ᠵᠠᠮ    ᠂    ᠲᠡᠷᠭᠡ
ᠨᠡᠶᠢᠲᠡᠯᠡᠭᠰᠡᠨ ᠴᠠᠭ᠄
2020/10/21
                                                ︵ᠪᠠᠷᠢᠮᠳᠠᠳᠦ ᠨᠠᠶᠢᠷᠠᠭᠤᠯᠤᠯ︶                                                   ᠨᠣᠷᠪᠤᠪᠠᠽᠠᠷ      ᠵᠤᠨ ᠤ ᠵᠢᠷᠭᠤᠭᠠᠨ ᠰᠠᠷ᠎ᠠ ᠶᠢᠨ ᠰᠢᠪᠡᠷ ᠰᠢᠪᠡᠷ ᠪᠣᠷᠣᠭᠠᠨ ᠲᠠᠢ ᠰᠡᠷᠢᠭᠦᠨ ᠲᠠᠭᠠᠯᠠᠮᠵᠢᠳᠠᠢ ᠭᠠᠷᠠᠭ ᠤᠨ ᠵᠢᠷᠭᠤᠭᠠᠨ ᠳᠤ ᠠᠬ᠎ᠠ᠂ ᠡᠭᠡᠴᠢ᠂ ᠮᠠᠨ ᠤ ᠬᠢ᠂ ᠦᠬᠢᠨ ᠲᠡᠭᠦᠦ ᠶᠢᠨ ᠲᠦᠷᠪᠡᠨ ᠭᠡᠷ ᠤᠨ ᠭᠡᠤᠭᠡᠳ ᠤᠳ ᠪᠠᠭᠠᠷᠢᠨ  ᠤ ᠰᠢᠳᠦᠭᠡᠨᠳᠦ ᠠᠭᠤᠯᠠ ᠰᠠᠶᠢᠬᠠᠨ ᠬᠠᠨ ᠤ ᠡᠩᠭᠡᠷ ᠲᠠᠬᠢ ᠴᠣᠩᠵᠢᠨ ᠭᠠᠴᠠᠭ᠎ᠠ ᠶᠢᠨ ᠵᠤᠭᠠᠴᠠᠯ ᠤᠨ ᠭᠠᠵᠠᠷ ᠵᠤᠭᠠᠴᠠᠬᠤ ᠪᠠᠷ ᠶᠠᠪᠤᠵᠠᠭᠠᠯ᠎ᠠ᠃ ᠬᠤᠰᠢᠭᠤᠨ ᠲᠦᠪ ᠳ᠋ᠠᠪᠠᠨ ᠠᠴᠠ ᠵᠡᠭᠦᠨ ᠬᠤᠶᠢᠰᠢ 120 ᠭᠠᠵᠠᠷ ᠠᠯᠤᠰ ᠲᠠᠬᠢ ᠵᠤᠭᠠᠴᠠᠯ ᠤᠨ ᠭᠠᠵᠠᠷ ᠬᠦᠷᠬᠦ ᠪᠠᠷ ᠠᠮᠧᠷᠢᠺᠠ᠂ ᠶᠠᠫᠤᠨ᠂ ᠭᠧᠷᠮᠠᠨ ᠬᠢᠴᠠᠳᠠᠢ ᠮᠠᠰᠢᠨ ᠪᠠᠷᠢᠵᠦ ᠲᠡᠭᠰᠢ ᠲᠠᠷᠳᠠᠩ ᠴᠠᠷᠳᠠᠮᠠᠯ ᠵᠠᠮ ᠢᠶᠠᠷ ᠶᠠᠪᠤᠬᠤ ᠳᠠᠭᠠᠨ ᠵᠠᠮ ᠲᠠᠭᠠᠤ ᠶᠢᠨ ᠦᠵᠡᠮᠵᠢ ᠶᠢ ᠸᠢᠴᠠᠲ ᠢᠶᠠᠷ ᠮᠠᠨ ᠳᠤ ᠣᠷᠣ ᠲᠣᠣᠷ᠎ᠠ ᠨᠢ ᠲᠠᠮᠵᠢᠭᠤᠯᠤᠨ᠎ᠠ᠃ ᠲᠡᠭᠡᠭᠡᠳ ᠵᠠᠭᠤ ᠬᠤᠷᠢᠨ ᠭᠠᠵᠠᠷ ᠢ ᠲᠤᠮᠳᠠ ᠶᠢᠨ ᠬᠤᠷᠳᠤᠴᠠ ᠪᠠᠷ ᠴᠠᠭ ᠢᠯᠡᠭᠦᠭᠡᠨ ᠳᠤ ᠡᠪᠭᠡᠵᠦ ︽ᠴᠣᠩᠵᠢᠨ ᠭᠠᠴᠠᠭ᠎ᠠ︾ ᠭᠡᠬᠦ ᠬᠢᠯᠢ ᠶᠢᠨ ᠫᠠᠶᠢᠰᠠ ᠶᠢᠨ ᠡᠮᠤᠨ᠎ᠠ ᠮᠠᠰᠢᠨ ᠢᠶᠠᠨ ᠡᠩᠨᠡᠭᠦᠯᠦᠨ ᠵᠣᠭᠰᠣᠭᠠᠵᠦ ᠪᠦᠭᠦᠳᠡᠭᠡᠷ ᠵᠣᠷᠢᠭᠰᠠᠨ ᠭᠠᠵᠠᠷ ᠢᠶᠠᠨ ᠬᠦᠷᠦᠯ᠎ᠡ ᠭᠡᠵᠦ ᠲᠡᠪᠭᠡᠴᠡᠨ ᠪᠠᠶᠠᠷᠯᠠᠵᠦ ᠪᠠᠶᠢᠬᠤ ᠵᠢᠷᠤᠭ ᠸᠢᠴᠠᠲ ᠲᠤ ᠢᠯᠡᠷᠡᠨ᠎ᠡ᠃ ᠡᠭᠦᠨ ᠢ ᠬᠠᠷᠠᠭᠰᠠᠨ ᠬᠦᠭᠰᠢᠨ ᠪᠢᠳᠡ ᠬᠤᠶᠠᠷ ᠵᠠᠮ ᠤᠨ ᠲᠠᠷᠳᠠᠩ ᠲᠡᠷᠭᠡᠨ ᠤ ᠬᠤᠷᠳᠤᠴᠠ ᠳᠤ ᠭᠠᠶᠢᠬᠠᠰᠢ ᠠᠯᠳᠠᠨ ᠦᠩᠭᠡᠷᠡᠵᠦ ᠣᠳᠣᠭᠰᠠᠨ ᠲᠦᠴᠢ ᠲᠠᠪᠢᠨ ᠵᠢᠯ ᠤᠨ ᠤᠴᠢᠷ ᠤᠳ ᠵᠠᠮ᠂ ᠲᠡᠷᠭᠡ ᠬᠤᠶᠠᠷ ᠲᠤ ᠲᠦᠪᠯᠡᠷᠡᠨ ᠵᠣᠭᠤᠭ ᠤᠨ ᠰᠦᠪᠡᠭᠴᠢ ᠡᠯᠭᠦᠵᠦ ᠡᠷᠬᠢᠴᠠᠭᠦᠯᠦᠯ ᠤᠨ ᠬᠦᠰᠢᠭᠡ ᠶᠢ ᠢᠷᠠᠭᠳᠠᠯ᠎ᠠ᠃     ᠲᠡᠭᠡᠷ᠎ᠡ ᠵᠠᠭᠤᠨ ᠤ 59 ᠳ᠋ᠤᠭᠡᠷ ᠣᠨ ᠤ 8 ᠰᠠᠷ᠎ᠠ ᠶᠢᠨ ᠰᠡᠭᠦᠯᠴᠢ ᠳᠤ ᠪᠢ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠮᠣᠩᠭᠤᠯ ᠭᠡᠯᠡ ᠤᠳᠬ᠎ᠠ ᠵᠣᠬᠢᠶᠠᠯ ᠤᠨ ᠰᠠᠯᠪᠦᠷᠢ ᠳᠤ ᠡᠯᠰᠡᠭᠳᠡᠭᠰᠡᠨ ᠮᠡᠳᠡᠭᠳᠡᠯ ᠢ ᠲᠣᠰᠣᠭᠠᠳ ᠣᠷᠣ ᠲᠡᠪᠢᠰᠭᠡᠷ ᠢᠶᠠᠨ ᠪᠠᠭᠯᠠᠨ᠂ ᠭᠠᠷ ᠦᠵᠤᠭᠦᠷ ᠵᠠᠷᠤᠬᠤ ᠭᠡᠷᠡᠭᠰᠡᠯ ᠢᠶᠠᠨ ᠪᠦᠰ ᠸᠠᠳᠠᠩ ᠳᠠᠭᠠᠨ ᠪᠣᠭᠤᠵᠦ᠂ ᠮᠠᠨ  ᠤ ᠬᠢ ᠠᠴᠠ 70 ᠭᠠᠵᠠᠷ ᠤᠨ ᠦᠵᠤᠭᠦᠷ ᠲᠤ ᠪᠠᠶᠢᠭ᠎ᠠ  ︽ᠭᠤᠷᠪᠠᠨ ᠮᠠᠩᠬ᠎ᠠ ᠮᠣᠷᠢᠨ ᠲᠡᠷᠭᠡᠨ ᠪᠠᠭᠤᠳᠠᠯ︾ ᠳᠤ ᠬᠦᠷᠴᠦ ᠯᠢᠨᠳᠦ᠋ᠩ ᠠᠴᠠ ᠤᠯᠠᠭᠠᠨᠬᠠᠳᠠ ᠳᠤ ᠬᠦᠷᠬᠦ ᠶᠠᠫᠤᠨ ᠬᠢᠴᠡᠳᠠᠢ ᠮᠣᠳᠣᠨ ᠰᠢᠳᠠᠭᠠᠯᠭ᠎ᠠ ᠲᠠᠢ ᠠᠶᠠᠨᠴᠢᠨ ᠤ ᠵᠠᠳᠠᠭᠠᠢ ᠮᠠᠰᠢᠨ ᠢ ᠲᠣᠰᠴᠦ ᠰᠠᠭᠤᠬᠤ ᠪᠠᠷ ᠮᠠᠷᠭᠠᠰᠢ ᠨᠢ ᠦᠭᠡᠷ ᠲᠡᠷᠭᠡ ᠪᠠᠨ ᠬᠦᠯᠤᠵᠦ ᠶᠠᠪᠤᠬᠤ ᠪᠠᠷ ᠪᠣᠯᠬᠤ ᠳᠤ ᠠᠪᠤ ᠮᠢᠨᠢ ᠤᠳᠠᠭᠠᠨ ᠬᠤᠨᠤᠭ ᠵᠠᠷᠤᠭᠰᠠᠨ ᠦᠭᠡᠢ ᠬᠠᠭᠰᠠᠷᠠᠭᠰᠠᠨ ᠲᠠᠷᠭᠡᠨ ᠤ ᠮᠦᠭᠡᠷ ᠭᠡᠭᠡᠰᠦ ᠤᠷᠤᠭᠤ ᠤᠰᠤ ᠴᠢᠳᠬᠤᠨ ᠬᠠᠭᠰᠠᠷᠠᠭ᠎ᠠ ᠶᠢ ᠨᠢ ᠭᠠᠷᠭᠠᠵᠦ᠂ ᠲᠡᠩᠭᠡᠯᠢᠭ ᠢ ᠨᠢ ᠲᠣᠰᠣᠯᠠᠵᠦ ᠦᠭᠭᠦᠭᠰᠡᠨ ᠴᠦ ᠦᠪᠡᠷ ᠤᠨ ᠡᠭᠦᠰᠭᠡᠨ ᠪᠠᠶᠢᠭᠤᠯᠤᠭᠰᠠᠨ ᠮᠠᠯᠵᠢᠬᠤ ᠬᠤᠷᠰᠢᠶᠠᠨ ᠤ ᠪᠠᠨ ᠠᠵᠢᠯ ᠳᠤ ᠶᠠᠭᠠᠷᠠᠬᠤ ᠪᠣᠯᠵᠦ᠂ ᠠᠬ᠎ᠠ ᠮᠢᠨᠢ ᠰᠢᠨᠡᠭᠡᠨ ᠨᠡᠭᠡᠭᠡᠭᠰᠡ ᠵᠡᠰ ᠤᠨ ᠠᠭᠤᠷᠬᠠᠢ ᠳᠤ ᠠᠵᠢᠯᠯᠠᠬᠤ ᠪᠠᠷ ᠶᠠᠪᠤᠭᠰᠠᠨ ᠲᠤᠯᠠ ᠪᠡᠷᠭᠡᠨ ᠨᠠᠮ᠎ᠠ ᠶᠢ ᠲᠡᠷᠭᠡᠨ ᠦᠷᠳᠡᠭᠡᠨ ᠳᠤ ᠬᠦᠷᠭᠡᠬᠦ  ᠪᠠᠷ ᠪᠣᠯᠪᠠ᠃ ᠪᠢᠳᠡ ᠬᠤᠶᠠᠷ ᠰᠦᠨᠢ ᠬᠠᠭᠠᠰ ᠢᠶᠠᠷ ᠬᠦᠳᠡᠯᠵᠦ ᠦᠷᠯᠦᠭᠡ ᠶᠢᠨ ᠠᠶᠠᠨᠴᠢᠨ ᠤ ᠮᠠᠰᠢᠨ ᠳᠤ ᠭᠠᠷᠬᠤ  ᠪᠠᠷ ᠵᠠᠮ ᠢᠶᠠᠨ ᠡᠯᠭᠦᠪᠡ᠃ ᠠᠷᠪᠠᠳ ᠤᠨ ᠰᠠᠷ᠎ᠠ ᠶᠢᠨ ᠪᠦᠳᠡᠭᠢᠭᠡᠨ ᠭᠡᠷᠡᠯ ᠳᠤ ᠠᠯᠬᠤᠭ᠎ᠠ ᠰᠠᠶᠢᠳᠠᠢ ᠠᠷᠠᠯ ᠤᠨ ᠱᠠᠷ ᠨᠢᠭᠡ ᠯᠡ ᠬᠦᠭ ᠢᠶᠠᠷ ᠵᠠᠮ ᠢᠶᠠᠨ ᠡᠪᠭᠡᠨ᠎ᠡ᠃ ᠨᠤᠤᠷᠭᠠᠢ ᠪᠠᠷᠢᠭᠠᠳᠠ ᠶᠢᠨ ᠲᠣᠮᠣᠨ ᠰᠢᠷᠡᠭᠡ ᠠᠷᠦ ᠶᠢᠨ ᠠᠭᠤᠷᠬᠠᠢ  ᠶᠢᠨ ᠨᠦᠭᠡᠨ ᠠᠴᠠ ᠮᠠᠯᠳᠠᠵᠦ ᠭᠠᠷᠭᠠᠭᠰᠠᠨ ᠬᠢᠷ᠎ᠠ ᠲᠠᠢ ᠢᠷ ᠲᠠᠢ ᠴᠢᠯᠠᠭᠤᠳ ᠤᠨ ᠲᠤᠮᠳᠠᠭᠤᠷ ᠭᠡᠳᠦᠭᠡᠨ ᠠᠯᠬᠤᠮ ᠶᠠᠪᠤᠭᠰᠠᠨ ᠴᠢᠨᠢ ︽ᠲᠦᠱ︕ ᠨᠦᠱ︕︾ ᠭᠡᠳ ᠲᠡᠷᠭᠡ ᠵᠣᠭᠰᠤᠴᠢᠬᠠᠪᠠ᠃ ᠪᠠᠭᠤᠭᠠᠳ ᠦᠵᠡᠭᠰᠡᠨ ᠴᠢᠨᠢ ︽ᠪᠠᠷᠠᠵᠠᠢ᠂ ᠲᠡᠷᠭᠡ ᠶᠢᠰᠦᠯᠡᠴᠢᠭᠡᠵᠠᠢ︾᠃ ᠨᠣᠮ ᠪᠢᠴᠢᠭ ᠭᠡᠳ ᠭᠦᠶᠦᠭᠰᠡᠨ ᠪᠢ᠂ ᠰᠠᠭᠠᠯᠢ ᠰᠦ ᠭᠡᠳ ᠶᠠᠭᠠᠷᠠᠭᠰᠠᠨ ᠪᠡᠷᠭᠡᠨ ᠪᠢᠳᠡ ᠬᠤᠶᠠᠷ ᠲᠤ ᠶᠠᠮᠠᠷ ᠴᠦ ᠠᠷᠭ᠎ᠠ ᠪᠠᠶᠢᠬᠤᠪ᠂ ᠬᠠᠭᠠᠷᠠᠵᠦ ᠰᠤᠭᠤᠷᠠᠭᠰᠠᠨ ᠮᠦᠭᠡᠷ ᠢᠶᠠᠨ ᠲᠡᠷᠭᠡᠨ ᠲᠡᠭᠡᠷ᠎ᠡ ᠪᠠᠨ ᠬᠠᠶᠠᠵᠦ ᠭᠤᠷᠪᠠᠨ ᠭᠡᠭᠡᠰᠦ ᠶᠢᠨ ᠬᠢᠨᠢ ᠰᠤᠷᠮᠣᠰᠦ ᠪᠠᠷ ᠭᠠᠵᠠᠷ ᠴᠢᠴᠢᠯᠡᠨ ︽ᠲᠦᠱ︕ ᠨᠦᠱ︕︾ ᠭᠡᠯᠭᠡᠨ ᠮᠠᠯᠬᠢᠭᠤᠯᠤᠭᠰᠠᠭᠠᠷ ᠦᠷᠳᠡᠭᠡᠨ ᠳᠤ ᠬᠦᠷᠬᠦ ᠳᠤ ᠯᠢᠨᠳᠦ᠋ᠩ ᠠᠴᠠ ᠢᠷᠡᠬᠦ ᠠᠶᠠᠨᠴᠢᠨ ᠤ ᠮᠠᠰᠢᠨ ᠭᠡᠳᠤᠶᠢᠨ ᠦᠩᠭᠡᠷᠡᠨ ᠣᠳᠴᠠᠢ᠃ ᠪᠢ ᠲᠡᠷᠭᠡ ᠬᠦᠯᠢᠶᠡᠨ ᠬᠤᠴᠣᠷᠴᠦ᠂ ᠪᠡᠷᠭᠡᠨ ᠭᠡᠷ ᠵᠦᠭ ᠢᠶᠠᠨ ᠪᠣᠴᠠᠯ᠎ᠠ᠃ ᠪᠢ ᠲᠡᠨᠳᠡ ᠲᠡᠷᠭᠡ ᠬᠦᠯᠢᠶᠡᠵᠦ ᠰᠠᠭᠤᠭ᠎ᠠ ᠭᠡᠳᠦᠨ ᠠᠶᠠᠨᠴᠢᠨ ᠲᠠᠢ ᠮᠠᠰᠢᠨ ᠤ ᠲᠠᠭᠤ ᠰᠣᠨᠣᠰᠳᠠᠪᠠᠯ ᠬᠦᠶᠦᠨ ᠭᠠᠷᠴᠦ ᠭᠠᠷ ᠡᠷᠭᠦᠨ ᠲᠣᠰᠴᠦ᠂ ᠵᠠᠷᠢᠮ ᠠᠶᠠᠨᠴᠢᠨ ᠫᠢᠨᠠ ︵ᠭᠡᠪ︶ ᠲᠠᠢ ᠬᠤᠷᠤᠳ ᠢᠶᠠᠨ ᠪᠠᠷᠢᠵᠦ ᠲᠠᠯᠠᠯᠤᠭᠰᠠᠨ ᠴᠦ ᠣᠯᠵᠦ ᠰᠠᠭᠤᠭ᠎ᠠ‌ᠦᠭᠡᠢ ᠤᠶᠢᠳᠬᠠᠷᠳᠠᠶᠢᠬᠠᠨ ᠬᠤᠨᠣᠭᠯᠠᠬᠤ ᠳᠠᠭᠠᠨ ︽ᠡᠨᠡ ᠵᠠᠮ᠂ ᠡᠨᠡ  ᠲᠡᠷᠭᠡ ᠡ︕︾ ᠭᠡᠵᠦ ᠯᠡ ᠪᠣᠳᠣᠵᠦ ᠪᠠᠶᠢᠭᠰᠠᠭᠠᠷ ᠦᠷ ᠴᠠᠶᠢᠯᠭᠠᠪᠠ᠃       ᠲᠡᠭᠡᠷ᠎ᠡ ᠵᠠᠭᠤᠨ ᠤ ᠲᠠᠯᠠᠭᠠᠳ ᠣᠨ ᠤ ᠲᠤᠮᠳᠠᠴᠢ ᠳᠤ ᠪᠢ ᠬᠤᠰᠢᠭᠤᠨ ᠤ ᠪᠠᠨ ᠵᠡᠭᠦᠨ ᠵᠠᠬ᠎ᠠ ᠳᠤ ᠪᠠᠭᠰᠢᠯᠠᠵᠦ ᠪᠠᠶᠢᠭᠰᠠᠨ ᠢᠶᠠᠨ ᠨᠤᠳᠤᠭ ᠪᠣᠴᠠᠨ ᠪᠠᠭᠰᠢᠯᠠᠵᠦ ᠪᠠᠶᠢᠳᠠᠯ᠎ᠠ ᠵᠢᠷᠭᠠᠯ ᠤᠨ ᠵᠠᠮ ᠨᠢᠭᠡᠳᠦᠯ ᠤᠨ ᠰᠤᠷᠭᠠᠨ ᠬᠦᠮᠤᠵᠢᠯ ᠤᠨ ᠠᠯᠪᠠᠨ ᠭᠡᠷ ︵ᠣᠳᠣ ᠶᠢᠨ ᠶᠡᠷᠦᠩᠬᠡᠢ ᠰᠤᠷᠭᠠᠭᠤᠯᠢ︶ ᠳᠤ ᠰᠢᠯᠵᠢᠭᠦᠯᠦᠨ ᠠᠵᠢᠯᠯᠠᠭᠤᠯᠵᠠᠢ᠃ ᠨᠢᠭᠡᠳᠦᠯ ᠠᠴᠠ ᠮᠢᠨᠦ ᠭᠡᠷ ᠬᠦᠷᠳᠡᠯ᠎ᠡ 40 ᠭᠠᠵᠠᠷ ᠤᠨ ᠵᠠᠶᠢᠳᠠᠢ ᠲᠤᠯᠠ ᠬᠠᠩᠭᠠᠯᠭ᠎ᠠ ᠶᠢᠨ ᠬᠤᠷᠰᠢᠶᠠᠨ ᠳᠤ ᠦᠭᠡᠷ ᠬᠤᠳᠠᠯᠳᠤᠨ ᠦᠭᠭᠦᠭᠰᠡᠨ ᠬᠦᠮᠤᠨ ᠳᠤ ᠬᠠᠩᠭᠠᠳᠠᠭ ︽ᠪᠠᠢ ᠱᠠᠨ︾ ᠲᠡᠮᠳᠡᠭᠳᠦ ᠲᠤᠭᠤᠢ ᠶᠢ ᠠᠪᠤ ᠨᠠᠳᠠ ᠳᠤ ᠬᠤᠳᠠᠯᠳᠦᠨ ᠠᠪᠴᠦ ᠦᠭᠴᠠᠢ᠃ ᠶᠠᠭᠤ ᠴᠦ ᠭᠡᠰᠡᠨ ᠤᠨᠤᠭ᠎ᠠ ᠲᠠᠢ ᠪᠣᠯᠣᠯ᠎ᠠ ᠭᠡᠳ ᠦᠮᠤᠳᠦᠨ ᠤ ᠪᠠᠨ ᠬᠤᠶᠠᠷ ᠡᠪᠦᠳᠦᠭ ᠢ ᠨᠤᠯᠠᠭᠠᠷᠠᠳᠠᠯ᠎ᠠ ᠤᠶᠢᠴᠢᠵᠦ ᠪᠠᠶᠢᠭᠠᠳ ᠰᠤᠷᠤᠭᠰᠠᠨ ᠴᠢᠨᠢ ᠲᠡᠷᠡ ᠦᠶ᠎ᠡ ᠶᠢᠨ ᠬᠤᠳᠠᠯ ᠬᠠᠭᠤᠷᠮᠠᠭ ᠶᠠᠭᠤᠮ᠎ᠠ ᠪᠠᠷ ᠤᠶᠢᠯᠡᠳᠦᠭᠰᠡᠨ ︽ᠰᠣᠯᠢᠭ᠎ᠠ ᠬᠦᠢᠯᠭᠡᠭᠡ ︵对流︶︾ ᠳᠤ ᠢᠷᠡᠭᠰᠡᠨ ᠡᠳ᠋ ᠪᠣᠯᠬᠤᠷ ᠬᠤᠯᠬᠤᠪᠴᠢ ᠮᠦᠬᠦᠯᠢᠭ ᠨᠢ ᠬᠠᠭᠠᠷᠠᠵᠦ ᠰᠤᠶᠢᠷᠡᠭᠡᠳ ᠬᠢᠨᠵᠢ ᠨᠢ ᠲᠠᠰᠤᠷᠠᠵᠦ ᠵᠣᠯ ᠳᠠᠭᠠᠨ ᠮᠠᠨ ᠤ ᠨᠢᠭᠡᠳᠦᠯ ᠳᠤ ᠪᠠᠶᠢᠭᠤᠯᠤᠭᠰᠠᠨ ᠠᠶᠢᠮᠠᠭ ᠤᠨ ᠨᠤᠳᠤᠭ ᠪᠡᠯᠴᠢᠭᠡᠷ ᠤᠨ ᠦᠷᠳᠡᠭᠡᠨ ᠤ ᠪᠣᠷᠳᠤᠭᠠᠨ ᠰᠠᠭᠤᠷᠢᠨ ᠭᠠᠵᠠᠷ ᠲᠤ ᠦᠭᠭᠦᠭᠰᠡᠨ ︽ᠴᠠᠭᠠᠨ ᠣᠷᠣᠰ︾ ᠲᠡᠮᠳᠡᠭᠳᠦ ᠲᠷᠡᠺᠠᠲ᠋ᠣᠷ ᠢ ᠵᠢᠯᠤᠭᠤᠳᠳᠠᠭ ᠯᠢᠦ ᠪᠠᠭᠰᠢ ᠳᠤ ᠪᠣᠰᠣᠳ ᠠᠴᠠ ᠭᠤᠶᠤᠵᠦ ᠭᠤᠩᠰᠢᠵᠦ ᠣᠯᠣᠭᠰᠠᠨ ᠠᠷᠢᠬᠢᠨ ᠫᠢᠶᠤᠤ᠂ ᠪᠣᠭᠤᠷᠰᠤᠭ ᠤᠨ ᠫᠢᠶᠤᠤ ᠪᠠᠷ ᠠᠪᠤᠭᠰᠠᠨ ᠨᠢᠭᠡ ᠵᠢᠩ ᠠᠷᠢᠬᠢ ᠪᠣᠣᠪᠤ ᠪᠠᠨ ᠦᠭᠴᠦ ᠵᠠᠰᠠᠭᠤᠯᠵᠦ ᠠᠪᠤᠭᠰᠠᠨ ᠰᠠᠨ᠃ ᠭᠡᠪᠡᠴᠦ ᠰᠡᠭᠦᠯᠡᠷ ᠨᠢ ᠭᠡᠷ ᠤᠷᠤᠭᠤ ᠪᠠᠨ ᠶᠠᠪᠤᠬᠤ ᠭᠤᠷᠪᠠᠨ ᠵᠤᠷᠬᠠᠳᠦ ᠦᠭᠡᠷ ᠲᠡᠷᠭᠡᠨ ᠵᠠᠮ ᠢᠶᠠᠷ  ᠭᠡᠭᠡᠭᠦᠯᠵᠦ ︵hegeguulz  ᠭᠦᠨ ᠵᠤᠷᠬ᠎ᠠ ᠪᠠᠷ ᠤᠳᠠᠭᠠᠨ ᠶᠠᠪᠤᠵᠦ ᠲᠡᠶᠢᠯᠬᠦ ᠦᠭᠡᠢ ᠨᠠᠰᠢ ᠴᠠᠰᠢ ᠰᠦᠯᠵᠢᠨ ᠶᠠᠪᠤᠬᠤ︶ ᠴᠣᠭᠬᠢᠭᠤᠯᠤᠭᠰᠠᠭᠠᠷ ᠬᠢᠨᠵᠢ ᠶᠢ ᠨᠢ ᠲᠠᠰᠤᠯᠠᠬᠤ ᠦᠭᠡᠢ ᠪᠣᠯ ᠪᠣᠯᠣ ᠶᠢ ᠨᠢ ᠲᠡᠯᠪᠡᠯᠡᠴᠢᠭᠡᠳ ᠠᠷᠭ᠎ᠠ ᠶᠠᠳᠠᠬᠤ ᠳᠠᠭᠠᠨ ᠮᠦᠷᠦᠪᠴᠢᠯᠡᠵᠦ ᠠᠯᠬᠤᠭᠰᠠᠨ᠃ ᠭᠡᠴᠢᠨᠡᠨ ᠤᠳᠠᠭ᠎ᠠ ᠢᠩᠬᠢᠵᠦ ᠮᠣᠩᠬᠢᠨᠠᠬᠤ ᠳᠠᠭᠠᠨ ᠪᠠᠰᠠ ᠯᠠ ︽ᠡᠨᠡ ᠵᠠᠮ ᠡ᠂ ᠡᠨᠡ ᠲᠡᠷᠭᠡ ᠡ︕︾ ᠭᠡᠵᠦ ᠪᠣᠳᠣᠭᠰᠠᠭᠠᠷ ᠪᠠᠶᠢᠭᠠᠳ ᠨᠤᠶᠢᠷ ᠬᠤᠯᠵᠢᠪᠠ᠃  ᠲᠡᠭᠡᠷ᠎ᠡ ᠵᠠᠭᠤᠨ ᠤ ᠨᠠᠶᠠᠭᠠᠳ ᠣᠨ ᠤ ᠡᠬᠢᠨ ᠳᠤ᠂ ᠬᠤᠰᠢᠭᠤᠨ ᠲᠦᠪ ᠳ᠋ᠠᠪᠠᠨ ᠪᠠᠯᠭᠠᠰᠦ ᠳᠤ ᠰᠢᠯᠵᠢᠨ ᠢᠷᠡᠵᠦ ᠳ᠋ᠠᠪᠠᠨ ᠤ ᠨᠢᠭᠡᠳᠤᠭᠡᠷ ᠲᠤᠮᠳᠠᠳᠦ ᠰᠤᠷᠭᠠᠭᠤᠯᠢ ᠳᠤ ᠪᠠᠭᠰᠢᠯᠠᠪᠠ᠃ ᠭᠡᠷ ᠲᠡᠭᠡᠨ ᠬᠠᠷᠢᠬᠤ ᠭᠡᠪᠡᠯ ᠳ᠋ᠠᠪᠠᠨ ᠠᠴᠠ ᠯᠢᠨᠳᠦ᠋ᠩ ᠬᠦᠷᠬᠦ ᠴᠠᠷᠳᠠᠮᠠᠯ ᠵᠠᠮ ︵ᠯᠢᠶᠤᠤᠨᠢᠩ ᠮᠣᠵᠢ ᠳᠤ ᠬᠠᠷᠢᠶᠠᠯᠠᠭᠳᠠᠵᠦ ᠪᠠᠶᠢᠬᠤ ᠦᠶ᠎ᠡ ᠳᠤ ᠲᠡᠪᠢᠰᠴᠦ ᠦᠭᠭᠦᠭᠰᠡᠨ ᠲᠣᠰᠣᠨ ᠵᠠᠮ︶ ᠢᠶᠠᠷ ᠶᠠᠪᠤᠵᠦ  ︽ᠭᠤᠷᠪᠠᠨ ᠮᠠᠩᠬ᠎ᠠ ᠦᠷᠳᠡᠭᠡ︾ ︵ᠤᠤᠯ ᠤᠨ ᠮᠣᠷᠢᠨ ᠲᠡᠷᠭᠡᠨ ᠪᠠᠭᠤᠳᠠᠯ ᠨᠢ ᠵᠠᠰᠠᠮᠠᠯ ᠵᠠᠮ ᠤᠨ ᠭᠡᠰᠡᠭ ᠪᠣᠯᠵᠦ᠂ ᠠᠶᠠᠨᠴᠢᠳ ᠲᠡᠷᠭᠡ ᠬᠦᠯᠢᠶᠡᠵᠦ ᠲᠡᠷᠭᠡᠨ ᠳᠤ ᠰᠠᠭᠤᠬᠤ ᠦᠷᠳᠡᠭᠡ ᠪᠣᠯᠪᠠ︶ ᠳᠤ ᠪᠠᠭᠤᠪᠠᠯ ᠭᠡᠷ ᠲᠡᠭᠡᠨ ᠬᠦᠷᠬᠦ 70 ᠭᠠᠵᠠᠷ ᠤᠨ ᠵᠠᠮ ᠳᠤ ᠮᠣᠷᠢᠨ ᠲᠡᠷᠭᠡ᠂ ᠡᠯᠵᠢᠭᠡᠨ ᠲᠡᠷᠭᠡ ᠲᠠᠭᠠᠷᠠᠬᠤ ᠦᠭᠡᠢ ᠪᠣᠯ ᠪᠣᠭᠴᠦ ᠪᠣᠭᠤᠳᠠᠯ ᠢᠶᠠᠨ ᠡᠭᠦᠷᠦᠭᠡᠳ ᠠᠯᠬᠤᠬᠤ ᠯᠠ ᠭᠡᠷᠡᠭ᠃ ᠨᠢᠭᠡᠨ ᠤᠳᠠᠭ᠎ᠠ ᠰᠤᠷᠭᠠᠭᠤᠯᠢ ᠶᠢᠨ ᠠᠷᠭᠠᠯ ᠲᠦᠯᠡᠰᠢ ᠲᠡᠭᠡᠭᠡᠳᠡᠭ ᠵᠢᠯᠣᠭᠤᠴᠢ ᠳᠤ ᠭᠤᠶᠤᠵᠦ ᠠᠪᠤ ᠶᠢᠨ ᠲᠡᠭᠦᠭᠰᠡᠨ ᠠᠷᠭᠠᠯ ᠢ ᠬᠢᠮᠳᠡ ᠦᠨ᠎ᠡ ᠪᠠᠷ ᠦᠭᠭᠦ ᠪᠠᠷ ᠲᠣᠬᠢᠷᠠᠨ ︽ᠵᠢᠶᠧ ᠹᠠᠩ︾ ᠮᠠᠰᠢᠨ ᠢᠶᠠᠷ ᠨᠢ ᠬᠠᠷᠢᠯ᠎ᠠ᠃ ᠠᠷᠭᠠᠯ ᠢᠶᠠᠨ ᠲᠡᠭᠡᠭᠡᠴᠢᠭᠡᠳ ᠮᠠᠷᠭᠠᠰᠢ ᠨᠢ ᠪᠣᠴᠠᠬᠤ ᠳᠤ ᠠᠶᠢᠯ ᠤᠨ ᠡᠮᠤᠨᠡᠬᠢ ᠭᠤᠣᠯ ᠭᠠᠷᠬᠤ ᠳᠤ ᠲᠦᠷᠦᠭᠦᠦ ᠣᠷᠣᠢ ᠨᠢ ᠭᠤᠣᠯ ᠤᠨ ᠡᠬᠢᠨ ᠳᠤ ᠶᠡᠭᠡ ᠪᠣᠷᠣᠭᠠᠨ ᠣᠷᠣᠭᠰᠠᠨ ᠪᠣᠯᠤᠯᠳᠠᠢ ᠡᠯᠡᠰᠦ ᠬᠦᠭᠡᠭ ᠭᠤᠣᠯ ᠤᠨ ᠣᠯᠣᠮ ᠳᠤ ᠬᠤᠷᠠᠵᠦ ᠣᠯᠣᠮ ᠳᠤ ᠲᠡᠪᠢᠰᠦᠭᠰᠡᠨ ᠴᠢᠯᠠᠭᠤ ᠶᠢ ᠪᠦᠳᠡᠭᠡᠭᠰᠡᠨ ᠠᠴᠠ ᠠᠴᠢᠶ᠎ᠠ ᠬᠦᠨᠳᠦ ᠪᠢᠰᠢ ᠴᠦ ᠰᠢᠪᠠᠷᠳᠠᠴᠢᠭᠠᠳ ᠶᠠᠭᠠᠬᠢᠵᠦ ᠵᠢᠳᠬᠦᠬᠦᠯᠦᠭᠰᠡᠨ ᠴᠦ ᠬᠦᠷᠳᠦ ᠨᠢ ᠲᠣᠣᠷ᠎ᠠ ᠪᠠᠨ ᠡᠷᠬᠢᠯᠳᠦᠨ ᠣᠯᠠᠮ ᠢᠯᠡᠬᠦᠦ ᠰᠢᠬᠢᠳᠦᠨ ᠰᠠᠭᠤᠨ᠎ᠠ᠃ ᠪᠢ ᠬᠠᠮᠤᠭ ᠤᠶᠢᠷ᠎ᠠ ᠪᠠᠶᠢᠭ᠎ᠠ ᠭᠠᠳᠠᠨ᠎ᠠ ᠪᠠᠨ ᠲᠷᠠᠺᠠᠲ᠋ᠣᠷ ᠲᠠᠢ ᠠᠶᠢᠯ ᠳᠤ ᠲᠤᠰᠠᠯᠠᠬᠤ ᠶᠢ ᠭᠤᠶᠤᠬᠤ ᠪᠠᠷ ᠣᠴᠢᠬᠤ ᠳᠤ ᠵᠣᠯ  ᠢᠶᠠᠷ ᠡᠨᠡ ᠠᠶᠢᠯ ᠨᠢ ᠬᠠᠷᠢᠨ ᠮᠢᠨᠦ ᠰᠤᠷᠤᠭᠴᠢ ᠶᠢᠨ ᠭᠡᠷ ᠪᠠᠶᠢᠭᠰᠠᠨ ᠲᠤᠯᠠ ᠲᠣᠣᠷ᠎ᠠ ᠪᠠᠨ ᠵᠦᠪᠰᠢᠶᠡᠷᠡᠵᠦ ᠲᠷᠡᠺᠠᠲ᠋ᠣᠷ ᠢᠶᠠᠨ ᠵᠢᠯᠣᠭᠤᠳᠴᠦ ᠪᠣᠯᠣᠳ ᠤᠳᠠᠰᠤᠨ ᠲᠠᠳᠠᠯᠭ᠎ᠠ ᠪᠠᠨ ᠠᠪᠴᠦ ᠣᠴᠢᠭᠠᠳ᠂ ᠰᠢᠪᠠᠷᠳᠠᠭᠰᠠᠨ ᠲᠡᠷᠭᠡᠨ  ᠤ ᠵᠢᠯᠤᠭᠤᠴᠢ ᠲᠣᠰᠣ ᠦᠭᠴᠦ ᠬᠦᠴᠦ ᠪᠠᠨ ᠨᠡᠮᠡᠬᠦ ᠳᠤ ᠲᠡᠷᠡ ᠬᠦᠴᠦᠨ ᠳᠤ ᠨᠢ ᠨᠡᠶᠢᠴᠡᠭᠦᠯᠦᠨ ᠤᠬᠤᠰᠬᠢᠨ ᠤᠷᠤᠭᠰᠢ ᠲᠠᠳᠠᠭᠰᠠᠭᠠᠷ ᠪᠠᠶᠢᠵᠦ ᠠᠷᠠᠢ ᠭᠡᠵᠦ ᠭᠤᠣᠯ ᠠᠴᠠ ᠭᠠᠷᠴᠦ ᠵᠠᠮ ᠢᠶᠠᠨ ᠡᠯᠭᠦᠪᠡ᠃ ᠵᠠᠮ ᠶᠠᠪᠤᠬᠤ ᠵᠠᠭᠤᠷ᠎ᠠ ᠵᠢᠯᠣᠭᠤᠴᠢ᠄ ︽ᠮᠠᠨ ᠤ ᠬᠤᠰᠢᠭᠤ ᠭᠡᠵᠢᠶ᠎ᠡ ᠨᠢᠭᠡ ᠲᠡᠩᠭᠡᠷᠡᠵᠦ ᠤᠰᠤ ᠶᠡᠭᠡᠳᠠᠢ ᠲᠡᠭᠡᠷ᠎ᠡ ᠪᠠᠨ ᠰᠡᠳᠡᠭᠦᠢ ︵setegui  ᠵᠠᠪ ᠴᠢᠯᠦᠭᠡ ᠦᠭᠡᠢ︶ ᠠᠭᠤᠯᠠᠨ ᠦᠶᠡᠷ ᠪᠠᠭᠤᠳᠠᠭ ᠭᠤᠣᠯ ᠲᠡᠭᠡᠷ᠎ᠡ ᠬᠦᠬᠦᠷᠭᠡ ᠲᠠᠯᠪᠢᠳᠠᠭ ᠪᠣᠯ ᠳ᠋ᠠ︾ ᠭᠡᠵᠦ ᠭᠤᠷᠢᠳᠠᠯᠳᠠᠶᠢᠬᠠᠨ ᠶᠠᠷᠢᠨ᠎ᠠ᠃ ᠰᠤᠷᠭᠠᠭᠤᠯᠢ ᠳᠠᠭᠠᠨ ᠪᠣᠴᠠᠭᠰᠠᠨ ᠲᠡᠷᠡ ᠤᠷᠤᠢ᠂ ᠦᠳᠡᠰᠢ ᠶᠢᠨ ᠲᠠᠪᠳᠠᠯᠭ᠎ᠠ   ᠶᠢᠨ ᠲᠠᠷᠠᠭ᠎ᠠ ᠬᠠᠷᠢᠵᠦ ᠤᠨᠳᠠᠭᠠᠳ ︽ᠮᠢᠨᠦ ᠭᠡᠷ ᠤᠨ ᠡᠭᠦᠳᠡᠨ ᠳᠤ ᠬᠦᠷᠳᠡᠯ᠎ᠡ ᠲᠡᠪᠢᠰᠦᠭᠰᠡᠨ ᠴᠠᠷᠳᠠᠮᠠᠯ ᠵᠠᠮ ᠢᠶᠠᠷ ᠲᠤᠭᠤᠢ ᠪᠠᠨ ᠤᠨᠤᠨ ᠲᠠᠪᠬᠢᠭᠤᠯᠤᠭᠠᠳ ᠬᠤᠶᠠᠷ ᠴᠠᠭ ᠪᠣᠯᠤᠯ ᠦᠭᠡᠢ ᠬᠦᠷᠴᠢᠭᠡᠯ᠎ᠡ︾ ᠭᠡᠵᠦ ᠵᠡᠭᠦᠳᠦᠯᠡᠪᠡ᠃ ᠰᠡᠷᠢᠴᠡᠭᠡᠳ ᠲᠠᠷᠢᠬᠢᠨ ᠳᠤ ᠮᠦᠨ ᠯᠡ ︽ᠵᠠᠮ᠂ ᠲᠡᠷᠭᠡ︾ ᠪᠣᠳᠣᠭᠳᠠᠭᠰᠠᠭᠠᠷ ᠪᠠᠶᠢᠪᠠ᠃    ᠭᠠᠷ ᠤᠳᠠᠰᠤᠨ ᠤ ᠮᠡᠳᠡᠭᠡ ᠵᠠᠩᠬᠢ ᠶᠢᠨ ᠲᠣᠬᠢᠶ᠎ᠠ ᠲᠤᠤᠭᠠᠷᠴᠦ ᠪᠠᠶᠢᠨ᠎ᠠ᠃ ᠨᠡᠭᠡᠭᠡᠨ ᠦᠵᠡᠬᠦ ᠳᠤ᠂ ᠰᠠᠶᠢᠬᠠᠨ ᠬᠠᠨ ᠠᠭᠤᠯᠠ   ᠶᠢᠨ ᠵᠡᠭᠦᠨ ᠰᠣᠭᠤ ᠳᠤ ᠪᠠᠶᠢᠭᠤᠯᠤᠭᠰᠠᠨ ᠵᠤᠭᠠᠴᠠᠯ ᠤᠨ ᠭᠠᠵᠠᠷ ᠤᠨ ᠰᠢᠪᠡᠷᠡᠭᠡ ᠪᠣᠷᠣᠭᠠᠨ ᠳᠤ ᠤᠬᠢᠶᠠᠭᠳᠠᠨ ᠤᠭ᠍ᠶᠤᠷᠠᠨ ᠬᠠᠯᠢᠭᠤᠷᠠᠭᠰᠠᠨ ᠠᠭᠤᠳᠠᠮ ᠬᠦᠨᠳᠡᠢ ᠶᠢᠨ ᠮᠢᠷᠠᠯᠵᠢᠨ ᠲᠡᠯᠭᠡᠷᠡᠭᠰᠡᠨ ᠦᠩᠭᠡ ᠶᠢᠨ ᠴᠡᠴᠡᠭ  ᠤᠨ ᠲᠤᠮᠳᠠ ᠭᠡᠷ ᠭᠡᠷ ᠢᠶᠠᠷ ᠢᠶᠠᠨ᠂ ᠬᠤᠣᠰ ᠬᠤᠣᠰ ᠢᠶᠠᠷ ᠢᠶᠠᠨ ᠵᠢᠷᠤᠭ ᠰᠡᠭᠦᠳᠡᠷ ᠲᠠᠳᠠᠭᠤᠯᠵᠦ᠂ ᠣᠮᠪᠣᠯ ᠤᠳ ᠮᠢᠨᠢ ᠴᠡᠴᠡᠭ ᠲᠡᠭᠦᠨ ᠪᠠᠶᠠᠷᠯᠠᠨ ᠲᠡᠪᠭᠡᠷᠴᠦ ᠤᠷᠠᠶᠢᠯᠠᠨ ᠬᠠᠰᠬᠢᠷᠴᠦ ᠪᠠᠶᠢᠭ᠎ᠠ ᠭᠤᠶᠣ ᠰᠡᠭᠦᠳᠡᠷ ᠢᠶᠠᠨ ᠬᠤᠶᠢᠨ᠎ᠠ ᠬᠤᠶᠢᠨ᠎ᠠ ᠠᠴᠠ ᠨᠢ ᠶᠠᠪᠤᠭᠤᠯᠵᠦ ᠪᠠᠶᠢᠯ᠎ᠠ᠃ ᠡᠨᠡᠬᠦ ᠬᠦᠷ ᠨᠠᠷᠭᠢᠶᠠᠳᠦ ᠪᠠᠶᠢᠳᠠᠯ ᠢ ᠪᠠᠭ᠋ᠠᠷᠠᠨ ᠱᠠᠭᠰᠢᠬᠤ ᠳᠤ ᠦᠩᠭᠡᠷᠡᠭᠰᠡᠨ ᠤ ᠴᠣᠩᠵᠢᠨ ᠭᠠᠴᠠᠭ᠎ᠠ ᠶᠢᠨ ᠲᠤᠬᠠᠢ ᠯᠣᠷᠵᠣᠣ ᠰᠢᠭ᠋ ᠱᠤᠭ ᠰᠠᠨᠠᠭᠠᠨ ᠣᠷᠣᠪᠠ᠃ ᠰᠠᠶᠢᠬᠠᠨ ᠬᠠᠨ ᠤ ᠡᠩᠭᠡᠷ ᠲᠤ ᠰᠠᠭᠤᠷᠢᠰᠢᠭᠰᠠᠨ ᠴᠣᠩᠵᠢᠨ ᠭᠠᠴᠠᠭ᠎ᠠ ᠪᠣᠯ ᠲᠦᠷᠪᠡᠨ ᠲᠠᠯ᠎ᠠ ᠪᠠᠷ ᠢᠶᠠᠨ ᠠᠭᠤᠯᠠ ᠪᠠᠷ ᠬᠦᠷᠢᠶᠡᠯᠡᠭᠳᠡᠭᠰᠡᠨ ᠪᠤᠶᠢᠳᠠ ᠪᠦᠭᠯᠡᠬᠦᠦ ᠨᠤᠳᠤᠭ ᠶᠤᠮ᠃ ᠵᠢᠷᠭᠠᠯ ᠤᠨ ᠵᠠᠮ ᠨᠢᠭᠡᠳᠦᠯ ᠤᠨ ᠭᠡᠯᠡ ᠠᠮᠠ ᠬᠤᠷᠴᠠᠯᠢᠭ ᠭᠡᠵᠦ ᠣᠯᠠᠨ ᠳᠠᠭᠠᠨ ᠲᠣᠭᠤᠭᠳᠠᠭᠰᠠᠨ ᠨᠢᠭᠡᠨ ᠵᠠᠯᠠᠭᠤ ᠺᠠᠳ᠋ᠷ ᠠᠳᠡ ᠢᠷᠡᠵᠦ ᠲᠤᠬᠠᠢ ᠶᠢᠨ ᠦᠶ᠎ᠡ ᠶᠢᠨ ᠲᠦᠷᠦ ᠶᠢᠨ ᠪᠣᠳᠣᠯᠭ᠎ᠠ᠂ ᠴᠠᠭ ᠤᠨ ᠪᠠᠶᠢᠳᠠᠯ ᠢ ᠤᠬᠠᠭᠤᠯᠤᠨ ᠲᠠᠶᠢᠯᠪᠦᠷᠢᠯᠠᠬᠤ ᠳᠤ ᠲᠦᠭᠦᠭᠡᠷᠦᠭᠰᠡᠨ ᠬᠦᠮᠤᠨ ᠨᠢᠭᠡ ᠴᠦ ᠦᠭᠡᠢ᠂ ᠪᠢ ᠶᠠᠭᠤ ᠶᠠᠷᠢᠪᠠ ᠭᠡᠵᠦ ᠠᠰᠠᠭᠤᠬᠤ ᠳᠤ ᠱᠠᠯ ᠣᠨᠳᠣᠣ ᠶᠠᠭᠤᠮ᠎ᠠ ᠬᠠᠷᠢᠭᠤᠯᠬᠤ ᠶᠢ ᠰᠣᠨᠣᠰᠤᠭᠠᠳ ᠭᠠᠴᠢᠭᠳᠠᠬᠤ  ᠳᠠᠭᠠᠨ ᠲᠡᠷᠡ᠄ ︽ᠤᠷᠭᠤᠵᠦ ᠭᠠᠷᠬᠤ ᠨᠠᠷᠠ ᠨᠢ ᠣᠷᠤᠢ/ ᠤᠨᠠᠵᠦ ᠵᠢᠷᠭᠠᠬᠤ ᠨᠠᠷᠠ ᠨᠢ ᠡᠷᠳᠡ/ ᠣᠯᠵᠦ ᠦᠵᠡᠬᠦ ᠲᠡᠭᠷᠢ ᠨᠢ ᠵᠢᠵᠢᠭ / ᠣᠯᠵᠠᠭᠤᠷᠬᠠᠵᠦ ᠰᠣᠨᠣᠰᠬᠤ ᠰᠤᠷᠠᠭ ᠨᠢ ᠬᠤᠵᠢᠳ/ ᠮᠠᠨ ᠮᠠᠨ ᠢ ᠪᠣᠳᠣᠪᠠᠯ ᠡ / ᠮᠠᠨᠵᠦ ᠶᠢᠨ ᠦᠶ᠎ᠡ ᠳᠡᠭᠡᠨ ᠪᠠᠶᠢᠨ᠎ᠠ᠂ ᠲᠠ ᠨᠡᠷ ᠴᠢᠨᠢ ᠶᠤᠰᠤᠳᠠᠢ ︽ᠬᠠᠭᠤᠴᠢᠨ ᠬᠦᠦ︾ ᠪᠠᠨ ᠪᠣᠯᠴᠢᠬᠠᠵᠠᠢ︾ ᠭᠡᠬᠦ ᠳᠤ ︽ᠬᠠᠭᠤᠴᠢᠨᠬᠦᠦ︾ ᠭᠡᠳᠡᠭ ᠨᠢ ᠬᠠᠮᠢᠭᠠᠬᠢ ᠶᠢᠨ ᠶᠠᠮᠠᠷ ᠬᠦᠦ ᠪᠣᠢ︖ ᠭᠡᠵᠦ ᠨᠢᠭᠡ ᠨᠢᠭᠡᠨ ᠠᠴᠠ ᠪᠠᠨ ᠠᠰᠠᠭᠤᠵᠦ ᠤᠶᠢᠮᠡᠯᠡᠳᠦᠵᠦ ᠭᠡᠨ᠎ᠡ᠃ ᠲᠡᠭᠡᠭᠡᠳ ᠵᠠᠯᠠᠭᠤ ᠺᠠᠳ᠋ᠷ ᠤᠨ ᠡᠨᠡᠬᠦ ᠠᠮᠠᠨ ᠬᠤᠯᠪᠣᠭ᠎ᠠ ᠯᠣᠷᠵᠤᠤ ᠰᠢᠭ᠋ ᠬᠤᠰᠢᠭᠤ ᠲᠠᠶᠠᠭᠠᠷ  ᠲᠤ ᠲᠠᠷᠬᠠᠵᠦ ᠪᠢᠯᠡ  ᠃     ᠰᠢᠨ᠎ᠡ ᠵᠠᠭᠤᠨ ᠡᠬᠢᠯᠡᠳᠡᠯ᠎ᠡ ᠴᠣᠩᠵᠢᠨ ᠭᠠᠴᠠᠭ᠎ᠠ ᠨᠢ ᠵᠢᠷᠭᠠᠯ ᠤᠨ ᠵᠠᠮ ᠨᠢᠭᠡᠳᠦᠯ ᠢᠶᠠᠷ ᠪᠠᠷᠠᠬᠤ ᠦᠭᠡᠢ᠂ ᠪᠠᠷᠤᠭ ᠪᠦᠬᠦ ᠬᠤᠰᠢᠭᠤᠨ ᠳᠠᠭᠠᠨ ᠬᠠᠮᠤᠭ ᠤᠨ ᠪᠣᠶᠢᠳᠠ ᠪᠦᠭᠯᠡᠬᠦᠦ ᠪᠠᠯᠠᠷᠯᠢᠭ ᠭᠠᠵᠠᠷ ᠪᠠᠶᠢᠭᠰᠠᠨ᠃ ᠲᠡᠭᠡᠷ᠎ᠡ ᠵᠠᠭᠤᠨ  ᠤ ᠨᠠᠶᠠᠭᠠᠳ ᠣᠨ ᠤ ᠡᠬᠢᠨ ᠳᠤ ᠪᠢ ᠲᠤᠭᠤᠢ ᠤᠨᠤᠵᠦ ᠠᠵᠢᠯ ᠢᠶᠠᠷ  ᠣᠴᠢᠬᠤ ᠳᠤ ᠵᠠᠮ ᠤᠨ ᠬᠦᠪᠡᠭᠡᠨ ᠤ ᠠᠶᠢᠯ  ᠤᠨ ᠬᠢᠨ ᠭᠠᠷᠴᠦ ᠢᠷᠡᠭᠡᠳ ᠲᠤᠭᠤᠢ ᠶᠢ ᠶᠡᠭᠡᠯ᠎ᠡ ᠰᠣᠨᠢᠷᠬᠠᠨ ᠰᠠᠷᠠᠪᠴᠢᠯᠠᠨ ᠬᠠᠷᠠᠵᠦ᠄  ︽ᠬᠦᠶ᠋ᠢ︕ ᠬᠤᠶᠠᠷᠬᠠᠨ ᠬᠤᠷᠤᠭᠤ ᠪᠣᠯᠣ ᠲᠠᠢ᠂ ᠠᠯᠳᠠ ᠬᠢᠷᠢ ᠯᠡ ᠠᠷᠠᠯ ᠲᠠᠢ ᠪᠠᠶᠢᠭᠠᠳ ᠲᠡᠶᠢᠮᠦ ᠪᠦᠳᠦᠭᠦᠨ ᠬᠦᠮᠤᠨ ᠢ ᠤᠨᠤᠭᠤᠯᠤᠭᠠᠳ ᠲᠡᠭᠰᠢ ᠭᠠᠵᠠᠷ ᠲᠤᠯᠠᠵᠦ ᠭᠤᠯᠭᠤᠭᠠᠳ ᠲᠠᠪᠬᠢᠴᠢᠬᠠᠨ᠎ᠠ᠂ ᠬᠠᠴᠢᠨ ᠡᠳ᠋ ᠳ᠋ᠠ︕︾ ᠭᠡᠵᠡᠭᠡᠵᠦ ᠪᠠᠶᠢᠭᠰᠠᠨ᠃      ᠣᠳᠣ ᠴᠣᠩᠵᠢᠨ ᠭᠠᠴᠠᠭᠠᠨ ᠳᠤ ᠬᠤᠶᠠᠷ ᠵᠤᠭᠠᠴᠠᠯ ᠤᠨ ᠭᠠᠵᠠᠷ ᠲᠠᠢ᠂ ᠨᠢᠭᠡ ᠨᠢ ᠰᠠᠶᠢᠬᠠᠨ ᠬᠠᠨ ᠤ ᠪᠠᠷᠠᠭᠤᠨ ᠡᠮᠤᠨᠡᠬᠢ ᠬᠤᠩᠬᠤᠷ ᠤᠨ ᠵᠢᠯᠠᠭ᠎ᠠ ᠳᠤ ᠪᠠᠶᠢᠷᠢᠯᠠᠵᠦ᠂ ᠨᠦᠭᠦᠭᠡ ᠨᠢ ᠮᠠᠨ ᠤ ᠭᠡᠤᠭᠡᠳ ᠤᠨ ᠵᠤᠭᠠᠴᠠᠭᠰᠠᠨ ᠵᠡᠭᠦᠨ ᠰᠤᠭᠤ ᠶᠢᠨ ᠵᠤᠭᠠᠴᠠᠯ ᠤᠨ ᠭᠠᠵᠠᠷ ᠪᠣᠯᠣᠨ᠎ᠠ᠃ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠤ ᠣᠪᠤᠭᠠᠨ ᠲᠠᠬᠢᠯᠭ᠎ᠠ  ᠪᠣᠯᠬᠤ ᠳᠤ ᠬᠤᠩᠬᠤᠷ ᠤᠨ ᠵᠢᠯᠠᠭ᠎ᠠ ᠳᠤ ᠵᠡᠭᠦᠨ ᠪᠠᠷᠠᠭᠤᠨ ᠦᠵᠤᠮᠤᠴᠢᠨ᠂ ᠵᠡᠭᠦᠨ ᠪᠠᠷᠠᠭᠤᠨ ᠪᠠᠭᠠᠷᠢᠨ᠂ ᠭᠡᠰᠢᠭᠳᠡᠨ ᠤ ᠵᠡᠭᠦᠨ ᠡᠮᠤᠨ᠎ᠡ ᠭᠡᠰᠡᠭ᠂ ᠠᠷᠦ ᠬᠤᠷᠴᠢᠨ ᠤ ᠬᠤᠶᠢᠳᠦ ᠭᠡᠰᠡᠭ ᠤᠨ ᠲᠠᠬᠢᠯᠭᠠᠴᠢᠳ ᠮᠠᠰᠢᠨ ᠮᠣᠲ᠋ᠣᠷ ᠢᠶᠠᠷ ᠬᠦᠷᠤᠯᠴᠡᠨ ᠢᠷᠡᠬᠦ ᠪᠠᠷ ᠪᠠᠷᠠᠬᠤ ᠦᠭᠡᠢ᠂ ᠡᠷ᠎ᠡ ᠶᠢᠨ ᠭᠤᠷᠪᠠᠨ ᠨᠠᠭᠠᠳᠤᠮ ᠳᠤ ᠡᠷᠳᠡᠮ ᠴᠢᠳᠠᠯ ᠢᠶᠠᠨ ᠦᠵᠡᠯᠴᠡᠬᠦ ᠪᠠᠷ ᠮᠣᠩᠭᠤᠯ ᠤᠯᠤᠰ᠂ ᠬᠦᠯᠤᠨ ᠪᠤᠶᠢᠷ᠂ ᠬᠢᠩᠭᠠᠨ᠂ ᠲᠦᠩᠯᠢᠶᠦᠦ᠂ ᠰᠢᠯᠢ ᠶᠢᠨ ᠭᠤᠣᠯ ᠤᠨ ᠡᠯ᠎ᠡ ᠬᠤᠰᠢᠭᠤᠳ ᠤᠨ ᠠᠯᠳᠠᠷᠳᠦ ᠪᠦᠭᠡ᠂ ᠲᠦᠩᠯᠢᠶᠦᠦ ᠬᠤᠳᠠ ᠶᠢᠨ ᠬᠤᠷᠳᠤᠨ ᠮᠣᠷᠢ᠂ ᠵᠢᠷᠤᠭ᠎ᠠ ᠮᠣᠷᠢ᠂ ᠠᠷᠦ ᠬᠤᠷᠴᠢᠨ᠂ ᠣᠩᠨᠢᠭᠤᠳ ᠤᠨ ᠨᠡᠷᠡᠳᠦ ᠪᠦᠭᠡ᠂ ᠮᠡᠷᠭᠡᠨ ᠬᠠᠷᠪᠤᠭᠠᠴᠢ᠂ ᠬᠠᠰᠢᠷ ᠤᠶᠠᠭᠠᠴᠢ ᠵᠡᠷᠭᠡ ᠲᠦᠮᠡ ᠰᠢᠬᠠᠮ ᠬᠦᠮᠤᠨ ᠴᠤᠭᠯᠠᠷᠠᠨ᠂ ᠵᠠᠷᠢᠮ ᠳᠠᠭᠠᠨ ᠬᠠᠷᠢ ᠭᠠᠳᠠᠭᠠᠳᠦ ᠶᠢᠨ ᠡᠷᠳᠡᠮᠳᠡᠨ ᠭᠡᠭᠡᠷ᠎ᠡ ᠶᠢᠨ ᠰᠢᠨᠵᠢᠯᠡᠭᠡ ᠬᠢᠬᠦ ᠪᠠᠷ ᠮᠣᠷᠢᠯᠠᠨ ᠰᠠᠭᠠᠳᠠᠬᠤ ᠪᠣᠯᠪᠠ᠃ ᠤᠤᠯ ᠳᠠᠭᠠᠨ ᠲᠤᠭᠤᠢ ᠲᠡᠷᠭᠡ ᠰᠣᠨᠢᠷᠬᠠᠨ ᠬᠠᠴᠢᠷᠠᠬᠠᠵᠦ ᠪᠠᠶᠢᠭᠰᠠᠨ ᠠᠳᠡᠬᠢ ᠮᠠᠯᠴᠢᠳ ᠤᠨ ᠮᠡᠳᠡᠯᠭᠡ ᠨᠡᠮᠡᠭᠳᠡᠨ ᠬᠠᠷᠠᠭ᠎ᠠ ᠲᠡᠯᠡᠵᠦ᠂ ᠨᠡᠷᠡᠳᠦ ᠮᠠᠰᠢᠨ᠂ ᠡᠯᠳᠡᠪ ᠤᠨ ᠲᠡᠭᠡᠳᠦ ᠮᠡᠷᠭᠡᠵᠢᠯ  ᠤᠨ ᠮᠠᠰᠢᠨ ᠲᠣᠨᠤᠭ᠂ ᠵᠢᠷᠤᠭᠯᠠᠬᠤ ᠨᠢᠰᠭᠡᠯ ᠵᠡᠷᠭᠡ ᠶᠢ ᠴᠦ ᠮᠠᠨ ᠠᠴᠠ ᠬᠤᠯᠠ ᠢᠯᠡᠬᠦᠦ ᠮᠡᠳᠡᠬᠦ ᠪᠣᠯᠣᠭᠰᠠᠨ ᠢᠶᠠᠷ ᠪᠠᠷᠠᠬᠤ᠂ ᠸᠢᠴᠠᠲ ᠢᠶᠠᠷ ᠰᠢᠨ᠎ᠡ ᠮᠡᠳᠡᠭᠡ ᠵᠠᠩᠬᠢ ᠬᠠᠶᠢᠬᠤ᠂ ᠰᠦᠯᠵᠢᠶᠡᠨ ᠲᠡᠭᠡᠷ᠎ᠡ ᠨᠤᠳᠤᠭ ᠤᠨ ᠭᠠᠷᠤᠯᠳᠠ᠂ ᠮᠠᠯ  ᠤᠨ ᠠᠰᠢᠭ ᠰᠢᠮ᠎ᠡ ᠪᠠᠨ ᠪᠣᠷᠣᠯᠠᠭᠤᠯᠵᠦ᠂ ᠠᠶᠢᠯ ᠪᠣᠯᠭᠠᠨ ᠰᠠᠭᠤᠭᠠᠳ ᠶᠠᠪᠤᠬᠤ ᠠᠴᠠ ᠰᠡᠤᠭᠡ ᠮᠠᠰᠢᠨ᠂ ᠠᠴᠢᠶ᠎ᠠ  ᠪᠠᠨ ᠲᠡᠭᠡᠭᠡᠬᠦ ᠠᠴᠠ ᠫᠢᠺᠠ ᠮᠠᠰᠢᠨ ᠲᠠᠢ ᠪᠣᠯᠵᠦ᠂ ᠭᠡᠳᠦᠨ ᠡᠷᠦᠭᠡ ᠶᠢᠨ ᠲᠤᠮᠳᠠ ᠡᠪᠡᠰᠦ ᠬᠠᠳᠤᠵᠦ ᠬᠠᠮᠤᠬᠤ ᠮᠠᠰᠢᠨ᠂ ᠡᠪᠡᠰᠦ ᠪᠣᠭᠤᠵᠦ ᠪᠤᠭᠤᠵᠢᠯᠠᠬᠤ ᠮᠠᠰᠢᠨ᠂ ᠨᠤᠭᠤᠭᠠᠨ ᠲᠠᠷᠤᠰᠢ ᠶᠢᠨ ᠵᠤᠭᠤᠷᠢ ᠮᠠᠯᠳᠠᠬᠤ ᠤᠳᠬᠤᠭᠤᠷ ᠮᠠᠰᠢᠨ᠂ ᠡᠷᠳᠡᠨᠢ ᠰᠢᠰᠢ ᠶᠢ ᠬᠠᠳᠤᠵᠦ ᠬᠤᠷᠢᠶᠠᠨ ᠮᠦᠯᠢᠵᠦ ᠴᠠᠭᠠᠯᠠᠬᠤ ᠮᠠᠰᠢᠨ᠂᠂᠂᠂ ᠭᠡᠳ ᠮᠢᠨᠦ ᠲᠠᠨᠢᠬᠤ ᠦᠭᠡᠢ ᠮᠡᠳᠡᠬᠦ ᠦᠭᠡᠢ ᠮᠠᠰᠢᠨ ᠮᠧᠬᠠᠨᠢᠭ ᠭᠡᠴᠢᠨᠡᠨ ᠪᠠᠶᠢᠬᠤ ᠶᠢ ᠮᠡᠳᠡᠬᠦ ᠦᠭᠡᠢ᠃ ᠦᠭᠡᠷᠡᠴᠢᠯᠠᠯᠳᠡ ᠨᠡᠭᠡᠭᠡᠯᠳᠡ ᠶᠢᠨ ᠰᠠᠶᠢᠨ  ᠢᠶᠠᠷ ᠦᠭᠡᠳᠡᠯᠡᠨ ᠲᠡᠭᠵᠢᠷᠡᠭᠰᠡᠨ ᠨᠤᠳᠤᠭ ᠮᠢᠨᠢ ᠦᠨᠡᠭᠡᠷ ᠬᠤᠪᠢᠷᠠᠵᠠᠢ᠃ ᠢᠳᠡᠭᠡᠵᠦ ᠶᠠᠳᠠᠮ᠎ᠠ᠂ ᠲᠠᠨᠢᠵᠦ ᠶᠠᠳᠠᠮ᠎ᠠ ᠬᠤᠪᠢᠷᠠᠵᠠᠢ᠃      ᠮᠠᠨ ᠤ ᠬᠢ ᠤᠭ ᠲᠠᠭᠠᠨ ᠬᠤᠶᠠᠷ ᠭᠠᠵᠠᠷ ᠤᠨ ᠬᠤᠯᠠ ᠶᠢᠨ ᠬᠤᠤᠨᠳᠤᠭ ᠠᠴᠠ ᠮᠦᠷᠦ ᠪᠠᠨ ᠬᠠᠪᠤᠳᠠᠳᠠᠯ᠎ᠠ ᠤᠰᠤ ᠲᠠᠮᠠᠨᠠᠳᠠᠭ ᠪᠠᠶᠢᠭᠰᠠᠨ ᠴᠢᠨᠢ ᠣᠳᠣ ᠲᠦᠭᠡᠭᠡᠯ ᠤᠰᠤᠨ ᠤ ᠨᠡᠭᠡᠯᠭᠡᠢ ᠶᠢ ᠨᠡᠭᠡᠭᠡᠮᠡᠭᠴᠡ ᠠᠭᠤᠯᠠᠷᠬᠠᠭ ᠣᠷᠣᠨ ᠤ ᠴᠡᠪᠡᠷ ᠲᠤᠩᠭᠠᠯᠠᠭ ᠤᠰᠤ ᠤᠷᠬᠢᠯᠤᠭ᠎ᠠ ᠪᠣᠯᠠᠭ ᠰᠢᠭ᠋ ᠤᠨᠳᠤᠷᠤᠨ᠂ ᠪᠣᠷᠳᠤᠭᠠᠨ ᠲᠠᠷᠢᠶ᠎ᠠ᠂ ᠪᠣᠳᠠ ᠪᠣᠭ ᠮᠠᠯ ᠢᠶᠠᠨ  ᠤᠰᠤᠯᠠᠨ᠎ᠠ ᠤᠤ  ︖ ᠪᠣᠬᠢᠷᠳᠤᠯ ᠦᠭᠡᠢ ᠢᠳᠡᠰᠢᠨ ᠨᠣᠭᠤᠭ᠎ᠠ ᠪᠠᠨ ᠲᠠᠷᠢᠨ᠎ᠠ ᠤᠤ︖ ᠴᠠᠭ ᠪᠠ ᠬᠦᠴᠦ ᠴᠢᠨᠢ ᠮᠡᠳᠡᠭᠰᠡᠨ ᠭᠡᠷᠡᠭ᠃ ᠲᠡᠭᠰᠢ ᠲᠠᠷᠳᠠᠩ ᠴᠠᠷᠳᠠᠮᠠᠯ ᠵᠠᠮ ᠠᠶᠢᠯ ᠲᠤᠰᠬᠤᠨ ᠪᠣᠯᠭᠠᠨ ᠳᠤ ᠨᠡᠪᠳᠡᠷᠡᠵᠦ᠂ ᠤᠶᠤᠨᠯᠢᠭ ᠭᠠᠷ ᠤᠳᠠᠰᠦ᠂ ᠢᠨᠲ᠋ᠧᠷ ᠰᠦᠯᠵᠢᠶ᠎ᠡ ᠵᠡᠷᠭᠡ ᠤᠭ ᠲᠠᠭᠠᠨ ᠦᠵᠡᠬᠦ ᠪᠠᠶᠢᠳᠤᠭᠠᠢ ᠵᠡᠭᠦᠳᠤᠯᠡᠵᠦ ᠴᠦ ᠦᠵᠡᠭᠡ ᠦᠭᠡᠢ ᠲᠡᠭᠡᠳᠦ ᠰᠢᠨ᠎ᠡ ᠮᠡᠷᠭᠡᠵᠢᠯ ᠢ ᠬᠦᠳᠡᠭᠡ ᠶᠢᠨ ᠬᠦᠮᠤᠨ ᠬᠤᠳᠠ ᠶᠢᠨ ᠬᠦᠮᠤᠨ ᠠᠴᠠ ᠢᠯᠡᠭᠦᠦ ᠡᠳ᠋ᠯᠡᠵᠦ ᠶᠠᠪᠤᠨ᠎ᠠ᠃      ᠮᠣᠩᠬᠢᠨᠠᠵᠦ ᠴᠦ ᠦᠵᠡᠭᠰᠡᠨ᠂ ᠭᠠᠴᠢᠭᠳᠠᠵᠦ ᠴᠦ ᠦᠩᠭᠡᠷᠡᠭᠰᠡᠨ᠂ ᠬᠦᠰᠡᠵᠦ ᠴᠦ ᠪᠠᠶᠢᠭᠰᠠᠨ᠂ ᠵᠡᠭᠦᠳᠦᠯᠡᠵᠦ ᠴᠦ ᠤᠳᠠᠭᠰᠠᠨ ︽ᠵᠠᠮ᠂ ᠲᠡᠷᠭᠡ︾ ᠣᠳᠣ ᠵᠣᠪᠠᠯᠳᠠ ᠦᠭᠡᠢ ᠪᠣᠯᠣᠭᠰᠠᠨ ᠢ ᠭᠡᠤᠭᠡᠳ ᠤᠳ ᠤᠨ ᠮᠢᠨᠢ ᠪᠠᠷᠢᠭᠰᠠᠨ ᠲᠡᠷᠭᠡ᠂ ᠬᠦᠷᠴᠦ ᠣᠴᠢᠵᠦ  ᠵᠤᠭᠠᠴᠠᠭᠰᠠᠨ ᠭᠠᠵᠠᠷ ᠨᠠᠳᠠᠳᠦ ᠦᠵᠡᠭᠦᠯᠦᠭᠡᠳ ᠦᠭᠭᠦᠯ᠎ᠡ᠃ ᠰᠡᠳᠬᠢᠯ ᠢ ᠮᠢᠨᠢ ᠠᠭᠤᠵᠢᠷᠠᠭᠤᠯᠬᠤ ᠪᠠᠷ ᠪᠠᠷᠠᠬᠤ ᠦᠭᠡᠢ᠂ ᠨᠠᠶᠠ   ᠶᠢ ᠲᠦᠷᠦᠭᠡᠯᠡᠭᠰᠡᠨ ᠨᠠᠮ᠎ᠠ ᠶᠢ ᠭᠡᠤᠭᠡᠳ ᠰᠢᠭ ᠬᠦᠭᠡᠷᠤᠭᠦᠯᠦᠨ ᠲᠡᠪᠭᠡᠷᠡᠭᠦᠯᠦᠭᠰᠡᠨ ᠢ  ᠶᠠᠭᠤᠨ ᠦᠭᠦᠯᠡᠬᠦ ᠠᠵᠢ᠃               ᠬᠠᠶ᠋ᠢᠭ᠄巴林右旗大板镇新世纪小区 11# 4好信箱                                               敖日布巴斯尔                                             邮编:025150                                             电话:13015181977            
 
ᠢᠷᠡᠯᠲᠡ᠄ ᠨᠣᠷᠪᠤᠪᠠᠽᠠᠷ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号