ᠡᠵᠢ
ᠨᠡᠶᠢᠲᠡᠯᠡᠭᠰᠡᠨ ᠴᠠᠭ᠄
2020/10/22
 ᠥᠷ᠎ᠡ ᠪᠠᠨ ᠳᠣᠭᠤᠷᠢᠵᠥ  ᠡᠷᠭᠢᠭᠰᠡᠨ ᠨᠠᠷᠠᠨ ᠪᠢᠯᠡ  ᠥᠯᠮᠡᠢ ᠪᠠᠨ ᠴᠣᠭᠤᠷᠠᠳᠠᠯ᠎ᠠ ᠭᠥᠶᠥᠭᠰᠡᠨ ᠬᠠᠶᠢᠷ᠎ᠠ ᠪᠢᠯᠡ  ᠥᠨᠡᠨ ᠤ  ᠵᠣᠯᠠᠢ ᠥᠨᠥᠷᠯᠡᠭᠰᠡᠨ ᠵᠢᠷᠭᠠᠯ ᠪᠢᠯᠡ  ᠥᠷᠥ ᠪᠠᠷ ᠢᠶᠠᠨ ᠵᠥᠭᠡᠯᠡᠷᠡᠳᠡᠭ  ᠢᠷᠡᠳᠡᠭ ᠳᠡᠯᠡᠬᠡᠢ ᠪᠢᠯᠡ᠃  ᠬᠠᠷᠠᠩᠭᠤᠢ ᠶᠢ ᠰᠥᠯᠡᠵᠥ   ᠶᠠᠪᠣᠳᠠᠭ ᠠᠶᠠᠯᠭᠤ ᠪᠢᠯᠡ  ᠬᠠᠣᠬᠢᠬᠤ ᠰᠠᠯᠬᠢ ᠨᠥᠮᠥᠷᠢᠯᠡᠵᠥ  ᠥᠷᠪᠥᠶᠢᠭᠰᠡᠨ ᠳᠡᠪᠡᠯ ᠪᠢᠯᠡ  ᠬᠠᠨᠠᠳᠠᠢ ᠳᠣᠯᠠᠭᠠᠨ ᠭᠡᠷ ᠤᠨ  ᠮᠢᠨᠢ ᠢᠯᠴᠢ ᠨᠢ ᠪᠢᠯᠡ  ᠬᠠᠮᠤᠭ ᠢᠶᠠᠨ ᠥᠭᠭᠢᠶᠡᠮᠥᠷᠯᠡᠵᠥ  ᠴᠣᠬᠢᠯᠠᠳᠠᠭ ᠵᠢᠷᠥᠬᠡ  ᠪᠢᠯᠡ᠃  ᠠᠭᠤᠯᠠ ᠣᠰᠣᠨ ᠢᠶᠠᠨ  ᠳᠠᠪᠠᠨ ᠳᠣᠭᠤᠯᠣᠭᠰᠠᠨ ᠵᠣᠷᠢᠭ ᠪᠢᠯᠡ  ᠨᠡᠭᠦᠳᠡᠯ ᠤᠨ ᠰᠢᠪᠠᠭᠤ  ᠬᠠᠷᠠᠵᠣ  ᠨᠢᠯᠪᠣᠰᠣᠷᠠᠳᠠᠭ ᠣᠶᠠᠷᠠᠯ ᠪᠢᠯᠡ  ᠬᠢᠷᠠᠭᠤᠳᠣ ᠨᠠᠮᠣᠷ ᠢ ᠰᠠᠯᠬᠢᠯᠠᠵᠣ ᠠᠷᠭᠠᠳᠠᠳᠠᠭ ᠥᠷᠥᠪᠳᠡᠯ ᠪᠢᠯᠡ  ᠬᠤᠯᠠ ᠶᠢᠨ ᠪᠠᠷ᠎ᠠ ᠰᠠᠷᠠᠪᠴᠢᠯᠠᠨ  ᠰᠠᠭᠤᠳᠠᠭ ᠬᠥᠯᠢᠶᠡᠯᠳᠡ ᠪᠢᠯᠡ᠃  ᠪᠥᠳᠥᠨ ᠵᠢᠷᠭᠠᠬᠤ ᠭᠡᠷ ᠤᠨ ᠢᠶᠠᠨ ᠰᠠᠬᠢᠭᠤᠰᠣ ᠪᠢᠯᠡ  ᠪᠥᠯᠢ ᠶᠢᠨ  ᠳᠣᠯᠭ᠎ᠠ ᠳᠤ ᠭᠠᠯ ᠨᠡᠮᠡᠭᠰᠡᠨ ᠳᠣᠭᠳᠣᠯᠠᠯ ᠪᠢᠯᠡ  ᠬᠤᠷᠸ᠎ᠠ ᠶᠢ ᠳᠡᠯᠡᠨ  ᠥᠷᠭᠡᠵᠢᠭᠡᠭᠰᠡᠨ ᠥᠨᠳᠥᠰᠥ ᠪᠢᠯᠡ  ᠬᠤᠳᠠᠯᠠ ᠳᠤ ᠭᠡᠷᠡᠯ ᠢᠶᠠᠨ ᠠᠰᠬᠠᠳᠠᠭ ᠣᠯᠠᠷᠢᠯ ᠪᠢᠯᠡ᠃ ᠬᠠᠶ᠋ᠢᠭ᠄ ᠪᠠᠭᠠᠷᠢᠨ ᠵᠡᠭᠦᠨ ᠬᠤᠰᠢᠭᠤ ᠨᠡᠷ᠎ᠡ᠄ ᠪᠣᠶᠠᠨᠳᠠᠯᠠᠢ ᠣᠳᠠᠰᠣ᠄13298003138
 
ᠢᠷᠡᠯᠲᠡ᠄ ᠪᠤᠶᠠᠨᠳᠠᠯᠠᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号