ᠶᠡᠭᠡᠨᠠᠭᠤᠷ ᠠᠴᠠ ᠨᠢᠰᠦᠭᠰᠠᠨ ᠬᠤᠨ
ᠨᠡᠶᠢᠲᠡᠯᠡᠭᠰᠡᠨ ᠴᠠᠭ᠄
2020/10/22
 ︵ᠰᠢᠯᠦᠭ︶                     ᠮ᠊ · ᠱᠠᠭᠵᠬᠤᠳᠤ ᠶᠡᠭᠡᠨᠠᠭᠤᠷ ᠠᠴᠠ ᠨᠢᠰᠦᠭᠰᠠᠨ ᠬᠤᠨ ᠢᠵᠢᠯ ᠢᠶᠠᠨ ᠰᠠᠨᠠᠭᠠᠳ ᠢᠷᠡᠭᠰᠠᠨ ᠶᠤᠮ ᠢᠷᠠᠬᠦ ᠮᠠᠷᠭᠠᠰᠢ ᠪᠠᠨ ᠲᠠᠭᠤᠯᠠᠬᠤ ᠪᠠᠷ ᠶᠡᠭᠡ ᠤᠰᠤᠨ ᠲᠠᠭᠠᠨ ᠪᠠᠭᠤᠭᠰᠠᠨ ᠶᠤᠮ ᠡ︕ ᠬᠦᠭᠡᠷᠦᠬᠦᠨ ᠴᠠᠭᠠᠨ ᠬᠦᠵᠦᠬᠦᠦ ᠪᠠᠨ ᠰᠤᠩᠭᠠᠨ ᠬᠤᠤᠰ ᠰᠠᠶᠢᠬᠠᠨ ᠵᠢᠬᠦᠷ ᠢᠶᠠᠨ ᠲᠡᠯᠭᠡᠵᠤ ᠬᠤᠨᠤᠭᠤᠳᠠ ᠦᠨᠵᠠᠬᠦᠳᠠ ᠨᠠᠶᠢᠷᠯᠠᠩᠬᠠᠨ ᠬᠤᠨᠭ᠍ᠭᠤᠷᠬᠠᠨ ᠲᠠᠭᠤᠨ ᠢᠶᠠᠷ ᠲᠤᠩᠭᠤᠳᠬᠤ ᠶᠤᠮ ᠡ︕ ᠲᠡᠭᠳᠡᠬᠡᠢ ᠪᠠᠶᠢᠬᠤ ᠶᠢᠨ ᠦᠶ᠎ᠠ ᠠᠴᠠ ᠪᠠᠨ ᠲᠡᠭᠳᠠᠨ ᠲᠡᠭᠳᠡᠨ ᠨᠢᠰᠦᠭᠰᠠᠨ ᠶᠤᠮ ᠲᠡᠷᠳᠡᠭᠡ ᠠᠯᠤᠰ ᠢ ᠵᠤᠷᠢᠭᠰᠠᠭᠠᠷ ᠲᠡᠭᠡᠰᠤᠯᠠᠨ ᠵᠠᠯᠯᠡᠭᠡᠳ ᠬᠤᠯᠠᠳᠠᠭᠰᠠᠨ ᠶᠤᠮ ᠬᠦᠭᠡ ᠤᠭᠳᠠᠷᠭᠤᠢ ᠶᠢᠨ ᠲᠠᠩᠨᠠᠢ ᠪᠠᠷ ᠬᠦᠪᠴᠢᠨ ᠵᠢᠬᠦᠷ ᠢᠶᠠᠨ ᠲᠡᠯᠭᠡᠭᠰᠠᠨ ᠶᠤᠮ ᠬᠦᠭᠡᠮᠳᠦᠭ ᠲᠠᠯᠠᠢ ᠶᠢᠨ ᠮᠠᠨᠳᠤᠯ ᠢᠶᠠᠷ ᠬᠦᠴᠦ ᠴᠢᠳᠠᠯ ᠢᠶᠠᠨ ᠰᠤᠷᠢᠭᠰᠠᠨ ᠶᠤᠮ ᠡ ᠡᠬᠦᠯᠠ ᠰᠠᠯᠬᠢᠨ ᠤ ᠢᠰᠬᠢᠷᠤᠯᠳᠠ ᠪᠠᠷ ᠦᠳᠦᠨ ᠵᠢᠬᠦᠷ ᠢᠶᠠᠨ ᠲᠠᠪᠳᠠᠭᠰᠠᠨ ᠶᠤᠮ ᠦᠭᠬᠢᠶᠠᠮᠤᠷ ᠪᠤᠷᠤᠭᠠᠨ ᠤ ᠤᠬᠢᠶᠠᠯᠳᠠ ᠪᠠᠷ ᠦᠰᠦ ᠵᠢᠰᠤ ᠪᠠᠨ ᠰᠢᠨᠡᠳᠭᠡᠭᠰᠠᠨ ᠶᠤᠮ ᠡ ᠲᠡᠭᠷᠢ ᠭᠠᠵᠠᠷ ᠤᠨ ᠠᠭᠤᠳᠠᠮ ᠢ ᠲᠢᠪ ᠲᠡᠯᠡᠭᠡᠢ ᠶᠢᠨ ᠭᠠᠶᠢᠬᠠᠮᠰᠢᠭ ᠢ ᠲᠠᠪᠢᠨ ᠨᠢᠰᠬᠦ ᠲᠡᠬᠦᠯᠢᠯᠳᠠ ᠪᠠᠷ ᠢᠶᠠᠨ ᠲᠤᠭᠤᠯᠠᠨ ᠪᠠᠶᠢᠵᠤ ᠮᠡᠳᠡᠭᠰᠠᠨ ᠶᠤᠮ ᠡ︕ ᠤᠰᠤ ᠨᠠᠭᠤᠷ ᠢᠶᠠᠨ ᠰᠠᠨᠠᠬᠤ ᠶᠢᠨ ᠡᠷᠭᠡᠨ ᠳᠤ ᠤᠬᠢᠯᠠᠨ ᠬᠠᠶᠢᠯᠠᠨ ᠪᠤᠴᠠᠭᠰᠠᠨ ᠶᠤᠮ ᠠᠭᠤᠯᠠ ᠭᠤᠤᠯ ᠤᠨ ᠢᠶᠠᠨ ᠬᠢᠷ᠎ᠠ ᠲᠡᠬᠡᠬᠦᠷ ᠤᠶᠠᠩᠭᠠᠯᠠᠨ ᠲᠤᠩᠭᠤᠳᠤᠭᠰᠠᠭᠠᠷ ᠨᠠᠭᠠᠰᠢᠯᠠᠭᠰᠠᠨ ᠶᠤᠮ ᠡᠪᠡᠰᠤᠳᠤ ᠨᠠᠭᠤᠷ ᠴᠢᠨᠢ ᠠᠮᠤᠭᠤᠯᠠᠩ ᠪᠠᠶᠢᠨ᠎ᠠ ᠦᠨᠳᠡᠭᠡ ᠵᠤᠯᠵᠠᠭ᠎ᠠ ᠪᠠᠨ ᠨᠠᠪᠴᠢᠭᠡᠨ᠎ᠡ ᠳ᠋ᠠ︕ ᠬᠤᠨ ᠮᠢᠨᠢ ᠨᠠᠪᠴᠢᠵᠤ ᠭᠠᠷᠤᠭᠰᠠᠨ ᠠᠩᠭᠠᠬᠠᠢ ᠨᠤᠭᠤᠳ ᠴᠢᠨᠢ ᠨᠠᠷᠠᠨ ᠵᠦᠭ ᠲᠡᠭᠡᠨ ᠲᠡᠬᠦᠯᠢᠨ᠎ᠠ ᠳ᠋ᠠ︕ ᠬᠤᠨ ᠮᠢᠨᠢ︕              ᠬᠠᠶ᠋ᠢᠭ᠄ ᠪᠠᠭᠠᠷᠢᠨ ᠪᠠᠷᠠᠭᠤᠨ ᠬᠤᠰᠢᠭᠤᠨ ᠤ ᠰᠢᠷᠡᠮᠦ᠋ᠷᠡᠨ ᠰᠤᠮᠤ ᠶᠠᠭᠡᠨᠠᠭᠤᠷ ᠭᠠᠴᠠᠭ᠎ᠠ              ᠬᠠᠷᠢᠯᠴᠠᠬᠤ ᠤᠳᠠᠰᠤ᠄ 151  7481  4945
 
ᠢᠷᠡᠯᠲᠡ᠄ ᠮ᠊ · ᠱᠠᠭᠵᠬᠤᠳᠤ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号