ᠲᠦ  ᠮᠦ  ᠶᠢᠨ  ᠬᠤᠪᠢᠰᠤᠯ ᠂  ᠨᠢᠭᠡ
ᠨᠡᠶᠢᠲᠡᠯᠡᠭᠰᠡᠨ ᠴᠠᠭ᠄
2020/10/19
᠎ ᠲᠤ ᠮᠤ᠋ ᠶᠢᠨ ᠬᠤᠪᠢᠰᠤᠯ ᠲᠤᠪᠴᠢ ᠠᠭᠤᠯᠭ᠎ᠠ᠄ ᠤᠶᠢᠷᠠᠳ ᠮᠤᠩᠭᠤᠯ ᠤᠨ ᠲᠦᠷᠤᠬᠦᠤ ᠡᠰᠡᠨ ᠬᠠᠭᠠᠨ ᠵᠸᠡᠭ ᠲᠦᠡᠭ ᠤᠨ 14 ᠤᠨ ︵1449 ᠤᠨ︶᠎ ᠤ ᠨᠠᠮᠤᠷ ᠲᠦᠷᠪᠡᠨ ᠵᠠᠮ ᠢᠶᠠᠷ ᠴᠡᠷᠢᠭ ᠭᠠᠷᠭᠠᠵᠤ᠂ ᠮᠢᠩ ᠤᠨ ᠳ᠋ᠠ ᠲᠦᠡᠭ ᠬᠤᠳᠠ ᠶᠢ ᠴᠤᠬᠢᠨ ᠡᠵᠡᠯᠡᠵᠤ᠂ ᠯᠠᠨᠱᠠᠨ ᠤ ᠲᠤ ᠮᠤ᠋ ᠪᠤᠤ ᠳᠤ ᠮᠢᠩ ᠢᠡᠭ ᠽᠦᠡᠭ ᠵᠤ᠋ ᠴᠢ ᠵᠧᠨ ︵明英宗朱祁镇︶᠎ ᠢ ᠪᠠᠷᠢᠪᠴᠢᠯᠠᠭᠰᠠᠨ  ᠢ  ᠲᠡᠤᠭᠡᠨ ᠳᠤ ︽᠎ ᠲᠤ ᠮᠤ᠋ ᠶᠢᠨ ᠬᠤᠪᠢᠰᠤᠯ︾ ᠭᠡᠵᠤ᠂ ᠲᠡᠯᠡᠭᠡᠢ ᠳ᠋ᠡᠬᠢᠨ ᠢ ᠴᠤᠴᠢᠭᠠᠭᠰᠠᠨ᠃ ᠮᠢᠩ ᠤᠯᠤᠰ ᠤᠨ ᠶᠤᠰᠤᠯᠠᠯ ᠤᠨ ᠵᠡᠬᠦᠨ ᠰᠠᠶᠢᠳ ᠯᠢᠤ ᠲᠢᠩ ᡁᠢ ︽ᠡᠰᠡ ᠲᠠᠪᠰᠢᠨ ᠲᠡᠮᠳᠡᠭᠯᠡᠯ︾᠎ ᠳᠤ ᠡᠨᠡ ᠬᠤᠪᠢᠰᠤᠯ ᠵᠢᠴᠢ ᠢᠡᠭ ᠽᠦᠡᠭ ᠬᠠᠭᠠᠨ ᠤᠯᠤᠰ ᠲᠠᠭᠠᠨ ᠪᠤᠴᠠᠵᠤ ᠢᠷᠡᠭᠰᠡᠨ ᠦᠩᠭᠡᠷᠡᠯᠳᠡ  ᠶᠢ ᠲᠡᠮᠳᠡᠭᠡᠯᠡᠵᠠᠢ᠃ ᠵᠠᠩᠬᠢᠯᠠᠭ᠎ᠠ ᠶᠢᠨ  ᠦᠭᠡ᠄ ᠡᠰᠡᠨ  ᠂ ᠲᠤ ᠮᠤ᠋ ᠶᠢᠨ ᠬᠤᠪᠢᠰᠤᠯ᠂ ᠮᠢᠩ ᠢᠡᠭ ᠽᠦᠡᠭ   ᠵᠤᠬᠢᠶᠠᠯ ᠤᠨ ᠪᠦᠬᠦ ᠠᠭᠤᠯᠭ᠎ᠠ᠄ ᠡᠷᠳᠡᠳᠡ ᠲᠠᠶᠢᠽᠤ ᠭᠤᠤ ᠬᠤᠸᠠᠩᠳᠢ ᠲᠡᠭᠷᠢ ᠶᠢᠨ ᠵᠠᠷᠯᠢᠭ ᠢᠶᠠᠷ  ᠮᠤᠩᠭᠤᠯ ᠢ ᠭᠤᠪᠢ ᠶᠢᠨ ᠠᠷᠤ ᠳᠤ ᠬᠦᠭᠡᠭᠡᠨ ᠶᠠᠪᠤᠭᠤᠯᠵᠤ᠂ ᠶᠤᠸᠠᠨ ᠤ ᠲᠤᠭᠤᠭᠠᠠᠲ᠋ᠡᠮᠦᠷ ᠬᠠᠭᠠᠨ ᠪᠠᠷᠰ ᠬᠤᠳᠠ ᠳᠤ ᠬᠠᠯᠢᠭᠰᠠᠨ ᠤ ᠰᠡᠬᠦᠯᠡᠷ᠂ ᠲᠠᠶᠢᠽᠤ ᠭᠤᠤ ᠬᠠᠭᠠᠨ ᠲᠡᠬᠦᠨ ᠢ  ᠬᠤᠸᠠᠰᠢᠶᠠ ᠤᠷᠤᠨ ᠤ ᠬᠠᠭᠠᠨ ᠡᠵᠡᠨ ᠭᠡᠮᠡᠨ ᠱᠦᠨᠳᠢ ᠬᠠᠭᠠᠨ ᠭᠡᠵᠤ ᠨᠡᠭᠡᠵᠤ ᠡᠷᠬᠦᠮᠵᠢᠯᠡᠭᠰᠡᠨ ᠠᠨᠤ ᠡᠷᠭᠡᠮ ᠲᠡᠭᠡᠳᠤ ᠵᠢᠷᠤᠮᠳᠤ ᠪᠤᠳᠤᠯᠭ᠎ᠠ  ᠪᠣᠯᠬᠤ  ᠪᠣᠶᠣ  ᠃ ᠱᠦᠨᠳᠢ ᠬᠠᠭᠠᠨ ᠤ ᠬᠤᠶᠢᠴᠢ ᠦᠶ᠎ᠡ ᠶᠢᠨ ᠵᠠᠯᠭᠠᠮᠵᠢᠯᠠᠭᠴᠢ ᠬᠤᠶᠢᠳᠤ ᠬᠢᠵᠠᠭᠠᠷ ᠲᠠᠭᠠᠨ ᠦᠶ᠎ᠡ ᠶᠢᠨ ᠦᠶ᠎ᠡ ᠡᠵᠡᠨ ᠪᠤᠯᠤᠨ ᠰᠠᠭᠤᠷᠢᠰᠢᠵᠤ  ᠬᠡᠳᠦᠨ  ᠦᠶ᠎ᠡ  ᠵᠠᠯᠭᠠᠮᠵᠢᠯᠠᠭᠰᠠᠨ ᠢ ᠮᠡᠳᠡᠬᠦ ᠦᠭᠡᠢ ᠪᠤᠯᠪᠠᠴᠤ᠂  ᠬᠠᠷᠢᠨ ᠤᠶᠢᠷᠠᠳ ᠮᠤᠩᠭᠤᠯ  ᠤᠷᠤᠰᠢᠬᠤ  ᠎ ᠶᠢ  ᠲᠤᠳᠤ ᠮᠡᠳᠡᠨ᠎ᠡ᠃ ᠲᠡᠬᠦᠨ ᠤ ᠡᠵᠡᠨ  ᠪᠤᠬ᠎ᠠ ᠰᠢᠤᠸᠠᠨ ᠽᠦᠡᠭ ᠬᠠᠭᠠᠨ ᠤ ᠦᠶ᠎ᠡ ᠎ ᠳᠤ ᠦᠪᠡᠷ ᠢ ᠪᠠᠨ ᠬᠠᠭᠠᠨ ᠭᠡᠰᠡᠨ ᠨᠢ ᠲᠡᠭᠡᠷ᠎ᠡ ᠦᠶ᠎ᠡ ᠶᠢᠨ ᠬᠠᠭᠠᠳ ᠤᠨ ᠭᠡᠭᠡᠨ ᠢ ᠡᠷᠬᠦᠨ ᠠᠪᠤᠭᠰᠠᠨ ᠪᠤᠯᠤᠯᠳᠠᠢ᠃ ᠭᠡᠳᠡᠯ᠎ᠡ ᠲᠡᠬᠦᠨ ᠤ ᠲᠤᠤᠷᠠᠬᠢ ᠬᠦᠮᠤᠨ ᠲᠡᠷᠡ ᠶᠢ ᠵᠠᠶᠢᠰᠠᠩ ᠭᠡᠵᠤ ᠲᠠᠭᠤᠳᠠᠬᠤ ᠨᠢ ᠶᠠᠭ ᠬᠤᠨᠢ  ᠪᠠᠷᠰ ᠤᠨ ᠠᠷᠠᠰᠤ  ᠨᠦᠮᠤᠷᠡᠭᠰᠡᠨ ᠯᠤᠭ᠎ᠠ   ᠠᠳᠠᠯᠢ᠃ ᠲᠡᠷᠡ ᠦᠶ᠎ᠡ ᠳᠤ ᠵᠠᠶᠢᠰᠠᠩ  ᠬᠡᠮᠡᠭᠳᠡᠬᠦ  ᠬᠦᠮᠤᠨ ᠬᠤᠶᠠᠷ ᠪᠠᠶᠢᠨ᠎ᠠ᠂ ᠨᠢᠭᠡ ᠨᠢ ᠨᠢᠩ ᠸᠠᠩ ᠠᠷᠤᠭᠳᠠᠢ᠂ ᠨᠢᠭᠡ ᠨᠢ ᠰᠢᠤᠸᠠᠨ ᠨᠢᠩ ᠸᠠᠩ ᠲᠤᠭᠤᠭᠠᠨ ᠪᠤᠯᠤᠨ᠎ᠠ᠃ ᠡᠨᠡ ᠬᠤᠶᠠᠭᠤᠯᠠ ᠪᠠᠶᠢᠨ ᠪᠠᠶᠢᠨ ᠮᠢᠩ ᠤᠯᠤᠰ ᠲᠤ ᠠᠯᠪᠠ ᠬᠦᠷᠭᠡᠨ᠎ᠡ᠃ ᠮᠢᠩ ᠤᠨ ᠵᠠᠰᠠᠭ ᠠᠴᠠ ᠵᠠᠷᠯᠢᠭ ᠪᠠᠭᠤᠯᠭᠠᠵᠤ ᠬᠤᠶᠠᠭᠤᠯᠠ ᠎ ᠶᠢ ᠪᠦᠷ ᠸᠠᠩ ᠡᠷᠬᠦᠮᠵᠢᠯᠡᠪᠡ᠃ ᠰᠡᠬᠦᠯᠡᠷ ᠬᠤᠶᠠᠭᠤᠯᠠ ᠪᠦᠷ ᠬᠠᠯᠢᠵᠤ᠂ ᠲᠤᠭᠤᠭᠠᠨ ᠤ ᠬᠦᠤ ᠡᠰᠡᠨ ᠲᠡᠭᠡᠷ᠎ᠡ ᠬᠤᠶᠠᠷ ᠬᠦᠮᠤᠨ ᠤ ᠬᠠᠷᠢᠶᠠᠳᠤ ᠶᠢ ᠡᠵᠡᠯᠡᠵᠤ᠂ ᠪᠡᠶ᠎ᠡ ᠪᠠᠨ ︽ᠲᠠᠶᠢᠱᠢ︾ ᠭᠡᠵᠤ᠂ ᠬᠡᠤᠬᠡᠨ ᠲᠡᠬᠦᠤ ᠪᠠᠨ  ᠪᠤᠬ᠎ᠠ‌ᠵᠢᠨ ᠭᠡᠷᠭᠡᠢ ᠪᠤᠯᠭᠠᠵᠤ᠂ ᠬᠠᠷᠢᠯᠴᠠᠨ ᠲᠦᠰᠢᠯᠴᠡᠵᠡᠢ᠃ ᠢᠡᠭ ᠽᠦᠡᠭ ᠬᠭᠠᠨ ᠤ ᠤᠷᠤ ᠶᠢ ᠵᠠᠯᠭᠠᠮᠵᠢᠯᠠᠭᠰᠠᠨ ᠲᠡᠷᠡ ᠦᠶ᠎ᠡ ᠳᠤ ᠡᠰᠡᠨ ᠲᠠᠬᠢᠨ ᠲᠠᠪᠳᠠᠨ ᠠᠯᠪᠠ ᠪᠠᠷᠢᠵᠤ᠂ ᠮᠢᠩ ᠤᠨ ᠤᠷᠳᠤᠨ ᠠᠴᠠ ᠠᠯᠳᠠ ᠲᠤᠷᠭ᠎ᠠ ᠵᠡᠷᠭᠡ ᠱᠠᠩᠨᠠᠭᠰᠠᠨ ᠤ  ᠲᠠᠷᠠᠭ᠎ᠠ ᠰᠠᠶ᠋ᠢ ᠨᠤᠳᠤᠭ ᠵᠦᠭ ᠢᠶᠠᠨ  ᠶᠠᠪᠤᠳᠠᠭ ᠪᠠᠶᠢᠭᠰᠠᠨ  ᠢᠶᠠᠨ ᠠᠭᠠᠵᠢᠮ  ᠢᠶᠠᠷ  ᠲᠤᠭᠰᠢᠨ ᠵᠦᠷᠢᠬᠦᠤ ᠪᠤᠯᠵᠤ᠂ ᠢᠷᠡᠵᠤ ᠶᠠᠪᠤᠬᠤ ᠡᠯᠴᠢ ᠨᠢ   ᠤᠷᠪᠠᠭᠠᠨ ᠬᠦᠷᠪᠡᠭᠡ ᠲᠠᠢ  ᠮᠦᠷᠳᠡᠭᠡᠨ ᠲᠤᠮᠳᠠᠳᠤ ᠤᠯᠤᠰ ᠤᠨ ᠦᠨᠡᠨ ᠬᠠᠭᠤᠷᠮᠠᠭ ᠢ  ᠲᠠᠩᠨᠠᠳᠠᠭ  ᠂᠂ ᠡᠰᠡᠨ ᠬᠦᠤ ᠳᠡᠭᠡᠨ ᠮᠢᠩ ᠤᠨ ᠬᠦᠩᠵᠤ ᠶᠢ  ᠪᠠᠭᠤᠯᠭᠠᠬᠤ  ᠭᠡᠰᠡᠨ ᠢ ᠡᠯᠴᠢ ᠨᠠᠷ ᠲᠠᠯᠳᠠᠭᠤᠷ ᠵᠦᠪᠰᠢᠶᠡᠷᠡᠵᠤ᠂ ᠡᠰᠡᠨ ᠮᠤᠷᠢᠨ ᠤ ᠪᠡᠯᠡᠭ ᠎ ᠢᠶᠠᠷ ᠬᠤᠷᠢᠮ ᠤᠨ ᠤᠴᠢᠷ ᠢ ᠲᠤᠭᠳᠠᠭᠠᠬᠤ ᠭᠡᠰᠡᠨ  ᠳᠤ  ᠮᠢᠩ ᠤᠨ ᠲᠠᠯ᠎ᠠ ᠠᠴᠠ  ᠰᠠᠶ᠋ᠢ  ᠮᠡᠳᠡᠵᠦ  ᠤᠷᠤᠭ  ᠤᠨ  ᠬᠡᠷᠡᠭ  ᠦᠭᠡᠢ ᠭᠡᠰᠡᠨ  ᠳᠤ᠂ ᠡᠰᠡᠨ ᠠᠭᠤᠷᠯᠠᠵᠤ ᠵᠸᠡᠭ ᠲᠦᠡᠭ ᠤᠨ 14 ᠤᠨ ᠤ 7 ᠰᠠᠷ᠎ᠠ ᠶᠢᠨ 8᠎ ᠤ ᠡᠳᠤᠷ ᠴᠡᠷᠢᠭ ᠬᠦᠳᠡᠯᠭᠡᠵᠤ᠂ ᠪᠤᠭᠤᠮᠳᠠ ᠶᠢᠨ ᠭᠠᠳᠠᠨᠠᠬᠢ ᠤᠯᠠᠨ ᠭᠠᠵᠠᠷ ᠢ ᠡᠵᠡᠯᠡᠨ ᠠᠪᠤᠭᠰᠠᠨ ᠳᠤ᠂  ᠮᠢᠩ  ᠤᠨ ᠲᠦᠷᠤ ᠎ ᠳᠤ ᠬᠢᠯᠢ ᠶᠢᠨ ᠮᠡᠳᠡᠬᠦᠯᠤᠯᠳᠡ ᠵᠠᠯᠭᠠᠨ  ᠢᠷᠡᠭᠰᠡᠨ ᠳᠤ  ᠂ ᠬᠠᠭᠠᠨ ᠲᠦᠷᠣ  ᠠᠴᠠ  ᠲᠠᠪᠤᠨᠠᠩ ᠵᠢᠩ ᠶᠤᠸᠠᠨ ᠢᠶᠠᠷ ᠲᠦᠷᠪᠡᠨ ᠵᠠᠩᠵᠤᠨ᠂  ᠲᠦᠮᠡᠨ ᠴᠡᠷᠢᠭ  ᠲᠠᠶᠢᠴᠢᠯᠠᠭᠤᠯᠤᠨ ᠰᠡᠷᠭᠡᠶᠢᠯᠡᠯᠳᠡ  ᠬᠢᠯᠭᠡᠵᠠᠢ᠃   ᠭᠡᠳᠡᠯ᠎ᠡ  ᠶᠤᠰᠤᠯᠠᠯ ᠎ ᠤᠨ ᠲᠠᠶᠢᠭᠠᠨ ᠸᠠᠩ ᠵᠧᠨ ᠬᠠᠭᠠᠨ ᠡᠵᠡᠨ ᠦᠪᠡᠷᠳᠡᠭᠡᠨ ᠴᠡᠷᠢᠭ ᠢ ᠲᠠᠶᠢᠴᠢᠯᠠᠨ ᠲᠠᠭᠠᠭᠤᠯᠵᠤ᠂ ᠲᠠᠶᠢᠱᠢ ᠢᠡᠭ ᠬᠦᠸᠧ ᠬᠦᠡᠭ ᠵᠠᠩ ᠹᠦ᠋᠂ ᠲᠠᠶᠢᠪᠤᠤ ᠴᠸᠡᠭ ᠬᠦᠸᠧ ᠬᠦᠡᠭ ᠵᠤ᠋ ᠶᠦᠡᠭ ᠵᠡᠷᠭᠡ ᠪᠠᠷ ᠴᠡᠷᠢᠭ ᠵᠠᠰᠠᠵᠤ ᠲᠠᠶᠢᠰᠤᠨ ᠢ ᠴᠤᠬᠢᠬᠤ  ᠪᠤᠯᠪᠠᠦ  ᠭᠡᠵᠦ ᠠᠶᠢᠯᠠᠳᠬᠠᠭᠰᠠᠨ  ᠳᠤ ᠲᠦᠷᠤ ᠶᠢᠨ ᠲᠦᠰᠢᠮᠡᠳ ᠪᠦᠷ ᠵᠦᠪᠰᠢᠶᠡᠷᠡᠬᠦ ᠦᠭᠡᠢ᠃ 17᠎ ᠤ ᠡᠳᠤᠷ ᠢᠡᠭ ᠽᠦᠡᠭ ᠬᠠᠭᠠᠨ ᠲᠠᠶᠢᠭᠠᠨ ᠸᠠᠩ ᠵᠸᠡᠭ ᠤᠨ ᠱᠠᠭᠠᠷᠳᠠᠯᠭ᠎ᠠ ᠪᠠᠷ ᠲᠠᠶᠢᠨ ᠳᠤ ᠮᠤᠷᠢᠯᠠᠵᠤ᠂ ᠴᠸᠡᠭ ᠸᠠᠩ ᠢᠶᠠᠷ ᠨᠡᠶᠢᠰᠯᠡᠯ ᠬᠤᠳᠠ ᠶᠢ ᠬᠠᠮᠢᠶᠠᠷᠠᠭᠤᠯᠬᠤ ᠪᠠᠷ ᠵᠠᠬᠢᠶ᠎ᠠ ᠪᠠᠭᠤᠯᠭᠠᠵᠤ᠂ ᠤᠷᠳᠤᠨ ᠤ ᠵᠡᠬᠦᠨ ᠡᠬᠦᠳᠡ ᠎ ᠶᠢᠨ ᠪᠠᠷᠠᠭᠤᠨ ᠲᠠᠯ᠎ᠠ ᠳᠤ ᠤᠯᠠᠨ ᠲᠦᠰᠢᠮᠡᠳ ᠤᠨ ᠬᠦᠷᠭᠡᠬᠦ ᠶᠢ ᠬᠦᠯᠢᠶᠡᠵᠤ᠂ ᠲᠦᠷᠤ ᠶᠢᠨ ᠤᠴᠢᠷ ᠢ ᠲᠠᠶᠢᠭᠠᠨ ᠎ ᠶᠢᠨ ᠢᠡᠭ᠂ ᠲᠦᠰᠢᠮᠡᠳ ᠤᠨ ᠶᠠᠮᠤᠨ ᠤ ᠱᠠᠩ ᠱᠤ᠋ ᠸᠠᠩ ᡁᠢ᠂ ᠪᠢᠴᠢᠭ ᠤᠨ ᠲᠡᠳ᠋ ᠰᠠᠶᠢᠳ ᠭᠤᠤ ᠬᠦ᠋᠂ ᠲᠠᠪᠤᠨᠠᠩ ᠵᠢᠶᠤᠤ ᠵᠢᠩ ᠵᠡᠷᠭᠡ ᠨᠡᠶᠢᠳᠡ ᠪᠠᠷ ᠵᠦᠪᠳᠡᠭᠳᠤᠨ ᠭᠡᠵᠤ ᠵᠠᠷᠯᠢᠭᠳᠠᠪᠠ᠃ ᠬᠠᠭᠠᠨ ᠡᠵᠡᠨ ᠲᠠᠢ ᠬᠠᠮᠳᠤ ᠲᠠᠶᠢᠨ ᠳᠤ ᠤᠷᠤᠯᠴᠠᠬᠤ ᠬᠦᠮᠤᠰ ᠠᠨᠤ ᠱᠠᠩ ᠱᠤ᠋ ᠸᠠᠩ ᠽᠦᠸᠧ᠂ ᠭᠤᠸᠠᠩ ᠶᠧ᠂ ᠪᠢᠴᠢᠭ ᠤᠨ ᠲᠡᠳ᠋ ᠰᠠᠶᠢᠳ ᠼᠤᠤ ᠨᠠᠢ ᠵᠡᠷᠭᠡ ᠬᠦᠮᠤᠰ ᠪᠤᠯᠤᠨ᠎ᠠ᠃ ᠨᠡᠶᠢᠳᠡ 50 ᠲᠦᠮᠡᠨ ᠴᠡᠷᠢᠭ ᠲᠠᠶᠢᠴᠢᠯᠠᠵᠤ ᠵᠢᠤᠢ ᠶᠦᠡᠭ ᠭᠤᠸᠠᠨ ᠢᠶᠠᠷ ᠦᠩᠭᠡᠷᠡᠵᠤ᠂ ᠰᠢᠤᠸᠠᠨ ᠹᠦ᠋ ᠬᠤᠳᠠ ᠳᠤ ᠬᠦᠷᠬᠦ ᠳᠤ ᠮᠢᠩ ᠤᠨ ᠡᠮᠤᠨ᠎ᠡ ᠴᠡᠷᠢᠭ ᠮᠤᠩᠭᠤᠯ ᠴᠡᠷᠢᠭ ᠲᠤ ᠲᠡᠶᠢᠯᠦᠭᠳᠡᠭᠰᠡᠨ ᠴᠢᠮᠡᠭᠡ ᠢᠷᠡᠵᠤ᠂ ᠬᠠᠭᠠᠨ ᠡᠵᠡᠨ ᠳ᠋ᠠ ᠲᠦᠡᠭ ᠳᠤ ᠬᠦᠷᠬᠦ ᠭᠡᠰᠡᠨ ᠳᠤ ᠡᠳᠤᠷ ᠨᠢᠭᠡᠨᠳᠡ ᠬᠠᠷᠠᠩᠭᠤᠢ ᠪᠤᠯᠵᠤ᠂ ᠡᠬᠦᠯᠡ ᠪᠦᠷᠬᠦᠵᠤ  ᠠᠶᠣᠩᠭ᠎ᠠ  ᠶᠢᠨ  ᠲᠠᠭᠤᠨ ᠲᠠᠰᠤᠷᠠᠬᠤ ᠦᠭᠡᠢ  ᠪᠤᠷᠤᠭᠠᠯᠠᠵᠠᠢ᠃ ᠡᠭᠦᠨ ᠎ ᠳᠤ  ᠡᠷᠭᠡ ᠠᠳᠬᠤᠭᠴᠢ ᠲᠠᠶᠢᠭᠠᠨ ᠸᠠᠩ ᠵᠸᠡᠭ ᠠᠶᠤᠨ ᠲᠠᠭᠵᠢᠵᠤ᠂ ᠴᠡᠷᠢᠭ ᠡᠷᠬᠢᠬᠦ ᠵᠠᠬᠢᠶ᠎ᠠ ᠪᠠᠭᠤᠯᠭᠠᠪᠠ᠃ 8 ᠰᠠᠷ᠎ᠠ ᠶᠢᠨ 13᠎ ᠤ ᠡᠳᠤᠷ᠂ ᠮᠢᠩ ᠤᠨ ᠴᠡᠷᠢᠭ ᠯᠠᠩᠱᠠᠨ ᠳᠤ ᠬᠦᠷᠬᠦ ᠳᠤ ᠮᠤᠩᠭᠤᠯ ᠴᠡᠷᠢᠭ ᠨᠡᠭᠡᠮᠵᠢᠯᠡᠨ ᠢᠷᠡᠪᠡ ᠃ ᠮᠢᠩ ᠤᠨ ᠵᠠᠩᠵᠤᠨ  ᠵᠤ᠋ ᠶᠦᠡᠭ 3 ᠲᠦᠮᠡᠨ ᠮᠤᠷᠢᠳᠤ ᠴᠡᠷᠢᠭ ᠢᠶᠠᠷ ᠮᠤᠩᠭᠤᠯ ᠴᠡᠷᠢᠭ ᠢ ᠡᠰᠡᠷᠬᠦᠴᠡᠵᠤ ᠲᠡᠶᠢᠯᠦᠭᠳᠡᠨ ᠨᠢᠭᠡ ᠴᠡᠷᠢᠭ ᠦᠯᠡᠳᠡᠭᠰᠡᠨ ᠦᠭᠡᠢ ᠦᠬᠦᠵᠡᠢ᠃ ᠮᠦᠨ ᠡᠳᠤᠷ ᠬᠠᠭᠠᠨ ᠡᠵᠡᠨ ᠲᠤ ᠮᠤ᠋ ᠳᠤ ᠬᠦᠷᠴᠤ᠂ ᠬᠤᠸᠠᠢ ᠯᠠᠢ ᠬᠤᠳᠠ ᠠᠴᠠ 20 ᠭᠠᠵᠠᠷ ᠵᠠᠶᠢᠳᠠᠢ ᠪᠤᠯᠬᠤᠷ ᠬᠤᠸᠠᠢ ᠯᠠᠢ ᠵᠦᠭ ᠪᠤᠷᠤᠭᠤᠯᠠᠬᠤ ᠭᠡᠰᠡᠨ ᠪᠤᠯᠪᠠᠴᠤ ᠮᠢᠩᠭᠠᠳ ᠬᠦᠨᠳᠤ ᠠᠴᠢᠶᠠᠨ ᠤ ᠲᠡᠷᠭᠡ ᠬᠤᠯᠠ ᠪᠠᠶᠢᠬᠤ ᠲᠤᠯᠠ ᠬᠦᠯᠢᠶᠡᠵᠤ᠂ ᠲᠠᠷᠤᠢ ᠲᠤ ᠮᠤ᠋ ᠳᠤ ᠬᠤᠨᠤᠭᠯᠠᠪᠠ᠃ ᠎ ᠲᠤ ᠮᠦ  ᠤᠷᠤᠨ  ᠳᠤ  ᠪᠤᠯᠠᠭ ᠤᠨ  ᠤᠰᠤ ᠦᠭᠡᠢ᠃ ᠮᠤᠩᠭᠤᠯ ᠴᠡᠷᠢᠭ ᠨᠢᠭᠡᠨᠳᠡ ᠲᠦᠯᠬᠢᠨ ᠢᠷᠡᠵᠤ ᠶᠡᠭᠡ ᠪᠠᠴᠢᠮ ᠪᠤᠯᠪᠠ᠃ 14᠎ ᠤ ᠡᠳᠤᠷ᠂ ᠮᠤᠩᠭᠤᠯ ᠲᠤ ᠮᠤ᠋ ᠭᠠᠵᠠᠷ ᠤᠨ ᠴᠡᠷᠢᠭ ᠲᠤ ᠨᠢᠭᠡᠨᠳᠡ ᠤᠶᠢᠷᠠᠳᠤᠵᠤ᠂ ᠬᠦᠳᠡᠯᠬᠦ ᠠᠴᠠ ᠠᠶᠤᠵᠤ ᠤᠬᠤᠷᠢᠵᠤ ᠴᠢᠳᠠᠬᠤ ᠦᠭᠡᠢ ᠪᠤᠯᠵᠤ᠂ ᠴᠡᠷᠢᠭ ᠨᠠᠷ ᠠᠷᠭ᠎ᠠ ᠪᠤᠰᠤ ᠦᠯᠤᠰᠴᠤ ᠤᠮᠳᠠᠭᠠᠰᠬᠤ ᠶᠢ ᠦᠢᠯᠡ  ᠶᠢ  ᠠᠮᠰᠠᠵᠠᠢ  ᠃ 15᠎ ᠤ ᠡᠳᠤᠷ᠂ ᠮᠤᠩᠭᠤᠯ ᠠᠴᠠ ᠬᠦᠮᠤᠨ ᠲᠤᠮᠢᠯᠠᠵᠤ ᠪᠢᠴᠢᠭ ᠬᠦᠷᠭᠡᠵᠤ ᠨᠠᠶᠢᠷᠠᠮᠳᠠᠨ ᠰᠢᠢᠳᠪᠤᠷᠢᠯᠡᠬᠦ ᠭᠡᠰᠡᠨ ᠳᠤ ᠤᠷᠳᠤᠨ ᠠᠴᠠ ᠼᠤᠤ ᠨᠠᠢ  ᠢᠶᠠᠷ  ᠨᠠᠶᠢᠷᠠᠮᠳᠠᠯ  ᠤᠨ ᠬᠡᠯᠡᠯᠴᠡᠭᠡᠷ  ᠬᠢᠯᠭᠡᠬᠦ  ᠭᠡᠰᠡᠨ  ᠎ ᠳᠤ ᠬᠤᠶᠠᠷ ᠮᠤᠩᠭᠤᠯ ᠡᠯᠴᠢ ᠨᠢᠭᠡᠨᠳᠡ ᠭᠠᠷᠴᠤ ᠶᠠᠪᠤᠪᠠ᠃ ᠡᠨᠡ ᠦᠶ᠎ᠡ ᠳᠤ ᠮᠢᠩ ᠤᠨ ᠴᠡᠷᠢᠭ ᠤᠷᠤᠨ ᠠᠴᠠ ᠰᠢᠯᠵᠢᠵᠤ ᠶᠠᠪᠤᠬᠤ ᠳᠤ ᠵᠢᠬᠰᠠᠭᠠᠯ ᠡᠷᠤᠢ ᠬᠤᠷᠤᠢ ᠦᠭᠡᠢ ᠪᠤᠯᠤᠨ ᠬᠠᠷᠢᠯᠴᠠᠨ ᠲᠡᠮᠡᠴᠡᠯᠳᠤᠨ ᠲᠤᠳᠠᠭᠠᠵᠤ ᠬᠤᠷᠢᠭᠯᠠᠬᠤ ᠶᠢᠨ ᠠᠷᠭ᠎ᠠ ᠦᠭᠡᠢ ᠪᠤᠯᠤᠭᠰᠠᠨ ᠎ ᠳᠤ ᠮᠤᠩᠭᠤᠯ  ᠴᠡᠷᠢᠭ ᠲᠠᠭᠠᠷᠢᠯᠬᠢᠯᠠᠨ  ᠨᠦᠷᠢᠨ ᠢᠷᠡᠵᠤ᠂ ᠤᠷᠳᠤ ᠵᠢᠳᠠ ᠪᠠᠷ ᠮᠢᠩ ᠤᠨ ᠴᠡᠷᠢᠭ ᠢ ᠵᠢᠳᠠᠯᠠᠨ  ᠂ ᠦᠨᠳᠦᠷ ᠲᠠᠭᠤᠨ ᠢᠶᠠᠷ ︽ᠵᠡᠪᠰᠡᠭ ᠢᠶᠠᠨ  ᠬᠠᠶᠠᠪᠠᠰᠤ  ᠠᠯᠠᠬᠤ ᠦᠭᠡᠢ︾ ᠭᠡᠵᠤ ᠬᠠᠰᠬᠢᠷᠴᠤ   ᠲᠠᠭᠠᠷᠢᠭᠰᠠᠨ  ᠳᠤ  ᠮᠢᠩ ᠤᠨ ᠴᠡᠷᠢᠭ ᠤᠨ ᠦᠬᠦᠳᠡᠯ  ᠲᠠᠯ᠎ᠠ ᠲᠦᠭᠦᠷᠴᠠᠢ᠃  ᠮᠤᠩᠭᠤᠯ ᠴᠡᠷᠢᠭ ᠪᠠᠰᠠ ᠮᠢᠩ ᠤᠨ ᠲᠤᠮᠳᠠ ᠵᠠᠮ ᠤᠨ ᠴᠡᠷᠢᠭ ᠢ  ᠲᠠᠭᠠᠷᠢᠬᠤ ᠳᠤ  ᠢᠡᠭ ᠽᠦᠡᠭ ᠬᠠᠭᠠᠨ ᠮᠤᠷᠢ ᠤᠨᠤᠵᠤ ᠲᠤᠳᠠᠭᠠᠨ ᠬᠠᠷᠢᠬᠤ ᠭᠡᠰᠡᠨ ᠪᠤᠯᠪᠠᠴᠤ ᠭᠠᠷᠴᠤ ᠴᠢᠳᠠᠭᠰᠠᠨ ᠦᠭᠡᠢ ᠮᠤᠩᠭᠤᠯ ᠴᠡᠷᠢᠭ ᠲᠤ ᠪᠠᠷᠢᠪᠴᠢᠯᠠᠭᠳᠠᠪᠠ ︵ᠢᠡᠭ ᠽᠦᠡᠭ ᠬᠠᠭᠠᠨ ᠨᠢᠭᠡ ᠰᠢᠷᠤᠢ ᠶᠢᠨ ᠲᠤᠪᠤᠷᠴᠠᠭ ᠲᠡᠭᠡᠷ᠎ᠡ ᠰᠠᠭᠤᠵᠤ ᠪᠠᠶᠢᠬᠤ ᠶᠢ ᠨᠢᠭᠡ ᠮᠤᠩᠭᠤᠯ ᠴᠡᠷᠢᠭ ᠤᠶᠢᠷᠠᠳᠤᠨ ᠢᠷᠡᠵᠤ ᠴᠠᠪᠴᠢᠨ ᠠᠯᠠᠬᠤ ᠭᠡᠰᠡᠨ ᠎ ᠳᠤ ᠨᠦᠬᠦᠭᠡ ᠨᠢᠭᠡ ᠮᠤᠩᠭᠤᠯ ᠴᠡᠷᠢᠭ ᠬᠡᠯᠡᠷᠤᠨ ᠡᠨᠡ ᠬᠦᠮᠤᠨ ᠶᠡᠷᠤ ᠶᠢᠨ ᠬᠦᠮᠤᠨ ᠪᠤᠰᠤ᠂ ᠲᠡᠭᠡᠭᠰᠢ ᠮᠡᠳᠡᠬᠦᠯᠵᠤ ᠵᠤᠬᠢᠮᠤᠢ ᠭᠡᠰᠡᠨ ᠲᠦᠷᠭᠡᠨ ᠮᠡᠳᠡᠬᠦᠯᠬᠦ ᠳᠤ ᠡᠰᠡᠨ ᠬᠠᠭᠠᠨ ᠲᠡᠬᠦᠤ ᠰᠠᠶᠢᠬᠠᠨ ᠢ ᠲᠤᠮᠢᠯᠠᠵᠤ ᠦᠵᠡᠬᠦᠯᠦᠭᠰᠡᠨ ᠳᠤ ᠰᠠᠶᠢᠬᠠᠨ  ᠮᠢᠩ ᠢᠡᠭ ᠽᠦᠡᠭ ᠢ ᠲᠠᠨᠢᠵᠤ ᠠᠯᠠᠬᠤ ᠭᠡᠰᠡᠨ ᠳᠤ ᠪᠠᠶᠠᠠᠲ᠋ᠡᠮᠦᠷ ᠬᠤᠷᠢᠭᠯᠠᠪᠠ︶᠃ ᠡᠨᠡ ᠦᠶ᠎ᠡ ᠳᠤ ᠮᠢᠩ ᠤᠨ ᠴᠡᠷᠢᠭ ᠤᠨ ᠨᠤᠶᠠᠨ ᠵᠢᠴᠢ ᠲᠠᠭᠠᠭᠰᠠᠨ ᠲᠦᠰᠢᠮᠡᠳ ᠨᠠᠷ ᠭᠡᠵᠢᠭᠡ ᠦᠰᠤ ᠪᠠᠨ ᠦᠷᠪᠡᠶᠢᠯᠭᠡᠵᠤ ᠨᠢᠴᠤᠬᠦᠨ ᠎ ᠢᠶᠠᠷ ᠠᠭᠤᠯᠠ ᠶᠢᠨ ᠬᠠᠪᠴᠠᠯ ᠢᠶᠠᠷ  ᠪᠤᠷᠤᠭᠤᠯᠠᠵᠠᠢ᠃  ᠮᠤᠩᠭᠤᠯ ᠴᠡᠷᠢᠭ ᠮᠢᠩ ᠤᠨ ᠬᠦᠨᠳᠤ ᠲᠡᠷᠭᠡ ᠶᠢ ᠤᠯᠵᠠᠯᠠᠵᠤ᠂ ᠡᠳ᠋ ᠪᠠᠷᠠᠭ᠎ᠠ᠂ ᠠᠯᠳᠠ ᠮᠦᠩᠬᠦ᠂ ᠰᠤᠪᠤᠳ ᠡᠷᠳᠡᠨᠢ ᠪᠦᠷ ᠲᠤᠨᠤᠨ ᠠᠪᠤᠪᠠ᠃ ᠦᠨᠡᠨ ᠳᠡᠭᠡᠨ ᠮᠤᠩᠭᠤᠯ ᠴᠡᠷᠢᠭ ᠰᠠᠶ᠋ᠢ 2 ᠲᠦᠮᠡ ᠢᠯᠡᠬᠦᠤ  ᠪᠠᠶᠢᠵᠠᠢ᠃  ᠭᠡᠳᠡᠯ᠎ᠡ  ᠮᠢᠩ ᠤᠨ ᠴᠡᠷᠢᠭ ᠢ ᠬᠠᠭᠠᠰ ᠢᠯᠡᠬᠦᠤ ᠶᠢ ᠠᠯᠠᠨ ᠰᠢᠷᠬᠠᠳᠠᠭᠤᠯᠪᠠ᠃16᠎ ᠤ ᠡᠳᠤᠷ ᠢᠡᠭ ᠽᠦᠡᠭ ᠬᠠᠭᠠᠨ ᠢ ᠮᠤᠩᠭᠤᠯ ᠤᠨ ᠰᠠᠭᠤᠭ᠎ᠠ ᠳ᠋ᠠ ᠲᠦᠡᠭ ᠳᠤ ᠰᠢᠯᠵᠢᠬᠦᠯᠤᠨ ᠠᠪᠴᠢᠷᠠᠵᠤ᠂ ᠬᠠᠭᠠᠨ ᠡᠵᠡᠨ ᠦᠪᠡᠷ ᠢᠶᠠᠨ ᠪᠢᠴᠢᠭ ᠪᠢᠴᠢᠵᠤ᠂ ᠬᠦᠮᠤᠨ ᠲᠤᠮᠢᠯᠠᠨ ᠬᠤᠸᠠᠢ ᠯᠠᠢ ᠳᠤ ᠰᠠᠭᠤᠭ᠎ᠠ ᠮᠢᠩ ᠤᠨ ᠴᠡᠷᠢᠭ ᠎ ᠤᠨ ᠨᠤᠶᠠᠨ ᠢᠶᠠᠷ ᠠᠯᠳᠠ ᠮᠦᠩᠬᠦ ᠲᠤᠷᠭ᠎ᠠ ᠬᠦᠷᠭᠡᠬᠦ ᠶᠢ ᠬᠦᠰᠡᠭᠰᠡᠨ ᠪᠤᠯᠪᠠᠴᠤ ᠬᠤᠸᠠᠢ ᠯᠠᠢ ᠬᠤᠳᠠ ᠡᠬᠦᠳᠡ ᠪᠠᠨ ᠬᠠᠭᠠᠵᠤ ᠤᠷᠤᠭᠤᠯᠬᠤ ᠦᠭᠡᠢ ᠪᠤᠯᠬᠤᠷ ᠲᠠᠬᠢᠨ ᠨᠡᠶᠢᠰᠯᠡᠯ ᠬᠤᠳᠠ ᠳᠤ ᠴᠢᠮᠡᠭᠡ ᠬᠦᠷᠭᠡᠵᠤ᠂ ᠰᠦᠨᠢ ᠶᠢᠨ ᠭᠤᠷᠪᠠᠨ ᠴᠠᠭ ᠲᠤ ᠪᠠᠷᠠᠭᠤᠨ ᠴᠠᠩ ᠠᠨ ᠤ ᠵᠡᠭᠡᠯᠢ ᠪᠠᠷ ᠬᠤᠳᠠ ᠳᠤ ᠤᠷᠤᠵᠤ ᠮᠡᠳᠡᠬᠦᠯᠪᠡ᠃ 17᠎ ᠤ ᠡᠳᠤᠷ ᠤᠯᠠᠨ ᠲᠦᠰᠢᠮᠡᠯ ᠴᠤᠭᠯᠠᠷᠠᠵᠤ᠂ ᠮᠢᠩ ᠤᠨ ᠴᠡᠷᠢᠭ ᠲᠡᠶᠢᠯᠦᠭᠳᠡᠭᠰᠡᠨ ᠢ ᠮᠡᠳᠡᠵᠤ ᠬᠠᠷᠢᠯᠴᠠᠨ ᠭᠡᠯᠡᠯᠴᠡᠵᠤ ᠰᠠᠨᠠᠭ᠎ᠠ ᠠᠯᠳᠠᠵᠤ ᠠᠶᠤᠨ ᠲᠠᠭᠵᠢᠨ᠎ᠠ᠃ ᠪᠠᠰᠠ ᠴᠡᠷᠢᠭ ᠨᠠᠷ ᠲᠤᠳᠠᠭᠠᠨ ᠢᠷᠡᠭᠰᠡᠨ  ᠬᠦᠮᠦᠰ  ᠂ ᠪᠡᠶ᠎ᠡ ᠎ ᠳᠤ ᠨᠢ ᠴᠢᠰᠤ   ᠨᠠᠭᠠᠯᠳᠤᠵᠦ  ᠦᠵᠡᠬᠦ  ᠶᠢᠨ ᠠᠷᠭ᠎ᠠ ᠦᠭᠡᠢ ᠵᠢᠭ᠌ᠰᠢᠭᠦᠷᠢᠳᠠᠢ  ᠃᠂ ᠭᠠᠭᠴᠠ  ᠬᠦ ᠬᠠᠭᠠᠨ ᠡᠵᠡᠨ ᠶᠠᠮᠪᠠᠷ ᠪᠠᠶᠢᠬᠤ ᠶᠢ ᠮᠡᠳᠡᠬᠦ ᠦᠭᠡᠢ᠃ ᠦᠳᠡ ᠳᠤ ᠮᠢᠩ ᠤᠯᠤᠰ ᠠᠴᠠ ᠬᠦᠮᠤᠨ ᠲᠤᠮᠢᠯᠠᠨ ᠠᠯᠳᠠ ᠮᠦᠩᠬᠦ ᠰᠤᠪᠤᠳ ᠬᠠᠰ ᠯᠤᠤ ᠲᠠᠢ ᠲᠤᠷᠭ᠎ᠠ ᠵᠡᠷᠭᠡ  ᠶᠢ  8 ᠮᠤᠷᠢ  ᠳᠤ ᠠᠴᠢᠵᠤ ᠮᠤᠩᠭᠤᠯ ᠤᠨ ᠡᠰᠡᠨ ᠬᠠᠭᠠᠨ ᠳᠤ ᠬᠦᠷᠭᠡᠵᠤ᠂ ᠬᠠᠭᠠᠨ ᠡᠵᠡᠨ ᠢᠶᠠᠨ ᠠᠪᠤᠷᠠᠨ ᠭᠠᠷᠭᠠᠬᠤ ᠭᠡᠵᠤ ᠰᠠᠨᠠᠯ ᠢᠶᠠᠨ ᠢᠯᠡᠳᠭᠡᠪᠡ᠃ 18᠎ ᠤ ᠡᠳᠤᠷ ᠬᠤᠸ᠋ᠩᠳᠠᠶᠢᠭᠡᠤ ᠲᠦᠰᠢᠮᠡᠳ ᠢᠶᠠᠷ ᠴᠤᠭᠯᠠᠭᠤᠯᠵᠤ ᠢᠡᠭ ᠽᠦᠡᠭ ᠬᠠᠭᠠᠨ ᠤ ᠲᠡᠬᠦᠤ ᠴᠸᠡᠭ ᠸᠠᠩ ᠎ ᠢᠶᠠᠷ ᠲᠦᠷᠤ ᠶᠢᠨ ᠡᠷᠭᠡ ᠶᠢ ᠡᠷᠬᠢᠯᠡᠬᠦᠯᠬᠦ ᠭᠡᠵᠤ ᠲᠤᠩᠬᠠᠭᠯᠠᠵᠤ᠂ ᠡᠤ ᠮᠧᠨ ᠬᠠᠭᠠᠯᠭ᠎ᠠ ᠳᠤ ᠤᠯᠠᠨ ᠲᠦᠰᠢᠮᠡᠳ ᠎ ᠲᠠᠢ ᠠᠭᠤᠯᠵᠠᠯᠳᠠ ᠬᠢᠵᠤ᠂ ᠲᠦᠷᠤ ᠶᠢᠨ ᠡᠷᠭᠡ ᠶᠢ ᠡᠷᠬᠢᠯᠡᠬᠦᠯᠬᠦ ᠶᠢ ᠤᠯᠠᠨ ᠳᠤ ᠮᠡᠳᠡᠬᠦᠯᠪᠡ᠃ ᠲᠤᠳᠤᠭᠠᠳᠤ ᠭᠠᠳᠠᠭᠠᠳᠤ ᠪᠠᠶᠢᠳᠠᠯ ᠤᠯᠠᠮ ᠲᠦᠭᠰᠢᠬᠦᠷᠢᠳᠠᠢ ᠪᠤᠯᠬᠤᠷ ᠬᠤᠸᠠᠩᠳᠠᠶᠢᠭᠡᠤ ᠲᠠᠬᠢᠨ ᠲᠤᠩᠬᠠᠭᠯᠠᠵᠤ ᠢᠡᠭ ᠽᠦᠡᠭ ᠬᠠᠭᠠᠨ ᠤ ᠬᠦᠪᠡᠬᠦᠨ ᠵᠢᠶᠠᠨ ᠱᠧᠨ ᠢ ᠲᠠᠶᠢᠽᠢ ᠡᠷᠬᠦᠮᠵᠢᠯᠡᠭᠰᠡᠨ ᠠᠴᠠ ᠬᠦᠮᠤᠰ ᠤᠨ ᠰᠡᠳᠬᠢᠯ ᠪᠠᠭ᠋ᠠᠨ ᠠᠮᠤᠷᠵᠢᠵᠠᠢ᠃ ᠭᠡᠳᠤᠨ ᠡᠳᠤᠷ ᠤᠨ ᠲᠠᠷᠠᠭ᠎ᠠ ᠱᠠᠩ ᠱᠤ᠋ ᠢᠤᠢ ᠴᠢᠶᠠᠨ ᠵᠠᠯᠢᠬᠠᠢ ᠲᠦᠰᠢᠮᠡᠯ ᠸᠠᠩ ᠵᠧᠨ ᠢᠨᠤ ᠤᠯᠤᠰ ᠨᠡᠶᠢᠭᠡᠮ ᠢ ᠲᠦᠭᠰᠢᠬᠦᠷᠢᠳᠠᠢ ᠪᠤᠯᠭᠠᠭᠰᠠᠨ ᠶᠠᠯ᠎ᠠ ᠶᠢ ᠢᠯᠡᠴᠢᠯᠡᠨ ᠵᠠᠭᠠᠯᠳᠤᠬᠤ ᠳᠤ ᠵᠠᠷᠢᠮ ᠬᠦᠮᠤᠨ ᠸᠠᠩ ᠵᠧᠨ ᠤ ᠶᠠᠯ᠎ᠠ ᠶᠢ ᠲᠦᠷ ᠴᠠᠭ ᠲᠠᠯᠪᠢᠬᠤ ᠭᠡᠰᠨᠨ ᠳᠤ ᠢᠤᠢ ᠴᠢᠶᠠᠨ ᠸᠠᠩ ᠵᠧᠨ ᠤ ᠤᠯᠠᠨ ᠵᠤᠶᠢᠯ ᠤᠨ ᠲᠡᠭᠷᠢ ᠲᠤᠯᠤᠮ᠎ᠠ ᠶᠠᠯ᠎ᠠ ᠶᠢ ᠲᠤᠭᠠᠴᠢᠵᠤ᠂ ᠡᠷᠭᠡᠪᠰᠢ ᠠᠯᠠᠬᠤ ᠶᠠᠯ᠎ᠠ ᠪᠠᠷ ᠰᠢᠢᠳᠪᠤᠷᠢᠯᠡᠬᠦ ᠭᠡᠷᠡᠭᠳᠠᠢ ᠪᠦᠭᠡᠳ ᠤᠭᠰᠠᠭ᠎ᠠ ᠠᠶᠢᠮᠠᠭ ᠲᠠᠢ ᠨᠢ ᠬᠠᠮᠳᠤ ᠠᠯᠠᠨ ᠠᠷᠢᠯᠭᠠᠬᠤ ᠭᠡᠷᠡᠭᠳᠠᠢ ᠭᠡᠪᠡ᠃ ᠡᠨᠡ ᠦᠶ᠎ᠡ ᠳᠤ ᠸᠠᠩ ᠵᠧᠨ ᠤᠷᠳᠤᠨ ᠳᠤ ᠢᠷᠡᠬᠦ ᠳᠤ ᠪᠦᠬᠦᠳᠡᠭᠡᠷ ᠲᠦᠯᠬᠢᠨ ᠢᠷᠡᠬᠦ ᠳᠤ ᠲᠠᠶᠢᠭᠠᠨ ᠶᠢᠨ ᠢᠡᠭ ᠤᠷᠳᠤᠨ ᠢ ᠬᠠᠰᠢᠵᠤ ᠤᠷᠤᠭᠤᠯᠬᠤ ᠦᠭᠡᠢ ᠪᠤᠯᠬᠤᠷ ᠪᠦᠬᠦᠳᠡᠭᠡᠷ ᠢᠤᠢ ᠴᠢᠶᠠᠨ ᠢ ᠬᠦᠯᠢᠶᠡᠵᠤ᠂ ᠤᠷᠳᠤᠨ ᠳᠤ ᠲᠦᠯᠬᠢᠨ ᠤᠷᠤᠭᠰᠠᠨ ᠳᠤ ᠶᠢᠨ ᠢᠡᠭ ᠲᠤᠳᠠᠭᠠᠨ ᠭᠠᠷᠴᠤ᠂ ᠭᠡᠷᠡᠭ ᠡᠷᠬᠢᠯᠡᠭᠴᠢ ᠲᠦᠰᠢᠮᠡᠯ ᠸᠠᠩ ᠬᠤᠨᠭ᠌ ᠸᠠᠩ ᠵᠧᠨ ᠢ ᠰᠢᠬᠦᠷᠡᠨ ᠠᠪᠴᠤ᠂ ᠤᠯᠠᠨ ᠬᠦᠮᠤᠨ ᠬᠠᠮᠳᠤ ᠪᠠᠷ ᠲᠠᠶᠠᠭᠳᠠᠵᠤ᠂ ᠪᠡᠶ᠎ᠡ ᠶᠢ ᠎ ᠨᠢ ᠭᠡᠳᠤᠨ ᠵᠦᠭ ᠲᠤ ᠰᠠᠯᠭᠠᠵᠤ ᠭᠤᠳᠤᠯ ᠢᠶᠠᠷ ᠨᠢᠳᠤ ᠶᠢ ᠨᠢ ᠲᠡᠪᠢᠰᠴᠤ ᠴᠢᠰᠤ ᠭᠤᠭᠤᠵᠢᠭᠤᠯᠤᠨ ᠦᠬᠦᠪᠡ᠃ ᠎ ᠲᠠᠶᠢᠭᠠᠨ ᠶᠢᠨ ᠢᠡᠭ᠂ ᠸᠠᠩ ᠮᠠᠤ ᠶᠢ ᠪᠠᠰᠠ ᠠᠯᠠᠵᠤ ᠭᠤᠷᠪᠠᠨ ᠦᠬᠦᠳᠡᠯ ᠢ ᠴᠠᠩ ᠠᠨ ᠵᠡᠭᠡᠯᠢ ᠳᠤ ᠲᠡᠯᠭᠡᠨ ᠤᠯᠠᠨ ᠎ ᠳᠤ ᠦᠵᠡᠬᠦᠯᠪᠡ᠃ ᠲᠠᠷᠠᠭ᠎ᠠ ᠪᠠᠷ ᠴᠡᠷᠢᠭ ᠭᠠᠷᠭᠠᠵᠤ ᠸᠠᠩ ᠵᠧᠨ ᠤ ᠭᠡᠷ ᠬᠤᠷᠢᠶ᠎ᠠ ᠶᠢ ᠨᠡᠩᠵᠢᠵᠤ ᠡᠳ᠋ ᠬᠦᠷᠤᠩᠭᠡ ᠎ ᠶᠢ ᠨᠢ ᠬᠤᠷᠢᠶᠠᠨ ᠠᠪᠴᠤ᠂ ᠲᠡᠬᠦᠨ ᠤ  ᠰᠦᠯᠪᠡᠭᠡᠲᠡᠨ  ᠫᠸᠡᠭ ᠳ᠋ᠧ ᠴᠢᠩ᠂ ᠭᠡᠷ ᠤᠨ ᠲᠤᠳᠤᠭᠠᠳᠤ ᠬᠠᠮᠢᠶᠠᠷᠤᠭᠴᠢ ᠴᠧᠨ ᠭᠤᠸᠠᠨ ᠵᠢᠶᠠ ᠶᠢᠨ ᠡᠳ᠋ ᠬᠦᠷᠤᠩᠭᠡ ᠶᠢ ᠬᠤᠷᠢᠶᠠᠨ ᠠᠪᠴᠤ᠂ ᠸᠠᠩ ᠵᠧᠨ ᠤ ᠠᠴᠢ ᠬᠦᠤ ᠸᠠᠩ ᠱᠠᠨ ᠢ ᠰᠦᠬᠦᠳᠭᠡᠵᠤ ᠤᠯᠠᠨ ᠬᠠᠷᠢᠶᠠᠨ ᠲᠠᠰᠢᠭᠤᠷᠳᠠᠪᠠ᠃ ᠲᠠᠷᠠᠭ᠎ᠠ ᠨᠢ ᠤᠯᠠᠨ ᠲᠦᠰᠢᠮᠡᠯ ᠤᠷᠤ ᠤᠷᠤᠨ ᠳᠠᠭᠠᠨ ᠪᠠᠶᠢᠷᠢᠰᠢᠵᠤ ᠲᠠᠯᠠᠷᠬᠠᠯ ᠬᠢᠪᠡ᠃ ᠲᠠᠷᠠᠭ᠎ᠠ ᠡᠳᠤᠷ ᠴᠸᠡᠭ ᠸᠠᠩ ᠬᠠᠭᠠᠨ ᠤᠷᠤ ᠶᠢ ᠵᠠᠯᠭᠠᠮᠵᠢᠯᠠᠵᠤ  ᠹᠸᠡᠭ ᠲᠢᠶᠠᠨ ᠮᠧᠨ ᠬᠠᠭᠠᠯᠭ᠎ᠠ ᠳᠤ ᠡᠵᠡᠨ ᠤ ᠬᠤᠪᠢ ᠪᠠᠷ ᠤᠯᠠᠨ ᠲᠦᠰᠢᠮᠡᠯ ᠤᠨ   ᠵᠦᠩᠨᠡᠯ ᠢ ᠲᠠᠯᠠᠷᠬᠠᠨ ᠬᠦᠯᠢᠶᠡᠪᠡ᠃ ᠸᠠᠩ ᠵᠧᠨ ᠤ ᠭᠡᠷ ᠬᠠᠰᠢᠶ᠎ᠠ ᠤᠷᠳᠤᠨ ᠤ ᠭᠠᠳᠠᠨ᠎ᠠ ᠭᠡᠳᠤ ᠪᠠᠶᠢᠵᠤ᠂ ᠪᠦᠷ ᠲᠠᠪᠬᠤᠷᠯᠢᠭ ᠰᠠᠷᠠᠪᠴᠢᠳᠠᠢ ᠬᠦᠨ ᠤᠷᠳᠤᠨ ᠪᠤᠯᠤᠨ᠎ᠠ᠃ ᠠᠯᠢᠪᠠ ᠭᠡᠷᠡᠭᠰᠡᠯ᠂ ᠭᠤᠶᠤ ᠰᠠᠶᠢᠬᠠᠨ ᠲᠤᠬᠤᠢ ᠦᠷᠭᠡᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号