ᠪᠠᠶᠢᠭᠠᠯᠢ ᠶᠢᠨ ᠭᠠᠮᠰᠢᠭ ᠠᠴᠠ ᠪᠦᠲᠦᠮᠵᠢᠲᠡᠶ ᠵᠠᠶᠢᠯᠠᠬᠤ᠂ ᠲᠠᠷᠢᠮᠠᠯ ᠤᠨ ᠤᠨᠠᠯᠲᠠ ᠶᠢ ᠨᠡᠮᠡᠭᠳᠡᠭᠦᠯᠬᠦ᠂ | ᠲᠠᠷᠢᠮᠠᠯ ᠤᠨ ᠶᠠᠰᠤ ᠴᠢᠨᠠᠷ ᠢ ᠰᠠᠶᠢᠵᠢᠷᠠᠭᠤᠯᠬᠤ᠂ ᠦᠢᠯᠡᠳᠪᠦᠷᠢᠯᠡᠯ ᠤᠨ ᠥᠪᠡᠷ ᠤᠨ ᠥᠷᠲᠡᠭ ᠢ ᠨᠡᠮᠡᠭᠳᠡᠭᠦᠯᠬᠦ᠂ | ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠵᠦ ᠲᠠᠷᠢᠶᠠᠯᠠᠩ ᠤᠨ ᠦᠷ᠎ᠡ ᠠᠰᠢᠭ ᠢ ᠨᠡᠮᠡᠭᠳᠡᠭᠦᠯᠬᠦ ᠵᠢᠱᠢᠭᠰᠡᠨ | ᠬᠠᠷᠠᠯᠲᠠ ᠶᠢ ᠪᠡᠶᠡᠯᠡᠭᠦᠯᠬᠦ ᠶᠢᠨ ᠲᠥᠯᠥᠭᠡ᠂ 2019 ᠣᠨ ᠳᠤ ᠯᠢᠨᠰᠢ ᠰᠢᠶᠠᠨ ᠪᠥᠬᠦ ᠪᠦᠷᠬᠦᠪᠴᠢ ᠶᠢᠨ ᠭᠠᠩ ᠲᠠᠢ | ᠲᠡᠮᠡᠴᠡᠵᠦ ᠥᠨᠳᠥᠷ ᠤᠨᠠᠯᠲᠠ ᠲᠠᠢ ᠲᠠᠷᠢᠵᠤ ᠪᠤᠶᠢᠵᠢᠭᠤᠯᠬᠤ ᠮᠡᠷᠭᠡᠵᠢᠯ ᠤᠨ ᠲᠠᠯᠠᠪᠠᠢ ᠶᠢ 4 ᠲᠦᠮᠡᠨ ᠮᠤ᠋ | ᠳᠡᠯᠭᠡᠷᠡᠭᠦᠯᠦᠨ ᠨᠠᠶᠢᠳᠠᠪᠤᠷᠢᠵᠢᠭᠤᠯᠵᠠᠢ᠂ ᠭᠤᠤᠯᠳᠠᠭᠤ ᠲᠠᠷᠢᠮᠠᠯ ᠤᠨ ᠵᠦᠢᠯ ᠤᠨ ᠡᠷᠳᠡᠨᠢ ᠰᠢᠰᠢ 3 ᠲᠦᠮᠡᠨ ᠮᠤ᠋᠂ | ᠠᠮᠤ ᠪᠤᠳᠠᠭ᠎ᠠ 1 ᠲᠦᠮᠡᠨ ᠮᠤ᠋ ᠪᠤᠯᠤᠨ᠎ᠠ᠃ | | | | | | | | | | | | | | | | | | | | ᠡᠷᠳᠡᠨᠢ ᠰᠢᠰᠢ᠄ ᠪᠥᠬᠦ ᠪᠦᠷᠬᠦᠪᠴᠢ ᠶᠢᠨ ᠮᠦ ᠪᠦᠷᠢ ᠶᠢᠨ ᠳᠤᠮᠳᠠᠴᠢ ᠤᠨᠠᠯᠲᠠ 576 ᠺᠢᠯᠣᠭ᠍ᠷᠠᠮ ᠪᠠᠶᠢᠵᠤ᠂ | ᠬᠠᠭᠠᠰ ᠪᠦᠷᠬᠦᠪᠴᠢ ᠶᠢᠨ ᠡᠷᠳᠡᠨᠢ ᠰᠢᠰᠢ ᠶᠢᠨ ᠮᠦ ᠪᠦᠷᠢ ᠶᠢᠨ ᠳᠤᠮᠳᠠᠴᠢ ᠤᠨᠠᠯᠲᠠ 536.5 ᠺᠢᠯᠣᠭ᠍ᠷᠠᠮ ᠲᠠᠢ | ᠬᠠᠷᠢᠴᠠᠭᠤᠯᠪᠠᠯ ᠮᠦ ᠪᠦᠷᠢ ᠶᠢᠨ ᠤᠨᠠᠯᠲᠠ 39.5 ᠺᠢᠯᠣᠭ᠍ᠷᠠᠮ ᠨᠡᠮᠡᠭᠳᠡᠵᠦ᠂ ᠭᠠᠷᠤᠯᠲᠠ ᠨᠡᠮᠡᠭᠳᠡᠭᠰᠡᠨ ᠨᠣᠷᠮ᠎ᠠ 7.4 | % ᠪᠠᠶᠢᠵᠤ᠂ ᠶᠡᠷᠦᠩᠬᠡᠶ ᠤᠨᠠᠯᠲᠠ ᠨᠢ 118.5 ᠲᠦᠮᠡᠨ ᠺᠢᠯᠣᠭ᠍ᠷᠠᠮ ᠨᠡᠮᠡᠭᠳᠡᠪᠡ︔ ᠮᠦ ᠪᠦᠷᠢ ᠶᠢᠨ ᠦᠢᠯᠡᠳᠬᠦᠨ ᠤ | ᠥᠷᠲᠡᠭ 63.2 ᠲᠥᠭᠦᠷᠢᠭ ᠨᠡᠮᠡᠭᠳᠡᠵᠦ᠂ ᠶᠡᠷᠦᠩᠬᠡᠶ ᠦᠢᠯᠡᠳᠬᠦᠨ ᠤ ᠥᠷᠲᠡᠭ 189.6 ᠲᠦᠮᠡᠨ ᠲᠥᠭᠦᠷᠢᠭ | ᠨᠡᠮᠡᠭᠳᠡᠪᠡ᠃ | ᠨᠠᠷᠢᠮᠤ᠄ ᠪᠦᠬᠦ ᠪᠦᠷᠬᠦᠪᠴᠢ ᠶᠢᠨ ᠮᠦ ᠪᠦᠷᠢ ᠶᠢᠨ ᠳᠤᠮᠳᠠᠴᠢ ᠤᠨᠠᠯᠲᠠ ᠨᠢ 396 ᠺᠢᠯᠣᠭ᠍ᠷᠠᠮ ᠪᠠᠶᠢᠵᠤ᠂ | ᠬᠠᠭᠠᠰ ᠪᠦᠷᠬᠦᠪᠴᠢ ᠶᠢᠨ ᠮᠦ ᠪᠦᠷᠢ ᠶᠢᠨ ᠳᠤᠮᠳᠠᠴᠢ ᠤᠨᠠᠯᠲᠠ ᠨᠢ 378 ᠺᠢᠯᠣᠭ᠍ᠷᠠᠮ ᠲᠠᠢ ᠬᠠᠷᠢᠴᠠᠭᠤᠯᠪᠠᠯ᠂ ᠮᠦ | ᠪᠦᠷᠢ ᠶᠢᠨ ᠤᠨᠠᠯᠲᠠ ᠨᠢ 18 ᠺᠢᠯᠣᠭ᠍ᠷᠠᠮ ᠨᠡᠮᠡᠭᠳᠡᠵᠦ᠂ ᠭᠠᠷᠤᠯᠲᠠ ᠨᠡᠮᠡᠭᠳᠡᠭᠰᠡᠨ ᠨᠣᠷᠮ᠎ᠠ ᠨᠢ 4.8 % ᠪᠠᠶᠢᠵᠤ᠂ | ᠶᠡᠷᠦᠩᠬᠡᠶ ᠤᠨᠠᠯᠲᠠ ᠨᠢ 18 ᠲᠦᠮᠡᠨ ᠺᠢᠯᠣᠭ᠍ᠷᠠᠮ ᠪᠣᠯᠤᠨ᠎ᠠ᠃ | |