ᠡᠪᠦᠯ
ᠨᠡᠶᠢᠲᠡᠯᠡᠭᠰᠡᠨ ᠴᠠᠭ᠄
2020/12/11
 ᠰ᠊᠂ ᠪᠦᠬᠡᠴᠢᠯᠠᠭᠤ   ᠡᠪᠦᠯ ᠭᠡᠵᠦ ᠭᠠᠳᠠᠨ᠎ᠠ ᠪᠠᠨ ᠲᠤᠭᠰᠢᠨ ᠬᠦᠢᠳᠡᠨ ᠴᠦ ᠲᠤᠳᠤᠷ᠎ᠠ ᠪᠠᠨ ᠬᠠᠪ ᠬᠠᠯᠠᠭᠤᠨ᠃ ᠤᠷᠭᠤᠮᠠᠯ ᠤᠨ ᠦᠨᠳᠦᠰᠦ ᠪᠦᠬᠦᠨ ᠢ ᠡᠪᠦᠷᠯᠡᠵᠦ ᠬᠠᠪᠤᠷ ᠲᠤ ᠬᠦᠷᠭᠡᠳᠡᠭ ᠦᠭᠭᠢᠶᠡᠮᠦᠷ ᠬᠠᠶᠢᠷ᠎ᠠ ᠲᠠᠢ ᠤᠯᠠᠷᠢᠯ ᠤᠨ ᠨᠢᠭᠡ ᠪᠤᠯᠤᠨ᠎ᠠ᠃   ᠪᠠᠳᠠᠭᠠᠨ᠎ᠠ ᠰᠢᠮᠠᠭᠤᠤᠯ ᠬᠦᠷᠳᠡᠯ᠎ᠡ ᠤᠷᠤᠩᠨᠠᠵᠦ ᠴᠢᠳᠠᠬᠤ ᠦᠭᠡᠢ᠃ ᠲᠠᠰ ᠬᠦᠢᠳᠡᠨ︕  ᠰᠠᠯᠭᠢᠨ ᠨᠢ ᠤᠮᠠᠷᠠᠳᠤ  ᠠᠴᠠ ᠱᠤᠤᠭᠢᠵᠦ ᠢᠷᠡᠬᠦ ᠳᠡᠭᠡᠨ ᠮᠦᠯᠢᠬᠦᠨ ᠪᠦᠭᠡᠳ ᠰᠢᠷᠦᠬᠦᠨ᠃  ᠭᠤᠤᠯ ᠮᠦᠷᠡᠨ᠂ ᠭᠠᠵᠠᠷ ᠰᠢᠷᠤᠢ ᠠᠩ  ᠴᠠᠪᠠ  ᠭᠠᠷᠳᠠᠯ᠎ᠠ ᠬᠦᠯᠳᠡᠭᠰᠡᠨ ᠴᠦ ᠵᠢᠷᠦᠭᠡ ᠰᠡᠳᠭᠢᠯ ᠨᠢ ᠲᠡᠷᠡ ᠭᠡᠪ ᠢᠶᠠᠷ ᠢᠶᠠᠨ ᠡᠷᠡᠭᠦᠯ ᠡᠩᠭᠡ ᠴᠤᠭᠢᠯᠠᠨ᠎ᠠ᠃ ᠬᠠᠯᠠ ᠨᠢ ᠭᠠᠳᠠᠨ᠎ᠠ ᠪᠠᠨ ᠴᠦ ᠬᠠᠶᠢᠷ᠎ᠠ ᠨᠢ ᠲᠤᠳᠤᠷ᠎ᠠ ᠪᠠᠨ ᠪᠠᠶᠢᠳᠠᠭ ᠨᠢ ᠡᠪᠦᠯ ᠤᠨ ᠤᠨᠴᠠᠯᠢᠭ  ᠭᠡᠵᠦ ᠮᠤᠩᠭᠤᠯᠴᠤᠳ ᠦᠵᠡᠳᠡᠭ᠃ ᠲᠡᠶᠢᠮᠦ ᠡ︕ ᠭᠠᠯᠪᠠ ᠲᠡᠯᠡᠭᠡᠢ ᠶᠢᠨ ᠦᠨᠡᠨ ᠴᠢᠨᠠᠷ ᠢ ᠤᠬᠠᠭᠠᠭᠰᠠᠨ ᠬᠦᠮᠦᠨ ᠡᠪᠦᠯ ᠢ ᠮᠡᠳᠡᠨ᠎ᠡ᠃ ᠭᠠᠴᠢᠭᠳᠠᠵᠦ ᠵᠤᠪᠠᠭ᠋ᠤ ᠳᠠᠭᠠᠨ ᠭᠠᠷ ᠬᠦᠯ ᠢᠶᠠᠨ ᠬᠦᠯᠳᠡᠭᠡᠭᠰᠡᠨ ᠬᠦᠮᠦᠨ ᠡᠪᠦᠯ ᠢ ᠤᠶᠢᠯᠭᠠᠨ᠎ᠠ᠃ ᠦᠭᠡᠷ᠎ᠡ ᠪᠠᠷ ᠭᠡᠯᠡᠪᠡᠯ ᠠᠮᠢᠳᠤᠷᠠᠯ ᠤᠨ ᠡᠯᠡ ᠬᠠᠯᠠ ᠶᠢ ᠠᠮᠰᠠᠭᠰᠠᠨ ᠬᠦᠮᠦᠨ ᠡᠪᠦᠯ ᠤᠨ ᠦᠨᠡᠨ ᠢ ᠨᠡᠪᠳᠡ ᠲᠠᠨᠢᠨ᠎ᠠ᠃  ᠪᠢ ᠬᠠᠷᠬᠠᠨ ᠪᠠᠭ᠎ᠠ ᠠᠴᠠ ᠪᠠᠨ ᠶᠠᠳᠠᠭᠤ ᠭᠡᠷ ᠲᠤ ᠲᠦᠷᠦᠵᠦ ᠠᠮᠢᠳᠤᠷᠠᠯ ᠤᠨ ᠭᠠᠰᠢᠭᠤᠨ ᠢ ᠬᠠᠨᠳᠠᠯ᠎ᠠ   ᠠᠮᠰᠠᠬᠤ ᠳᠠᠭᠠᠨ ᠬᠦᠭᠡᠷᠦᠬᠦᠢ ᠨᠠᠰᠤ ᠪᠠᠷ ᠢᠶᠠᠨ ᠬᠦᠳᠡᠭᠡ ᠳᠤ ᠠᠮᠢᠳᠤᠷᠠᠭᠰᠠᠨ ᠠᠪᠤ ᠶᠢᠨ ᠮᠢᠨᠢ ᠦᠷᠦᠴᠡ ᠵᠢᠷᠦᠭᠡᠨ  ᠳᠡᠭᠡᠨ ᠨᠢᠭᠤᠭᠰᠠᠨ ᠦᠨᠡᠨᠴᠢ ᠬᠠᠶᠢᠷ᠎ᠠ ᠪᠠᠷ ᠬᠦᠮᠦᠨ ᠪᠤᠯᠵᠦ ᠬᠦᠯ ᠲᠡᠭᠡᠷ᠎ᠡ ᠪᠠᠨ ᠲᠤᠭᠳᠠᠯ᠎ᠠ᠃ ᠭᠡᠬᠦ ᠳᠡᠭᠡᠨ   ᠠᠭᠤᠯᠠ ᠰᠢᠭ᠋ ᠰᠦᠷᠯᠢᠭ᠂ ᠤᠴᠠᠭᠠᠷᠯᠠᠬᠤ ᠪᠠᠷ ᠲᠡᠭᠷᠢ ᠰᠢᠭ ᠪᠠᠷᠤᠶᠢᠳᠠᠭ ᠴᠢᠷᠠᠢ᠂ ᠲᠤᠭᠰᠢᠨ ᠲᠤᠯᠭᠢᠨ ᠵᠠᠩ ᠠᠷᠠᠨᠰᠢᠨ ᠨᠢ ᠨᠠᠮ᠎ᠠ ᠳᠤ ᠡᠪᠦᠯ ᠤᠨ ᠤᠯᠠᠷᠢᠯ ᠤᠨ ᠤᠨᠴᠠᠯᠢᠭ ᠰᠢᠨᠵᠢ ᠶᠢ ᠪᠤᠳᠤᠭᠳᠠᠭᠤᠯᠤᠨ᠎ᠠ᠃ ᠡᠪᠦᠯ ᠰᠢᠭ ᠡᠷᠡᠰᠭᠡᠨ ᠠᠪᠤ ᠬᠦᠮᠦᠨ ᠠᠮᠢᠳᠤᠷᠠᠯ ᠤᠨ ᠲᠦᠰᠢᠭ᠂ ᠰᠡᠳᠭᠢᠯ ᠤᠨ ᠨᠠᠷᠠ ᠪᠠᠶᠢᠳᠠᠭ ᠨᠢ ᠲᠡᠷᠡ ᠴᠦ ᠶᠤᠮ ᠤᠤ︖  ᠮᠢᠨᠦ ᠡᠪᠦᠯ ᠳᠤ ᠬᠠᠶᠢᠷ᠎ᠠ ᠲᠠᠢ᠂ ᠲᠤᠷ᠎ᠠ ᠲᠠᠢ ᠪᠠᠶᠢᠳᠠᠭ ᠮᠢᠨᠢ ᠡᠶᠢᠮᠦ ᠯᠡ ᠤᠴᠢᠷᠳᠠᠢ᠃ ᠲᠡᠭᠢᠭᠠᠳ ᠠᠪᠤᠭᠠᠳ ᠭᠡᠯᠡᠪᠡᠯ ᠪᠢ ᠡᠪᠦᠯ ᠤᠨ ᠤᠯᠠᠷᠢᠯ ᠤᠨ ᠠᠷᠪᠠᠨ ᠨᠢᠭᠡᠨ ᠰᠠᠷ᠎ᠠ ᠳᠤ ᠲᠦᠷᠦᠵᠦ ᠦᠰᠦᠭᠰᠡᠨ ᠬᠦᠮᠦᠨ ᠪᠤᠯᠬᠤᠷ ᠡᠪᠦᠯ  ᠨᠠᠮ᠎ᠠ ᠳᠤ ᠠᠯᠢ ᠤᠯᠠᠷᠢᠯ ᠠᠴᠠ ᠢᠯᠡᠬᠦᠦ ᠬᠠᠯᠠᠭᠤᠨ ᠲᠤᠯᠠᠭᠠᠨ ᠰᠠᠨᠠᠭᠳᠠᠨ᠎ᠠ᠃  ᠭᠡᠬᠦ ᠳᠡᠭᠡᠨ ᠦᠨᠳᠦᠷᠯᠢᠭ ᠤᠨ ᠬᠦᠢᠳᠡᠨ ᠠᠭᠤᠷ ᠠᠮᠢᠰᠬᠤᠯ ᠳᠤ ᠴᠡᠴᠡᠷᠡᠳᠡᠯ᠎ᠡ ᠲᠠᠭᠠᠷᠠᠭᠰᠠᠨ ᠴᠦ  ᠰᠡᠳᠭᠢᠯ ᠳᠤ ᠮᠢᠨᠢ ᠮᠠᠰᠢ ᠠᠶᠠᠳᠠᠢ ᠪᠠᠶᠢᠳᠠᠭ ᠢ ᠶᠠᠭᠤ ᠭᠡᠯᠡᠬᠦ ᠪᠤᠢ︖ ᠮᠦᠩᠬᠦᠨ ᠴᠠᠭᠠᠨ ᠴᠠᠰᠤ ᠪᠠᠷ ᠬᠤᠴᠠᠭᠳᠠᠭᠰᠠᠨ ᠲᠡᠯᠡᠭᠡᠢ ᠶᠢ ᠬᠠᠷᠠᠬᠤ ᠠᠴᠠ ᠤᠢ ᠰᠡᠷᠡᠯ ᠳᠤ ᠢᠷᠠᠭᠤ ᠨᠠᠶᠢᠷᠠᠭ ᠤᠨ ᠤᠩᠭᠤᠳ ᠴᠠᠭᠢᠯᠤᠨ ᠪᠠᠭᠤᠨ᠎ᠠ᠃ ᠠᠵᠢᠭ ᠦᠭᠡᠢ᠂ ᠨᠢᠴᠦᠬᠦᠨ ᠵᠤᠭᠰᠤᠭ᠎ᠠ ᠮᠤᠳᠤᠳ ᠤᠨ ᠡᠷᠡᠮᠡᠭᠡᠢ ᠵᠤᠷᠢᠭ ᠰᠠᠨᠠᠭ᠎ᠠ ᠶᠢ ᠪᠠᠭ᠋ᠠᠷᠬᠠᠤ ᠠᠴᠠ ᠨᠤᠳᠤᠭ ᠤᠰᠤᠨ ᠳᠠᠭᠠᠨ ᠬᠠᠶᠢᠷ᠎ᠠ ᠲᠠᠢ ᠬᠦᠮᠦᠰ ᠤᠨ ᠬᠤᠯᠠ ᠶᠢᠨ ᠬᠠᠷᠠᠴᠠ᠂ ᠪᠤᠰᠤᠭ᠎ᠠ  ᠰᠦᠷ᠂ ᠬᠦᠰᠡᠯ ᠢᠳᠡᠭᠡᠯ ᠢ ᠬᠤᠯᠪᠤᠨ ᠪᠤᠳᠤᠭᠤᠯᠤᠨ᠎ᠠ᠃   ᠡᠪᠦᠯ᠂ ᠭᠡᠦᠭᠡᠳ ᠴᠠᠰᠤᠨ ᠬᠦᠮᠦᠨ ᠪᠠᠷᠢᠵᠦ ᠬᠦᠭᠡᠷᠦᠯᠳᠡᠨ ᠲᠤᠭᠯᠠᠬᠤ ᠶᠢ ᠬᠠᠷᠠᠬᠤ ᠪᠦᠷᠢ ᠦᠪᠡᠷ ᠤᠨ ᠡᠷᠭᠡ ᠦᠭᠡᠢ ᠪᠠᠭ᠎ᠠ ᠨᠠᠰᠤ ᠤᠷᠤᠭᠤ ᠪᠠᠨ ᠪᠤᠳᠤᠯ ᠮᠢᠨᠢ ᠲᠡᠭᠦᠯᠢᠨ ᠬᠦᠷᠴᠦ ᠲᠡᠭᠷᠢ ᠳᠡᠭᠡᠨ ᠡᠷᠭᠡᠯᠡᠵᠦ ᠴᠢᠯᠦᠭᠡᠳᠡᠢ ᠨᠢᠰᠭᠦ ᠪᠦᠷᠭᠦᠳ ᠰᠢᠭ ᠰᠡᠳᠭᠢᠯ ᠬᠦᠭᠰᠡᠵᠦ ᠰᠠᠨᠠᠭ᠎ᠠ ᠠᠭᠤᠵᠢᠷᠠᠳᠠᠭ ᠪᠠᠶᠢᠯ᠎ᠠ᠃  ᠡᠪᠦᠯ ᠭᠠᠷ ᠪᠡᠭᠡᠷᠡᠵᠦ ᠲᠠᠭᠠᠷᠠᠬᠤ ᠪᠠᠷ ᠰᠦᠨ ᠴᠠᠭᠠᠨ ᠴᠠᠰᠤ ᠶᠢ ᠪᠢᠳᠡᠭᠦᠯᠡᠨ ᠠᠪᠴᠦ ᠠᠭᠢᠨ ᠲᠠᠭᠢᠨ ᠱᠦᠷᠭᠡᠮᠡᠭᠴᠡ ᠬᠠᠯᠠᠭᠤ ᠤᠷᠭᠢᠵᠦ ᠲᠠᠶᠢᠪᠤᠰᠢᠷᠠᠨ ᠠᠮᠤᠷᠵᠢᠳᠠᠭ ᠰᠠᠨ᠃   ᠡᠪᠦᠯ ᠰᠠᠶᠢᠬᠠᠨ᠃ ᠬᠠᠷᠠᠩᠭᠤᠢ ᠰᠦᠨᠢ ᠶᠢᠨ ᠬᠦᠨ ᠢᠶᠠᠷ ᠲᠠᠭᠢᠶᠠᠨ ᠡᠭᠦᠷ ᠵᠦᠭ ᠮᠢᠷᠢᠶᠠᠭᠰᠠᠨ ᠬᠤᠯᠵᠢᠨ ᠦᠨᠡᠭᠡᠨ ᠤ ᠪᠤᠷᠤᠭᠤᠯᠤᠭᠰᠠᠨ ᠮᠦᠷ ᠲᠤᠳᠤᠷᠠᠬᠠᠢ ᠬᠠᠷᠠᠭᠳᠠᠨ᠎ᠠ᠃ ᠬᠠᠶᠢᠷᠠᠳᠤ ᠡᠭᠡ ᠪᠠᠨ ᠰᠠᠨᠠᠵᠦ ᠬᠦᠶᠦᠭᠰᠡᠨ ᠦᠨᠦᠴᠢᠨ ᠵᠡᠭᠡᠷ᠎ᠡ ᠶᠢᠨ ᠮᠦᠷ ᠴᠦ ᠲᠤᠪ ᠲᠤᠳᠤᠷᠠᠬᠠᠢ ᠬᠠᠷᠠᠭᠳᠠᠨ᠎ᠠ᠃ ᠭᠡᠷ ᠵᠦᠭ ᠢᠶᠠᠨ ᠲᠠᠪᠭᠢᠭᠤᠯᠵᠦ ᠢᠷᠡᠭᠰᠡᠨ ᠮᠤᠷᠢᠳᠦ ᠬᠦᠮᠦᠨ ᠤ ᠮᠦᠷ ᠴᠦ ᠢᠯᠡ ᠬᠠᠷᠠᠭᠳᠠᠨ᠎ᠠ᠃  ︽ᠴᠠᠰᠤᠨ ᠲᠡᠭᠡᠷ᠎ᠡ ᠬᠦᠮᠦᠨ ᠠᠮᠢᠳᠠᠨ ᠤ ᠮᠦᠷ ᠲᠤᠷᠠᠶᠢᠨ᠎ᠠ ᠂ ᠴᠠᠭᠠᠰᠤᠨ ᠲᠡᠭᠡᠷ᠎ᠡ ᠬᠦᠮᠦᠨ ᠵᠤᠨ ᠤ ᠨᠠᠷ᠎ᠠ ᠦᠯᠡᠳᠡᠨ᠎ᠡ  ︾ ᠭᠡᠵᠦ ᠲᠡᠷᠡ ᠪᠢᠯᠢᠦ︖   ᠡᠪᠦᠯ ᠤᠨ ᠵᠢᠩᠭᠢᠨᠡᠮ᠎ᠡ ᠭᠦᠢᠳᠡᠨ ᠤᠰᠤ ᠪᠠᠷ ᠨᠢᠭᠤᠷ ᠭᠠᠷ ᠢᠶᠠᠨ ᠤᠭᠢᠶᠠᠬᠤ ᠳᠤ ᠵᠢᠰᠦ ᠦᠩᠭᠡ ᠰᠠᠶᠢᠵᠢᠷᠠᠵᠦ ᠪᠠᠶ᠎ᠠ ᠮᠠᠭᠪᠤᠳ ᠴᠠᠭᠢᠷᠠᠭᠵᠢᠭᠠᠳ ᠭᠢᠮᠤᠷᠠᠭ᠎ᠠ ᠲᠠᠭᠰᠢᠭᠤᠷ ᠢ ᠡᠰᠡᠷᠭᠦᠴᠡᠬᠦ ᠴᠢᠳᠠᠯ ᠨᠡᠮᠡᠭᠳᠡᠳᠡᠭ ᠭᠡᠮᠡᠨ ᠮᠤᠩᠭᠤᠯ ᠡᠮᠨᠡᠯᠭᠡ ᠶᠢᠨ ᠵᠤᠷ ᠲᠤ ᠲᠡᠮᠳᠡᠭᠯᠡᠵᠦ ᠪᠠᠶᠢᠳᠠᠭ ᠠᠵᠢ᠃ ᠡᠷᠳᠡ ᠡᠳᠦᠭᠡ ᠶᠢᠨ ᠦᠤᠭᠡ  ᠲᠡᠦᠭᠡᠨ ᠳᠤ ᠬᠠᠭᠠᠨ ᠡᠵᠡᠨ ᠬᠦᠷᠳᠡᠯ᠎ᠡ ᠬᠠᠭᠢᠷ ᠡᠪᠦᠯ ᠢᠶᠠᠷ ᠲᠠᠯᠠᠢ ᠶᠢᠨ ᠤᠰᠤᠨ ᠳᠤ ᠤᠮᠪᠠᠵᠦ ᠪᠠᠶ᠎ᠠ ᠮᠠᠭᠪᠤᠳ ᠢᠶᠠᠨ ᠲᠠᠪᠳᠠᠨ ᠬᠠᠪᠤᠷ ᠴᠠᠭ ᠤᠨ ᠴᠢᠰᠦ ᠬᠦᠭᠡᠷᠦᠬᠦ ᠶᠢ ᠰᠡᠷᠭᠡᠶᠢᠯᠡᠵᠦ ᠡᠷᠡᠭᠦᠯ ᠲᠡᠩᠯᠡᠬᠦᠨ ᠶᠠᠪᠤᠳᠠᠭ ᠪᠠᠶᠢᠭᠰᠠᠨ ᠶᠤᠮ᠃   ᠮᠤᠩᠭᠤᠯᠴᠤᠳ ︽ᠡᠪᠦᠯ ᠤᠨ ᠤᠯᠠᠷᠢᠯ ᠢ ᠲᠡᠰᠪᠦᠷᠢ ᠲᠪᠴᠢᠶᠡᠷᠢ ᠶᠢᠨ ᠰᠢᠯᠭᠠᠯᠳᠠ  ᠃ ᠮᠠᠯ ᠤᠨᠤᠭ᠎ᠠ ᠦᠰᠡᠭᠡᠨ ᠦᠷᠡᠵᠢᠬᠦᠯᠬᠦ ᠶᠢᠨ ᠵᠠᠩᠭᠢᠯᠭ᠎ᠠ᠃ ᠬᠠᠪᠤᠷ ᠤᠨ ᠬᠠᠳᠠᠭᠤ ᠴᠠᠭ ᠢ ᠲᠤᠭᠤᠯᠠᠬᠤ ᠶᠢᠨ ᠤᠷᠢᠳᠡᠯ︾ ᠭᠡᠵᠦ ᠡᠪᠦᠯ ᠤᠨ ᠤᠯᠠᠷᠢᠯ ᠢ ᠮᠠᠰᠢ ᠬᠦᠨᠳᠦᠳᠭᠡᠨ ᠲᠡᠭᠡᠳᠦᠯᠡᠵᠦ ᠲᠡᠭᠷᠢ ᠶᠢᠨ ᠪᠠᠶᠢᠳᠠᠯ ᠢ ᠰᠢᠨᠵᠢᠨ ᠴᠠᠭ ᠠᠭᠤᠷ ᠤᠨ ᠬᠤᠪᠢᠰᠤᠯᠳᠡ ᠶᠢ ᠲᠠᠨᠢᠵᠦ ᠠᠮᠢᠳᠤᠷᠠᠯ ᠢᠶᠠᠨ ᠦᠭᠡᠳᠡ ᠲᠠᠳᠠᠳᠠᠭ ᠪᠠᠶᠢᠯ᠎ᠠ᠃   ᠡᠪᠦᠯ᠂ ᠴᠡᠪᠡᠷ ᠬᠠᠶᠢᠷ᠎ᠠ ᠶᠢᠨ ᠦᠩᠭᠢᠶᠡᠮᠦᠷ ᠶᠢᠷᠳᠢᠨᠴᠦ  ᠃ ᠦᠨᠡᠨ ᠤ ᠲᠡᠯᠡᠭᠡᠢ᠃ ᠦᠪᠡᠷ ᠤᠨ ᠢᠶᠠᠨ ᠭᠡᠯᠪᠡᠷᠢ  ᠪᠠᠷ ᠤᠷᠤᠰᠢᠨ ᠲᠤᠭᠳᠠᠭᠰᠠᠨ ᠠᠮᠢᠳᠤᠷᠠᠯ ᠤᠨ ᠤᠠᠶᠠᠩᠭ᠎ᠠ ᠲᠠᠭᠤᠤ᠃ ᠰᠡᠳᠭᠢᠯ ᠢ ᠭᠡᠭᠡᠯᠡᠵᠦ ᠢᠷᠡᠳᠡᠭ ᠢᠷᠠᠭᠤ ᠨᠠᠶᠢᠷᠠᠭ ᠤᠨ ᠰᠦᠨ ᠴᠠᠭᠠᠨ ᠭᠡᠷᠡᠯ ᠡ︕   ᠪᠢ ᠡᠪᠦᠯ ᠠᠴᠠ ᠤᠷᠭᠤᠵᠦ ᠬᠠᠪᠤᠷ ᠲᠠᠭᠠᠨ ᠬᠠᠩᠬᠤᠯᠠᠳᠠᠯ᠎ᠠ ᠲᠡᠯᠭᠡᠷᠡᠬᠦ ᠨᠢᠭᠡᠨ ᠪᠤᠳᠠ ᠲᠠᠯ᠎ᠠ ᠶᠢᠨ ᠴᠡᠴᠡᠭ ᠪᠤᠶᠤ   ***  ᠲᠤᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ  ᠬᠤᠶᠢᠳᠤ ᠬᠤᠰᠢᠭᠤᠨ ᠤ ᠭᠠᠨᠵᠤᠭ᠎ᠠ ᠨᠢᠭᠡᠳᠦᠭᠡᠷ ᠲᠤᠮᠳᠠᠳᠤ ᠰᠤᠷᠭᠠᠭᠤᠯᠢ   ᠶᠢᠨ  ᠭᠠᠳᠠᠭᠠᠳᠤ ᠭᠡᠯᠡᠨ ᠤ ᠲᠠᠰᠤᠭ   ᠤᠳᠠᠰᠤ᠄ 1524 833 5742 ᠬᠠᠷᠢᠯᠴᠠᠬᠤ ᠬᠦᠮᠦᠨ᠄王学敏通辽市科左后旗甘旗卡一中英语组      ᠰᠢᠤᠳᠠᠨ ᠨᠤᠮᠧᠷ᠄ 028100
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号