ᠪᠤᠭᠤᠷᠤᠯ ᠨᠠᠮᠤᠷ
ᠨᠡᠶᠢᠲᠡᠯᠡᠭᠰᠡᠨ ᠴᠠᠭ᠄
2020/10/26
  ᠳᠤᠭᠴᠢ ᠯᠤᠪᠰᠠᠩ ︵ᠦᠤᠰᠢᠨ︶            ᠪᠤᠭᠤᠷᠤᠯ ᠨᠠᠮᠤᠷ                 ︵ᠬᠦᠳᠦᠯᠦᠬᠡ ᠨᠢᠬᠡ︶ ᠪᠤᠭᠤᠷᠤᠯ ᠨᠠᠮᠤᠷ ᠤᠨ ᠪᠤᠳᠠᠩ ᠳᠤ ᠪᠤᠳᠠᠨ ᠤ ᠰᠢᠪᠠᠭᠤᠳ ᠡᠩᠰᠡᠷᠡᠯ᠎ᠡ ᠪᠠᠭᠤᠷᠢ ᠪᠠᠨ ᠤᠷᠬᠢᠵᠤ ᠴᠢᠳᠠᠬᠤ ᠦᠬᠡᠢ ᠪᠤᠷᠤᠭᠤ ᠬᠠᠨᠳᠤᠭᠠᠳ ᠤᠬᠢᠯᠠᠯᠴᠠᠯ᠎ᠠ ᠪᠤᠭᠤᠷᠤᠯ ᠨᠠᠮᠤᠷ ᠤᠨ ᠬᠢᠷᠠᠭᠤᠨ ᠳᠤ ᠳᠠᠯᠠᠨ ᠬᠡᠯᠡᠳᠤ ᠳᠠᠭᠠᠷᠢᠭᠳᠠᠯ᠎ᠠ ᠭᠠᠰᠠᠯᠠᠩ ᠢᠶᠠᠨ ᠳᠤᠭᠠᠴᠢᠬᠤ ᠭᠠᠵᠠᠷ ᠦᠬᠡᠢ ᠭᠤᠨᠢᠭ ᠤᠨ ᠨᠢᠯᠪᠤᠰᠤ ᠪᠠᠨ ᠵᠠᠯᠬᠢᠯ᠎ᠠ ᠪᠤᠭᠤᠷᠤᠯ ᠨᠠᠮᠤᠷ ᠤᠨ ᠬᠢᠵᠢᠭ ᠲᠤ ᠪᠤᠷᠬᠠᠨ ᠳᠡᠭᠷᠢ ᠴᠤ ᠡᠮᠵᠡᠭᠯᠡᠯ᠎ᠡ ᠪᠤᠭ ᠠᠴᠠ ᠠᠪᠤᠷᠠᠵᠤ ᠳᠡᠶᠢᠯᠬᠦ ᠦᠬᠡᠢ ᠪᠤᠬᠢᠨᠢᠳᠦᠯ ᠤᠨ ᠴᠢᠰᠦ ᠪᠠᠷ ᠪᠦᠬᠡᠯᠵᠢᠯ᠎ᠡ          ᠰᠠᠯᠬᠢ ᠬᠠᠪᠤᠷ ᠤᠨ ᠨᠤᠭᠤᠭᠠᠨ ᠰᠠᠯᠬᠢ ᠮᠤᠳᠤᠨ ᠤ ᠮᠦᠴᠢᠷ ᠢ ᠰᠠᠮᠨᠠᠨ ᠲᠦᠯ ᠤᠨ ᠳᠠᠭᠤᠨ ᠢ ᠡᠬᠡᠰᠢᠭᠯᠡᠬᠦᠯᠵᠤ ᠳᠤᠶᠢᠯ ᠤᠨ ᠠᠵᠢᠯᠰᠠᠭ ᠰᠠᠨ ᠵᠤᠨ ᠤ ᠬᠦᠬᠡ ᠰᠠᠯᠬᠢ ᠨᠠᠭᠤᠷ ᠤᠨ ᠬᠠᠴᠠᠷ ᠢ ᠦᠨᠦᠰᠦᠨ ᠭᠤᠤᠯ ᠭᠤᠷᠤᠬ᠎ᠠ ᠶᠢ ᠰᠢᠪᠡᠨᠡᠬᠦᠯᠵᠤ ᠭᠠᠩᠭᠠᠩ ᠬᠡᠬᠡᠨᠴᠢᠷᠬᠡᠨ ᠰᠠᠨ ᠨᠠᠮᠤᠷ ᠤᠨ ᠰᠢᠷ᠎ᠠ ᠰᠠᠯᠬᠢ ᠡᠬᠡ ᠪᠠᠶᠢᠭᠠᠯᠢ ᠶᠢ ᠵᠢᠷᠤᠭᠯᠠᠨ ᠨᠡᠬᠦᠳᠡᠯ ᠤᠨ ᠰᠢᠪᠠᠭᠤᠳ ᠢ ᠵᠠᠯᠠᠯᠠᠬᠦᠯᠵᠤ ᠨᠡᠬᠡᠷᠡᠨ ᠭᠤᠶᠤᠮᠰᠤᠭ ᠰᠠᠨ ᠡᠪᠤᠯ ᠤᠨ ᠪᠤᠭᠤᠷᠤᠯ ᠰᠠᠯᠬᠢ ᠠᠷᠭᠠᠯ ᠤᠨ ᠤᠳᠤᠭᠠᠨ ᠳᠤ ᠬᠦᠯᠴᠤᠨ ᠦᠳᠡᠬᠦᠰ ᠤᠨ ᠦᠯᠢᠬᠡᠷ ᠢ ᠠᠮᠳᠠᠷᠬᠠᠵᠤ ᠦᠷᠦᠴᠠ ᠬᠠᠯᠠᠭᠤᠬᠠᠨ ᠰᠠᠨ ᠤᠯᠠᠷᠢᠯ ᠢ ᠳᠠᠭᠠᠭᠰᠠᠨ ᠰᠠᠯᠬᠢ ᠤᠷᠤᠭᠤᠯ ᠤᠨ ᠪᠤᠳᠤᠭ ᠰᠢᠭ᠋ ᠰᠤᠯᠢᠭᠳᠠᠪᠠᠴᠤ ᠤᠷᠪᠠᠭᠠᠨ ᠬᠦᠷᠪᠡᠬᠡᠨ ᠵᠠᠩ ᠦᠬᠡᠢ        ᠤᠷᠴᠢᠯᠠᠩ ᠤᠨ ᠵᠢᠮ᠎ᠠ ᠪᠠᠷ ᠰᠠᠯᠬᠢᠯᠠᠨ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号