ᠯᠢᠨᠰᠢ ᠰᠢᠶᠠᠨ ᠦᠯᠦ ᠬᠦᠳᠡᠯᠬᠦ ᠬᠦᠷᠦᠩᠬᠡ ᠶᠢ ᠲᠠᠩᠰᠠᠯᠠᠨ ᠬᠦᠢᠴᠡᠳᠬᠡᠬᠦ ᠶᠢ 3 ᠡᠳᠦᠷ ᠲᠤ ᠪᠡᠶᠡᠯᠡᠬᠦᠯᠵᠤ ᠲᠦᠷᠦ ᠶᠢᠨ ᠶᠠᠪᠤᠳᠠᠯ ᠤᠨ ᠬᠤᠷᠢᠶ᠎ᠠ ᠶᠢᠨ ᠲᠤᠭᠳᠠᠭᠠᠭᠰᠠᠨ ᠬᠦᠢᠴᠡᠳᠬᠡᠨ ᠪᠡᠶᠡᠯᠡᠬᠦᠯᠬᠦ ᠡᠳᠦᠷ ᠠᠴᠠ2 ᠡᠳᠦᠷ ᠤᠷᠢᠳᠴᠢᠯᠠᠪᠠ
ᠨᠡᠶᠢᠲᠡᠯᠡᠭᠰᠡᠨ ᠴᠠᠭ᠄
2019-06-25
                     ᠬᠡᠷ ᠬᠦᠷᠦᠩᠬᠡ ᠶᠢᠨ ᠬᠠᠮᠢᠶᠠᠷᠤᠯᠳᠠ ᠶᠢᠨ ᠴᠤᠩᠬᠤᠪᠴᠢ ᠪᠤᠯᠤᠨ ᠦᠯᠦ ᠬᠦᠳᠡᠯᠬᠦ ᠬᠦᠷᠦᠩᠬᠡ ᠶᠢᠨ ᠴᠤᠩᠬᠤᠪᠴᠢ ᠶᠢᠨ ᠬᠤᠶᠠᠷ ᠰᠠᠯᠠᠭ᠎ᠠ ᠮᠦᠴᠢᠷ ᠲᠤ ᠠᠵᠢᠯ ᠶᠠᠪᠤᠳᠠᠯ ᠢ ᠲᠠᠬᠢᠨ ᠲᠠᠪᠳᠠᠨ ᠬᠦᠢᠴᠡᠳᠬᠡᠬᠦ᠂ ᠲᠠᠬᠢᠨ ᠲᠠᠪᠳᠠᠨ ᠲᠠᠩᠰᠠ ᠺᠠᠷᠲ ᠪᠠᠶᠢᠭᠤᠯᠬᠤ ᠠᠰᠠᠭᠤᠳᠠᠯ ᠢ ᠰᠡᠢᠳᠪᠦᠷᠢᠯᠡᠨ᠂ ︽ᠨᠢᠬᠡᠯᠡ ᠡᠬᠦᠳᠠ ᠪᠠᠷ ᠤᠷᠤᠬᠤ︾ ︽ᠨᠢᠬᠡᠯᠡ ᠴᠤᠩᠬᠤᠨ ᠳᠤ ᠬᠦᠢᠴᠡᠳᠬᠡᠬᠦ︾ ᠠᠵᠢᠯ ᠤᠨ ᠱᠠᠭᠠᠷᠳᠠᠯᠭ᠎ᠠ ᠶᠢ ᠪᠡᠶᠡᠯᠡᠬᠦᠯᠬᠦ ᠶᠢ ᠪᠠᠳᠤᠯᠠᠬᠤ ᠶᠢᠨ ᠲᠦᠯᠦᠬᠡ᠂ ᠯᠢᠨᠰᠢ ᠰᠢᠶᠠᠨ ᠢᠳᠡᠪᠬᠢᠳᠠᠢ ᠪᠠᠷ ᠬᠡᠷ ᠬᠦᠷᠦᠩᠬᠡ ᠶᠢᠨ ᠠᠷᠠᠯᠵᠢᠶ᠎ᠠ ᠶᠢ ᠠᠬᠢᠭᠤᠯᠤᠨ᠂ ᠦᠯᠦ ᠬᠦᠳᠡᠯᠬᠦ ᠬᠦᠷᠦᠩᠬᠡ  ᠶᠢᠨ ᠲᠠᠩᠰᠠᠯᠠᠬᠤ ᠴᠢᠳᠠᠪᠢ ᠶᠢ ᠨᠡᠶᠢᠳᠬᠡᠵᠤ᠂ ᠰᠠᠯᠠᠭ᠎ᠠ ᠮᠦᠴᠢᠷ ᠤᠨ ᠴᠢᠳᠠᠪᠢ ᠶᠢᠨ ᠬᠠᠷᠢᠭᠤᠴᠠᠯᠭ᠎ᠠ ᠶᠢᠨ ᠬᠠᠷᠢᠴᠠᠭ᠎ᠠ ᠶᠢ ᠰᠢᠯᠤᠭᠤᠳᠬᠠᠨ᠂ ᠬᠡᠷᠡᠴᠢᠯᠡᠨ ᠬᠦᠢᠴᠡᠳᠬᠡᠬᠦ ᠭᠤᠭᠴᠤᠭ᠎ᠠ ᠶᠢ ᠪᠠᠭᠠᠰᠬᠠᠵᠤ᠂ ︽ᠨᠢᠬᠡ ᠦᠷᠳᠡᠭᠡ  ᠶᠢᠨ ᠬᠡᠯᠪᠡᠷᠢ︾ ᠶᠢᠨ ᠦᠢᠯᠡᠴᠢᠯᠡᠭᠡ ᠶᠢ ᠬᠠᠩᠭᠠᠨ᠂ ᠪᠦᠬᠦ ᠰᠢᠶᠠᠨ ᠤ ᠦᠯᠦ ᠬᠦᠳᠡᠯᠬᠦ ᠬᠦᠷᠦᠩᠬᠡ ᠶᠢ ᠲᠠᠩᠰᠠᠯᠠᠬᠤ  ᠶᠢ 3 ᠡᠳᠦᠷ ᠲᠤ ᠬᠦᠢᠴᠡᠳᠬᠡᠨ ᠪᠡᠶᠡᠯᠡᠬᠦᠯᠵᠤ᠂ ᠲᠦᠷᠦ ᠶᠢᠨ ᠶᠠᠪᠤᠳᠠᠯ ᠤᠨ ᠬᠤᠷᠢᠶ᠎ᠠ ᠶᠢᠨ ᠲᠤᠭᠳᠠᠭᠠᠭᠰᠠᠨ2020 ᠤᠨ ᠪᠤᠯᠳᠠᠯ᠎ᠠ ᠦᠯᠦ ᠬᠦᠳᠡᠯᠬᠦ ᠬᠦᠷᠦᠩᠬᠡ ᠶᠢᠨ ᠲᠤᠬᠠᠶᠢᠯᠠᠭᠰᠠᠨ ᠠᠵᠢᠯ ᠢ 5 ᠡᠳᠦᠷ ᠲᠤ ᠬᠦᠢᠴᠡᠳᠬᠡᠬᠦ ᠠᠴᠠ ᠪᠠᠰᠠ2 ᠡᠳᠦᠷ ᠤᠷᠢᠳᠴᠢᠯᠠᠨ ᠪᠡᠶᠡᠯᠡᠬᠦᠯᠦᠭᠰᠡᠨ ᠪᠠᠶᠢᠨ᠎ᠠ᠃      ᠨᠢᠬᠡ ᠳᠤ᠂ ᠴᠤᠩᠬᠤᠨ ᠤ ᠲᠤᠬᠢᠷᠠᠭᠤᠯᠤᠯᠳᠠ ᠶᠢ ᠨᠢᠬᠡᠳᠦᠯᠳᠠᠢ ᠲᠦᠯᠦᠪᠵᠢᠬᠦᠯᠪᠡ᠃ ᠰᠢᠶᠠᠨ ᠤ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠶᠡᠭᠡ ᠲᠢᠩᠬᠢᠮ ᠳᠤ ᠦᠯᠦ ᠬᠦᠳᠡᠯᠬᠦ ᠬᠦᠷᠦᠩᠬᠡ ᠶᠢᠨ ᠠᠷᠠᠯᠵᠢᠶᠠᠨ ᠤ ᠭᠠᠶᠢᠯᠢ ᠲᠤᠰᠢᠶᠠᠬᠤ ᠶᠢ ᠲᠠᠩᠰᠠᠯᠠᠬᠤ ᠶᠡᠷᠦᠩᠬᠡᠶᠢᠯᠡᠭᠰᠡᠨ ᠬᠦᠯᠢᠶᠠᠨ ᠠᠪᠴᠤ ᠰᠡᠢᠳᠪᠦᠷᠢᠯᠡᠬᠦ ᠴᠤᠩᠬᠤ 10 ᠶᠢ ᠪᠠᠶᠢᠭᠤᠯᠵᠤ᠂ ᠴᠤᠩᠬᠤ ᠪᠦᠷᠢ ᠳᠤ ᠨᠢᠬᠡ ᠨᠡᠷ᠎ᠠ ᠤᠤᠯ ᠤᠨ ᠬᠡᠷ ᠬᠦᠷᠦᠩᠬᠡ ᠪᠤᠯᠤᠨ ᠦᠯᠦ ᠬᠦᠳᠡᠯᠬᠦ ᠬᠦᠷᠦᠩᠬᠡ ᠶᠢᠨ ᠠᠵᠢᠯᠳᠠᠨ ᠲᠤᠬᠢᠷᠠᠭᠤᠯᠤᠨ᠂ ᠠᠵᠢᠯ ᠤᠨ ᠬᠤᠪᠢᠶᠠᠷᠢ ᠬᠠᠷᠢᠭᠤᠴᠠᠯᠭ᠎ᠠ ᠶᠤᠰᠤᠭᠠᠷ ᠲᠤᠬᠠᠶᠢᠯᠠᠭᠰᠠᠨ ᠠᠵᠢᠯ ᠢ ᠨᠢᠬᠡᠳᠦᠯᠳᠠᠢ ᠬᠠᠷᠢᠭᠤᠴᠠᠨ ᠬᠦᠯᠢᠶᠡᠨ ᠠᠪᠴᠤ ᠬᠦᠢᠴᠡᠳᠬᠡᠵᠤ᠂  ᠲᠤᠬᠠᠢ ᠶᠢᠨ ᠬᠦᠮᠦᠨ ᠨᠢ ᠵᠦᠪᠬᠡᠨ ᠨᠢᠬᠡ ᠬᠤᠪᠢ ᠬᠠᠮᠢᠶᠠᠳᠠᠢ ᠮᠠᠲ᠋ᠧᠷᠢᠶᠠᠯ ᠶᠢᠨ ᠤᠤᠯ ᠮᠠᠲ᠋ᠧᠷᠢᠶᠠᠯ ᠢ ᠬᠠᠩᠭᠠᠨ᠂ ᠴᠤᠩᠬᠤᠨ ᠠᠵᠢᠯᠳᠠᠨ ᠠᠴᠠ ᠮᠠᠰᠢᠨ ᠳᠤ ᠰᠢᠷᠪᠢᠪᠡᠯ ᠪᠤᠯᠴᠢᠬᠠᠨ᠎ᠠ ᠂  ᠬᠦᠯᠢᠶᠡᠨ ᠠᠪᠴᠤ ᠬᠦᠢᠴᠡᠳᠬᠡᠬᠦ ᠶᠢᠨ ᠬᠠᠮᠳᠤ ᠬᠦᠢᠴᠡᠳᠬᠡᠨ ᠲᠠᠭᠤᠰᠬᠠᠬᠤ ᠴᠠᠭ ᠤᠨ ᠬᠢᠵᠠᠭᠠᠷ ᠲᠤ ᠪᠤᠳᠤᠵᠤ ᠤᠷᠤᠭᠤᠯᠤᠨ᠎ᠠ᠃     ᠬᠤᠶᠠᠷ ᠲᠤ᠂ ᠠᠩᠬᠢ ᠡᠩᠨᠡᠭᠡ ᠶᠢᠨ ᠪᠠᠶᠢᠭᠤᠯᠤᠯᠳᠠ ᠶᠢ ᠨᠢᠬᠡᠳᠦᠯᠳᠠᠢ ᠲᠦᠯᠦᠪᠵᠢᠬᠦᠯᠪᠡ᠃ ᠤᠤᠯ ᠤᠨ ᠴᠤᠩᠬᠤᠨ ᠠᠵᠢᠯ ᠤᠨ ᠴᠢᠳᠠᠪᠬᠢ ᠪᠤᠯᠤᠨ ᠠᠵᠢᠯᠳᠠᠨ ᠢ ᠨᠢᠬᠡᠳᠦᠯᠳᠠᠢ ᠦᠯᠦ ᠬᠦᠳᠡᠯᠬᠦ ᠬᠦᠷᠦᠩᠬᠡ ᠶᠢᠨ ᠲᠦᠪ ᠲᠤ ᠰᠠᠯᠭᠠᠨ ᠤᠷᠤᠭᠤᠯᠵᠤ᠂ ᠰᠢᠶᠠᠨ ᠤ ᠪᠠᠶᠢᠭᠠᠯᠢ ᠶᠢᠨ ᠡᠬᠢ ᠪᠠᠶᠠᠯᠢᠭ ᠤᠨ ᠲᠤᠪᠴᠢᠶ᠎ᠠ ᠠᠴᠠ ᠬᠠᠮᠢᠶᠠᠷᠤᠯᠳᠠ ᠪᠤᠯᠤᠨ ᠲᠤᠬᠠᠶᠢᠯᠠᠭᠰᠠᠨ ᠠᠵᠢᠯ ᠤᠨ ᠪᠦᠬᠦ ᠶᠠᠪᠤᠴᠠ ᠶᠢᠨ ᠠᠵᠢᠯᠯᠠᠭᠤᠯᠬᠤ ᠶᠢ ᠬᠠᠷᠢᠭᠤᠴᠠᠵᠤ᠂ ᠰᠢᠶᠠᠨ ᠤ ᠤᠷᠤᠨ ᠰᠠᠭᠤᠴᠠ ᠬᠢᠬᠡᠳ ᠪᠦᠳᠦᠬᠡᠨ ᠪᠠᠶᠢᠭᠤᠯᠤᠯᠳᠠ ᠶᠢᠨ ᠲᠤᠪᠴᠢᠶ᠎ᠠ ᠠᠴᠠ ᠤᠤᠯ ᠤᠨ ᠬᠡᠷ ᠬᠦᠷᠦᠩᠬᠡ ᠶᠢᠨ ᠴᠤᠩᠬᠤᠨ ᠠᠵᠢᠯᠳᠠᠨ  ᠤ ᠴᠠᠯᠢᠩ ᠢ ᠲᠠᠷᠬᠠᠭᠠᠬᠤ ᠠᠵᠢᠯ ᠢ ᠬᠠᠷᠢᠭᠤᠴᠠᠵᠤ᠂ ᠪᠦᠬᠦ ᠰᠢᠶᠠᠨ ᠤ ᠪᠠᠶᠢᠭᠤᠯᠤᠮᠵᠢ ᠶᠢᠨ ᠦᠬᠡᠷᠡᠴᠢᠯᠡᠯᠳᠠ ᠲᠠᠭᠤᠰᠤᠭᠰᠠᠨ ᠤ ᠲᠠᠷᠠᠭ᠎ᠠ᠂ ᠲᠠᠬᠢᠨ ᠠᠵᠢᠯᠳᠠᠨ ᠢ ᠨᠢᠬᠡᠳᠦᠯᠳᠠᠢ ᠲᠤᠬᠢᠷᠠᠭᠤᠯᠤᠨ ᠪᠠᠶᠢᠷᠢᠯᠠᠭᠤᠯᠵᠤ᠂ ᠦᠯᠦ ᠬᠦᠳᠡᠯᠬᠦ ᠬᠦᠷᠦᠩᠬᠡ ᠶᠢᠨ ᠲᠠᠩᠰᠠᠯᠠᠬᠤ ᠨᠢᠬᠡ ᠰᠠᠯᠠᠭ᠎ᠠ ᠠᠩᠬᠢ ᠡᠩᠨᠡᠭᠡ ᠶᠢᠨ ᠬᠦᠢᠴᠡᠳᠬᠡᠬᠦ ᠶᠢ ᠪᠡᠶᠡᠯᠡᠬᠦᠯᠤᠨ᠎ᠠ᠃      ᠭᠤᠷᠪᠠ ᠳᠤ  ᠂ ᠲᠤᠭ᠎ᠠ ᠪᠠᠷᠢᠮᠳᠠ ᠶᠢᠨ ᠨᠡᠶᠢᠳᠬᠡᠬᠦ ᠶᠢ ᠨᠢᠬᠡᠳᠦᠯᠳᠠᠢ ᠲᠦᠯᠦᠪᠵᠢᠬᠦᠯᠪᠡ᠃ ᠲᠠᠷᠬᠠᠢ ᠪᠤᠳᠠᠷᠬᠠᠢ ᠤᠷᠤᠨ ᠰᠠᠭᠤᠴᠠ ᠬᠢᠬᠡᠳ ᠪᠦᠳᠦᠬᠡᠨ ᠪᠠᠶᠢᠭᠤᠯᠤᠯᠳᠠ ᠶᠢᠨ ᠰᠠᠯᠠᠭ᠎ᠠ ᠮᠦᠴᠢᠷ ᠤᠨ ᠰᠤᠯᠢᠯᠴᠠᠭᠠᠨ ᠤ ᠭᠠᠷᠳᠠᠮ᠂ ᠭᠠᠶᠢᠯᠢ ᠶᠢᠨ ᠶᠠᠪᠤᠳᠠᠯ ᠤᠨ ᠰᠠᠯᠠᠭ᠎ᠠ ᠮᠦᠴᠢᠷ ᠤᠨ ᠭᠠᠶᠢᠯᠢ ᠲᠤᠰᠢᠶᠠᠬᠤ᠂ ᠪᠠᠶᠢᠭᠠᠯᠢ ᠶᠢᠨ ᠡᠬᠢ ᠪᠠᠶᠠᠯᠢᠭ  ᠤᠨ ᠰᠠᠯᠠᠭ᠎ᠠ ᠮᠦᠴᠢᠷ ᠤᠨ ᠲᠠᠩᠰᠠᠯᠠᠬᠤ ᠭᠠᠷᠳᠠᠮ ᠢ ᠨᠡᠶᠢᠳᠬᠡᠨ᠂ ᠪᠠᠶᠢᠭᠠᠯᠢ ᠶᠢᠨ ᠡᠬᠢ ᠪᠠᠶᠠᠯᠢᠭ ᠤᠨ ᠰᠠᠯᠠᠭ᠎ᠠ ᠮᠦᠴᠢᠷ ᠤᠨ ᠭᠠᠵᠠᠷ ᠨᠤᠳᠤᠭ ᠤᠨ ᠲᠠᠩᠰᠠ ᠡᠪᠬᠡᠮᠡᠯ ᠪᠤᠯᠤᠨ ᠦᠮᠴᠢᠯᠡᠯ ᠤᠨ ᠡᠷᠬᠡ ᠶᠢᠨ  ᠬᠠᠷᠢᠶ᠎ᠠ ᠶᠢᠨ ᠲᠠᠩᠰᠠ ᠡᠪᠬᠡᠮᠡᠯ ᠢ ᠨᠡᠶᠢᠯᠡᠬᠦᠯᠦᠨ᠂ ᠦᠯᠦ ᠬᠦᠳᠡᠯᠬᠦ ᠬᠦᠷᠦᠩᠬᠡ ᠶᠢ ᠲᠠᠩᠰᠠᠯᠠᠬᠤ ᠲᠦᠪ ᠠᠴᠠ ᠨᠢᠬᠡᠳᠦᠯᠳᠠᠢ ᠬᠠᠮᠢᠶᠠᠷᠴᠤ᠂ ᠨᠢᠬᠡ ᠢᠵᠢ ᠲᠠᠩᠰᠠ ᠡᠪᠬᠡᠮᠡᠯ ᠨᠢᠬᠡᠳᠦᠯᠳᠠᠢ ᠪᠠᠶᠢᠭᠤᠯᠤᠨ᠂ ᠲᠤᠭ᠎ᠠ ᠪᠠᠷᠢᠮᠳᠠ ᠰᠤᠷᠠᠭ ᠵᠠᠩᠬᠢ ᠶᠢ ᠤᠯᠠᠨ ᠰᠠᠯᠠᠭ᠎ᠠ ᠮᠦᠴᠢᠷ ᠬᠠᠮᠳᠤᠪᠠᠷ ᠪᠠᠷ ᠬᠤᠪᠢᠶᠠᠯᠴᠠᠨ᠂ ᠦᠯᠦ ᠬᠦᠳᠡᠯᠬᠦ ᠬᠦᠷᠦᠩᠬᠡ ᠶᠢ ᠲᠠᠩᠰᠠᠯᠠᠬᠤ ᠰᠤᠷᠠᠭ ᠵᠠᠩᠬᠢᠴᠢᠯᠠᠯᠳᠠ ᠶᠢᠨ ᠬᠢᠷᠢ ᠲᠦᠪᠰᠢᠨ ᠢ ᠲᠡᠬᠡᠭᠰᠢᠯᠡᠬᠦᠯᠦᠨ᠂ ᠦᠢᠯᠡᠴᠢᠯᠡᠬᠡᠨ ᠤ ᠴᠢᠳᠠᠮᠵᠢ ᠶᠢ ᠦᠨᠡᠩᠬᠦ ᠲᠡᠬᠡᠭᠰᠢᠯᠡᠬᠦᠯᠤᠨ᠎ᠠ᠃
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号