ᠮᠤᠩᠭᠤᠯ ᠨᠤᠳᠤᠭ | ᠤᠨ ᠭᠠᠶᠢᠬᠠᠮᠰᠢᠭ ᠰᠦᠷ ᠢ ᠪᠠᠳᠠᠷᠠᠭᠤᠯᠵᠤ ᠂ ᠬᠦᠮᠦᠨ ᠪᠠᠶᠢᠭᠠᠯᠢ ᠶᠢᠨ ᠮᠠᠷᠭᠠᠰᠢ ᠶᠢᠨ ᠲᠡᠦᠭᠡ ᠶᠢ | ᠦᠨᠦᠳᠤᠷ ᠲᠡᠯᠭᠡᠵᠤ ᠲᠤᠯᠢᠳᠠᠨᠠ᠃ ᠲᠡᠭᠦᠨ ᠤ ᠤᠮᠠᠷ᠎ᠠ ᠨᠢ ︽ ᠤᠯᠠᠭᠠᠨᠪᠤᠬ᠎ᠠ ᠶᠢᠨ ᠡᠯᠡᠰᠦ ︾ ᠂ | ᠪᠠᠳᠠᠢ ᠶᠢᠨ ᠵᠢᠷᠡᠨ ᠤ ᠡᠯᠡᠰᠦ ᠲᠠᠢ ᠵᠠᠬ᠎ᠠ ᠨᠡᠶᠢᠯᠡᠵᠦ ᠪᠠᠷᠳᠠᠮ ᠲᠤᠭᠰᠢᠨ ᠮᠦᠷᠳᠡᠭᠡᠨ ᠠᠤᠭ᠎ᠠ ᠠᠭᠤᠳᠠᠮ ᠃ ︽ | ᠪᠤᠬ᠎ᠠ ︾ ᠨᠡᠷ᠎ᠡ ᠪᠠᠷ ᠲᠤᠭᠰᠢᠨ ᠪᠠᠷᠳᠠᠮ ᠭᠡᠴᠡᠭᠦᠦ ᠪᠠᠭᠠᠳᠤᠷ ᠤᠨ ᠢᠯᠡᠳᠭᠡᠭᠰᠡᠨ ᠨᠡᠷᠡᠰ ᠶᠤᠸᠠᠨ ᠤᠯᠤᠰ | ᠤᠨ ᠦᠶ᠎ᠡ ᠳᠤ ᠤᠯᠠᠨ ᠪᠠᠶᠢᠳᠠᠭ᠂ ᠲᠠᠷᠦᠢ ︽ ᠬᠤᠸᠠᠭᠴᠢᠨᠪᠤᠬᠠ︾ ᠂ ︽ ᠲᠡᠮᠦᠷᠪᠤᠬᠠ︾ ︽ᠶᠢᠰᠦᠨᠪᠤᠬ᠎ᠠ ︾ | ᠭᠡᠬᠦ ᠮᠡᠳᠦ ᠃ ᠤᠮᠠᠷᠠᠳᠤ ᠶᠤᠸᠠᠨ ᠤ ᠬᠠᠮᠤᠭ ᠡᠴᠦᠰ ᠤᠨ ᠨᠡᠶᠢᠰᠯᠡᠯ ᠴᠠᠭᠠᠨ ᠬᠤᠳᠠ ᠶᠢᠨ ᠡᠮᠦᠨ᠎ᠡ ᠡᠭᠦᠳᠡ | ᠨᠢ ᠪᠠᠰᠠ ᠨᠢᠭᠡᠨ ︽ ᠪᠤᠬ᠎ᠠ ᠬᠠᠳᠠ ︾ ᠶᠢ ᠢᠰᠭᠦᠯᠵᠦ ᠪᠠᠶᠢᠭᠤᠯᠵᠠᠢ᠃ ᠲᠡᠷᠡᠬᠦ ᠵᠢᠭᠠᠬᠠᠨ ᠬᠠᠳᠠ ᠶᠢ | ᠶᠠᠮᠠᠷ ᠨᠢᠭᠡᠨ ᠬᠦᠴᠦᠨ ᠲᠡᠯᠪᠡᠴᠡᠵᠦ ᠦᠩᠭᠡᠷᠡᠭᠰᠡᠨ ᠤᠷᠤ ᠮᠦᠷ ᠪᠠᠳᠤᠳᠠᠢ ᠃ ᠬᠤᠳᠠ ᠶᠢᠨ ᠠᠷᠦ ᠨᠢ ︽ | ᠠᠪᠠᠭ᠎ᠠ ᠬᠠᠷ᠎ᠠ ︾ ᠠᠭᠤᠯᠠ ᠂ ᠯᠢᠭᠳᠡᠨ ᠪᠤᠱᠤᠭᠳᠤ ᠬᠠᠭᠠᠨ ᠠᠳᠡ ᠠᠷᠠᠢ ᠬᠤᠶᠠᠷ ᠵᠢᠯ ᠨᠤᠳᠤᠭᠰᠢᠵᠠᠢ᠃ ᠲᠡᠷᠡ | ᠲᠤᠬᠠᠢ ︽ ᠬᠤᠤᠷᠳᠤ ᠮᠤᠭᠠᠢ ᠶᠢᠨ ᠭᠡᠯᠡᠨ ᠳᠤ ᠪᠤᠰᠬᠠᠭᠰᠠᠨ ᠮᠢᠨᠦ ᠰᠦᠮ᠎ᠡ ᠬᠡᠳᠦᠢ ᠲᠠᠭᠠᠶ᠎ᠠ᠂ ᠬᠤᠶᠠᠷ | ᠪᠤᠬ᠎ᠠ ᠶᠢᠨ ᠡᠪᠡᠷ ᠲᠤ ᠪᠠᠶᠢᠭᠤᠯᠤᠭᠰᠠᠨ ᠴᠢᠨᠦ ᠬᠤᠳᠠ ᠬᠡᠳᠦᠢ ᠲᠠᠭᠠᠶ᠎ᠠ ᠭᠡᠰᠡᠨ︾ ᠶᠠᠷᠢᠶ᠎ᠠ ᠪᠠᠶᠢᠳᠠᠭ᠃ | ᠪᠠᠷᠭᠤᠨᠰᠢᠯᠠᠪᠠᠯ ᠮᠤᠩᠭᠤᠯ ᠨᠡᠷᠡᠰ ᠦᠭᠡᠨ ᠳᠤ ︽ᠪᠤᠷᠦ ︾ ᠪᠠᠷ ᠪᠠᠶᠢᠭᠠᠯᠢ ᠶᠢᠨ ᠪᠡᠷᠭᠡ ᠪᠠᠷᠳᠠᠭ᠎ᠠ ᠶᠢ | ᠢᠯᠡᠷᠡᠭᠡᠶᠢᠯᠭᠰᠡᠨ ᠵᠢᠱᠢᠶ᠎ᠡ ᠨᠢ ︽ ᠪᠤᠷᠦ ᠲᠤᠬᠤᠢ ︾ ᠨᠡᠷ᠎ᠡ ᠪᠤᠢ᠂ ᠲᠤᠯᠤᠭᠠᠨ ᠭᠤᠤᠯ ᠤᠨ ᠰᠠᠪᠠ ᠭᠠᠵᠠᠷ | ᠢ ᠬᠤᠯᠪᠤᠭᠰᠠᠨ ᠡᠨᠡᠬᠦ ᠤᠷᠤᠨ ᠪᠤᠷᠤ ᠦᠩᠭᠡ ᠶᠢᠨ ᠦᠨᠢᠶᠡᠷ ᠲᠠᠳᠠᠵᠤ᠂ ᠪᠠᠷᠠᠭᠠᠨ ᠡᠭᠦᠯᠡ ᠲᠤᠭᠰᠢᠨ | ᠪᠤᠷᠤᠭᠠᠨ ᠬᠤᠷᠠᠭᠤᠯᠤᠭᠰᠠᠨ ᠡᠨᠡᠬᠦ ᠤᠷᠤᠨ ᠮᠤᠩᠭᠤᠯ ᠤᠨ ᠦᠨᠳᠦᠷᠯᠢᠭ ᠪᠠ ᠵᠦᠩ ᠶᠤᠸᠠᠨ ᠤᠷᠤᠨ ᠢ | ᠬᠤᠯᠪᠤᠨ᠎ᠠ᠃ ︽ᠪᠤᠷᠤ ᠲᠤᠬᠤᠢ ︾ ᠦᠨᠢᠶ᠋ᠷᠳᠤ ᠡᠷᠬᠢᠨ ᠳᠤ ᠮᠤᠳᠤᠨ ᠴᠠᠨ ᠢᠦᠢ ᠂ ᠬᠠᠨ ᠤ ᠬᠠᠭᠠᠨ ᠤ | ᠪᠠᠶᠢᠯᠳᠤᠭᠠᠨ ᠶᠢᠨ ᠦᠭᠦᠯᠡᠭᠳᠡᠨᠡ ᠃ ︽ᠴᠢᠦᠢ ᠪᠢᠩ ᠤᠨ ᠴᠡᠷᠢᠭ ᠴᠢ ᠯᠢᠶᠠᠨ ᠱᠠᠨ ᠳᠤ ᠬᠦᠷᠴᠦ ︾ | ︵ ︽ ᠬᠢᠳᠡᠳ ᠬᠡᠪᠯᠡᠯ ᠤᠨ ᠬᠤᠷᠢᠨ ᠲᠦᠷᠪᠡᠨ ᠲᠡᠦᠭᠡ᠂ ᠰᠤᠳᠤᠷ ᠲᠡᠮᠳᠡᠭᠯᠡᠯ ᠾᠦ᠋ᠸᠧ ᠴᠢᠦ ᠪᠢᠩ ᠤᠨ | ᠱᠠᠰᠢᠳᠢᠷ 2173 ᠨᠢᠭᠤᠷ ᠲᠤ ︾ ᠬᠤᠵᠢᠮ ᠤᠨ ᠡᠷᠳᠡᠮᠳᠡᠨ ᠶᠠᠨ ᠱᠢ ᠭᠦ᠋ ᠠᠪᠤᠭᠠᠢ ︽ ᠴᠢ ᠯᠢᠶᠠᠨ ᠱᠠᠨ | ᠠᠨᠤ ᠲᠡᠭᠷᠢ ᠠᠭᠤᠯᠠ ᠪᠤᠯᠠᠢ ᠂ ᠾᠦᠩᠨᠤ ᠦᠭᠡ ︾ ᠭᠡᠵᠦ ᠲᠠᠶᠢᠯᠠᠪᠤᠷᠢᠯᠠᠵᠠᠢ ᠃ ᠴᠢ ᠯᠢᠶᠠᠨ ᠱᠠᠨ | ᠠᠭᠤᠯᠠ ᠨᠢ ︽ᠲᠡᠭᠷᠢ︾ ᠬᠡᠮᠡᠬᠦ ᠠᠤᠭ᠎ᠠ ᠬᠦᠴᠦᠳᠦ ᠨᠡᠷ᠎ᠡ ᠲᠡᠭᠡᠨ ᠵᠤᠬᠢᠴᠠᠭᠰᠠᠨ ᠪᠠᠷᠳᠠᠭᠠᠳᠤ ᠰᠦᠷᠯᠢᠭ | ᠬᠠᠶᠢᠷᠬᠠᠨ ᠂ ᠪᠠᠷᠠᠭᠤᠨᠡᠴᠠ ᠬᠦᠬᠡᠨᠠᠭᠤᠷ ᠮᠤᠵᠢ ᠤᠨ ᠵᠡᠭᠦᠨ ᠲᠠᠯ᠎ᠠ ᠠᠴᠠ ᠡᠬᠢᠯᠡᠵᠦ ᠵᠡᠭᠦᠨᠰᠢ᠂ᠭᠠᠨᠰᠤ ᠮᠤᠵᠢ | ᠶᠢᠨ ᠪᠠᠷᠠᠭᠤᠨ ᠲᠠᠯ᠎ᠠ ᠶᠢ ᠬᠦᠨᠳᠡᠯᠢᠰᠤᠨ ᠮᠢᠩᠭᠠᠨ ᠢᠯᠡᠬᠦᠦ ᠺᠢᠯᠦᠮᠧᠲ᠋ᠡᠷ ᠰᠤᠨᠤᠯᠵᠠᠨ ᠰᠦᠨᠳᠡᠷᠡᠯᠡᠨᠡ᠃ | ᠲᠤᠮᠤ ᠰᠦᠷᠯᠢᠭ ᠠᠭᠤᠯᠠ ᠨᠢᠷᠤᠭᠤᠳ ᠶᠢᠨ ᠠᠳᠡ ᠬᠦᠷᠳᠡᠯ᠎ᠡ ᠶᠠᠷᠢᠭᠠᠳ ᠨᠤᠳᠤᠭ ᠵᠦᠭ ᠢᠶᠠᠨ ᠡᠷᠬᠢᠶᠡ᠂ | ᠬᠢᠩᠭᠠᠨ ᠤ ᠦᠨᠳᠤᠷ ᠨᠢᠷᠤᠭᠤᠳ ᠤᠨ ᠵᠤᠤ ᠤᠳᠠ ᠂ ᠵᠠᠷᠤᠳ ᠤᠨ ᠭᠡᠰᠡᠭ ᠢ ︽ ᠰᠦᠭᠡ ᠬᠠᠷᠠᠯᠢᠭ | ᠲᠠᠪᠠᠭ᠎ᠠ ︾ ᠭᠡᠵᠦ ᠲᠡᠭᠦᠨ ᠤ ᠤᠯᠠᠨ ᠭᠡᠰᠡᠭ ᠪᠤᠯᠬᠤ ᠠᠭᠤᠯᠠ ᠬᠠᠶᠢᠷᠬᠠᠳ ᠨᠢ ︽ᠬᠠᠷ᠎ᠠ︾᠂ ︽ᠤᠯᠠᠭᠠᠨ ︾ | ᠂ ︽ᠬᠠᠯᠵᠠᠨ ︾ ᠂ ︽ᠬᠦᠨᠳᠡᠯᠡᠨ ︾ ᠂ ︽ᠬᠦᠢᠳᠡᠨ ︾᠂ ︽ᠠᠳᠠᠷᠭ᠎ᠠ ︾ ᠵᠡᠷᠭᠡ ᠪᠠᠷ ᠲᠤᠭᠰᠢᠨ | ᠰᠦᠷᠯᠢᠭ ᠢ ᠨᠢ ᠢᠯᠡᠷᠭᠡᠶᠢᠯᠡᠵᠦ ᠪᠠᠶᠢᠳᠠᠭ᠃ | ᠤᠳᠤᠬᠠᠨ ᠪᠤᠯᠬᠤ ᠳᠤ ᠪᠠᠭᠠᠷᠢᠨ ᠪᠠᠷᠠᠭᠤᠨ ᠬᠤᠰᠢᠭᠤᠨ ᠤ ᠬᠠᠮᠤᠭ ᠤᠨ ᠲᠤᠮᠤ ᠬᠠᠶᠢᠷᠬᠠᠨ ᠤ ᠪᠤᠯᠬᠤ ︽ | ᠰᠠᠶᠢᠬᠠᠨ ᠬᠠᠨ ᠠᠭᠤᠯᠠ ︾ ᠨᠢ ᠵᠠᠷᠢᠮ ᠳᠠᠭᠠᠨ ᠪᠠᠰᠠ ︽ᠰᠠᠶᠢᠬᠠᠨ ᠠᠭᠤᠯᠠ︾ ᠪᠤᠯᠵᠤ ᠠᠬᠠᠮᠠᠳ ᠤᠨ | ᠮᠢᠨᠢ ᠠᠭᠤᠷ ᠤᠴᠠᠭᠠᠷ ᠢ ᠬᠦᠷᠭᠡᠵᠤ ᠪᠠᠶᠢᠭᠰᠠᠨ᠃ ᠡᠨᠡᠬᠦ ᠠᠭᠤᠯᠠ ᠨᠢ ︽ᠯᠢᠶᠤᠤ ᠤᠯᠤᠰ ᠤᠨ ᠪᠢᠴᠢᠭ | ᠤᠨ ᠲᠠᠪᠢᠨᠭᠤᠷᠪᠠᠳᠤᠭᠠᠷ ᠡᠪᠬᠡᠮᠡᠯ ︾ ᠲᠤ ︽ ᠬᠠᠷ᠎ᠠ ᠠᠭᠤᠯᠠ ︾ ᠭᠡᠮᠡᠨ ᠲᠡᠮᠳᠡᠭᠯᠡᠭᠳᠡᠵᠦ ᠪᠠᠶᠢᠨ᠎ᠠ᠃ | ᠲᠡᠮᠳᠡᠭᠡᠯᠡᠷᠦᠨ ᠄ ︽ ᠡᠪᠦᠯᠦᠨ ᠲᠤᠶᠢᠯᠦᠨ ᠡᠳᠦᠷ ᠂ ᠤᠯᠤᠰ ᠤᠨ ᠵᠢᠷᠦᠮ ᠢᠶᠠᠷ ᠴᠠᠭᠠᠨ ᠬᠤᠨᠢ᠂ | ᠴᠠᠭᠠᠨ ᠮᠤᠷᠢ ︵ᠤᠩᠭᠤᠨ ᠰᠠᠷᠠᠯ︶ ᠂ ᠴᠠᠭᠠᠨ ᠭᠠᠯᠠᠭᠤ ᠨᠢᠳᠦᠯᠡᠵᠦ᠂ ᠴᠢᠰᠦ ᠶᠢ ᠠᠨᠤ ᠠᠷᠢᠬᠢ ᠯᠤᠭ᠎ᠠ | ᠬᠤᠯᠢᠵᠤ ᠂ ᠲᠡᠭᠷᠢ ᠶᠢᠨ ᠬᠦᠪᠡᠭᠦᠨ ᠬᠠᠷ᠎ᠠ ᠠᠭᠤᠯᠠ ᠶᠢ ᠲᠠᠬᠢᠮᠦᠢ ᠂ ᠬᠠᠷ᠎ᠠ ᠠᠭᠤᠯᠠ ᠠᠨᠤ ᠬᠢᠯᠢ ᠶᠢᠨ | ᠤᠮᠠᠷ᠎ᠠ ᠵᠦᠭ ᠪᠠᠶᠢᠷᠢᠰᠢᠮᠦᠢ ᠂ ᠤᠯᠤᠰ ᠤᠨ ᠰᠦᠭ ᠰᠦᠨᠡᠰᠤ ᠪᠤᠯᠤᠮᠦᠢ ᠂ ᠲᠠᠬᠢᠯᠭ᠎ᠠ ᠶᠢᠨ ᠪᠠᠷᠢᠮᠵᠢᠶ᠎ᠠ | ᠠᠨᠤ ᠬᠢᠳᠠᠳ ᠤᠷᠤᠨ ᠤ ᠲᠠᠶᠢᠱᠠᠨ ᠠᠭᠤᠯᠠ ᠶᠢ ᠲᠠᠬᠢᠬᠤ ᠮᠡᠳᠦ᠂ ᠲᠠᠬᠢᠯᠭ᠎ᠠ ᠳᠤ ᠡᠰᠡ ᠤᠷᠤᠯᠴᠠᠭᠰᠠᠳ | ᠤᠶᠢᠷᠳᠤᠵᠤ ᠦᠯᠦ ᠪᠤᠯᠤᠮᠦᠢ ︾ ᠭᠡᠵᠠᠢ᠃ ᠲᠡᠭᠦᠨ ᠤ ᠡᠨᠡᠬᠦ ︽ ᠬᠠᠷ᠎ᠠ︾ ᠨᠢ ᠵᠦᠪᠭᠡᠨ ︽ᠬᠠᠷ᠎ᠠ | ᠦᠩᠭᠡ︾ ᠶᠢᠨ ︽ᠬᠠᠷ᠎ᠠ ︾ ᠪᠢᠰᠢ ᠬᠠᠷᠢᠨ ︽ ᠲᠦᠨᠡᠷ ᠬᠠᠷ᠎ᠠ ︾ ᠂ ︽ ᠬᠠᠷ᠎ᠠ ᠬᠦᠴᠦᠨ ︾ ᠶᠢᠨ | ︽ᠬᠠᠷ᠎ᠠ︾ ᠪᠤᠯᠬᠤ ᠪᠠᠶᠢᠭ᠎ᠠ ᠂ ᠤᠳᠤᠬᠠᠨ ᠳᠤ ᠡᠨᠡᠬᠦ ᠨᠢ ᠨᠢᠭᠡᠮᠦᠰᠤᠨ ᠭᠡᠷᠡᠭᠯᠡᠬᠦ ᠪᠠᠨ ᠪᠤᠯᠢᠵᠠᠢ᠃ | ᠤᠳᠤᠬᠠᠨ ᠤ ᠮᠠᠨ ᠤ ᠰᠡᠷᠭᠦᠭᠡᠨ ᠭᠡᠷᠡᠭᠯᠡᠵᠤ ᠪᠠᠶᠢᠭ᠎ᠠ ︽ᠪᠠᠷᠳᠠᠮ︾ ᠬᠠᠷ᠎ᠠ ᠠᠭᠤᠯᠠ ᠴᠦ ︽ᠬᠠᠷ᠎ᠠ ︾ | ᠪᠠᠶᠢᠵᠤ ᠂ ᠮᠠᠨ ᠤ ᠪᠠᠭ᠎ᠠ ᠶᠢᠨ ᠦᠶ᠎ᠡ ᠳᠤ ︽ᠪᠠᠷᠳᠠᠩ ᠬᠠᠷ᠎ᠠ︾ ᠭᠡᠵᠦ ᠴᠦ ᠲᠡᠮᠳᠡᠭᠯᠡᠵᠦ ᠪᠠᠶᠢᠭᠰᠠᠨ ᠂ | ᠶᠠᠭᠠᠬᠢᠭᠰᠨᠨ ᠪᠠᠷᠳᠠᠭᠤᠰᠢᠳᠠᠢ᠂ ᠲᠤᠭᠰᠢᠨ ᠰᠦᠷᠯᠢᠭ ᠨᠡᠷ᠎ᠡ ᠪᠠᠶᠢᠭᠰᠠᠨ ᠪᠤᠢ᠂ ᠤᠳᠤᠬᠠᠨ ᠳᠤ ︽ᠪᠠᠶᠠᠨ ᠬᠠᠨ | ︾ ᠠᠭᠤᠯᠠ ᠪᠤᠯᠵᠤ ᠂ ᠬᠠᠶᠠ ᠵᠠᠷᠢᠮ ᠬᠦᠮᠦᠰ ︽ᠪᠠᠶᠠᠨ ᠬᠠᠷ᠎ᠠ ᠠᠭᠤᠯᠠ ︾ ᠭᠡᠵᠦ ᠲᠠᠭᠤᠳᠠᠬᠤ ᠨᠢ ᠴᠦ | ᠪᠤᠢ ᠃ 1700 ᠤᠨ ᠳᠤ ᠡᠨᠡᠬᠦ ᠠᠭᠤᠯᠠᠨ ᠳᠤ ᠪᠠᠭᠠᠷᠢᠨ ᠤ ᠰᠡᠴᠡᠨ ᠲᠡᠭᠡᠳᠦ ᠬᠦᠷᠦᠨ ᠬᠦᠩᠵᠤ ᠶᠢ ᠲᠦᠷ | ᠤᠷᠤᠰᠢᠭᠤᠯᠬᠤ ᠳᠤ ᠤᠯᠠᠨ ᠠᠷᠪᠢᠨ ᠦᠯᠢᠭᠡᠷ ᠲᠤᠮᠤᠭ ᠦᠯᠡᠳᠡᠭᠳᠡᠵᠦ ᠲᠡᠭᠦᠨ ᠤ ᠭᠠᠶᠢᠬᠠᠮᠰᠢᠭ ᠢ | ᠲᠠᠭᠤᠷᠢᠰᠤᠭᠤᠯᠤᠭᠰᠠᠨ ᠂ ᠡᠭᠦᠨ ᠳᠤ ᠪᠠᠷᠰᠳᠤ ᠶᠢᠨ ᠠᠮᠠ ᠂ ᠴᠢᠨᠤᠸ᠋ᠳᠤ ᠶᠢᠨ ᠬᠦᠨᠳᠡᠢ ᠵᠡᠷᠭᠡ ᠭᠠᠵᠠᠷ ᠤᠨ | ᠨᠡᠷ᠎ᠡ ᠦᠯᠡᠳᠡᠵᠠᠢ᠃ ᠬᠤᠵᠢᠮ ᠨᠢ ᠲᠡᠭᠷᠢ ᠲᠡᠳᠬᠦᠭᠴᠢ ᠶᠢᠨ ᠤᠨ ᠳᠤ ᠲᠡᠭᠦᠨ ᠤ ᠤᠷᠬᠢᠯ ᠳᠤ ᠤᠪᠤᠭ᠎ᠠ | ᠪᠤᠰᠬᠠᠵᠦ ᠲᠠᠬᠢᠵᠠᠢ᠃ ᠬᠦᠭᠡᠨᠡᠭᠤᠷ ᠲᠦᠪᠡᠳ ᠤᠨ ᠦᠨᠳᠦᠷᠯᠢᠭ ᠤᠨ ᠵᠡᠭᠦᠨ ᠬᠢᠵᠠᠭᠠᠷ ᠢ ᠮᠠᠨᠠᠭᠰᠠᠨ ︽ | ᠪᠠᠶ᠋ᠨᠨᠬᠠᠠᠷᠠ ︾ ᠠᠭᠤᠯᠠ ᠶᠢᠨ ᠭᠤᠤᠯ ᠤᠷᠬᠢᠯ ᠨᠢ ᠲᠠᠯᠠᠢ ᠶᠢᠨ ᠲᠦᠪᠰᠢᠨ ᠠᠴᠠ 5369 ᠮᠧᠲ᠋ᠧᠷ ᠡᠷᠭᠦᠭᠳᠡᠵᠦ | ᠬᠠᠳᠤᠨ ᠭᠤᠤᠯ ᠤᠨ ᠡᠬᠢ ᠪᠤᠯᠤᠭᠰᠠᠭᠠᠷ᠂ ᠲᠡᠷᠡᠪᠡᠷ ᠲᠠᠷᠦᠢ ᠺᠦᠨ ᠯᠦᠨ ᠠᠭᠤᠯᠠ ᠰᠠᠯᠪᠤᠷᠢ ᠬᠠᠶᠢᠷᠬᠠᠨ | ᠪᠤᠯᠬᠤ ᠶᠤᠮ ᠭᠡᠨ᠎ᠡ᠃ ᠴᠠᠰᠤ ᠮᠦᠰᠦᠨ ᠳᠤ ᠬᠤᠴᠢᠭᠳᠠᠭᠰᠠᠨ ︽ᠺᠦᠨ ᠯᠦᠨ︾ ᠠᠭᠤᠯᠠ ᠶᠢᠨ ︽ ᠺᠦᠨ | ᠯᠦᠨ ︾ ᠪᠤᠯᠪᠠᠯ ᠮᠤᠩᠭᠤᠯ ᠦᠭᠡ ︽ᠬᠦᠨᠳᠡᠯᠡᠨ ︵ᠺᠦᠨᠳᠡᠯᠡᠨ︶ ︾ ᠤ ᠠᠪᠢᠶᠠᠨ ᠤ ᠬᠤᠪᠢᠷᠠᠯ ᠭᠡᠵᠦ | ᠡᠷᠳᠡᠮᠳᠡᠳ ᠶᠠᠷᠢᠳᠠᠭ ᠨᠢ ᠤᠷᠤ ᠦᠭᠡᠢ ᠦᠭᠡ ᠪᠢᠰᠢ᠃1717 ᠤᠨ ᠤ ᠡᠬᠢ ᠪᠠᠷ ᠶᠡᠭᠡ ᠴᠠᠷᠢᠩᠳᠤᠨᠳᠤᠪ | 6000 ᠮᠢᠩᠭᠠᠨ ᠤᠷᠢᠶᠠᠩᠬᠠᠢ ᠡᠷᠡᠰ ᠪᠠᠷ ᠭᠤᠤᠯᠯᠠᠭᠰᠠᠨ ᠴᠡᠷᠢᠭ ᠢᠶᠠᠨ ᠠᠵᠢᠷᠭ᠎ᠠ ᠤᠨᠤᠭᠤᠯᠵᠤ ︽ᠬᠦᠮᠦᠨ | ᠠᠮᠢᠳᠠᠨ ᠦᠭᠡᠢ ᠺᠦᠨ ᠯᠦᠨ ᠤ ᠴᠠᠰᠤᠳᠤ ᠠᠭᠤᠯᠠ ᠶᠢ ᠲᠠᠪᠠᠵᠠᠢ ︾ ︵ ︽ ᠲᠠᠶᠢᠴᠢᠩ ᠤᠯᠤᠰ ᠤᠨ | ᠦᠶ᠎ᠡ ᠶᠢᠨ ᠮᠤᠩᠭᠤᠯ ᠤᠨ ᠲᠡᠦᠭᠡ ︾ ︶ ᠃ ᠲᠤᠰ ᠤᠳᠠᠭᠠᠨ ᠤ ᠲᠠᠶᠢᠨ ᠳᠤ ᠶᠡᠭᠡ ᠴᠠᠷᠢᠩᠳᠤᠳᠤᠪ | ᠴᠡᠷᠢᠭ ᠲᠠᠶᠢᠨ ᠤ ᠠᠵᠢᠯᠯᠯᠭᠠ᠂ ᠤᠯᠤᠰ ᠲᠦᠷᠦ ᠶᠢᠨ ᠤᠪ ᠮᠡᠭᠡ᠂ ᠱᠠᠰᠢᠨ ᠤ ᠤᠬᠠᠭᠠᠨ ᠵᠡᠷᠭᠡ ᠶᠢ ᠤᠷᠭᠠᠨᠢᠭ | ᠢᠶᠠᠷ ᠬᠡᠷᠡᠭᠯᠡᠵᠦ ᠲᠦᠪᠡᠳ ᠤᠷᠤᠨ ᠢ ᠡᠵᠡᠯᠡᠵᠦ ᠪᠠᠶᠢᠭᠰᠠᠨ ᠬᠤᠱᠤᠳ ᠠᠶᠢᠮᠠᠭ ᠢ ᠶᠡᠭᠡᠳᠡ ᠢᠯᠠᠭᠰᠠᠨ | ᠮᠦᠷᠳᠡᠭᠡᠨ ᠲᠡᠭᠦᠨ ᠢ ︽ᠲᠤᠰᠠᠯᠠᠷ᠎ᠠ ᠢᠷᠡᠭᠰᠡᠨ ︾ ᠴᠢᠩ ᠤᠯᠤᠰ ᠤᠨ ᠴᠡᠷᠢᠭ ᠢ ︽ᠬᠠᠷ᠎ᠠ ᠤᠰᠤᠨ︾ | ᠬᠡᠮᠡᠬᠦ ᠭᠠᠵᠠᠷ ᠬᠠᠷᠠᠰᠠᠯᠳᠠᠢ ᠬᠢᠳᠤᠵᠠᠢ᠃ ᠮᠤᠩᠭᠤᠯ ᠤᠷᠤᠨ ᠳᠤ ︽ᠬᠦᠨᠳᠡᠯᠡᠨ︾ ᠬᠡᠮᠡᠬᠦ ᠤᠷᠤᠨ ᠶᠡᠭᠡ ᠯᠡ | ᠤᠯᠠᠨ ᠪᠠᠶᠢᠭᠰᠠᠨ᠃ ᠪᠠᠷᠠᠭᠤᠨ ᠠᠴᠠ ᠤᠳᠤᠬᠠᠨ ᠤ ︽ᠺᠦᠨ ᠯᠦᠨ ︾ ᠠᠭᠤᠯᠠ ᠪᠤᠯᠤᠭᠰᠠᠨ ︽ | ᠬᠦᠨᠳᠡᠯᠡᠨ ᠠᠭᠤᠯᠠ ︾ ᠪᠤᠭᠤᠳᠤ ᠬᠤᠳᠠ ᠶᠢᠨ ︽ ᠬᠦᠨᠳᠡᠯᠡᠨ ᠲᠤᠭᠤᠷᠢᠭ︾ ᠂ ᠯᠢᠨᠰᠢ ᠰᠢᠶᠠᠨ ᠤ ᠬᠠᠷᠢᠶᠠᠨ | ᠳᠤ ᠪᠠᠶᠢᠭ᠎ᠠ ︽ᠪᠠᠶᠠᠨ ᠬᠦᠨᠳᠡᠯᠡᠨ︾ ᠨᠡᠷᠡᠳᠦ ᠠᠭᠤᠯᠠ ᠂ ᠲᠤᠰ ᠠᠭᠤᠯᠠᠨ ᠳᠤ ᠪᠠᠭᠠᠷᠢᠨ ᠤ ᠰᠡᠴᠡᠨ | ᠲᠡᠭᠡᠳᠦ ᠬᠦᠷᠦᠨ ᠬᠦᠩᠵᠦ ᠶᠢ ᠦᠨᠢᠳᠡ ᠤᠷᠤᠰᠢᠭᠤᠯᠤᠭᠰᠠᠨ ᠠᠴᠠ ᠲᠤᠮᠳᠠᠳᠤ ᠤᠯᠤᠰ ᠤᠨ ᠲᠡᠦᠭᠡᠨ ᠳᠤ | ᠪᠠᠶᠢᠷᠢ ᠰᠠᠭᠤᠷᠢᠳᠠᠢ᠃ ᠡᠮᠦᠨ᠎ᠡ ᠪᠤᠰᠤᠳ ᠤᠨ ᠶᠡᠷᠢᠬᠤ ᠶᠢ ᠰᠤᠨᠤᠰᠬᠤ ᠳᠤ ︽ᠪᠠᠶᠠᠨ ᠬᠦᠨᠳᠡᠯᠡᠨ ᠠᠭᠤᠯᠠ | ︾ ᠤᠤᠯ ᠤᠨ ᠨᠡᠷ᠎ᠡ ᠨᠢ ︽ᠭᠡᠳᠡᠷ ᠬᠦᠨᠳᠡᠯᠡᠨ ᠬᠠᠷ᠎ᠠ ︾ ᠠᠭᠤᠯᠠ ︵ ᠲᠤᠰ ᠶᠠᠷᠢᠶ᠎ᠠ ᠨᠢ ᠲᠡᠦᠭᠡᠨ | ᠰᠤᠷᠪᠤᠯᠵᠢ ᠪᠢᠴᠢᠭ ᠤᠨ ᠦᠨᠳᠤᠰᠤ ᠪᠠᠷᠢᠮᠳᠠ ᠤᠯᠳᠠᠭ᠎ᠠ ᠦᠭᠡᠢ᠃ ᠪᠤᠶᠠᠨᠴᠤᠭᠯᠠᠨ ᠪᠠᠭᠰᠢ ᠶᠢᠨ ᠪᠠᠭᠠᠷᠢᠨ ᠤ | ᠨᠤᠳᠤᠭ ᠤᠰᠤᠨ ᠤ ᠲᠡᠮᠳᠡᠭᠡᠯᠡᠯ ᠲᠠᠢ ᠠᠷᠠᠢ ᠵᠢᠭᠠᠬᠠᠨ ᠵᠦᠷᠢᠶ᠎ᠡ ᠲᠠᠢ ︶ ᠪᠠᠶᠢᠵᠠᠢ ᠂ ᠬᠠᠭᠠᠨ ᠤ ᠬᠦᠩᠵᠤ ᠶᠢ | ᠤᠷᠤᠰᠢᠭᠤᠯᠬᠤ ᠪᠤᠯᠬᠤ ᠳᠤ ᠲᠡᠭᠦᠨ ᠢ ︽ᠪᠠᠶᠠᠨ ᠬᠦᠨᠳᠡᠯᠡᠨ ᠠᠭᠤᠯᠠ ︾ ᠭᠡᠵᠦ ᠬᠠᠯᠠᠯ᠎ᠠ ᠭᠡᠳᠡᠭ ᠃ ᠰᠦᠷᠯᠢᠭ | ᠪᠠᠷᠳᠠᠭᠠᠳᠤ ᠡᠨᠡᠬᠦ ᠠᠭᠤᠯᠠᠨ ᠳᠤ ᠲᠤᠬᠠᠢ ᠶᠢᠨ ᠦᠶ᠎ᠡ ᠳᠤ ᠪᠠᠷᠰ ᠢᠷᠪᠢᠰ ᠡᠭᠦᠷᠯᠡᠵᠦ ᠪᠠᠶᠢᠭᠰᠠᠨ ᠲᠤᠬᠠᠢ | ᠲᠡᠮᠳᠡᠭᠯᠡᠯ ᠢ ᠤᠩᠰᠢᠵᠤ ᠪᠠᠶᠢᠭᠰᠠᠨ ᠢᠶᠠᠨ ᠠᠳᠡ ᠪᠤᠳᠠᠳᠠᠢ ᠪᠠᠷᠢᠮᠳᠠ ᠬᠠᠩᠭᠠᠵᠤ ᠴᠢᠳᠠᠬᠤ ᠦᠭᠡᠢ᠃ ᠵᠦᠪᠭᠡᠨ | ᠡᠩᠭᠡ ᠠᠮᠦᠭᠤᠯᠠᠩ ᠤᠨ ᠬᠦᠪᠡᠭᠦᠨ ᠶᠦᠨ ᠲᠢ ᠪᠠᠷᠰ ᠨᠠᠮᠨᠠᠭᠰᠠᠨ᠂ ᠬᠠᠭᠠᠨ ᠤ ᠬᠦᠪᠡᠭᠦᠨ ᠪᠤᠯᠬᠤᠷ ᠪᠡᠷᠰ ᠢ | ᠨᠢᠭᠤᠵᠤ ᠲᠠᠯᠳᠠᠯᠠᠵᠤ ᠨᠠᠮᠨᠠᠬᠤ ᠪᠠᠶᠢᠳᠤᠭᠠᠢ ᠬᠠᠵᠠᠭᠤ ᠠᠴᠠ ᠨᠢ ᠴᠦ ᠬᠠᠷᠪᠤᠬᠤ ᠦᠭᠡᠢ ᠬᠠᠷᠢᠨ ᠲᠡᠭᠦᠯᠢᠨ | ᠪᠤᠰᠴᠦ ᠠᠷᠬᠢᠷᠠᠨ ᠲᠠᠭᠠᠷᠢᠬᠤ ᠪᠠᠷᠰ ᠤᠨ ᠠᠰ ᠡᠮᠦᠨ᠎ᠡ ᠠᠴᠠ ᠨᠢ ᠬᠠᠷᠪᠤᠳᠠᠭ ᠭᠡᠨ᠎ᠡ᠃ ︵ ︽ᠡᠩᠭᠡ | ᠠᠮᠤᠭᠤᠯᠠᠩ ᠤᠨ ᠦᠨᠡᠨ ᠲᠡᠮᠳᠡᠭᠯᠡᠯ ︾ ᠠᠴᠠ ᠤᠩᠰᠢᠭᠰᠠᠨ ᠰᠢᠦᠬᠠᠨ︶ ᠃ ᠤᠳᠤᠬᠠᠨ ᠤ ᠠᠷᠤ ᠬᠤᠷᠴᠢᠨ ᠤ | ᠬᠠᠷᠢᠶᠠᠨ ᠳᠤ ᠪᠠᠶᠢᠭ᠎ᠠ ︽ ᠬᠦᠨᠳᠡᠯᠡᠨ ︾ ᠨᠡᠷᠡᠳᠤ ᠤᠷᠤᠨ ᠳᠤ ᠮᠤᠩᠭᠤᠯ ᠬᠦᠮᠦᠨ ᠨᠡᠭᠦᠳᠡᠯ ᠮᠠᠯᠵᠢᠯ ᠰᠤᠶᠤᠯ | ᠢ ᠪᠠᠨ ᠬᠠᠳᠠᠭᠠᠯᠠᠭᠰᠠᠭᠠᠷ ᠢᠷᠡᠭᠰᠡᠨ ᠪᠦᠭᠡᠳ ᠡᠮᠦᠨᠡᠭᠡᠨ ᠤᠷᠤᠨ ᠤ ᠲᠡᠷᠢᠭᠦᠯᠡᠭᠴᠢ ᠪᠦ᠋ ᠰᠢᠶᠤᠤ ᠯᠢᠨ ᠠᠴᠠ | ︽ ᠠᠷᠦ ᠬᠤᠷᠴᠢᠨ ᠤ ᠨᠡᠭᠦᠳᠡᠯ ᠮᠠᠯᠵᠢᠯ ᠢ ᠢ ᠲᠡᠯᠡᠭᠡᠢ ᠶᠢᠨ ᠦᠪ ᠪᠤᠯᠭᠠᠨ᠎ᠠ ︾ ᠭᠡᠰᠡᠨ ᠨᠢ ᠬᠦᠮᠦᠰ | ᠤᠨ ᠰᠡᠳᠬᠢᠯ ᠳᠤ ᠶᠡᠭᠡᠳᠡ ᠲᠠᠭᠠᠯᠠᠭᠳᠠᠭᠰᠠᠨ ᠃ ᠢᠩᠬᠦᠯᠡᠷ ︽ᠬᠦᠨᠳᠡᠯᠡᠨ ︾ ᠬᠡᠮᠡᠬᠦ ᠦᠭᠡ ᠨᠢ ᠶᠡᠷᠦᠨᠢ | ᠵᠡᠭᠦᠨ ᠪᠠᠷᠠᠭᠤᠨᠰᠢ ︽ᠬᠦᠨᠳᠡᠯᠢᠰᠦᠭᠰᠡᠨ ︾ ᠪᠢᠰᠢ ᠬᠠᠷᠢᠨ ᠲᠡᠷᠡᠬᠦ ᠤᠷᠤᠨ ᠤ ᠪᠠᠶᠢᠭᠠᠯᠢ ᠶᠢᠨ ᠪᠠᠷᠳᠠᠭ᠎ᠠ ᠵᠢᠴᠢ | ᠠᠭᠤᠷ ᠠᠮᠢᠰᠬᠤᠯ ᠨᠢ ︽ᠬᠦᠨᠳᠡᠯᠡᠨ ᠡᠷᠬᠢᠬᠦ ︾ ᠂ ︽ᠬᠦᠨᠳᠡᠯᠡᠨ ᠭᠤᠤᠯᠳᠤ ᠠᠭᠠᠰᠢᠯᠠᠬᠤ ︾ ᠶᠢᠨ ︽ | ᠬᠦᠨᠳᠡᠯᠡᠨ ︾ ᠪᠠᠶᠢᠬᠤ ᠨᠢ ᠢᠯᠡᠷᠭᠡᠢ ᠂ ᠡᠨᠡᠬᠦ ᠲᠤᠭᠰᠢᠨ ᠠᠭᠤᠷ ᠠᠮᠢᠰᠬᠤᠯ ᠪᠠᠷᠳᠠᠭᠠᠳᠤ ᠤᠷᠤᠨ ᠳᠤ | ᠤᠤᠭᠠᠯ ᠮᠠᠯᠵᠢᠯ ᠰᠤᠶᠤᠯ ᠠᠴᠠ ᠤᠨᠳᠤᠤ ᠲᠦᠷᠦᠯ ᠤᠨ ᠠᠵᠤ ᠠᠬᠤᠢ ᠰᠤᠶᠤᠯ ᠵᠤᠬᠢᠴᠠᠵᠤ ᠴᠢᠳᠠᠬᠤ ᠦᠭᠡᠢ | ᠶᠤᠮ ᠪᠠᠶᠢᠨ᠎ᠠ᠃ ᠵᠠᠷᠤᠳ ᠤᠨ ᠬᠢᠵᠠᠭᠠᠷ ᠲᠤ ︽ᠬᠦᠨᠳᠡᠯᠡᠨ︾ ᠪᠤᠢ ᠂ ᠬᠢᠩᠭᠠᠨ ᠠᠶᠢᠮᠠᠭ ᠤᠨ ᠬᠢᠵᠠᠭᠠᠷ | ᠲᠤ ︽ᠬᠦᠨᠳᠡᠯᠡᠨ ︾ ᠪᠤᠢ ᠃ ᠮᠤᠩᠭᠤᠯ ᠤᠷᠤᠨ ᠤ ᠠᠭᠤᠯᠠ ᠤᠰᠤ ᠨᠢ ︽ᠬᠦᠨᠳᠡᠯᠡᠨ ︾ ᠢᠶᠠᠷ ᠲᠡᠭᠦᠨ ᠤ | ᠪᠡᠷᠭᠡ ᠪᠠᠷᠳᠠᠭ᠎ᠠ ᠢ ᠢᠯᠡᠷᠭᠡᠶᠢᠯᠡᠬᠦ ᠶᠢᠨ ᠬᠠᠮᠳᠤ ︽ ᠦᠨᠳᠤᠷ︾᠂ ︽ ᠶᠡᠭᠡ ︾ ᠪᠠᠷ ᠪᠠᠰᠠ ᠶᠢᠨ | ᠢᠯᠡᠳᠭᠡᠵᠤ ᠪᠠᠶᠢᠵᠤ᠂ ᠲᠤᠰ ᠲᠤᠳᠤᠤᠬᠠᠯ ᠨᠢ ᠬᠡᠳᠦᠷᠭᠡᠢ ᠲᠤᠭᠰᠢᠨ ᠰᠦᠷᠭᠡᠢ ᠪᠢᠰᠢ ᠪᠤᠯᠬᠤ ᠪᠠᠷ ᠬᠠᠯᠠᠭᠳᠠᠭᠰᠠᠨ | ᠦᠭᠡᠢ ᠤᠳᠤᠬᠠᠨ ᠪᠤᠯᠳᠠᠯ᠎ᠠ ᠭᠡᠷᠡᠭᠯᠡᠭᠳᠡᠭᠰᠡᠭᠡᠷ ᠃ ᠡᠭᠦᠨ ᠤ ᠲᠤᠬᠠᠢ ᠵᠢᠱᠢᠶᠡᠯᠡᠪᠡᠯ ︽ ᠶᠡᠭᠡ ᠬᠠᠯᠵᠠᠨ︾ | ᠨᠡᠷᠡᠳᠤ ᠠᠭᠤᠯᠠ᠂ ︽ᠦᠨᠳᠤᠷ ᠤᠯᠠᠭᠠᠨ ︾ ᠨᠡᠷᠡᠳᠤ ᠠᠭᠤᠯᠠ ᠵᠡᠷᠭᠡ ᠪᠤᠢ᠃ ᠤᠳᠤᠬᠠᠨ ᠤ ᠭᠡᠰᠢᠭᠳᠡᠨ᠂ | ᠯᠢᠨᠰᠢ ᠶᠢᠨ ᠵᠠᠭᠠᠭ ᠲᠤ ᠤᠷᠤᠰᠢᠬᠤ ︽ᠦᠨᠳᠤᠷ ᠤᠯᠠᠭᠠᠨ︾ ᠨᠡᠷᠡᠳᠤ ᠠᠭᠤᠯᠠᠨ ᠨᠢ ᠤᠤᠯ ᠳᠠᠭᠠᠨ | ᠪᠠᠭᠠᠷᠢᠨ ᠸᠠᠩ ᠤᠨ ᠲᠡᠭᠷᠢ ᠲᠠᠬᠢᠳᠠᠭ ᠤᠷᠤᠨ ᠪᠠᠶᠢᠵᠤ ᠂ᠲᠡᠭᠦᠨ ᠤᠷᠬᠢᠯ ᠳᠤ ᠪᠠᠭᠠᠷᠢᠨ ᠮᠤᠩᠭᠤᠯᠴᠤᠳ ᠤᠨ | ᠲᠤᠲ᠋ᠧᠮ ᠴᠢᠯᠠᠭᠤᠨ ᠴᠢᠨ᠋ᠸ᠎ᠠ ᠶᠢᠨ ᠪᠠᠶᠢᠭᠰᠠᠨ ᠢ 1997 ᠤᠨ ᠪᠤᠯᠬᠤ ᠳᠤ ᠪᠠᠳᠤᠳᠠᠢ ᠬᠠᠷᠠᠭᠰᠠᠨ ᠬᠦᠮᠦᠨ | ᠪᠠᠶᠢᠨ᠎ᠠ᠃ ᠲᠤᠰ ᠠᠭᠤᠯᠠᠨ ᠨᠢ 1908 ᠤᠨ ᠳᠤ ᠯᠢᠨᠰᠢ ᠰᠢᠶᠠᠨ ᠳᠤ ᠵᠢᠷᠤᠭᠯᠠᠭᠳᠠᠭᠰᠠᠨ ᠠᠴᠠ ᠪᠤᠯᠵᠤ | ᠴᠢᠩ ᠴᠢᠨ ᠸᠠᠩ ᠢ ᠺᠤᠸᠠᠩ ᠵᠠᠷᠯᠢᠭ ᠪᠠᠭᠤᠯᠭᠠᠨ ᠪᠠᠭᠠᠷᠢᠨ ᠸᠠᠩ ᠤᠨ ᠠᠳᠡ ᠦᠷᠭᠦᠯᠵᠢᠯᠡᠨ ᠲᠡᠭᠷᠢ ᠲᠠᠬᠢᠬᠤ | ᠶᠢ ᠵᠤᠭᠰᠤᠭᠠᠭᠰᠠᠨ ᠠᠵᠠᠢ᠃ ᠲᠡᠭᠡᠬᠦ ᠳᠤ ᠡᠨᠡᠬᠦ ᠦᠨᠳᠤᠷ ᠤᠯᠠᠭᠠᠨ ᠴᠦ ᠠᠭᠠᠵᠢᠮ ᠢᠶᠠᠷ ︽ᠤᠪᠤᠭ᠎ᠠ | ᠠᠭᠤᠯᠠ ︾ ᠂ ︽ᠮᠠᠷᠴᠢᠨ ᠰᠦᠮᠪᠦᠷ ︾ ᠂ ︽ᠵᠠᠯᠰᠠᠩ ᠰᠦᠮᠪᠤᠷ ︾ ᠭᠡᠵᠦ ᠤᠯᠠᠷᠢᠠ ᠬᠤᠪᠢᠷᠠᠭᠳᠠᠨᠠ ᠃ | ᠠᠷᠤ ᠬᠤᠷᠴᠢᠨ ᠮᠤᠩᠭᠤᠯᠴᠤᠳ ᠤᠨ ᠰᠢᠳᠦᠭᠡᠨ ᠪᠤᠯᠤᠭᠰᠠᠨ ᠭᠤᠭᠤᠰᠤᠳᠠᠢ ᠬᠠᠨ ᠠᠭᠤᠯᠠᠨ ᠳᠤ ᠪᠢ 2013 | ᠤᠨ ᠤ 7 ᠰᠠᠷ᠎ᠠ ᠶᠢᠨ 13 ᠳᠤ ᠠᠵᠠ ᠪᠠᠷ ᠠᠪᠠᠷᠢᠵᠤ ᠪᠢᠯᠠ ᠂ ᠲᠡᠷᠡᠬᠦ ᠮᠤᠩᠭᠤᠯ ᠬᠦᠮᠦᠨ ᠤ ᠬᠡᠶᠢᠮᠦᠷᠢ | ᠶᠢ ᠮᠠᠨᠳᠤᠭᠤᠯᠳᠠᠭ ᠠᠭᠤᠯᠠᠨ ᠤ ᠤᠤᠯ ᠤᠨ ᠨᠡᠷ᠎ᠡ ᠨᠢ ︽ᠶᠡᠭᠡ ᠬᠠᠯᠵᠠᠨ ᠠᠭᠤᠯᠠ ︾ ᠭᠡᠮᠡᠭᠳᠡᠵᠦ ᠂ ᠪᠤᠰᠤᠳ | ᠤᠨ ᠴᠢᠬᠢ ᠨᠢᠳᠤᠨ ᠳᠤ ᠲᠤᠮᠤ᠂ ᠰᠦᠷᠳᠠᠢ ᠨᠡᠷ᠎ᠡ ᠪᠠᠶᠢᠭᠰᠠᠨ ᠨᠢ ᠠᠭᠠᠵᠢᠮ ᠶᠢᠨ ᠭᠤᠭᠤᠰᠤᠳᠠᠢ ᠬᠠᠨ | ᠠᠭᠤᠯᠠ ᠪᠤᠯᠵᠤ ᠬᠤᠪᠢᠷᠠᠭᠰᠠᠨ ᠠᠵᠠᠢ᠃ ᠲᠡᠭᠡᠬᠦ ᠳᠤ ᠪᠠᠭᠠᠷᠢᠨ ᠤᠩᠨᠢᠭᠤᠳ ᠤᠨ ᠬᠢᠵᠠᠭᠠᠷ ᠢᠶᠠᠷ ᠪᠠᠰᠠ | ᠨᠢᠭᠡᠨ ︽ ᠶᠡᠭᠡ ᠬᠠᠯᠵᠠᠨ ᠠᠭᠤᠯᠠ ︾ ᠪᠠᠶᠢᠵᠤ ᠂ ᠲᠡᠭᠷᠢ ᠰᠡᠴᠡᠨ ᠤ ᠨᠠᠶᠢᠮᠠᠳᠤᠭᠠᠷ ᠤᠨ ᠳᠤ ᠬᠤᠸᠠᠩ | ᠲᠠᠶᠢᠵᠢ ᠯᠢᠭᠳᠡᠨ ᠬᠠᠭᠠᠨ ᠢ ᠲᠠᠶᠢᠯᠠᠷ᠎ᠠ ᠢᠷᠡᠬᠦ ᠳᠤ ᠪᠠᠨ ᠡᠨᠡᠬᠦ ᠶᠡᠭᠡ ᠠᠭᠤᠯᠠᠨ ᠪᠠᠷ ᠦᠩᠭᠭᠡᠷᠡᠵᠠᠢ᠃ ︽ | ᠬᠠᠯᠵᠠᠨ ︾ ᠭᠡᠰᠡᠨ ᠦᠭᠡ ᠨᠢ ᠤᠳᠤᠬᠠᠨ ᠤ ᠮᠤᠩᠭᠤᠯ ᠬᠡᠯᠡᠨ ᠳᠤ ᠶᠡᠷᠦᠨᠢ ︽ᠭᠡᠰᠡᠭ ᠬᠠᠯᠴᠠᠭᠠᠢ ᠲᠠᠢ ︾ | ᠭᠡᠰᠡᠨ ᠤᠤᠬ᠎ᠠ ᠲᠠᠢ ᠪᠤᠯᠵᠤ ᠬᠤᠪᠢᠷᠠᠭᠰᠠᠨ ᠪᠤᠯᠪᠠᠴᠦ ᠂ ᠲᠡᠷᠡᠬᠦ ᠦᠶ᠎ᠡ ᠳᠤ ᠬᠤᠯᠠ ᠬᠠᠷᠠᠭᠬᠤ ᠳᠤ ︽ | ᠦᠨᠢᠶᠡᠷ ᠬᠦᠳᠡᠩ ᠬᠤᠯᠢᠯᠳᠤᠨ ᠡᠭᠦᠯᠡ ᠪᠤᠷᠤᠭᠠᠨ ᠰᠤᠯᠢᠪᠢᠴᠢᠭᠰᠠᠨ ᠰᠦᠷᠯᠢᠭ ᠰᠤᠨᠢᠨ ᠬᠠᠯᠵᠠᠨ ᠠᠯᠠᠭ | ᠬᠠᠷᠠᠭᠳᠠᠵᠤ ︾ ᠪᠠᠶᠢᠭᠰᠠᠨ ᠭᠡᠬᠦ ᠤᠤᠬ᠎ᠠ ᠲᠠᠢ ᠪᠠᠶᠢᠬᠤ ᠶᠤᠰᠤᠳᠠᠢ᠃ ᠮᠤᠩᠭᠤᠯ ᠭᠠᠵᠠᠷ ᠤᠨ ᠨᠡᠷ᠎ᠡ ᠳᠤ ᠪᠠᠰᠠ | ︽ᠬᠦᠢᠳᠡᠨ︾ ᠪᠠᠷ ᠪᠠᠶᠢᠭᠠᠯᠢ ᠶᠢᠨ ᠲᠤᠭᠰᠢᠨ ᠶᠢᠨ ᠢᠯᠡᠳᠭᠡᠵᠤ ᠪᠠᠶᠢᠭᠰᠠᠨ ᠨᠡᠷ᠎ᠡ ᠤᠯᠠᠨ ᠪᠠᠶᠢᠨ᠎ᠠ᠃ ᠤᠯᠠᠨ ᠤ | ᠮᠡᠳᠡᠭᠡᠵᠢ ᠪᠠᠷ ︽ᠬᠦᠢᠳᠡᠨ ᠤ ᠪᠠᠶᠢᠯᠳᠤᠭᠠᠨ ︾ ᠤ ᠬᠦᠢᠳᠡᠨ ᠃ ᠤᠳᠤᠬᠠᠨ ᠤ ᠠᠷᠦ ᠬᠤᠷᠴᠢᠨ ᠨᠤᠳᠤᠭ ᠲᠤ | ᠪᠠᠶᠢᠭ᠎ᠠ ︽ᠬᠦᠢᠳᠡᠨ︾ ᠨᠡᠷᠡᠳᠤ ᠭᠤᠤᠯ᠂ ᠪᠤᠯᠠᠭ᠂ ᠵᠠᠷᠤᠳ ᠤᠨ ᠬᠢᠵᠠᠭᠠᠷ ᠲᠤ ᠤᠷᠤᠰᠢᠬᠤ ︽ᠬᠦᠢᠳᠡᠨ | ᠠᠭᠤᠯᠠ ︾ ᠃ ︽ᠬᠦᠨ︾ ᠪᠠᠰᠠ ᠭᠠᠵᠠᠷ ᠤᠷᠤᠨ ᠤ ᠪᠡᠷᠭᠡ ᠪᠠᠷᠳᠠᠭ᠎ᠠ ᠶᠢ ᠢᠯᠡᠷᠡᠭᠡᠶᠢᠯᠡᠭᠰᠡᠨ ᠲᠤᠭᠰᠢᠨ | ᠨᠡᠷ᠎ᠡ ᠪᠠᠶᠢᠵᠠᠢ᠃ ︽ᠨᠠᠬᠤ ᠬᠦᠨ ᠤ ᠪᠠᠶᠢᠯᠳᠤᠭᠠᠨ︾ ︵ᠴᠢᠩᠬᠢᠰ ᠬᠠᠭᠠᠨ ᠤ ᠲᠤᠪᠴᠢᠶᠠᠨ 290 ᠳ᠋ᠤᠭᠡᠷ | ᠨᠢᠭᠤᠷ︶ ᠠᠳᠡ ᠲᠡᠯᠭᠡᠨ ᠶᠠᠷᠢᠬᠤ ᠦᠭᠡᠢ᠃ ᠬᠠᠷᠢᠨ ᠮᠤᠩᠭᠤᠯ ᠭᠠᠵᠠᠷ ᠨᠡᠷ᠎ᠡ ᠤᠨ ︽ᠬᠦᠨ︾ ᠤᠤᠬ᠎ᠠ ᠲᠠᠢ | ᠮᠦᠷᠳᠡᠭᠡᠨ ᠲᠤᠭᠰᠢᠨ ᠴᠢᠨᠠᠷ ᠤᠨ ᠲᠤᠬᠠᠢ ᠠᠳᠡ ᠬᠦᠷᠳᠡᠯ᠎ᠡ ᠲᠤᠶᠢᠮᠦᠴᠢᠯᠠᠨ ᠶᠠᠷᠢᠶ᠎ᠠ᠃ | ᠭᠤᠷᠪᠠ ᠄ ᠮᠤᠩᠭᠤᠯ ᠭᠠᠵᠠᠷ ᠤᠷᠤᠨ ᠤ ᠪᠠᠷᠳᠠᠮ ᠲᠤᠭᠰᠢᠨ ᠨᠡᠷᠡᠰ ᠤᠨ ᠤᠯᠠᠷᠢᠨ ᠬᠤᠪᠢᠷᠠᠭᠰᠠᠨ ᠰᠢᠯᠳᠠᠭᠠᠨ | ᠨᠢᠭᠡ᠄ ᠱᠠᠰᠢᠨ ᠲᠠᠢ ᠬᠤᠯᠪᠤᠭᠠᠳᠠᠢ᠂ ᠡᠭᠦᠨ ᠳᠤ ᠪᠤᠳᠠᠳᠠᠢ ᠬᠠᠳᠠᠭᠠᠯᠠᠭᠳᠠᠬᠤ ᠵᠢᠱᠢᠶ᠎ᠡ ᠭᠡᠪᠡᠯ 1627 ᠤᠨ | ᠳᠤ ᠪᠠᠷᠠᠭᠤᠨ ᠮᠤᠩᠭᠤᠯ ᠳᠤ ᠦᠰᠴᠦ ᠲᠦᠷᠦᠭᠰᠡᠨ ᠨᠢᠭᠡᠨ ᠦᠶ᠎ᠡ ᠶᠢᠨ ᠡᠷᠳᠡᠮᠳᠤ ᠯᠠᠮᠠ ᠨᠠᠶᠢᠴᠢ ᠲᠤᠶᠢᠨ | ᠵᠡᠭᠦᠨ ᠮᠤᠩᠭᠤᠯ ᠵᠦᠭ ᠠᠶᠠᠯᠠᠵᠤ ︽ᠬᠠᠷ᠎ᠠ ᠤᠰᠤᠨ︾ ᠭᠤᠤᠯ ᠢ ᠭᠡᠳᠦᠯᠬᠦ ᠳᠡᠭᠡᠨ ᠲᠤᠰ ᠨᠡᠷ᠎ᠡ | ᠬᠡᠳᠦᠷᠭᠡᠢ ᠲᠤᠭᠰᠢᠨ ᠭᠡᠵᠦ ᠲᠡᠭᠦᠨ ᠢ ︽ᠴᠠᠭᠠᠨ ᠮᠦᠷᠡᠨ ︾ ᠬᠠᠯᠠᠭᠰᠠᠨ ᠲᠡᠦᠭᠡᠨ ᠲᠡᠮᠳᠡᠭᠯᠡᠯ ᠪᠤᠢ᠃ | ᠨᠠᠶᠢᠴᠢ ᠲᠦᠢᠨ ᠤ ᠨᠡᠷ᠎ᠡ ᠶᠢ ᠲᠡᠶᠢᠯᠪᠤᠷᠢᠯᠠᠬᠤ ᠳᠠᠭᠠᠨ ᠶᠡᠷᠦᠨᠢ ︽ ᠨᠠᠶᠢᠴᠢ ︾ ᠶᠢ ᠨᠢ ︽ᠨᠢᠭᠵᠢᠨ ᠰᠡᠳᠬᠢᠯ | ︾ ᠭᠡᠵᠦ ᠲᠠᠶᠢᠯᠪᠤᠷᠢᠯᠠᠵᠤ ᠪᠠᠶᠢᠳᠠᠭ᠂ ᠲᠡᠷᠡ ᠪᠤᠯᠪᠠᠰᠤ ᠠᠰᠢᠯᠦᠩᠪᠤ ᠭᠡᠶᠢᠳ ︵ᠵᠠᠰᠢᠯᠠᠩᠪᠤ ︶ ᠭᠡᠶᠢᠳ | ᠤᠨ ᠲᠦᠷᠪᠡᠳᠤᠭᠡᠷ ᠦᠶ᠎ᠡ ᠶᠢᠨ ᠪᠠᠨᠴᠠᠨ ᠪᠤᠭᠳᠠ ᠯᠤᠪᠰᠠᠩᠴᠦᠵᠢᠵᠠᠯᠰᠠᠨ ᠤ ᠱᠠᠪᠢ ᠪᠠᠶᠢᠵᠤ 10 | ᠢᠯᠡᠭᠦᠦ ᠤᠨ ᠨᠤᠮ ᠰᠤᠷᠤᠭᠰᠠᠨ ᠠᠵᠠᠢ᠃ ᠬᠤᠵᠢᠮ ᠨᠢ ᠨᠠᠶᠢᠴᠢ ᠲᠤᠶᠢᠨ ᠪᠠᠨᠴᠠᠨ ᠪᠤᠭᠳᠠ ᠶᠢᠨ ᠵᠢᠭᠠᠪᠤᠷᠢ | ᠪᠠᠷ ᠲᠤᠬᠠᠢ ᠶᠢᠨ ᠦᠶ᠎ᠡ ᠶᠢᠨ ᠮᠤᠩᠭᠤᠯ ᠤᠷᠤᠨ ᠤ ᠯᠠᠮᠠ ᠶᠢᠨ ᠱᠠᠰᠢᠨ ᠤ ᠲᠦᠪ ᠪᠤᠯᠬᠤ ᠬᠦᠢ ᠬᠤᠸᠠ | ᠬᠤᠳᠠ ᠶᠢᠨ ᠤᠷᠴᠢᠮ ᠤᠨ ᠠᠪᠠᠭ᠎ᠠ ᠬᠠᠷ᠎ᠠ ᠠᠭᠤᠯᠠᠨ ᠳᠤ ᠪᠢᠰᠢᠯᠭᠠᠯ ᠬᠢᠵᠤ 35 ᠤᠨ ᠢ ᠡᠯᠭᠡᠭᠦ ᠳᠤ | ᠨᠢᠭᠡᠨ ᠡᠳᠦᠷ ᠨᠤᠮ ᠤᠩᠰᠢᠬᠤ ᠵᠠᠭᠤᠷ᠎ᠠ ᠲᠡᠭᠦᠨ ᠤ ᠡᠰᠦᠭ ᠤᠨ ᠰᠠᠭᠤᠯᠠᠭ᠎ᠠ ᠨᠢ ᠭᠡᠨᠡᠳᠳᠡ ᠵᠡᠭᠦᠨ ᠵᠦᠭ | ᠬᠠᠵᠠᠶᠢᠵᠤ ᠰᠦ ᠨᠢ ᠵᠡᠭᠦᠨ ᠵᠦᠭ ᠤᠷᠤᠰᠤᠭᠰᠠᠨ ᠭᠡᠨ᠎ᠡ᠃ ᠡᠭᠦᠨ ᠳᠤ ᠲᠡᠷᠡᠪᠡᠷ ︽ᠵᠡᠭᠦᠨ ᠤᠷᠤᠨ ᠳᠤ | ᠱᠠᠰᠢᠨ ᠲᠡᠯᠭᠡᠷᠡᠬᠦᠯᠬᠦ ᠴᠠᠭ ᠪᠤᠯᠵᠠᠢ︾ ᠬᠡᠮᠡᠨ ᠬᠤᠸᠠᠩ ᠲᠠᠶᠢᠵᠢ ᠶᠢᠨ ᠵᠦᠪᠰᠢᠶᠡᠷᠡᠯ ᠢᠶᠠᠷ 30 ᠱᠠᠪᠢ ᠪᠠᠨ | ᠲᠠᠭᠠᠭᠤᠯᠵᠤ ᠵᠡᠭᠦᠨ ᠮᠤᠩᠭᠤᠯ ᠵᠦᠭ ᠮᠤᠷᠳᠠᠵᠠᠢ᠃ ᠪᠠᠭᠠᠷᠢᠨ ᠤ ︽ᠬᠠᠷ᠎ᠠ ᠤᠰᠤ ︾ ᠶᠢ ᠬᠡᠳᠦᠯᠬᠦ ᠳᠡᠭᠡᠨ | ᠲᠤᠰ ᠨᠡᠷ᠎ᠡ ᠬᠡᠳᠦᠷᠭᠡᠢ ᠲᠤᠭᠰᠢᠨ ᠭᠡᠵᠤ ︽ ᠴᠠᠭᠠᠨ ᠮᠦᠷᠡᠨ ︾ ᠭᠡᠵᠦ ᠬᠠᠯᠠᠭᠰᠠᠨ ᠠᠨᠤ ᠤᠳᠤᠬᠠᠨ ᠪᠤᠯᠳᠠᠯ᠎ᠠ | ᠭᠡᠷᠡᠭᠯᠡᠭᠳᠡᠭᠡᠰᠡᠷ ᠃ ᠨᠠᠶᠢᠴᠢ ᠲᠤᠶᠢᠨ ᠬᠤᠷᠴᠢᠨ ᠪᠠᠷᠠᠭᠤᠨ ᠭᠠᠷᠤᠨ ᠲᠤᠮᠳᠠ ᠬᠤᠰᠢᠭᠤᠨ ᠳᠤ ᠱᠠᠰᠢᠨ | ᠤᠯᠠᠮᠵᠢᠯᠠᠵᠤ ᠠᠯᠠᠵᠤ ᠨᠢᠳᠦᠯᠡᠬᠦ ᠶᠢ ᠬᠤᠷᠢᠭᠯᠠᠨ ᠤᠩᠭᠤᠳ ᠢ ᠦᠭᠡᠶᠢᠰᠬᠡᠵᠤ ᠴᠢᠨᠳᠠᠮᠦᠨᠢ ᠡᠷᠳᠡᠨᠢ ᠶᠢ | ᠡᠷᠬᠢᠮᠨᠡᠨ ᠰᠢᠳᠦᠬᠦ ᠪᠤᠯᠭᠠᠬᠤ ᠵᠦᠭ ᠲᠤ ᠬᠦᠳᠦᠯᠵᠠᠢ᠃ ᠬᠤᠵᠢᠮ ᠲᠡᠷᠡᠪᠡᠷ ᠬᠤᠷᠴᠢᠨ ᠤ ᠠᠷᠪᠠᠨ ᠬᠤᠰᠢᠭᠤᠨ | ᠤ ᠪᠤᠭᠳᠠ ᠪᠤᠯᠵᠠᠢ᠃ | ᠬᠤᠶᠠᠷ᠄ ᠲᠤᠬᠠᠢ ᠶᠢᠨ ᠦᠶ᠎ᠡ ᠶᠢᠨ ᠲᠦᠷᠦ ᠵᠠᠰᠠᠭ ᠲᠠᠢ ᠬᠤᠯᠪᠤᠭᠠᠳᠠᠢ᠃ ᠴᠢᠩ ᠤᠯᠤᠰ ᠤᠨ ᠵᠠᠰᠠᠭ ᠤᠨ | ᠭᠠᠵᠠᠷ ᠮᠤᠩᠭᠤᠯ ᠤᠨ ᠮᠤᠷᠢᠳᠤ ᠴᠡᠷᠢᠭ ᠤᠨ ᠬᠦᠴᠦᠨ ᠢᠶᠠᠷ ᠨᠠᠩᠬᠢᠶᠠᠳ ᠤᠷᠤᠨ ᠢ ᠲᠠᠶᠢᠯᠠᠨ ᠲᠠᠭᠠᠭᠤᠯᠵᠤ | ᠲᠦᠷᠦ ᠬᠦᠷᠦᠨ ᠢ ᠪᠠᠨ ᠪᠠᠳᠤᠳᠬᠠᠭᠭᠰᠠᠨ ᠪᠤᠯᠪᠠᠴᠦ ᠮᠤᠩᠭᠤᠯ ᠬᠦᠮᠦᠨ ᠢ ᠰᠡᠷᠡᠮᠵᠢᠯᠡᠬᠦ ᠮᠤᠬᠤᠭᠠᠬᠤ | ᠵᠦᠭᠡᠯᠡᠷᠡᠬᠦᠯᠬᠦ ᠠᠷᠠᠭ᠎ᠠ ᠪᠤᠳᠤᠯᠭ᠎ᠠ ᠪᠠᠨ ᠶᠡᠷᠦ ᠵᠤᠭᠰᠤᠭᠰᠠᠨ ᠦᠭᠡᠢ᠂ ᠲᠡᠭᠦᠨ ᠤ ᠨᠢᠭᠡ ᠪᠤᠳᠤᠯᠭ᠎ᠠ ᠨᠢ ᠮᠤᠩᠭᠤᠯ | ᠤᠷᠤᠨ ᠤ ᠠᠭᠤᠯᠠ ᠤᠰᠤᠨ ᠤ ᠤᠮᠤᠭ ᠰᠦᠷ ᠢ ᠲᠠᠷᠤᠬᠤ ᠶᠠᠪᠤᠳᠠᠯ ᠪᠤᠯᠤᠨ᠎ᠠ᠃ ᠲ᠊ ᠂ ᠪᠤᠶᠠᠨᠴᠤᠭᠯᠠᠨ | ᠪᠠᠭᠰᠢ ᠶᠢᠨ ᠄ ᠪᠠᠭᠠᠷᠢᠨ ᠤ ᠨᠤᠳᠤᠭ ᠤᠰᠤᠨ ᠤ ᠲᠡᠮᠳᠡᠭᠡᠯᠡᠯ ᠳᠤ ︵119——120 ᠨᠢᠭᠤᠷ ︶ ᠨᠢᠭᠡᠨ | ᠲᠤᠮᠤᠭ ᠶᠠᠷᠢᠶ᠎ᠠ ᠶᠢ ᠲᠡᠮᠳᠡᠭᠡᠯᠡᠵᠦ ᠦᠯᠡᠳᠡᠭᠡᠭᠰᠡᠨ ᠪᠠᠶᠢᠳᠠᠭ᠃ ᠠᠳᠡ ᠪᠠᠭᠴᠠᠯᠠᠨ ᠰᠡᠶᠢᠷᠡᠭᠦᠯᠪᠡᠯ ︽ ᠁ | ᠴᠢᠩ ᠤᠯᠤᠰ ᠤᠨ ᠰᠡᠭᠦᠯᠴᠢ ᠶᠢᠨ ᠦᠶ᠎ᠡ ᠳᠤ ᠁᠂ ᠪᠠᠭᠠᠷᠢᠨ ᠤ ᠠᠳᠠᠷ ᠬᠠᠭᠠᠯᠪᠤᠷᠢᠯᠠᠯᠳᠠ ᠶᠢ | ᠪᠠᠶᠢᠴᠠᠭᠠᠷᠠ ᠢᠷᠡᠭᠰᠡᠨ ᠰᠦ ᠴᠢᠨ ᠸᠠᠩ ᠱᠠᠨ ᡂᠢ᠂ ᠮᠤᠩᠭᠤᠯ ᠲᠦᠪᠡᠳ ᠤᠨ ᠵᠤᠷᠭᠠᠨ ᠤ ᠵᠡᠭᠦᠨ ᠭᠠᠷᠤᠨ | ᠰᠠᠶᠢᠳ ᠶᠤᠤ ᠱᠢ ᠭᠤᠸᠠᠩ ᠵᠡᠷᠭᠡ ᠬᠦᠮᠦᠰ ᠪᠠᠭᠠᠷᠢᠨ ᠤ ᠷᠢᠳᠢ ᠰᠢᠳᠢ ᠲᠠᠢ ᠤᠩᠭᠤᠨ ᠲᠠᠷᠬᠠᠨ ᠠᠭᠤᠯᠠ | ᠤᠰᠤ ᠶᠢ ᠦᠵᠡᠭᠡᠳ ᠠᠶᠤᠬᠤ ᠰᠤᠴᠢᠬᠤ᠂ ᠭᠠᠶᠢᠬᠠᠬᠤ ᠪᠠᠭ᠋ᠠᠷᠠᠬᠠᠬᠤ ᠲᠠᠪᠬᠤᠴᠠᠵᠤ ᠪᠠᠭᠠᠷᠢᠨ ᠤ ᠠᠭᠤᠯᠠ ᠤᠰᠤ | ᠶᠢᠨ ᠨᠡᠷ᠎ᠡ ᠶᠢ ᠦᠭᠡᠷᠡᠴᠢᠡᠯᠬᠦ ᠶᠠᠪᠤᠳᠠᠯ ᠭᠠᠷᠴᠠᠢ ᠁ ᠠᠯᠠᠭ ᠠᠰᠬᠠᠳᠤ᠂ ᠲᠤᠭᠤᠷ ᠤᠨ ᠠᠭᠤᠯᠠ ᠶᠢ | ᠲᠤᠩ ᠪᠠᠭ᠋ᠠᠷᠠᠭᠰᠬᠠᠨ ᠪᠦᠭᠡᠳ ᠲᠡᠭᠦᠨ ᠠᠴᠠ ᠵᠡᠭᠦᠨᠰᠢ ᠲᠡᠯᠡᠭᠯᠡᠭᠰᠡᠨ ᠪᠠᠶᠠᠨ ᠬᠤᠰᠢᠭᠤ ᠠᠭᠤᠯᠠ ᠶᠢ | ᠦᠵᠡᠭᠡᠳ ᠶᠠᠭ ᠨᠢᠭᠡᠨ ᠦᠯᠦᠰᠭᠦᠯᠡᠩ ᠠᠪᠤᠷᠬᠤ ᠮᠠᠩ ᠮᠤᠭᠠᠢ ᠲᠠᠭᠠᠷᠠᠭᠰᠠᠨ ᠪᠦᠬᠦᠨ ᠢ ᠲᠠᠭᠠᠷᠢᠯᠬᠢᠯᠠᠨ | ᠵᠠᠯᠬᠢᠯᠠᠬᠤ ᠪᠠᠷ ᠶᠠᠪᠤᠵᠤ ᠪᠠᠶᠢᠭ᠎ᠠ ᠰᠢᠨᠵᠢ ᠲᠠᠢ ᠲᠤᠯᠠ ᠤᠳᠠᠭᠠᠨ ᠳᠠᠭᠠᠨ ᠠᠳᠡ ᠨᠡᠭᠡᠭᠡᠬᠦ ᠠᠳᠠᠷ | ᠬᠠᠭᠠᠯᠪᠤᠷᠢᠯᠠᠯᠳᠠ ᠶᠢᠨ ᠭᠠᠵᠠᠷ ᠭᠤᠷᠪᠠᠨ ᠮᠦᠷᠡᠨ ᠤ ᠰᠠᠪᠠ ᠭᠠᠵᠠᠷ ᠶᠢᠨ ᠪᠦᠬᠦᠨ ᠢ ᠵᠠᠯᠬᠢᠬᠤ ᠪᠤᠯᠤᠨ᠎ᠠ ᠭᠡᠵᠦ | ᠦᠵᠡᠭᠡᠳ ᠂ ᠪᠠᠶᠠᠨ ᠬᠤᠰᠢᠭᠤ ᠠᠭᠤᠯᠠ ᠶᠢ ︿ᠲᠡᠮᠡᠭᠡᠨ ᠬᠦᠵᠦᠭᠦᠦ ﹀ ᠭᠡᠵᠦ ᠨᠡᠷᠡᠯᠡᠵᠦ ᠭᠡᠨ᠎ᠡ ᠁ ︿ | ᠡᠷᠳᠡᠨᠢ ᠠᠭᠤᠯᠠ﹀ ᠶᠢ ᠁ ︿ᠲᠡᠭᠡᠯᠢ ᠠᠭᠤᠯᠠ ﹀ ᠭᠡᠵᠦ ᠨᠡᠷᠡᠡᠯᠵᠦ ᠭᠡᠨ᠎ᠡ ︾ ᠡᠨᠡ ᠪᠤᠯᠪᠠᠯ ᠲᠤᠮᠤᠭ | ᠶᠠᠷᠢᠶ᠎ᠠ ᠮᠦᠨ᠃ ᠭᠡᠳᠡᠯ᠎ᠡ ᠲᠤᠮᠤᠭ ᠶᠠᠷᠢᠶ᠎ᠠ ᠨᠢ ᠪᠠᠰᠠᠴᠦ ᠨᠢᠭᠡᠨ ᠴᠠᠭ ᠦᠶ᠎ᠡ ᠶᠢᠨ ᠤᠤᠬ᠎ᠠ ᠵᠤᠬᠢᠶᠠᠯ ᠪᠤᠯᠵᠤ | ᠠᠮᠢᠳᠦᠷᠠᠯ ᠲᠡᠮᠡᠴᠡᠯ ᠤᠨ ᠲᠤᠰᠬᠠᠯ ᠪᠤᠯᠵᠤ ᠢᠷᠡᠭᠰᠡᠨ ᠢ ᠬᠦᠮᠦᠨ ᠪᠦᠬᠦᠨ ᠦᠭᠡᠶᠢᠰᠬᠡᠬᠦ ᠦᠭᠡᠢ᠂ ᠠᠳᠡ ᠴᠠᠭ | ᠤᠨ ᠬᠠᠷᠠᠭᠠᠨ᠎ᠠ ᠵᠢᠱᠢᠶ᠎ᠡ ᠤᠯᠵᠤ ᠠᠮᠵᠢᠬᠤ ᠦᠭᠡᠢ ᠳᠤ ᠪᠠᠨ ᠲᠤᠮᠤᠭ ᠶᠠᠷᠢᠶ᠎ᠠ ᠪᠠᠷ᠃ | ᠭᠤᠷᠪᠠ ᠄ ᠮᠤᠩᠭᠤᠯ ᠬᠦᠮᠦᠨ ᠤ ᠰᠡᠳᠬᠢᠯ ᠰᠠᠨᠠᠭᠠᠨ ᠤ ᠬᠤᠪᠢᠷᠠᠯᠳᠠ ᠲᠠᠢ ᠬᠤᠯᠪᠤᠭ᠎ᠠ ᠲᠠᠢ᠃ ᠮᠤᠩᠭᠤᠯ | ᠬᠦᠮᠦᠨ ᠤᠷᠳᠤ ᠤᠳᠠᠭᠠᠨ ᠤᠨ ᠤ ᠬᠠᠳᠠᠭᠤ ᠲᠤᠭᠰᠢᠨ ᠪᠠᠶᠢᠭᠠᠯᠢ ᠶᠢᠨ ᠠᠶᠤᠯ ᠴᠡᠷᠢᠭ ᠲᠠᠶᠢᠨ ᠤ ᠠᠤᠶ᠋ᠯ | ᠵᠡᠷᠭᠡ ᠳᠤ ᠬᠢᠮᠦᠷᠠᠭᠳᠠᠨ ᠶᠠᠪᠤᠭᠤ ᠳᠠᠭᠠᠨ ᠡᠩᠭᠡ ᠲᠠᠶᠢᠪᠤᠩ ᠶᠢᠨ ᠬᠦᠰᠡᠨ ᠪᠡᠯᠭᠡᠳᠡᠵᠦ ᠵᠦᠩ ᠪᠢᠯᠢᠭ ᠢ | ᠵᠦᠩᠨᠡᠨ ᠠᠭᠤᠯᠠ ᠤᠰᠤᠨ ᠤ ᠨᠡᠷ᠎ᠡ ᠳᠤ ᠪᠠᠨ ᠬᠦᠰᠡᠯ ᠲᠠᠭᠠᠳᠬᠠᠯ ᠢ ᠪᠠᠨ ᠡᠷᠭᠦᠨ ᠰᠢᠩᠭᠭᠡᠬᠦ ᠪᠤᠯᠤᠭᠰᠠᠨ | ᠶᠠᠪᠤᠳᠠᠯ ᠴᠦ ᠭᠠᠷᠴᠠᠢ᠃ ᠵᠢᠱᠢᠶᠡᠯᠡᠪᠡᠯ ᠤᠳᠤᠬᠠᠨ ᠤ ᠠᠷᠤ ᠬᠤᠷᠴᠢᠨ ᠨᠤᠳᠤᠭ ᠤᠨ ᠬᠤᠰᠢᠭᠤᠨ ᠲᠦᠪ ᠠᠴᠠ | ᠤᠮᠠᠷᠠᠰᠢ ᠠᠷᠪᠠᠨ ᠲᠠᠪᠤᠨ ᠭᠠᠵᠠᠷ ᠤᠷᠤᠰᠢᠬᠤ ︽ᠪᠠᠭ᠎ᠠ ᠬᠠᠷ᠎ᠠ ᠠᠭᠤᠯᠠ ︾ ᠨᠢ ︽ᠦᠯᠵᠡᠶᠢᠳᠤ ᠤᠷᠤᠢ ︾ | ᠪᠤᠯᠤᠭᠰᠠᠨ᠃ ᠤᠷᠳᠤ ᠴᠢᠨᠤᠳ ᠭᠤᠤᠯ ᠨᠢ ︽ᠦᠯᠵᠡᠶᠢᠮᠦᠦᠷᠦᠨ ︾ ᠪᠤᠯᠤᠭᠰᠠᠨ ᠃ ︿ᠭᠡᠭᠡᠳᠤ ᠴᠢᠨᠤᠨ | ᠭᠤᠤᠯ ︾ ᠨᠢ ︿ ᠤᠦ ᠮᠦᠷᠡᠨ ᠪᠤᠯᠤᠭᠰᠠᠨ ﹈ ᠪᠤᠯᠤᠭᠰᠠᠨ ᠪᠤᠳᠠᠳᠠᠢ ᠵᠢᠱᠢᠶ᠎ᠡ ᠪᠤᠢ᠃ ᠲᠡᠦᠭᠡ ᠪᠠᠶᠢᠭᠠᠯᠢ | ᠶᠢᠨ ᠬᠤᠪᠢᠷᠠᠯ ᠲᠠᠢ ᠬᠤᠯᠪᠤᠭ᠎ᠠ ᠲᠠᠢ ᠃ ᠤᠤᠯ ᠤᠨ ᠴᠠᠬᠠᠷ ᠂ ᠦᠵᠦᠮᠦᠴᠢᠨ᠂ ᠪᠠᠭᠠᠷᠢᠨ ᠤ ᠬᠢᠵᠠᠭᠠᠷ | ᠲᠤ ᠤᠷᠤᠰᠢᠬᠤ ︽ᠬᠦᠢᠳᠡᠨ ᠬᠠᠪᠴᠢᠯ ᠠᠭᠤᠯᠠ ︾ ᠨᠢ ︽ ᠯᠢᠶᠤᠤ ᠤᠯᠤᠰ ᠤᠨ ᠲᠡᠦᠭᠡ︾ ᠳᠤ | ᠲᠡᠮᠳᠡᠭᠡᠯᠡᠭᠳᠡᠨ ᠦᠯᠡᠳᠡᠵᠠᠢ᠃ ᠲᠡᠷᠡᠬᠦ ᠨᠡᠷ᠎ᠡ ᠨᠢ ᠭᠠᠵᠠᠷ ᠵᠦᠢ ᠶᠢᠨ ᠪᠠᠶᠢᠴᠠ ᠪᠠ ᠠᠭᠤᠷ ᠠᠮᠢᠰᠬᠤᠯ ᠤᠨ | ᠤᠨᠴᠢᠯᠢᠠᠭ ᠰᠢᠨᠵᠢ ᠪᠠᠷ ᠨᠢ ᠨᠡᠷᠡᠯᠡᠭᠰᠡᠨ ᠲᠤᠭᠰᠢᠨ ᠨᠡᠷ᠎ᠡ ᠪᠤᠶᠤ᠂ ᠤᠳᠤᠬᠠᠨ ᠳᠤ ︽ ᠠᠷᠤ ᠬᠠᠶᠢᠷᠬᠠᠨ ︾ | ᠪᠤᠯᠵᠤ ᠬᠤᠪᠢᠷᠠᠵᠠᠢ᠃ ᠤᠨ ᠲᠤᠭᠠᠯᠠᠯ ᠤᠨ 712 ᠤᠨ ᠳᠤ ᠲᠢᠩ ᠤᠯᠤᠰ ᠨᠢ ᠤᠮᠠᠷᠠᠳᠤ ᠶᠢᠨ ᠱᠢ | ᠦᠨᠳᠤᠰᠤᠳᠡᠨ ᠬᠢᠭᠡᠳ ᠬᠢᠳᠠᠨ ᠤ ᠬᠤᠯᠪᠤᠭᠠᠳᠤ ᠴᠡᠷᠢᠭ ᠲᠠᠢ ᠠᠳᠡ ᠰᠢᠷᠦᠭᠦᠨ ᠲᠠᠶᠢᠨ ᠪᠤᠯᠵᠤ ᠲᠠᠩ ᠤᠯᠤᠰ | ᠤᠨ ᠴᠡᠷᠢᠭ ᠭᠠᠰᠢᠭᠤᠨ ᠲᠠᠢ ᠢᠯᠠᠭᠳᠠᠵᠠᠢ᠃ ᠤᠳᠤᠬᠠᠨ ᠲᠡᠭᠦᠨ ᠤ ᠤᠷᠦᠢ ᠳᠤ ᠠᠷᠪᠠᠨ ᠭᠤᠷᠪᠠᠨ ᠤᠪᠤᠭ᠎ᠠ ᠲᠠᠢ | ᠂ ᠬᠢᠳᠠᠳᠴᠤᠳ ᠤᠳᠤᠬᠠᠨ ᠳᠤ ᠲᠡᠭᠦᠨ ᠢ ︽ᠠᠷᠪᠠᠨ ᠭᠤᠷᠪᠠᠨ ᠲᠠᠶᠢᠪᠤᠤ ︾ ᠭᠡᠳᠡᠭ ᠨᠢ ᠪᠠᠰᠠᠴᠦ ᠨᠡᠯᠢᠶᠡᠳ | ᠰᠦᠷ ᠬᠦᠴᠦᠨ ᠲᠠᠢ ᠲᠠᠭᠤᠳᠠᠯᠭ᠎ᠠ ᠪᠤᠯᠬᠤ ᠪᠤᠶᠤ ᠃ ᠭᠤᠤᠯ ᠤᠪᠤᠭ᠎ᠠ ᠨᠢ ᠬᠠᠮᠳᠤ ᠶᠢᠨ ᠤᠪᠤᠭ᠎ᠠ ᠪᠤᠯᠵᠤ᠂ | ᠠᠷᠤ ᠬᠠᠵᠠᠭᠤ ᠶᠢᠨ ᠲᠦᠷᠪᠡᠨ ᠤᠪᠤᠭ᠎ᠠ ᠶᠢ ᠦᠵᠦᠮᠦᠴᠢᠨ ᠲᠠᠬᠢᠵᠤ᠂ ᠪᠠᠷᠠᠭᠤᠨ ᠲᠠᠯ᠎ᠠ ᠶᠢᠨ ᠲᠦᠷᠪᠡᠨ ᠤᠪᠤᠭ᠎ᠠ | ᠶᠢ ᠬᠡᠰᠢᠭᠳᠡᠨ ᠲᠠᠬᠢᠵᠤ᠂ ᠡᠮᠦᠨ᠎ᠡ ᠡᠩᠭᠡᠷ ᠤᠨ ᠲᠦᠷᠪᠡᠨ ᠤᠪᠤᠭ᠎ᠠ ᠶᠢ ᠪᠠᠷᠠᠭᠤᠨ ᠲᠠᠬᠢᠵᠤ᠂ ᠵᠡᠭᠦᠨ ᠬᠠᠪᠢᠷᠭ᠎ᠠ | ᠶᠢᠨ ᠲᠦᠷᠪᠡᠨ ᠤᠪᠤᠭ᠎ᠠ ᠶᠢ ᠵᠡᠭᠦᠨ ᠪᠠᠭᠠᠷᠢᠨ ᠲᠠᠬᠢᠳᠠᠭ ᠭᠡᠳᠡᠭ᠃ ᠤᠳᠤᠬᠠᠨ ᠪᠤᠯᠳᠠᠯ᠎ᠠ ᠲᠠᠬᠢᠯᠭ᠎ᠠ ᠲᠠᠰᠤᠷᠭᠠ | ᠦᠭᠡᠢ᠂ ᠭᠤᠤᠯᠳᠠᠬᠤ ᠦᠵᠦᠮᠦᠴᠢᠨ᠂ ᠭᠡᠰᠢᠭᠳᠡᠨ ᠤ ᠮᠤᠩᠭᠤᠯᠴᠤᠳ ᠪᠠ ᠯᠢᠨᠰᠢ ᠰᠢᠶᠠᠨ ᠤ ᠬᠢᠳᠠᠳ | ᠦᠨᠳᠤᠰᠤᠳᠡᠨ ᠲᠠᠬᠢᠵᠤ ᠪᠠᠶᠢᠨ᠎ᠠ᠂ ᠵᠢᠯ ᠪᠦᠷᠢ ᠤᠨ ᠪᠢᠯᠢᠭ ᠤᠨ ᠤᠯᠠᠷᠢᠯ ᠤᠨ ᠬᠤᠷᠢᠨ ᠲᠦᠷᠪᠡᠨ ᠳᠤ | ᠶᠠᠪᠤᠭᠳᠠᠳᠠᠭ᠃ | ᠬᠤᠷᠴᠢᠨ ᠲᠤᠪᠴᠢᠶᠠᠨ ᠳᠤ ᠲᠡᠮᠳᠡᠭᠡᠯᠡᠭᠳᠡᠭᠰᠡᠨ ︽ᠶᠡᠭᠡ ᠲᠠᠩᠭᠠᠷᠢᠭ ᠤᠨ ᠰᠢᠯᠢ ︾ ᠨᠢ ᠤᠳᠤᠬᠠᠨ ᠳᠤ | ︽ᠬᠤᠸᠠ ᠲᠤᠭᠤᠯ ᠰᠤᠮᠤ︾ ︵ᠤᠷᠴᠢᠮ︶ ᠪᠤᠯᠵᠤ ᠬᠤᠪᠢᠷᠠᠵᠠᠢ᠃ 1624 ᠤᠨ ᠤ 2 ᠰᠠᠷ᠎ᠠ ᠳᠤ | ᠨᠤᠷᠬᠠᠴᠢ ᠪᠠᠷ ᠪᠠᠺᠰᠢ᠂ ᠭᠡᠸᠠ ᠂ ᠺᠦᠷᠽᠠᠨ ᠵᠡᠷᠭᠡ ᠬᠦᠮᠦᠨ ᠢ ᠲᠤᠮᠢᠯᠠᠵᠤ ᠶᠡᠭᠡ ᠲᠠᠩᠭᠠᠷᠢᠭ ᠰᠢᠯᠢ ᠳᠤ | ᠤᠤᠪᠠ ᠲᠡᠷᠢᠭᠦᠳᠠᠢ ᠤᠯᠠᠨ ᠲᠠᠶᠢᠵᠢ ᠨᠠᠷ ᠲᠠᠢ ᠴᠠᠭᠠᠨ ᠮᠤᠷᠢ ᠬᠠᠷ᠎ᠠ ᠦᠭᠡᠷ ᠠᠯᠠᠵᠤ ᠲᠡᠩᠭᠠᠷᠢᠯᠠᠪᠠ᠃ ︶ ︽ | ᠬᠤᠷᠴᠢᠨ ᠵᠠᠩ ᠦᠢᠯᠡ ᠢ ᠰᠤᠶᠤᠯ ᠰᠤᠳᠤᠯᠤᠯ ︾ 37 ᠳ᠋ᠤᠭᠡᠷ ᠨᠢᠭᠤᠷ ︶ | ᠲᠦᠷᠪᠡ ᠄ ᠮᠤᠩᠭᠤᠯ ᠭᠠᠵᠠᠷ ᠤᠨ ᠨᠡᠷ᠎ᠡ ᠬᠢᠳᠠᠳ ᠭᠡᠯᠡ ᠪᠠᠷ ᠲᠠᠮᠵᠢᠨ ᠤᠷᠴᠢᠭᠤᠯᠠᠭᠳᠠᠬᠤ ᠳᠠᠭᠠᠨ | ᠠᠶᠠᠨᠳᠠᠭᠠᠨ ᠬᠤᠪᠢᠷᠠᠵᠤ ᠪᠠᠶᠢᠨ᠎ᠠ᠃ ᠡᠭᠦᠨ ᠳᠤ ᠾᠦᠩᠨᠤ ᠶᠢᠨ ᠦᠶ᠎ᠡ ᠶᠢᠨ ︽ ᠲᠡᠭᠷᠢ ᠠᠭᠤᠯᠠ ︾ | ᠠᠶᠤᠮᠰᠢᠭᠳᠤ ᠪᠠᠷᠳᠠᠭᠠᠳᠤ ᠠᠭᠤᠯᠠ ᠨᠢ ᠬᠢᠳᠠᠳ ᠢᠶᠠᠷ ︽ᠴᠢ ᠯᠢᠶᠠᠨ ᠱᠠᠨ ︾ ᠬᠡᠮᠡᠨ ᠠᠪᠢᠶᠠᠯᠠᠭᠳᠠᠨ | ᠬᠤᠪᠢᠷᠠᠵᠠᠢ᠃ ᠵᠡᠭᠦᠨ ᠬᠤᠶᠢᠳᠤ ᠤᠷᠤᠨ ᠳᠤ ᠬᠦᠷᠪᠡᠯᠵᠡᠨ ᠤᠷᠤᠰᠬᠤ ᠠᠶᠤᠮᠰᠢᠭᠳᠤ ᠲᠤᠭᠰᠢᠨ ︽ᠬᠠᠷ᠎ᠠ | ᠮᠦᠷᠡᠨ ︾ ᠨᠢ ︽ᠾᠧᠢ ᠯᠦᠩ ᠵᠢᠶᠠᠩ︾ ᠪᠤᠯᠵᠤ ᠬᠤᠪᠢᠷᠠᠵᠠᠢ᠃ | ᠲᠦᠷᠪᠡ ᠄ ᠵᠠᠷᠢᠮ ᠪᠠᠷᠳᠠᠮ ᠲᠤᠭᠰᠢᠨ ᠨᠡᠷᠡᠰ ᠤᠨ ᠦᠯᠦ ᠰᠤᠯᠢᠭᠳᠠᠭᠰᠠᠨ ᠲᠤᠬᠠᠢ | ᠨᠢᠭᠡ ᠳᠤ ᠄ ᠮᠤᠩᠭᠤᠯ ᠬᠦᠮᠦᠨ ᠲᠡᠭᠷᠢ ᠶᠢ ᠰᠢᠳᠦᠬᠦ ᠵᠠᠩ ᠰᠢᠳᠦᠯᠭᠡ ᠪᠠᠨ ᠬᠠᠶᠠᠭᠰᠠᠨ ᠦᠭᠡᠢ᠂ ᠬᠠᠷᠢᠨ | ᠲᠡᠭᠦᠨ ᠢ ᠪᠠᠨ ᠪᠤᠷᠬᠠᠨ ᠱᠠᠰᠢᠨ ᠲᠠᠢ ᠨᠢᠭᠳᠠ ᠬᠤᠯᠪᠤᠵᠤ ︽ᠪᠤᠷᠠᠬᠨ ᠲᠡᠭᠷᠢ︾ ᠭᠡᠵᠦ ︽ᠬᠦᠭᠡ ᠲᠡᠭᠷᠢ | ᠬᠦᠷᠦᠰᠤᠳᠤ ᠲᠡᠯᠡᠭᠡᠢ ᠦᠷᠭᠦᠯᠵᠢᠯᠡᠨ ᠰᠢᠳᠦᠵᠤ᠂ ︽ᠮᠦᠭᠭᠡ ᠲᠡᠭᠷᠢ ᠶᠢᠨ ᠬᠦᠴᠦᠨ ᠳᠤ ᠲᠠᠭᠠᠳ ᠬᠦᠮᠦᠨ | ᠪᠠᠶᠢᠭᠠᠯᠢ ᠶᠢᠨ ᠵᠤᠬᠢᠴᠠᠯ ᠢ ᠢᠯᠡᠳᠭᠡᠭᠰᠡᠨ ᠠᠴᠠ ᠡᠨᠡᠬᠦ ᠨᠡᠷ᠎ᠡ ᠦᠯᠡᠳᠡᠵᠠᠢ᠃ ᠲᠠᠷᠦᠢ ︽ᠲᠡᠭᠷᠢ ᠠᠭᠤᠯᠠ ︾ | ︽ᠲᠡᠭᠷᠢ ᠡᠯᠡᠰᠦ ︾ ᠵᠡᠷᠭᠡ ᠃ | ᠬᠤᠶᠠᠷ ᠲᠤ ᠮᠤᠩᠭᠤᠯ ᠨᠡᠷ᠎ᠡ ᠪᠠᠷ ᠨᠢ ᠦᠨᠳᠤᠰᠤᠨ ᠲᠡᠭᠡᠨ ᠦᠯᠦ ᠲᠡᠭᠤᠳᠠᠬᠤ ᠪᠤᠯᠤᠭᠰᠠᠨ ᠠᠴᠠ ᠡᠰᠨ | ᠬᠤᠪᠢᠷᠠᠭᠰᠠᠨ ᠪᠤᠶᠤ᠃ ︽ᠲᠠᠯᠠᠨ ᠬᠠᠷ᠎ᠠ ᠠᠭᠤᠯᠠ ︾ ᠶᠢᠨ ︽ᠲᠠᠯᠠᠨ ︾ ᠨᠢ ︽ᠲᠤᠩ ︾ ᠭᠡᠰᠡᠨ | ᠤᠤᠬ᠎ᠠ ᠲᠠᠢ ᠪᠠᠶᠢᠬᠤ᠂ ᠮᠤᠩᠭᠤᠯ ᠬᠡᠯᠡᠨ ᠳᠤ ᠶᠡᠷᠦᠨᠢ ︽ᠲᠠᠯᠠᠨ ᠲᠠᠪᠬᠤᠷ ︾ ᠂ ︽ ᠲᠠᠯᠠᠨ ᠨᠦᠬᠦᠭᠡᠰᠦ ︾ | ᠂ ︽ᠲᠠᠯᠠᠨ ᠰᠢᠯᠳᠠᠭ ︾ ᠂ ︽ᠲᠠᠯᠠᠨ ᠬᠤᠳᠠᠯᠴᠢ ︾ ᠭᠡᠬᠦ ᠮᠡᠳᠤ ᠪᠠᠷ ᠤᠯᠠᠨ ᠲᠤᠭ᠎ᠠ ᠶᠢ ᠢᠯᠡᠳᠭᠡᠳᠡᠭ᠃ | ᠡᠰᠡᠭᠦᠯ᠎ᠡ ︽ᠲᠠᠯᠠᠩ ᠬᠠᠷ᠎ᠠ ︾ ︽ᠲᠠᠯᠠᠨ ᠬᠠᠷ᠎ᠠ ︾ ᠲᠠᠬᠢᠭᠠᠳ ᠬᠢᠳᠠᠳ ᠪᠠᠷ ︽ᠳ᠋ᠠ ᠴᠢᠩ ᠱᠠᠨ ︾ | ᠪᠤᠯᠤᠭᠰᠠᠨ ᠠᠴᠠ ᠡᠨᠡᠬᠦ ᠨᠡᠷ᠎ᠡ ᠬᠤᠪᠢᠷᠠᠭᠰᠠᠨ ᠦᠭᠡᠢ ᠃ | ᠭᠤᠷᠪᠠ ᠳᠤ ᠭᠠᠵᠠᠷ ᠤᠰᠤᠨ ᠤ ᠬᠡᠪᠴᠢᠶ᠎ᠡ ᠨᠢ ᠠᠷᠠᠢ ᠵᠢᠭᠠᠬᠠᠨ ᠰᠢᠭ ᠤᠷᠤᠨ᠃ ᠡᠭᠦᠨ ᠳᠤ ︽ | ᠠᠳᠠᠷᠭ᠎ᠠ ︾ ᠂ ︽ᠤᠯᠠᠭᠠᠨ ᠪᠤᠳᠤᠩ ︾ ᠂ ︽ ᠬᠦᠨᠳᠡᠯᠡᠨ ︾ ᠨᠡᠷᠡᠳᠤ ᠠᠭᠤᠯᠠ ᠤᠰᠤᠨ ᠤ ᠨᠡᠷ᠎ᠡ | ᠬᠠᠳᠠᠭᠠᠠᠯᠠᠭᠳᠠᠵᠠᠢ᠃ ︽ᠠᠳᠠᠷᠭ᠎ᠠ ︾ ᠬᠡᠮᠡᠬᠦ ᠠᠭᠤᠯᠠ ᠨᠢ ᠠᠷᠠᠢ ᠪᠠᠭ᠎ᠠ ᠪᠤᠯᠤᠭᠰᠠᠨ ᠳᠠᠭᠠᠨ ᠦᠯᠡᠳᠡᠭᠰᠡᠨ | ᠪᠤᠶᠤ ᠭᠡᠵᠦ ᠪᠢ ᠰᠡᠳᠬᠢᠳᠡᠭ᠃ ᠲᠡᠷᠡᠬᠦ ︽ᠠᠳᠠ ᠰᠢᠳᠢ︾ ᠭᠡᠮᠡᠬᠦ ᠦᠭᠡᠰ ᠠᠴᠠ ᠢᠷᠡᠯᠳᠡᠳᠠᠢ ᠠᠭᠤᠯᠠᠨ ᠤ | ᠪᠡᠷᠭᠡ ᠪᠠᠷᠳᠠᠭᠠᠨ ᠳᠤ 1953 ᠤᠨ ᠪᠤᠯᠳᠠᠯ᠎ᠠ ᠪᠠᠷᠰ ᠨᠢᠭᠤᠭᠳᠠᠨ ᠤᠷᠦᠰᠢᠵᠤ ᠪᠠᠶᠢᠭᠰᠠᠨ᠂ ᠮᠠᠩᠬ᠎ᠠ | ᠬᠤᠳᠤᠭᠤᠷ ᠴᠦ ᠠᠯᠢ ᠨᠢ ᠪᠡᠷᠭᠡ ᠪᠠᠷᠳᠠᠭ᠎ᠠ ᠪᠠᠷ ᠮᠤᠩᠭᠤᠯ ᠤᠷᠤᠨ ᠤ ᠨᠢᠭᠡ ᠵᠦᠢᠯ ᠤᠨ ᠬᠠᠰᠢᠯᠭ᠎ᠠ | ᠭᠡᠷᠡᠮ ᠪᠤᠯᠵᠤ ᠮᠠᠯ ᠰᠦᠷᠦᠭ ᠤᠨ ᠬᠠᠮᠤᠭ ᠰᠢᠦ ᠰᠡᠭᠦᠯᠴᠢ ᠶᠢᠨ ᠤᠷᠤᠰᠢᠨ ᠦᠯᠡᠳᠡᠬᠦ ᠤᠷᠤᠨ ᠪᠤᠯᠤᠭᠰᠠᠨ᠂ | ︽ᠤᠯᠠᠭᠠᠨ ᠪᠤᠳᠤᠩ ︾ ᠬᠡᠮᠡᠬᠦ ᠲᠤᠭᠰᠢᠨ ᠨᠡᠷ᠎ᠡ ᠨᠢ ᠶᠤᠰᠤᠳᠠᠢ ᠪᠠᠶᠢᠭᠠᠯᠢ ᠪᠠᠶᠢᠴᠠ ᠳᠠᠭᠠᠨ | ᠲᠤᠬᠢᠷᠠᠭᠰᠠᠨ ᠤᠯᠠᠭᠠᠨ ᠦᠩᠭᠡ ᠶᠢᠨ ᠦᠨᠢᠶᠡᠷ ᠪᠤᠳᠤᠩ ᠲᠠᠳᠠᠵᠤ ᠪᠠᠶᠢᠭᠰᠠᠨ ᠤᠷᠤᠨ ᠪᠤᠶᠤ᠃ 1691 ᠤᠨ ᠳᠤ | ᠡᠨᠡᠬᠦ ᠭᠠᠵᠠᠷ ᠮᠠᠨᠵᠤ ᠵᠦᠩᠭᠠᠷ ᠤᠨ ᠴᠡᠷᠢᠭᠰᠢᠢᠳᠪᠤᠷᠢᠳᠤ ᠲᠠᠶᠢᠯᠠᠯᠳᠤᠭᠠᠨ ᠪᠤᠯᠵᠤ ᠲᠡᠶᠢᠨ ᠤ ᠳ᠋ᠦᠩ | ᠳᠤ ᠵᠦᠩᠭᠠᠷ ᠴᠡᠷᠢᠭ ᠶᠡᠭᠡᠳᠡ ᠢᠯᠠᠭᠳᠠᠭᠰᠠᠨ ᠴᠦ ᠠᠮᠵᠢᠯᠳᠠ ᠤᠬᠤᠷᠢᠵᠤ ᠴᠢᠳᠠᠭᠰᠠᠨ ᠲᠤᠬᠠᠢ ᠶᠢᠨ ᠦᠶ᠎ᠡ | ᠳᠤ ᠴᠢᠩ ᠤᠯᠤᠰ ᠤᠨ ᠴᠡᠷᠢᠭ ᠤᠨ ᠵᠠᠩᠵᠤᠨ ᠨᠠᠷ ᠠᠶᠢᠯᠠᠳᠬᠠᠯ ᠪᠢᠴᠢᠵᠤ ︽ ᠬᠦᠮᠦᠨ ᠬᠡᠳᠦᠶᠢᠪᠡᠷ | ᠢᠯᠠᠭᠰᠠᠨ ᠪᠤᠯᠪᠠᠴᠦ ᠮᠤᠷᠢᠨ ᠦᠯᠦ ᠨᠡᠭᠡᠮᠵᠢᠯᠡᠵᠤ ᠲᠡᠶᠢᠯᠬᠦ ᠦᠭᠡᠢ ︾ ᠭᠡᠵᠦ ᠡᠨᠡᠬᠦ ᠠᠭᠤᠯᠠᠨ ᠤ ᠪᠡᠷᠭᠡ | ᠪᠠᠷᠳᠠᠭ᠎ᠠ ᠪᠠ ᠵᠦᠩᠭᠠᠷ ᠴᠡᠷᠢᠭ ᠤᠨ ᠮᠤᠷᠢᠨ ᠮᠡᠷᠭᠡᠵᠢᠯ ᠢ ᠲᠠᠯᠳᠠ ᠪᠠᠷ ᠢᠯᠡᠳᠭᠡᠵᠠᠢ᠃ | ᠲᠦᠷᠪᠡ ᠳᠤ ᠬᠦᠮᠦᠨ ᠤ ᠠᠮᠢᠳᠦᠷᠠᠯ ᠲᠠᠢ ᠵᠢᠭᠠᠬᠠᠨ ᠵᠠᠶᠢᠳᠠᠭᠤ ᠪᠠᠶᠢᠳᠠᠭ ᠡᠯᠡᠰᠦ ᠮᠠᠩᠬ᠎ᠠ | ᠶᠢᠨ ᠨᠡᠷ᠎ᠡ ᠃ᠡᠭᠦᠨ ᠤ ᠬᠤᠷᠴᠢᠨ ᠤ ᠡᠯᠡᠰᠦᠨ ᠤ ᠳᠤ ᠦᠯᠡᠳᠡᠭᠰᠡᠨ—— ︽ᠪᠡᠷᠭᠡ ᠶᠢᠨ ᠮᠠᠩᠬ᠎ᠠ ︾ | ᠭᠡᠮᠡᠬᠦ ᠨᠡᠷ᠎ᠡ ᠪᠠᠷ ᠵᠢᠱᠢᠶᠡᠶᠡᠯᠳᠠᠢ᠃ ᠠᠯᠠᠱᠠᠨ ᠤ ︽ᠤᠯᠠᠭᠠᠨᠪᠤᠬ᠎ᠠ ᠶᠢᠨ ᠡᠯᠡᠰᠦ ︾ ᠵᠡᠷᠭᠡ ᠨᠡᠷᠡᠰ | ᠮᠤᠩᠭᠤᠯ ᠭᠠᠵᠠᠷ ᠤᠰᠤᠨ ᠤ ᠨᠡᠷ᠎ᠡ ᠤᠯᠠᠷᠢᠯ ᠬᠤᠪᠢᠷᠠᠯ ᠨᠢ ᠬᠦᠮᠦᠨ ᠲᠦᠷᠦᠯᠬᠢᠳᠠᠡᠨ ᠨᠡᠶᠢᠭᠡᠮ ᠤᠨ | ᠬᠦᠭᠵᠢᠯ ᠬᠤᠪᠢᠷᠠᠯ ᠵᠢᠴᠢ ᠪᠠᠶᠢᠭᠠᠯᠢ ᠵᠦᠢ ᠢ ᠤᠯᠠᠷᠢᠯ ᠬᠤᠪᠢᠰᠤᠯ ᠤᠷᠤᠰᠢᠨ ᠰᠠᠭᠤᠷᠢᠰᠢᠭᠴᠢ ᠶᠢᠨ ᠬᠢᠨᠢ | ᠪᠤᠳᠤᠯ ᠰᠡᠳᠬᠢᠯ ᠲᠠᠢ ᠰᠢᠭᠤᠳ ᠬᠤᠯᠪᠤᠭᠳᠠᠬᠤ ᠨᠢ ᠲᠡᠮᠵᠢᠭ ᠦᠭᠡᠢ᠃ ᠦᠨᠦᠳᠤᠷ ᠪᠤᠯᠬᠤ ᠳᠤ ᠲᠤᠭᠰᠢᠨ | ᠪᠠᠷᠳᠠᠮ ᠨᠡᠷ᠎ᠡ ᠨᠢ ᠤᠶᠠᠨ ᠵᠦᠭᠡᠯᠡᠨ ᠪᠤᠯᠬᠤ ᠳᠤ ᠮᠠᠷᠭᠠᠰᠢ ᠪᠤᠯᠬᠤ ᠳᠤ ᠲᠠᠬᠢᠨ ᠰᠡᠷᠭᠦᠨ ᠬᠡᠷᠡᠭᠯᠡᠭᠳᠡᠬᠦ ᠪᠤᠯᠤᠮᠵᠢ | ᠴᠦ ᠪᠤᠢ᠃ ︽ᠪᠠᠷᠳᠠᠮ ᠬᠠᠷ᠎ᠠ︾ ᠴᠤᠤᠷᠠᠢ ᠲᠠᠪᠴᠠᠩ ︾ ᠨᠢᠭᠡᠨ ᠵᠢᠱᠢᠶ᠎ᠡ ᠪᠢᠰᠢᠦ ︖ | |