ᠮ᠊ · ᠱᠠᠭᠵᠬᠤᠳᠤ | ᠦᠳᠠ ᠶᠢᠨ ᠨᠠᠷᠠᠨ ᠤ ᠵᠦᠭ ᠲᠤ | ᠶᠡᠭᠡᠨᠠᠭᠤᠷ ᠮᠢᠨᠢ ᠬᠢᠯᠠᠯᠵᠠᠨ᠎ᠠ | ᠡᠬᠦᠯᠠᠨ ᠴᠡᠩᠭᠡᠷ ᠠᠯᠴᠢᠭᠤᠷ ᠢᠶᠠᠷ | ᠲᠠᠯᠠᠯᠤᠩᠬᠠᠨ ᠬᠠᠷᠠᠭᠳᠠᠨ᠎ᠠ | ᠦᠶ᠎ᠠ ᠶᠢᠨ ᠵᠠᠯᠠᠭᠤ ᠨᠠᠰᠤᠨ ᠤ ᠮᠢᠨᠢ | ᠬᠠᠳᠤᠯᠠᠩ ᠤᠨ ᠡᠳᠤᠷ ᠤᠳ ᠪᠤᠳᠤᠭᠳᠠᠨ᠎ᠠ | ᠦᠨᠳᠤᠷ ᠠᠬ᠎ᠠ ᠮᠢᠨᠢ ᠲᠦᠷᠤᠬᠦᠯᠡᠭᠡᠳ | ᠤᠷᠤᠯᠳᠤᠵᠤ ᠪᠠᠶᠢᠭ᠎ᠠ ᠨᠢ ᠰᠠᠨᠠᠭᠳᠠᠨ᠎ᠠ︕ | ᠬᠠᠯᠢᠭᠤᠨ ᠨᠠᠮᠤᠷ ᠤᠨ ᠰᠠᠯᠬᠢᠨ ᠳᠤ ᠨᠠᠶᠢᠭᠤᠬᠤ | ᠶᠠᠮᠠᠷ ᠭᠤᠶᠤᠬᠠᠨ ᠬᠠᠳᠤᠯᠠᠩ ᠪᠤᠢ | ᠬᠠᠯᠠᠭᠤᠨ ᠰᠠᠳᠬᠢᠯ ᠨᠢ ᠤᠷᠬᠢᠯᠤᠭᠰᠠᠨ | ᠶᠠᠭᠠᠬᠢᠬᠰᠠᠨ ᠵᠢᠪᠬᠤᠭᠠᠯᠢᠭ ᠵᠠᠯᠠᠭᠤᠰ ᠪᠤᠢ | ᠬᠠᠨᠭ᠍ᠬᠢᠨᠠᠳᠠᠯ᠎ᠠ ᠬᠦᠢᠴᠡᠭᠰᠡᠨ ᠰᠠᠨᠳᠤᠤ ᠭᠡᠵᠤ | ᠭᠠᠷ ᠤᠨ ᠠᠶ᠎ᠠ ᠪᠠᠷ ᠰᠠᠷᠴᠢᠬᠢᠨᠠᠨᠠ | ᠬᠤᠤᠰ ᠢᠶᠠᠷ ᠤᠷᠤᠯᠳᠤᠵᠤ ᠬᠠᠳᠤᠯᠠᠩᠴᠢᠳ ᠭᠡᠵᠤ | ᠬᠤᠶᠢᠨ᠎ᠠ ᠬᠤᠶᠢᠨ᠎ᠠ ᠠᠴᠠ ᠪᠠᠨ ᠴᠤᠪᠤᠷᠠᠯᠳᠤᠨ᠎ᠠ︕ | ᠨᠠᠶᠠᠭᠠᠳ ᠤᠨ ᠤ ᠶᠡᠭᠡᠨᠠᠭᠤᠷ ᠤᠨ ᠲᠠᠯ᠎ᠠ | ᠨᠤᠭᠤᠭᠠᠨ ᠦᠡᠭᠭᠡ ᠪᠠᠷ ᠮᠢᠷᠠᠯᠵᠠᠵᠤ ᠪᠠᠶᠢᠯ᠎ᠠ | ᠨᠠᠷᠬᠢᠮ᠎ᠠ ᠨᠠᠰᠤᠨ ᠤ ᠬᠤᠷᠢᠨ ᠵᠠᠯᠠᠭᠤᠰ | ᠨᠠᠶᠢᠳᠠ ᠶᠢᠨ ᠬᠦᠴᠤ ᠪᠠᠷ ᠱᠠᠯᠠᠮᠠᠭᠠᠶᠢᠯᠠᠵᠤ ᠪᠠᠶᠢᠯ᠎ᠠ | ︽ᠡᠬᠦᠷ ᠤᠨ ᠱᠦᠵᠢ︾ ᠶᠢᠨ ᠲᠠᠶᠢᠴᠢᠯᠠᠯᠳᠠ ᠶᠢᠨ ᠬᠤᠷᠠᠯ | ᠦᠷᠤ ᠵᠢᠷᠤᠭᠡ ᠶᠢ ᠨᠢ ᠲᠤᠭᠳᠤᠯᠠᠭᠤᠯᠵᠤ ᠪᠠᠶᠢᠯ᠎ᠠ | ᠢᠷᠠᠬᠦ ᠵᠢᠯ ᠤᠨ ᠮᠠᠯ ᠤᠨ ᠤᠨᠳᠤᠷᠤᠯᠳᠠ | ᠡᠬᠦᠷᠭᠡ ᠬᠠᠷᠢᠭᠤᠴᠠᠯᠭ᠎ᠠ ᠲᠤᠳᠤᠷᠬᠠᠢ ᠪᠠᠶᠢᠯ᠎ᠠ︕ | ︽ᠦᠵᠡᠰᠬᠦᠯᠠᠩᠳᠦ ᠰᠠᠶᠢᠬᠠᠨ ᠮᠢᠨᠤ ᠨᠤᠳᠤᠭ︾ | ᠬᠠᠮᠳᠤ ᠶᠢᠨ ᠬᠦᠳᠠᠯᠮᠤᠷᠢ ᠶᠢᠨ ᠲᠠᠭᠤᠤ ᠪᠠᠶᠢᠯ᠎ᠠ | ᠡᠬᠦᠷᠭᠡ ᠪᠠᠨ ᠵᠠᠪᠠᠯ ᠲᠠᠪᠠᠭᠤᠯᠤᠨ ᠪᠠᠶᠠᠯᠠᠬᠦᠯᠤᠨ᠎ᠠ | ᠦᠨᠠᠨ ᠰᠠᠳᠬᠢᠯ ᠤᠨ ᠤᠷᠢᠶ᠎ᠠ ᠪᠠᠶᠢᠯ᠎ᠠ | ᠭᠠᠯᠴᠢ ᠠᠪᠠᠭ᠎ᠠ ᠶᠢᠨ ᠬᠦᠷᠭᠡᠭᠰᠡᠨ ᠴᠡᠢ | ᠤᠮᠳᠠ ᠶᠢ ᠲᠠᠷᠤᠬᠤ ᠷᠠᠰᠢᠶᠠᠨ ᠪᠠᠶᠢᠯ᠎ᠠ | ᠭᠠᠤᠯᠢᠨ ᠰᠢᠷ᠎ᠠ ᠰᠢᠰᠢ ᠶᠢᠨ ᠪᠤᠤᠪᠤ | ᠴᠠᠭ ᠤᠨ ᠬᠤᠭᠤᠯᠠ ᠶᠢᠨ ᠤᠬᠢ ᠪᠠᠶᠢᠯ᠎ᠠ︕ | ᠭᠠᠯ ᠵᠠᠯᠠᠭᠤ ᠬᠤᠷᠢᠨ ᠬᠠᠳᠤᠯᠠᠩᠴᠢᠳ | ᠡᠬᠦᠷᠭᠡ ᠪᠠᠨ ᠲᠠᠪᠠᠭᠤᠯᠤᠨ ᠪᠠᠶᠠᠯᠠᠬᠦᠯᠦᠭᠰᠡᠨ ᠪᠠᠶᠢᠯ᠎ᠠ | ᠭᠠᠴᠠᠭ᠎ᠠ ᠲᠤᠭᠤᠶᠢᠯᠠᠩ ᠤᠨ ᠬᠦᠬᠢᠬᠦᠯᠤᠯ ᠱᠠᠩᠨᠠᠯ ᠢ | ᠭᠠᠷ ᠰᠤᠩᠭᠠᠨ ᠲᠤᠰᠤᠭᠰᠠᠨ ᠪᠠᠶᠢᠯ᠎ᠠ | ᠦᠳᠠ ᠶᠢᠨ ᠨᠠᠷᠠᠨ ᠤ ᠵᠦᠭ ᠲᠤ | ᠶᠠᠭᠡᠨᠡᠭᠤᠷ ᠮᠢᠨᠢ ᠬᠢᠯᠠᠯᠵᠠᠨ᠎ᠠ | ᠦᠶ᠎ᠠ ᠶᠢᠨ ᠵᠠᠯᠠᠭᠤ ᠨᠠᠰᠤᠨ ᠤ ᠮᠢᠨᠢ | ᠬᠦᠳᠠᠯᠮᠤᠷᠢ ᠶᠢᠨ ᠲᠠᠭᠤᠯᠠᠯ ᠬᠠᠨᠭ᠍ᠬᠢᠨᠠᠨᠠ︕ | ᠬᠠᠶ᠋ᠢᠭ᠄ ᠪᠠᠭᠠᠷᠢᠨ ᠪᠠᠷᠠᠭᠤᠨ ᠬᠤᠰᠢᠭᠤᠨ ᠤ ᠰᠢᠷᠠᠮᠦ᠋ᠷᠠᠨ ᠰᠤᠮᠤ ᠶᠢᠨ ᠶᠡᠭᠡᠨᠠᠭᠤᠷ ᠭᠠᠴᠠᠭ᠎ᠠ | ᠭᠠᠷ ᠤᠳᠠᠰᠤ᠄15174814945 | | |