ᠯᠢᠨᠰᠢ ᠰᠢᠶᠠᠨ ᠤ ᠵᠠᠰᠠᠭ ᠪᠠᠩᠭᠢ ᠰᠡᠳᠬᠢᠯ ᠨᠢᠬᠡᠳᠦᠨ ᠲᠤᠮᠳᠠ ᠪᠠᠭ᠎ᠠ ᠪᠢᠴᠢᠯ ᠠᠵᠤ ᠠᠬᠤᠶᠢᠯᠠᠯ ᠤᠨ ᠬᠦᠭᠵᠢᠯᠳᠠ ᠶᠢ ᠠᠬᠢᠭᠤᠯᠵᠤ ᠪᠠᠶᠢᠨ᠎ᠠ
ᠨᠡᠶᠢᠲᠡᠯᠡᠭᠰᠡᠨ ᠴᠠᠭ᠄
2019-07-16
         ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠢ ᠲᠡᠮᠵᠢᠨ᠂ ᠲᠤᠮᠳᠠ ᠪᠠᠭ᠎ᠠ ᠪᠢᠴᠢᠯ ᠠᠵᠤ ᠠᠬᠤᠶᠢᠯᠠᠯ  ᠤᠨ ᠬᠦᠷᠦᠩᠬᠡ ᠴᠤᠭᠯᠠᠭᠤᠯᠬᠤ ᠠᠷᠭ᠎ᠠ ᠵᠠᠮ ᠢ ᠦᠷᠬᠡᠳᠬᠡᠵᠤ᠂ ︽ᠬᠠᠪᠰᠤᠷᠤᠨ ᠪᠠᠳᠤᠯᠠᠬᠤ ᠵᠢᠬᠡᠯᠡᠯᠬᠡ︾ ᠶᠢᠨ ᠲᠤᠬᠠᠶᠢᠯᠠᠭᠰᠠᠨ ᠠᠵᠢᠯ ᠢ ᠰᠠᠶᠢᠳᠤᠷ ᠦᠷᠨᠢᠬᠦᠯᠦᠨ᠂ ᠠᠵᠤ ᠠᠬᠤᠶᠢᠯᠠᠯ ᠤᠨ ᠪᠡᠯᠡ ᠴᠤᠭᠯᠠᠭᠤᠯᠬᠤ ᠳᠤ ᠬᠦᠴᠢᠷ ᠲᠦᠪᠡᠭ ᠲᠠᠢ ᠠᠰᠠᠭᠤᠳᠠᠯ ᠢ ᠨᠡᠩ ᠰᠠᠶᠢᠳᠤᠷ ᠰᠡᠢᠳᠪᠦᠷᠢᠯᠡᠬᠦ ᠶᠢᠨ ᠲᠦᠯᠦᠬᠡ᠂ ᠦᠢᠷ᠎ᠠ ᠳᠤ᠂ ᠯᠢᠨᠰᠢ ᠰᠢᠶᠠᠨ ᠤ ᠵᠠᠰᠠᠭ ᠤᠨ ᠤᠷᠳᠤᠨ ᠨᠢ ᠪᠦᠳᠦᠬᠡᠨ ᠪᠠᠶᠢᠭᠤᠯᠤᠯᠳᠠ ᠶᠢᠨ ᠪᠠᠩᠬᠢ ᠶᠢᠨ ᠯᠢᠨᠰᠢ ᠳᠠᠬᠢ ᠰᠠᠯᠪᠤᠷᠢ ᠪᠠᠩᠬᠢ ᠶᠢ ᠵᠤᠬᠢᠶᠠᠨ ᠪᠠᠶᠢᠭᠤᠯᠵᠤ ᠲᠤᠮᠳᠠ ᠪᠠᠭ᠎ᠠ ᠪᠢᠴᠢᠯ ᠠᠵᠤ ᠠᠬᠤᠶᠢᠯᠠᠯ ᠤᠨ ᠮᠦᠩᠬᠦᠨ ᠬᠦᠢᠯᠬᠡᠬᠡᠨ ᠤ ᠪᠦᠳᠦᠬᠡᠭᠳᠡᠬᠦᠨ ᠢ ᠵᠤᠯᠭᠠᠭᠤᠯᠬᠤ ᠬᠤᠷᠠᠯ ᠬᠤᠷᠠᠯᠳᠤᠭᠤᠯᠵᠤ᠂ ᠰᠢᠶᠠᠨ ᠬᠡᠪᠴᠢᠶᠠᠨ ᠤ 150 ᠭᠠᠷᠤᠢ ᠨᠡᠷᠡᠳᠦ ᠠᠵᠤ ᠠᠬᠤᠶᠢᠯᠠᠯ ᠤᠨ ᠬᠠᠷᠢᠭᠤᠴᠠᠯᠭᠠᠳᠠᠨ ᠬᠤᠷᠠᠯ ᠳᠤ ᠤᠷᠤᠯᠴᠠᠵᠠᠢ᠃          ᠰᠢᠶᠠᠨ ᠤ ᠠᠵᠤ ᠦᠢᠯᠡᠳᠪᠦᠷᠢ ᠰᠢᠨᠵᠢᠯᠡᠬᠦ ᠮᠡᠷᠬᠡᠵᠢᠯ ᠤᠨ ᠲᠤᠪᠴᠢᠶ᠎ᠠ ᠠᠴᠠ ᠦᠷᠬᠡᠨ ᠤᠯᠠᠨ ᠠᠵᠤ ᠠᠬᠤᠶᠢᠯᠠᠯᠳᠠᠨ ᠳᠤ ᠡᠯ᠎ᠡ ᠰᠠᠯᠠᠭ᠎ᠠ ᠮᠦᠴᠢᠷ ᠤᠨ ᠲᠤᠮᠳᠠ ᠪᠠᠭ᠎ᠠ ᠪᠢᠴᠢᠯ ᠠᠵᠤ ᠠᠬᠤᠶᠢᠯᠠᠯ ᠳᠤ ᠦᠢᠯᠡᠴᠢᠯᠡᠬᠦ ᠠᠵᠢᠯ  ᠤᠨ ᠬᠠᠷᠢᠭᠤᠴᠠᠯᠭ᠎ᠠ᠂ ᠪᠦᠬᠦ ᠰᠢᠶᠠᠨ ᠤ ᠲᠤᠮᠳᠠ ᠪᠠᠭ᠎ᠠ ᠪᠢᠴᠢᠯ ᠠᠵᠤ ᠠᠬᠤᠶᠢᠯᠠᠯ ᠤᠨ ᠬᠦᠭᠵᠢᠯᠳᠠ ᠶᠢᠨ ᠪᠠᠶᠢᠳᠠᠯ ᠢ ᠲᠠᠨᠢᠯᠴᠠᠭᠤᠯᠤᠨ᠂  ︽ᠬᠠᠪᠰᠤᠷᠤᠨ ᠪᠠᠳᠤᠯᠠᠬᠤ ᠵᠢᠬᠡᠯᠡᠯᠬᠡ︾ ᠶᠢᠨ ᠪᠤᠳᠠᠳᠠᠢ ᠠᠵᠢᠯ ᠢ ᠨᠠᠷᠢᠯᠢᠭ ᠶᠠᠷᠢᠵᠤ ᠲᠠᠶᠢᠯᠪᠤᠷᠢᠯᠠᠨ᠂ ᠠᠵᠤ ᠠᠬᠤᠶᠢᠯᠠᠯ ᠢ ︽ᠲᠤᠰᠬᠠᠢ ᠰᠢᠯᠢᠳᠡᠭ ᠤᠨᠴᠠᠯᠢᠭᠳᠤ ᠰᠢᠨ᠎ᠠ︾ ᠴᠢᠭᠯᠡᠯ ᠢᠶᠠᠷ ᠬᠦᠭᠵᠢᠬᠦᠯᠬᠦ  ᠶᠢ ᠰᠠᠨᠠᠭᠠᠴᠢᠯᠠᠪᠠ᠃          ᠪᠦᠳᠦᠬᠡᠨ ᠪᠠᠶᠢᠭᠤᠯᠤᠯᠳᠠ ᠶᠢᠨ ᠪᠠᠩᠬᠢ ᠨᠢ ᠲᠤᠮᠳᠠ ᠪᠠᠭ᠎ᠠ ᠪᠢᠴᠢᠯ ᠠᠵᠤ ᠠᠬᠤᠶᠢᠯᠠᠯ ᠤᠨ ᠬᠦᠭᠵᠢᠯᠳᠠ  ᠶᠢ ᠲᠡᠮᠵᠢᠬᠦ ᠳᠤ ᠤᠪᠤᠷ ᠢᠶᠠᠨ ᠢᠯᠡᠳᠬᠡᠬᠦ ᠶᠢᠨ ᠬᠠᠮᠳᠤ ᠠᠵᠤ ᠠᠬᠤᠶᠢᠯᠠᠯ ᠤᠨ ᠪᠡᠯᠡ ᠴᠤᠭᠯᠠᠭᠤᠯᠬᠤ ᠳᠤ ᠬᠦᠴᠢᠷ ᠲᠦᠪᠡᠭ ᠲᠠᠢ ᠠᠰᠠᠭᠤᠳᠠᠯ ᠳᠤ ᠬᠠᠨᠳᠤᠭᠤᠯᠤᠨ᠂ ᠪᠦᠳᠦᠬᠡᠨ ᠪᠠᠶᠢᠭᠤᠯᠤᠯᠳᠠ ᠶᠢᠨ ᠪᠠᠩᠬᠢ ᠨᠢ ᠨᠢᠬᠡᠨᠳᠠ ᠡᠯ᠎ᠡ ᠲᠦᠷᠦᠯ ᠤᠨ ᠮᠦᠩᠬᠦᠨ ᠬᠦᠢᠯᠬᠡᠬᠡ ᠶᠢᠨ ᠪᠦᠳᠦᠬᠡᠭᠳᠡᠬᠦᠨ ᠢ ᠲᠠᠷᠬᠠᠭᠠᠬᠤ ᠪᠤᠶᠤ ᠨᠢᠬᠡᠨᠳᠠ ᠲᠠᠷᠬᠠᠭᠠᠵᠤ᠂ ᠵᠢᠬᠡᠯᠡᠯᠬᠡ  ᠶᠢᠨ ᠪᠦᠳᠦᠬᠡᠭᠳᠡᠬᠦᠨ ᠳᠤ ᠨᠠᠷᠢᠯᠢᠭ ᠲᠠᠨᠢᠯᠴᠠᠭᠤᠯᠭ᠎ᠠ ᠬᠢᠪᠠ᠃          ᠬᠤᠷᠠᠯ ᠠᠴᠠ ᠲᠠᠷᠠᠭ᠎ᠠ᠂ ᠤᠯᠠᠨ ᠠᠵᠤ ᠠᠬᠤᠶᠢᠯᠠᠯ ᠤᠨ ᠬᠠᠷᠢᠭᠤᠴᠠᠯᠭᠠᠳᠠᠨ ᠠᠴᠠ ᠰᠠᠨᠠᠭᠠᠴᠢᠯᠠᠭ᠎ᠠ ᠲᠠᠢ  ᠪᠠᠷ ᠪᠦᠳᠦᠬᠡᠨ ᠪᠠᠶᠢᠭᠤᠯᠤᠯᠳᠠ ᠶᠢᠨ ᠪᠠᠩᠬᠢ ᠲᠠᠢ ᠠᠩᠬ᠎ᠠ ᠠᠯᠬᠤᠮ ᠬᠠᠮᠳᠤᠷᠠᠯᠴᠠᠯ ᠤᠨ ᠬᠠᠨᠳᠤᠰᠢ ᠲᠠᠢ ᠪᠤᠯᠵᠤ᠂ ᠨᠡᠩ ᠬᠦᠨᠵᠡᠬᠡᠢ ᠲᠡᠰᠢ ᠠᠬᠢᠭᠤᠯᠬᠤ ᠶᠢ  ᠬᠦᠰᠡᠭᠰᠡᠨ ᠪᠠᠶᠢᠨ᠎ᠠ᠃ ᠲᠤᠰ ᠤᠳᠠᠭᠠᠨ ᠤ ᠠᠵᠢᠯᠯᠠᠭᠠᠨ ᠨᠢ ᠠᠵᠤ ᠠᠬᠤᠶᠢᠯᠠᠯᠳᠠ ᠤ ᠬᠠᠯᠠᠭᠤᠨ ᠬᠦᠷᠢᠶᠡᠯᠡᠯ ᠢ ᠤᠯᠵᠤ᠂ ᠲᠠᠷᠠᠭ᠎ᠠ ᠠᠯᠬᠤᠮ ᠳᠤ᠂ ᠯᠢᠨᠰᠢ ᠰᠢᠶᠠᠨ ᠨᠢ ᠪᠡᠯᠡ ᠴᠤᠭᠯᠠᠭᠤᠯᠬᠤ ᠪᠠᠶᠢᠴᠠᠭᠠᠨ ᠰᠤᠳᠤᠯᠤᠯᠳᠠ ᠶᠢᠨ ᠠᠵᠢᠯ ᠢ ᠤᠯᠠᠮ ᠰᠠᠶᠢᠳᠤᠷ ᠬᠢᠵᠤ᠂ ᠪᠠᠩᠬᠢ ᠪᠤᠯᠤᠨ ᠠᠵᠤ ᠠᠬᠤᠶᠢᠯᠠᠯ ᠤᠨ ᠬᠤᠭᠤᠷᠤᠨᠳᠤ ᠬᠠᠷᠢᠯᠴᠠᠨ ᠰᠤᠷᠠᠭ ᠵᠠᠩᠬᠢ ᠨᠡᠪᠳᠡᠷᠡᠯᠴᠠᠨ᠂ ᠬᠠᠷᠢᠯᠴᠠᠨ ᠬᠠᠮᠵᠢᠯᠴᠠᠬᠤ ᠪᠠᠷ ᠲᠠᠮᠵᠢᠨ ᠯᠢᠨᠰᠢ ᠰᠢᠶᠠᠨ ᠤ ᠲᠤᠮᠳᠠ ᠪᠠᠭ᠎ᠠ ᠪᠢᠴᠢᠯ ᠠᠵᠤ ᠠᠬᠤᠶᠢᠯᠠᠯ ᠤᠨ ᠡᠷᠡᠬᠦᠯ ᠬᠦᠭᠵᠢᠯᠳᠠ ᠶᠢ ᠢᠳᠡᠪᠬᠢᠳᠠᠢ ᠠᠬᠢᠭᠤᠯᠬᠤ ᠪᠤᠯᠤᠨ᠎ᠠ᠃
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号