ᠨᠤᠳᠤᠭ ᠤᠨ ᠪᠤᠷᠤ ᠴᠢᠯᠠᠭᠤ
ᠨᠡᠶᠢᠲᠡᠯᠡᠭᠰᠡᠨ ᠴᠠᠭ᠄
2020/12/14
                    ︵ᠬᠦᠳᠦᠯᠦᠬᠡ ᠬᠤᠶᠠᠷ︶ ᠨᠤᠳᠤᠭ ᠲᠤ ᠮᠢᠨᠢ ᠪᠠᠶᠢᠳᠠᠭ ᠳᠡᠷᠡ ᠴᠢᠯᠠᠭᠤ ᠬᠢᠯᠠᠨᠴᠠᠭ ᠵᠢᠰᠦ ᠬᠡᠯᠳᠡᠶᠢᠭᠰᠡᠨ ᠵᠠᠩ ᠦᠬᠡᠢ ᠨᠤᠭᠤᠰᠤᠨ ᠦᠨᠳᠡᠭᠡ ᠰᠢᠭ᠋ ᠪᠦᠮᠪᠦᠷᠢᠬᠡᠨ ᠬᠢᠩᠰᠢᠬᠦ ᠠᠶᠠᠯᠭᠤ ᠬᠡᠷᠡᠯ ᠤᠨ ᠦᠢᠯᠳᠠ ᠲᠠᠢ ᠪᠤᠭᠤ ᠤᠷᠤᠮᠳᠠᠭᠰᠠᠨ ᠦᠨᠡᠰᠤᠨ ᠪᠠᠭᠤᠷᠢ ᠶᠢ ᠨᠠᠢᠮᠠᠨ ᠵᠠᠭᠤᠨ ᠤᠨ ᠮᠠᠨᠠᠭᠰᠠᠨ ᠪᠤᠭᠤᠷᠤᠯ ᠬᠤᠷᠸ᠎ᠠ ᠶᠢᠨ ᠤᠷᠳᠤ ᠬᠤᠷᠮᠤᠢ ᠳᠤ ᠨᠠᠶᠠᠨ ᠦᠶ᠎ᠠ ᠶᠢᠨ ᠬᠦᠢ ᠶᠢ ᠪᠤᠯᠠᠭᠰᠠᠨ ᠢᠰᠡᠬᠡᠢ ᠳᠤᠭᠤᠷᠭᠠᠳᠠᠨ ᠤ ᠳᠤᠯᠭ᠎ᠠ ᠶᠢ ᠦᠬᠡᠳᠡ ᠬᠠᠨᠳᠤᠭᠤᠯᠤᠨ ᠳᠤᠯᠤᠭᠰᠠᠨ ᠠᠯᠳᠠᠨ ᠶᠠᠰᠤᠳᠠᠨ ᠤ ᠴᠠᠳᠢᠭ ᠢ ᠦᠰᠦᠭ ᠳᠠᠰᠢᠶ᠎ᠠ ᠦᠬᠡᠢ ᠳᠡᠮᠳᠡᠭᠯᠡᠭᠰᠡᠨ ᠮᠦᠬᠦᠰᠢ ᠦᠬᠡᠢ ᠵᠠᠶᠠᠭ᠎ᠠ ᠲᠠᠢ ᠮᠢᠨᠦ ᠨᠤᠳᠤᠭ ᠤᠨ ᠴᠢᠯᠠᠭᠤᠳ ᠮᠦᠩᠬᠡ ᠶᠢᠨ ᠬᠡᠬᠡᠨ ᠰᠢᠳᠦᠬᠡᠨ ᠲᠠᠢ ᠮᠢᠩᠭᠠᠨ ᠭᠠᠯᠪᠠ ᠶᠢᠨ ᠰᠠᠬᠢᠭᠤᠯᠰᠤᠨ          ᠳᠤᠷᠠᠯᠠᠯ ᠴᠢᠨᠦ ᠤᠷᠤᠭᠤᠯ ᠢᠶᠠᠷ ᠵᠢᠷᠤᠭᠰᠠᠨ ᠵᠢᠷᠤᠬᠡᠨ ᠬᠡ ᠲᠠᠢ ᠴᠡᠴᠡᠭ ᠵᠤᠨ ᠪᠢᠰᠢ ᠴᠤ ᠨᠠᠳᠠ ᠤᠷᠤᠭᠤ ᠵᠤᠤᠮᠠᠯᠵᠠᠨ ᠳᠡᠯᠬᠡᠷᠡᠨ᠎ᠡ ᠴᠢᠨᠦ ᠨᠢᠳᠦ ᠪᠠᠷ ᠴᠠᠬᠢᠭᠰᠠᠨ ᠴᠠᠬᠢᠭᠤᠷ ᠴᠢᠯᠠᠭᠤᠨ ᠤᠴᠢ ᠴᠢᠮᠡᠭᠡ ᠦᠬᠡᠶᠢᠬᠡᠨ ᠨᠠᠭᠠᠰᠢ ᠴᠢᠷᠮᠡᠯ ᠦᠬᠡᠢ ᠨᠤᠴᠤᠨ᠎ᠠ ᠬᠢᠯᠢ ᠦᠬᠡᠢ ᠳᠡᠮᠡᠤᠯᠤᠯ ᠬᠡᠨ ᠠᠴᠠ ᠴᠤ ᠬᠤᠷᠳᠤᠨ ᠠᠶᠢᠰᠤᠢ ᠬᠡᠯᠡ ᠲᠠᠢ ᠰᠡᠳᠬᠢᠯ ᠢ ᠠᠰᠠᠭᠠᠨ ᠬᠡᠨᠡᠨ ᠬᠤᠩᠭᠤᠷᠬᠠᠨ ᠡᠷᠬᠡᠯᠡᠨ᠎ᠡ                    ᠭᠤᠳᠤᠯ ᠡᠮᠡᠭᠡ ᠶᠢᠨ ᠤᠯᠠᠯᠠᠭᠰᠠᠨ ᠠᠷᠠᠰᠤᠨ ᠭᠤᠳᠤᠯ ᠢ ᠠᠪᠤ ᠮᠢᠨᠢ ᠨᠠᠳᠠ ᠳᠤ ᠪᠡᠯᠡᠭᠯᠡᠭᠰᠡᠨ ᠶᠤᠮ ᠤᠯᠠ ᠲᠦᠷᠡᠢ ᠨᠢ ᠬᠠᠳᠠᠭᠤᠬᠠᠨ ᠪᠠᠶᠢᠭᠰᠠᠨ ᠴᠤ ᠤᠳᠠᠭᠠᠨ ᠡᠮᠦᠰᠬᠦ ᠳᠤ ᠪᠦᠬᠡ ᠲᠠᠢ ᠪᠠᠶᠢᠯ᠎ᠠ ᠮᠤᠳᠤ ᠴᠢᠯᠠᠭᠤ ᠲᠠᠢ ᠭᠠᠵᠠᠷ ᠡᠮᠦᠰᠦᠭᠰᠡᠨ ᠴᠤ ᠮᠤᠷᠤᠶᠢᠵᠤ ᠠᠳᠤᠷᠢᠬᠤ ᠶᠢ ᠮᠡᠳᠡᠳᠡᠭ ᠦᠬᠡᠢ ᠮᠦᠰᠦ ᠴᠠᠰᠤᠨ ᠳᠡᠬᠡᠷ᠎ᠡ ᠶᠠᠪᠤᠭᠰᠠᠨ ᠴᠤ ᠮᠤᠷᠢᠨ ᠳᠠᠬ᠎ᠠ ᠰᠢᠭ᠋ ᠠᠶᠢᠵᠠᠮ ᠳᠤᠭᠤᠯᠳᠠᠨ᠎ᠠ ᠬᠠᠮᠠᠷ ᠨᠢ ᠡᠷᠳᠡᠬᠡᠷ ᠬᠠᠷᠠᠬᠤ ᠳᠤ ᠡᠪᠯᠢᠭᠬᠡᠨ ᠬᠠᠯᠠᠭᠤᠨ ᠳᠤ ᠰᠡᠷᠢᠬᠦᠬᠡᠨ ᠬᠦᠢᠳᠡᠨ ᠳᠤ ᠳᠤᠯᠠᠭᠠᠬᠠᠨ ᠬᠠᠵᠠᠭᠠᠢ ᠬᠢᠰᠬᠢᠵᠤ ᠮᠠᠶᠢᠵᠢᠬᠢ ᠠᠯᠬᠤᠭᠰᠠᠨ ᠴᠤ ᠬᠦᠯ ᠢ ᠵᠠᠰᠠᠵᠤ ᠳᠡᠭᠰᠢ ᠶᠠᠪᠤᠭᠤᠯᠤᠭᠰᠠᠨ ᠶᠤᠮ ᠰᠢᠷᠢᠨ ᠭᠤᠳᠤᠯ ᠤᠨ ᠰᠢᠳᠢ ᠶᠢ ᠬᠦᠷᠳᠡᠬᠡᠳ ᠰᠢᠨᠵᠢ ᠲᠦᠷᠬᠦ ᠲᠠᠢ ᠬᠦᠮᠦᠨ ᠪᠤᠯᠤᠭᠰᠠᠨ ᠶᠤᠮ ᠰᠢᠨ᠎ᠠ ᠡᠷᠢᠨ ᠤ ᠬᠡᠤᠬᠡᠳ ᠲᠤ ᠪᠠᠨ ᠰᠤᠨᠢᠷᠬᠠᠯ ᠪᠤᠯᠭᠠᠨ ᠤᠯᠠᠮᠵᠢᠯᠠᠭᠰᠠᠨ ᠶᠤᠮ
 
ᠢᠷᠡᠯᠲᠡ᠄ ᠲᠤᠭᠴᠢ ᠯᠣᠪᠰᠠᠩ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号