| | ᠤᠷᠳᠤ ᠠᠶᠢᠯ ᠤᠷᠰᠢᠭᠳᠤ ᠶᠢᠨ ᠬᠢᠨ | ᠤᠯᠠᠭᠠᠨ ᠬᠠᠷ᠎ᠠ ᠠᠷᠪᠢᠨ ᠢᠮᠠᠭ᠎ᠠ ᠲᠠᠢ | ᠤᠳᠠᠰᠤᠨ ᠬᠤᠷᠤᠭ᠎ᠠ ᠲᠦᠬᠦᠷᠡᠩ ᠮᠠᠯ ᠳᠤ ᠨᠢ | ᠤᠷᠰᠢᠭ ᠤᠨ ᠲᠦᠷᠦᠬᠦᠤ ᠨᠢᠬᠡ ᠤᠬᠤᠨ᠎ᠠ ᠲᠠᠢ | ᠡᠷᠪᠡᠬᠡᠯᠵᠢ ᠡᠪᠡᠷ ᠤᠨ ᠰᠠᠯᠠᠭᠠᠨ ᠳᠤᠮᠳᠠ ᠪᠠᠨ | ᠡᠷᠳᠡᠨᠢ ᠶᠢᠨ ︿︿ᠶᠤᠸᠠᠨᠪᠤᠤ﹀﹀ ᠬᠠᠪᠴᠢᠵᠤ ᠪᠠᠶᠢᠬᠤ ᠰᠢᠭ᠋ | ᠡᠵᠡᠷᠬᠡᠭ ᠲᠦᠷᠢᠮᠡᠬᠡᠢ ᠳᠠᠯᠳᠠ ᠬᠦᠴᠦᠨ ᠳᠤ ᠪᠠᠨ | ᠡᠴᠢᠬᠡ ᠶᠢᠨ ᠤᠮᠤᠭ ᠢᠶᠠᠨ ᠦᠵᠡᠬᠦᠯᠵᠤ ᠪᠠᠶᠢᠬᠤ ᠰᠢᠭ᠋ | ᠡᠳᠡᠬᠡᠳ ᠵᠡᠪᠰᠡᠭ ᠵᠠᠶᠠᠭᠠᠭᠰᠠᠨ ᠳᠤ ᠪᠠᠨ ᠡᠷᠳᠤᠨ | ᠡᠷᠳᠡᠬᠡᠷ ᠵᠠᠩ ᠨᠢ ᠨᠡᠩ ᠬᠡᠴᠡᠬᠦᠳᠡᠭᠰᠡᠨ ᠰᠢᠭ | ᠡᠮ᠎ᠡ ᠢᠮᠠᠭᠠᠳ ᠤᠨ ᠬᠡᠰᠢᠭ ᠲᠤ ᠪᠠᠨ ᠪᠠᠷᠳᠠᠮᠨᠠᠨ | ᠡᠷᠡᠮᠡᠬᠡᠢ ᠴᠢᠨᠠᠷ ᠨᠢ ᠤᠯᠠᠮ ᠨᠡᠮᠡᠭᠳᠡᠭᠰᠡᠨ ᠰᠢᠭ | ᠡᠷ᠎ᠡ ᠬᠦᠢᠰᠳᠡᠨ ᠢ ᠦᠨᠦᠷᠯᠡᠬᠦ ᠦᠬᠡᠢ ᠮᠦᠷᠬᠦᠬᠡᠳ | ᠡᠷᠬᠡ ᠰᠦᠷ ᠢᠶᠠᠨ ᠭᠠᠶᠢᠬᠠᠭᠤᠯᠬᠤ ᠪᠠᠷ ᠭᠤᠷᠢᠯᠠᠳᠠᠭ | ᠡᠳᠤᠷ ᠰᠦᠨᠢ ᠶᠢ ᠡᠷᠢᠶᠡᠯᠡᠬᠦ ᠦᠬᠡᠢ ᠪᠠᠪᠠᠨᠠᠳᠤᠭᠠᠳ | ᠡᠷᠬᠢᠮ ᠡᠬᠦᠷᠬᠡ ᠪᠠᠨ ᠳᠠᠪᠠᠭᠤᠯᠬᠤ ᠪᠠᠷ ᠵᠢᠳᠬᠦᠳᠡᠭ | ᠡᠬᠡ ᠪᠠᠨ ᠬᠦᠷᠳᠡᠯ᠎ᠡ ᠢᠯᠭᠠᠬᠤ ᠪᠠᠨ ᠪᠤᠯᠢᠭᠠᠳ | ᠡᠨᠡᠷᠢᠯ ᠲᠦᠷᠰᠦ ᠦᠬᠡᠢ ᠠᠭᠠᠰᠢᠯᠠᠵᠤ ᠵᠠᠩᠨᠠᠳᠠᠭ | ᠡᠵᠡᠨ ᠢᠶᠠᠨ ᠬᠦᠷᠳᠡᠯ᠎ᠡ ᠳᠠᠨᠢᠬᠤ ᠪᠠᠨ ᠪᠠᠶᠢᠴᠢᠬᠠᠭᠠᠳ | ᠦᠮᠦᠬᠡᠢ ᠦᠨᠦᠷ ᠢᠶᠠᠨ ᠡᠮᠦᠨ᠎ᠠ ᠠᠴᠠ ᠨᠢ ᠰᠠᠷᠢᠳᠠᠭ | ᠤᠰᠤ ᠪᠡᠯᠴᠢᠬᠡᠷ ᠲᠠᠢ ᠰᠦᠷᠦᠭ ᠲᠤ ᠰᠢᠨᠤᠭᠠᠳ | ᠤᠳᠠᠰᠤ ᠬᠦᠷᠢᠶ᠎ᠠ ᠠᠴᠠ ᠪᠠᠨ ᠦᠰᠦᠷᠤᠨ ᠬᠦᠶᠦᠳᠡᠭ | ᠤᠷᠤᠭ᠎ᠠ ᠲᠠᠢ ᠡᠰᠡᠬᠦ ᠶᠢ ᠬᠠᠮᠠᠷ ᠢᠶᠠᠷ ᠢᠶᠠᠨ ᠤᠯᠤᠭᠠᠳ | ᠤᠯᠵᠠ ᠬᠠᠨᠤᠯ ᠳᠤ ᠪᠠᠨ ᠡᠷᠳᠡᠶᠢᠨ ᠪᠠᠶᠠᠰᠳᠠᠭ | ᠤᠷᠳᠤ ᠠᠶᠢᠯ ᠤᠨ ᠭᠠᠭᠴᠠᠬᠠᠨ ᠤᠬᠤᠨ᠎ᠠ | ᠤᠶᠢᠷ᠎ᠠ ᠬᠠᠪᠢ ᠳᠤ ᠪᠠᠨ ᠰᠤᠷᠠᠭ ᠲᠠᠢ ᠪᠤᠯᠵᠠᠢ | ᠤᠭᠳᠤᠬᠤ ᠬᠠᠪᠤᠷ ᠢ ᠬᠦᠯᠢᠶᠡᠳᠡᠭ ᠪᠤᠯᠪᠠ ᠤᠤ | ᠤᠷᠰᠢᠭᠳᠤ ᠶᠢᠨ ᠬᠢᠨᠢ ᠰᠡᠬᠦᠷᠡᠰᠤ ᠠᠯᠳᠠᠵᠠᠢ | ᠤᠭᠤᠳᠠᠨ ᠳᠤ ᠪᠠᠭᠳᠠᠬᠤ ᠦᠬᠡᠢ ᠡᠪᠡᠷ ᠢ ᠨᠢ | ᠬᠢᠷᠦᠬᠡᠳᠡᠬᠡᠳ ᠬᠠᠶᠠᠵᠤ ᠪᠤᠯᠳᠠᠭ ᠦᠬᠡᠢ ᠤᠤ | ᠤᠰᠤᠨ ᠳᠤ ᠬᠠᠨᠤᠬᠤ ᠦᠬᠡᠢ ᠰᠠᠨᠠᠭ᠎ᠠ ᠶᠢ ᠨᠢ | ᠬᠡᠷᠴᠢᠬᠡᠳ ᠤᠷᠬᠢᠵᠤ ᠪᠤᠯᠳᠠᠭ ᠦᠬᠡᠢ ᠤᠤ | | | | ᠳᠤᠭᠴᠢ ᠯᠤᠪᠰᠠᠩ ︵ᠦᠤᠰᠢᠨ︶ | |