| ᠰ᠊᠂ ᠬᠤᠷᠴᠢᠨᠬᠦᠤ | ᠠᠯᠤᠰ ᠣᠨᠵᠡᠷᠭᠡᠯᠭᠡᠨᠲ᠋ᠡᠭᠳᠡᠷᠯᠡᠨ ᠰᠦᠮᠡᠯᠵᠡᠵᠦ | ᠠᠭᠤᠳᠠᠮ ᠲᠠᠯᠠ ᠤᠨᠢᠶᠠᠷᠳᠤᠨ ᠴᠡᠩᠭᠡᠷᠯᠡᠵᠦ | ᠠᠳᠤᠭᠤ ᠮᠠᠯ ᠣᠳᠭᠤᠪᠢ ᠲᠠᠢ ᠪᠠᠨ ᠰᠢᠯᠢᠷᠡᠵᠦ | ᠠᠰ ᠤᠨ ᠨᠤᠳᠤᠭ ᠲᠤ ᠨᠠᠮᠤᠷ ᠰᠠᠭᠠᠳᠠᠯᠠ᠃ | ᠨᠤᠭᠤᠭᠠᠨᠲ᠋ᠠᠯᠠ ᠨᠤᠮᠢᠨ ᠪᠦᠷᠢᠳᠦ ᠴᠠᠶᠢᠷᠠᠵᠤ | ᠨᠤᠯᠤᠮ ᠨᠤᠭᠤᠭᠠᠨ ᠤᠨᠢᠶᠠᠷ ᠬᠦᠳᠡᠩ ᠰᠡᠮᠰᠡᠷᠡᠵᠦ | ᠨᠡᠭᠦᠳᠡᠯ ᠣᠨᠭᠠᠯᠠᠭᠤᠳᠭᠠᠩᠭᠠᠨᠠᠯᠳᠤᠨᠤᠬᠢᠯᠠᠵᠤ | ᠨᠢᠳᠦ ᠪᠠᠨ ᠵᠠᠶᠢᠷᠳᠠᠭᠤᠯᠤᠨ ᠡᠮᠦᠨᠡᠰᠢᠯᠡᠨᠡ᠃ | ᠤᠨᠤᠭᠰᠠᠨ ᠬᠦᠯᠦᠭ ᠤᠨ ᠵᠢᠯᠤᠭᠤ ᠠᠯᠳᠠᠮᠠ | ᠤᠬᠠᠭᠠ ᠪᠤᠳᠤᠯ ᠳᠤ ᠬᠠᠶᠢᠷᠠ ᠢᠭᠳᠦᠯᠦᠭᠰᠡᠨ | ᠤᠶᠠᠬᠠᠨᠰᠡᠳᠭᠢᠯ ᠤᠨ ᠠᠮᠠᠷᠠᠭ ᠲᠡᠯᠡᠬᠡᠢ ᠲᠠᠢ | ᠤᠷᠭᠠ ᠶᠢᠨ ᠦᠵᠦᠭᠦᠷ ᠲᠤ ᠨᠠᠮᠤᠷ ᠭᠡᠩᠰᠢᠯᠡ᠃ | ᠲᠠᠯᠠ ᠪᠠᠨ ᠬᠠᠷᠠᠵᠦ ᠰᠢᠷᠭᠠᠯᠳᠤᠵᠤ | ᠲᠠᠪᠤᠨ ᠬᠤᠰᠢᠭᠤ ᠪᠠᠨ ᠮᠠᠨᠠᠵᠤ ᠵᠡᠭᠦᠳᠦᠯᠡᠵᠦ | ᠲᠠᠷᠠᠭ ᠠᠶᠢᠷᠠᠭ ᠢᠶᠠᠨ ᠪᠦᠯᠢᠵᠤ ᠬᠠᠩᠬᠤᠭᠤᠯᠵᠤ | ᠲᠠᠩᠰᠤᠭ ᠪᠠᠶᠢᠭᠠᠯᠢ ᠮᠢᠨᠢ ᠨᠠᠮᠤᠷ ᠵᠶ᠋ᠠᠨᠤᠭᠳᠤᠯᠠ᠃ | 2018 8 8 | | | |