ᠬᠤᠶᠠᠷ᠂ 2017 ᠤᠨ ᠤ ᠭᠤᠤᠯ ᠠᠵᠢᠯ ᠪᠠ ᠡᠭᠦᠷᠭᠡ | ᠡᠨᠡ ᠵᠢᠯ ᠪᠤᠯ ᠲᠦᠰᠦᠯ ᠤᠨ ᠪᠦᠲᠦᠭᠡᠨ ᠪᠠᠶᠢᠭᠤᠯᠤᠯᠲᠠ ᠶᠢᠨ ᠰᠢᠪᠲᠤᠯᠤᠯᠲᠠ ᠶᠢᠨ ᠵᠢᠯ ᠂ ᠪᠦᠬᠦ ᠲᠠᠯ᠎ᠠ | ᠪᠠᠷ ᠶᠠᠳᠠᠭᠤ ᠠᠴᠠ ᠠᠩᠭᠢᠵᠢᠷᠠᠬᠤ ᠵᠠᠩᠭᠢᠯᠠᠭ᠎ᠠ ᠶᠢᠨ ᠵᠢᠯ᠂ ᠨᠡᠩ ᠴᠢᠬᠤᠯᠠ ᠨᠢ ᠨᠠᠮ ᠤᠨ ᠠᠷᠪᠠ ᠶᠢᠰᠦᠳᠦᠭᠡᠷ ᠶᠡᠭᠡ | ᠬᠤᠷᠠᠯ ᠪᠠ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ70 ᠵᠢᠯ ᠶᠢᠨ ᠤᠢ ᠪᠠᠨ ᠤᠭᠲᠤᠬᠤ ᠵᠢᠯ ᠪᠤᠯᠤᠨ᠎ᠠ᠂ | ᠡᠶᠢᠮᠤ ᠡᠴᠠᠡᠨᠡ ᠵᠢᠯ ᠤᠨ ᠠᠵᠢᠯ ᠨᠢ ᠲᠤᠶᠢᠯ ᠤᠨ ᠴᠢᠬᠤᠯᠠ ᠶᠤᠮ᠃ ᠪᠢᠳᠡ ᠡᠷᠬᠡᠪᠡᠰᠢ ᠦᠵᠡᠯ ᠰᠠᠨᠠᠭ᠎ᠠ ᠪᠠ | ᠦᠢᠯᠡ ᠬᠦᠳᠡᠯᠦᠯ ᠢᠶᠠᠨ ᠳᠡᠭᠡᠳᠦ ᠱᠠᠲᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠮᠦᠨᠴᠦ ᠰᠢᠶᠠᠨ ᠤ | ᠨᠠᠮ ᠤᠨ ᠬᠤᠷᠢᠶᠠᠨ ᠤ ᠬᠠᠮᠲᠦ ᠶᠢᠨ ᠤᠳᠤᠷᠢᠳᠤᠯᠭ᠎ᠠ ᠳᠡᠭᠡᠷ᠎ᠡ ᠨᠢᠭᠡᠥᠨᠬᠡᠵᠦ᠂ ᠠᠯᠢᠪᠠ ᠢᠳᠡᠪᠬᠢᠲᠠᠢ ᠲᠦᠷᠦ ᠶᠢᠨ | ᠪᠤᠳᠤᠯᠭ᠎ᠠ ᠶᠢ ᠠᠰᠢᠭᠯᠠᠨ᠂ ᠵᠠᠪᠰᠢᠶᠠᠨ ᠲᠤᠬᠢᠶᠠᠯ ᠢ ᠵᠠᠪᠳᠤᠨ᠂ ᠢᠳᠡᠪᠬᠢ ᠤᠪᠤᠷ ᠢᠶᠠᠷ ᠴᠢᠷᠮᠠᠶᠢᠨ ᠬᠢᠵᠦ᠂ ᠨᠡᠩ | ᠶᠡᠭᠡ ᠠᠵᠤ ᠠᠬᠤᠢ ᠨᠡᠶᠢᠭᠡᠮ ᠤᠨ ᠬᠦᠭᠵᠢᠯᠲᠡ ᠶᠢ ᠤᠯᠬᠤ ᠪᠠᠷ ᠴᠢᠷᠮᠠᠶᠢᠬᠤ ᠬᠡᠷᠡᠭᠲᠠᠢ᠃ | ᠡᠨᠡ ᠵᠢᠯ ᠤᠨ ᠵᠠᠰᠠᠭ ᠤᠨ ᠤᠷᠳᠤᠨ ᠤ ᠶᠡᠷᠦᠩᠬᠡᠢ ᠱᠠᠭᠠᠷᠳᠠᠯᠭ᠎ᠠ ᠭᠡᠪᠡᠯ᠄ ᠡᠷᠬᠡᠪᠰᠢ ᠨᠠᠮ ᠤᠨ ᠠᠷᠪᠠᠨ | ᠨᠠᠢᠮᠠᠳᠤᠭᠠᠷ ᠶᠡᠭᠡ ᠬᠤᠷᠠᠯ ᠪᠠ ᠠᠷᠪᠠᠨ ᠨᠠᠢᠮᠠᠳᠤᠭᠠᠷ ᠬᠤᠭᠤᠴᠠᠭᠠᠨ ᠤ ᠲᠥᠪ ᠬᠤᠷᠢᠶᠠᠨ ᠤ ᠭᠤᠷᠪᠠᠳᠤᠭᠠᠷ ᠪᠥᠬᠦᠳᠡ | ᠬᠤᠷᠠᠯ᠂ ᠳᠥᠷᠪᠡᠳᠦᠭᠡᠷ ᠪᠦᠭᠦᠳᠡ ᠬᠤᠷᠠᠯ᠂ ᠲᠠᠪᠤᠳᠤᠭᠠᠷ ᠪᠦᠭᠦᠳᠡ ᠬᠤᠷᠠᠯ᠂ ᠵᠢᠷᠭᠤᠳᠤᠭᠠᠷ ᠪᠦᠭᠦᠳᠡ ᠬᠤᠷᠠᠯ ᠤᠨ | ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠵᠤ᠂ ᠰᠢᠶᠠᠨ ᠤ ᠨᠠᠮ ᠤᠨ ᠬᠤᠷᠢᠶᠠᠨ ᠤ ᠠᠷᠪᠠᠨ ᠳᠦᠷᠪᠡᠳᠦᠭᠡᠷ | ᠬᠤᠭᠤᠴᠠᠭᠠᠨ ᠤ ᠬᠤᠶᠠᠳᠤᠭᠠᠷ ᠪᠦᠬᠦ ᠭᠡᠰᠢᠭᠦᠥᠨ ︵ᠦᠷᠭᠡᠥᠨᠬᠡᠭᠰᠡᠨ︶ ᠬᠤᠷᠠᠯ ᠤᠨ ᠵᠤᠷᠢᠭ ᠰᠠᠨᠠᠭ᠎ᠠ ᠶᠢ ᠭᠦᠨᠵᠡᠭᠡᠢ | ᠲᠤᠤᠱᠢᠯᠠᠭᠤᠯᠤᠨ᠂ ᠲᠣᠭᠲᠠᠭᠤᠨ ᠢᠶᠠᠷ ᠤᠷᠤᠭᠰᠢᠯᠠᠨ ᠳᠠᠪᠰᠢᠬᠤ ᠠᠵᠢᠯ ᠤᠨ ᠶᠡᠷᠦᠩᠬᠡᠢ ᠦᠨᠳᠦᠰᠦᠨ ᠰᠠᠨᠠᠭ᠎ᠠ ᠶᠢ | ᠪᠠᠷᠢᠮᠲᠠᠯᠠᠨ᠂ ᠰᠢᠨ᠎ᠡ ᠬᠥᠭᠵᠢᠯᠲᠡ ᠶᠢᠨ ᠣᠨᠣᠯᠵᠢᠬᠤᠨ ᠢ ᠪᠠᠲᠤ ᠪᠠᠬᠢ ᠪᠣᠯᠭᠠᠬᠤ ᠪᠠ ᠲᠤᠤᠱᠯᠠᠭᠤᠯᠤᠨ | ᠨᠠᠶᠢᠳᠠᠪᠤᠷᠢᠵᠢᠭᠤᠯᠵᠤ᠂ ᠬᠥᠭᠵᠢᠯᠲᠡ᠂ ᠠᠮᠢ ᠠᠬᠤᠢ᠂ ᠠᠷᠠᠳ ᠤᠨ ᠠᠮᠢᠳᠤᠷᠠᠯ ᠤᠨ ᠬᠤᠷᠢᠭ᠎ᠠ ᠱᠤᠭᠤᠮ ᠢ ᠡᠷᠡᠰ | ᠰᠠᠬᠢᠨ᠂ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠭᠦᠯᠬᠦ ᠶᠢ ᠲᠦᠷᠭᠡᠳᠬᠡᠨ ᠠᠬᠢᠭᠤᠯᠵᠣ᠂ ︽5531︾ | ᠲᠦᠰᠦᠯ ᠢ ᠭᠤᠶᠢᠪᠢᠰᠢ ᠦᠭᠡᠢ ᠪᠠᠷᠢᠮᠲᠠᠯᠠᠵᠤ᠂ ᠲᠦᠷᠦᠯ ᠵᠤᠶᠢᠯ ᠤᠨ ᠪᠦᠲᠦᠭᠡᠨ ᠪᠠᠶᠢᠭᠤᠯᠤᠯᠲᠠ ᠂ ᠶᠠᠳᠠᠭᠤ ᠠᠴᠠ | ᠠᠩᠭᠢᠵᠢᠷᠠᠭᠤᠯᠬᠤ ᠲᠠᠢ ᠦᠷᠭᠦᠯᠵᠢᠯᠡᠨ ᠲᠡᠮᠡᠴᠡᠵᠦ᠂ ᠰᠠᠭᠤᠷᠢ ᠪᠦᠲᠦᠭᠡᠨ ᠪᠠᠶᠢᠭᠤᠯᠤᠯᠲᠠ ᠶᠢ | ᠦᠭᠡᠷᠡᠴᠢᠯᠡᠨᠰᠠᠶᠢᠵᠢᠷᠠᠭᠤᠯᠬᠤ᠂ ᠰᠢᠨ᠎ᠡ ᠬᠡᠯᠪᠡᠷᠢ ᠶᠢᠨ ᠠᠵᠦ ᠦᠢᠯᠡᠰᠵᠢᠬᠦ᠂ ᠮᠡᠳᠡᠭᠡ ᠵᠠᠩᠭᠢᠴᠢᠯᠠᠬᠤ᠂ ᠬᠤᠲᠠ | ᠪᠠᠯᠭᠠᠰᠤᠴᠢᠯᠠᠬᠤ᠂ ᠳᠠᠷᠢᠶᠠᠯᠠᠩ ᠮᠠᠯ ᠠᠵᠦ ᠠᠬᠤᠢ ᠶᠢᠨ ᠤᠳᠤᠬᠢᠴᠢᠯᠠᠯᠲᠠ ᠪᠠ ᠪᠤᠬᠢᠷᠳᠠᠯ ᠦᠭᠡᠢ ᠪᠤᠯᠭᠠᠬᠤ ᠵᠡᠷᠭᠡ | ᠶᠢ ᠨᠢᠭᠡᠳᠦᠯᠲᠠᠢ ᠲᠦᠯᠬᠢᠨ ᠠᠬᠢᠭᠤᠯᠵᠤ᠂ ᠪᠦᠬᠦ ᠰᠢᠶᠠᠨ ᠤ ᠠᠵᠦ ᠠᠬᠤᠢ ᠨᠡᠶᠢᠭᠡᠮ ᠤᠨ ᠡᠷᠡᠭᠦᠯ ᠲᠤᠭᠲᠠᠭᠤᠨ ᠢᠶᠠᠷ | ᠬᠦᠭᠵᠢᠬᠦ ᠶᠢ ᠠᠬᠢᠭᠤᠯᠤᠨ᠎ᠠ᠃ | ᠭᠤᠣᠯ ᠪᠣᠯᠬᠤ ᠵᠢᠱᠢᠭᠰᠡᠨ ᠬᠠᠷᠠᠯᠲᠠ ᠪᠣᠯ᠄ ᠭᠠᠵᠠᠷ ᠣᠷᠣᠨ ᠤ ᠦᠢᠯᠡᠳᠪᠦᠷᠢᠯᠡᠯ ᠤᠨ ᠶᠡᠷᠦᠩᠬᠡᠢ | ᠥᠷᠲᠡᠭ ᠢ11% ᠣᠷᠴᠢᠮ ᠨᠡᠮᠡᠭᠳᠡᠭᠦᠯᠦᠨ᠂ ᠲᠣᠭᠲᠠᠮᠠᠯ ᠡᠳ᠋ ᠬᠥᠷᠥᠩᠭᠡ ᠶᠢᠨ ᠪᠡᠯᠡ ᠣᠷᠤᠭᠤᠯᠤᠯᠲᠠ ᠶᠢ | 30%ᠣᠷᠴᠢᠮ ᠨᠡᠮᠡᠭᠳᠡᠭᠦᠯᠵᠦ᠂ ᠤᠷᠤᠨᠨᠤᠲᠤᠭ ᠤᠨ ᠡᠳ᠋ ᠶᠢᠨ ᠵᠠᠰᠠᠭ ᠤᠨ ᠵᠢᠱᠢᠭᠰᠡᠨ ᠤᠷᠤᠯᠭ᠎ᠠ ᠶᠢ | 7%ᠤᠷᠴᠢᠮ ᠨᠡᠮᠡᠭᠳᠡᠭᠦᠯᠦᠨ᠂ᠨᠡᠶᠢᠭᠡᠮ ᠤᠨ ᠬᠡᠷᠡᠭᠯᠡᠭᠡ ᠶᠢᠨ ᠵᠦᠢᠯ ᠤᠨ ᠵᠢᠵᠢᠭᠯᠡᠨ ᠬᠤᠳᠠᠯᠳᠤᠬᠤ ᠶᠡᠷᠦᠩᠬᠡᠢ | ᠲᠤᠭ᠎ᠠ ᠶᠢ 15%ᠣᠷᠴᠢᠮ ᠨᠡᠮᠡᠭᠳᠡᠭᠦᠯᠦᠨ᠂ ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠬᠥᠮᠥᠨ ᠳᠤᠮᠳᠠᠴᠢ | ᠡᠵᠡᠮᠳᠡᠵᠦ ᠪᠣᠯᠬᠤ ᠣᠷᠣᠯᠭ᠎ᠠ ᠶᠢ ᠲᠤᠰ ᠲᠤᠰ11% ᠪᠠ 12% ᠣᠷᠴᠢᠮ ᠨᠡᠮᠡᠭᠳᠡᠭᠦᠯᠦᠨ᠎ᠡ᠃ | ︵ᠨᠢᠭᠡ︶ ᠠᠷᠭ᠎ᠠ ᠪᠦᠬᠦᠨ ᠢ ᠰᠦᠪᠡᠭᠴᠢᠯᠡᠨ ᠲᠦᠷᠦᠯ ᠵᠤᠶᠢᠯ ᠶᠢ ᠲᠠᠲᠠᠨ ᠤᠷᠤᠭᠤᠯᠵᠤ᠂ ᠠᠵᠤ | ᠠᠬᠤᠢ ᠶᠢᠨ ᠶᠡᠷᠦᠩᠬᠡᠢ ᠬᠡᠮᠵᠢᠶ᠎ᠡ ᠶᠢ ᠦᠷᠭᠦᠯᠵᠢᠯᠡᠨ ᠨᠡᠮᠡᠭᠳᠡᠭᠦᠯᠦᠨ᠎ᠡ | 2017 ᠤᠨᠳᠥ 5000 ᠲᠦᠮᠡᠨᠲ᠋ᠦ᠋ᠭᠦᠷᠢᠭ ᠠᠴᠠ ᠳᠡᠭᠡᠭᠰᠢᠬᠢ ᠭᠤᠤᠯᠳᠠᠯᠭᠠᠲᠤ ᠲᠦᠷᠦᠯ ᠵᠤᠶᠢᠯ 39 ᠢ | ᠬᠡᠷᠡᠭᠵᠢᠭᠦᠯᠵᠦ᠂ ᠪᠦᠬᠦ ᠵᠢᠯ ᠳᠤ80 ᠳ᠋ᠦᠡᠭᠰᠢᠭᠤᠷ ᠲᠦᠭᠦᠷᠢᠭ ᠤᠨ ᠪᠡᠯᠡ ᠤᠷᠤᠭᠤᠯᠤᠯᠲᠠ ᠶᠢ ᠪᠡᠶᠡᠯᠡᠭᠦᠯᠵᠦ᠂ | ᠦᠰᠦᠯᠲᠡ ᠶᠢᠨ ᠨᠤᠷᠮ᠎ᠠ ᠨᠢ40% ᠳᠤ ᠬᠦᠷᠭᠡᠨ᠎ᠡ᠃ ᠪᠦᠬᠦ ᠬᠦᠴᠦ ᠪᠡᠨᠲ᠋ᠦ᠋ᠪᠯᠡᠷᠡᠭᠦᠯᠦᠨ ︽ᠡᠪᠦᠯ ᠤᠨ ᠤᠯᠠᠷᠢᠯ | ᠤᠨ ᠰᠢᠪᠲᠤᠯᠤᠯᠲᠠ ᠶᠢᠨ ᠬᠦᠳᠡᠯᠭᠡᠭᠡᠨ︾ ᠪᠠ ︽700 ᠡᠳᠦᠷ ᠤᠨ ᠪᠠᠶᠢᠯᠳᠤᠭᠠᠨ︾ ᠢ ᠲᠦᠯᠬᠢᠨ ᠠᠬᠢᠭᠤᠯᠬᠤ | ᠬᠡᠷᠡᠭᠲᠠᠢ᠃ ᠨᠢᠭᠡ ᠪᠦᠯᠦᠭ ᠦᠨᠳᠦᠰᠦ ᠰᠠᠭᠤᠷᠢ ᠪᠤᠯᠬᠤ ᠮᠦᠷᠲᠡᠭᠡᠨ ᠢᠷᠡᠭᠡᠳᠦᠢ ᠳᠤ ᠠᠰᠢᠭ ᠲᠤᠰᠠ ᠠᠪᠴᠢᠷᠠᠵᠤ | ᠦᠡᠭᠬᠦ ᠬᠦᠨᠳᠦ ᠴᠢᠬᠤᠯᠠ ᠰᠠᠭᠤᠷᠢ ᠲᠦᠬᠦᠭᠡᠷᠦᠮᠵᠢ ᠶᠢᠨ ᠲᠦᠷᠦᠯ ᠵᠦᠢᠯ ᠢ ᠴᠢᠩᠭ᠎ᠠ ᠠᠥᠨᠬᠤᠵᠦ᠂ ᠳ᠋ᠦᠩ ᠲᠠᠢ ᠽᠢ | ᠤᠰᠤᠨ ᠴᠦᠬᠦᠷᠡᠮ ᠤᠨ ᠪᠦᠲᠦᠭᠡᠨ ᠪᠠᠶᠢᠭᠤᠯᠤᠯᠲᠠ ᠂ ᠵᠢᠢ ᠲᠦᠩ ᠲᠡᠮᠦᠷ ᠵᠠᠮ ᠤᠨ ᠦᠷᠭᠡᠥᠨᠬᠡᠬᠦ ᠪᠠ ᠦᠷᠲᠡᠭᠡ ᠶᠢ | ᠡᠮᠦᠨᠡᠰᠢ ᠰᠢᠯᠵᠢᠭᠦᠯᠬᠦ ᠵᠡᠷᠭᠡ ᠠᠵᠢᠯ ᠶᠢ ᠭᠠᠷᠳᠠᠨ ᠬᠢᠬᠦ ᠬᠡᠷᠡᠭᠲᠠᠢ᠃ 306ᠤᠯᠤᠰ ᠤᠨ ᠵᠠᠮ ᠵᠡᠷᠭᠡ ᠭᠤᠤᠯ ᠪᠤᠯᠬᠤ | ᠵᠠᠮ ᠱᠤᠭᠤᠮ ᠤᠨᠲ᠋ᠤᠤᠷᠵᠢᠯ ᠤᠨ ᠪᠦᠲᠦᠭᠡᠨ ᠪᠠᠶᠢᠭᠤᠯᠤᠯᠲᠠ ᠶᠢᠨ ᠠᠬᠢᠴᠠ ᠪᠠᠨ ᠲᠦᠷᠭᠡᠥᠨᠬᠡᠨ᠂ ᠨᠢᠰᠬᠡᠯ ᠤᠨ | ᠪᠠᠭᠤᠳᠠᠯ ᠤᠨ ᠰᠠᠯᠪᠤᠷᠢ ᠵᠠᠮ ᠤᠨ ᠭᠤᠤᠯ ᠵᠦᠢᠯ ᠤᠨ ᠬᠢᠨᠠᠨ ᠵᠦᠪᠰᠢᠶᠡᠷᠡᠯᠲᠡ ᠶᠢ ᠭᠦᠢᠴᠡᠥᠨᠬᠡᠬᠦ ᠶᠢ ᠱᠠᠯᠪᠠᠳᠠᠨ | ᠬᠢᠬᠦ ᠬᠡᠷᠡᠭᠲᠠᠢ᠃ ᠨᠢᠭᠡ ᠪᠦᠯᠦᠭ ᠬᠦᠭᠵᠢᠯᠲᠡ ᠲᠤᠭᠲᠠᠭᠤᠨ᠂ ᠭᠠᠶᠢᠯᠢ ᠶᠢᠨ ᠰᠤᠷᠪᠤᠯᠵᠢ ᠦᠷᠭᠡᠨ ᠪᠤᠯᠬᠤ | ᠭᠤᠤᠯᠳᠠᠯᠭᠠᠲᠤ ᠲᠦᠷᠦᠯ ᠵᠦᠢᠯ ᠢ ᠴᠢᠩᠭ᠎ᠠ ᠠᠥᠨᠬᠤᠵᠦ᠂ ᠪᠠᠢ ᠬᠦᠢ ᠱᠧᠩ ᠰᠢᠬᠢᠷ ᠯᠤᠤᠪᠠᠩ ᠤᠨ ᠪᠦᠬᠦ | ᠦᠢᠯᠡᠥᠨᠪᠦᠷᠢ ᠶᠢᠨ ᠱᠤᠭᠤᠮ᠂ ᠹᠦ᠋ ᠴᠢᠶᠠᠩ ᠬᠠᠶᠢᠯᠤᠰᠢ ᠶᠢᠨ ᠤᠲᠤᠭ᠎ᠠ ᠲᠤᠭᠤᠰᠤ ᠶᠢ ᠶᠡᠷᠦᠩᠬᠡᠶᠢᠯᠡᠨ ᠠᠰᠢᠭᠯᠠᠬᠤ | ᠬᠤᠶᠠᠳᠤᠭᠠᠷ ᠬᠤᠭᠤᠴᠠᠭᠠᠨ ᠤ ᠪᠦᠲᠦᠭᠡᠨ ᠪᠠᠶᠢᠭᠤᠯᠤᠯᠲᠠ ᠶᠢ ᠲᠦᠷᠭᠡᠯᠡᠨ ᠪᠠᠶᠢᠭᠤᠯᠬᠤ ᠬᠡᠷᠡᠭᠲᠠᠢ᠃ ᠨᠢᠭᠡ ᠪᠦᠯᠦᠭ | ᠠᠷᠠᠥᠨ ᠲᠦᠮᠡᠨ ᠳᠤ ᠪᠤᠶᠠᠨ ᠦᠢᠯᠡᠥᠨᠬᠦ ᠳᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠲᠠᠲᠠᠨ ᠤᠷᠤᠭᠤᠯᠵᠦ᠂ | ᠬᠤᠲᠠᠲ᠋ᠤᠭᠤᠷᠢᠭᠰᠠᠨ ᠤᠰᠤᠨᠰᠢᠰᠲ᠋ᠧᠮ᠂ ᠬᠤᠲᠠ ᠶᠢᠨ ᠵᠠᠮ ᠱᠤᠭᠤᠮ ᠤᠨ ᠲᠤᠤᠷᠵᠢᠯ᠂ ᠶᠠᠳᠠᠭᠤᠴᠤᠥᠨ ᠤᠨ | ᠲᠤᠭᠤᠷᠢᠭ ᠤᠨ ᠦᠭᠡᠷᠡᠴᠢᠯᠡᠨ ᠰᠢᠨᠡᠴᠢᠯᠡᠯᠲᠡ᠂ ᠰᠤᠶᠤᠯ ᠲᠠᠮᠢᠷ ᠤᠨ ᠤᠷᠳᠤᠨ᠂ ᠰᠤᠷᠭᠠᠨ ᠬᠦᠮᠦᠵᠢᠯ᠂ᠡᠮ ᠡᠮᠨᠡᠯᠭᠡ | ᠵᠡᠷᠭᠡ ᠰᠠᠭᠤᠷᠢ ᠲᠦᠬᠦᠭᠡᠷᠡᠮᠵᠢ ᠶᠢᠨ ᠪᠠᠶᠢᠭᠤᠯᠤᠯᠲᠡ ᠵᠢᠨᠠᠬᠢᠴᠠ ᠪᠠᠨ ᠲᠦᠷᠭᠡᠥᠨᠬᠡᠬᠦ ᠬᠡᠷᠡᠭᠲᠠᠢ᠃ ᠨᠢᠭᠡ ᠪᠦᠯᠦᠭ | ᠶᠠᠳᠠᠭᠤ ᠠᠴᠠ ᠠᠩᠭᠢᠵᠢᠷᠠᠭᠤᠯᠬᠤ ᠳᠤ ᠠᠰᠢᠭᠲᠠᠢ᠂ ᠴᠢᠨᠡᠭᠡᠯᠢᠩ ᠨᠡᠶᠢᠭᠡᠮ ᠢ ᠪᠦᠬᠦ ᠲᠠᠯ᠎ᠠ ᠪᠠᠷ ᠪᠦᠲᠦᠭᠡᠨ | ᠪᠠᠶᠢᠭᠤᠯᠬᠤ ᠳᠤ ᠲᠤᠰᠠᠲᠠᠢ ᠬᠦᠨᠳᠦ ᠴᠢᠬᠤᠯᠠ ᠲᠦᠷᠦᠯ ᠵᠦᠢᠯ ᠢ ᠦᠷᠭᠦᠯᠵᠢᠯᠡᠨ ᠴᠢᠩᠭ᠎ᠠ ᠠᠥᠨᠬᠤᠵᠦ᠂ ᠵᠧᠩ | ᠪᠠᠩ ᠭᠠᠭ᠋ᠠᠢ ᠲᠡᠵᠢᠭᠡᠬᠦ ᠦᠢᠯᠡᠰ᠂ ᠳ᠋ᠧ ᠴᠢᠩ ᠶᠤᠸᠠᠨ ᠦᠨᠳᠡᠭᠡᠨ ᠲᠠᠬᠢᠶ᠎ᠠ ᠲᠡᠵᠢᠭᠡᠬᠦ ᠵᠡᠷᠭᠡ ᠲᠡᠵᠢᠭᠡᠨ | ᠦᠷᠡᠵᠢᠭᠦᠯᠬᠦ ᠦᠢᠯᠡᠰ ᠤᠨ ᠬᠦᠭᠵᠢᠯᠲᠡ ᠶᠢ ᠠᠬᠢᠭᠤᠯᠤᠨ᠂ ᠶᠠᠳᠠᠭᠤ ᠡᠴᠠᠠᠩᠭᠢᠵᠢᠷᠠᠭᠤᠯᠬᠤ ᠲᠤᠷᠰᠢᠯᠲᠠ ᠵᠢᠨᠴᠢᠭᠢ | ᠪᠠᠶᠢᠭᠤᠯᠤᠨᠨᠡᠩ ᠤᠯᠠᠨ ᠬᠦᠮᠦᠰ ᠢᠲ᠋ᠠᠭᠠᠭᠤᠯᠤᠨ ᠶᠠᠳᠠᠭᠤ ᠠᠴᠠ ᠠᠩᠭᠢᠵᠢᠷᠠᠭᠤᠯᠬᠤ ᠪᠠᠷ ᠴᠢᠷᠮᠠᠶᠢᠬᠤ ᠬᠡᠷᠡᠭᠲᠠᠢ᠃ | ᠪᠦᠬᠦ ᠠᠷᠠᠥᠨ ᠢᠶᠠᠷ ᠢᠶᠠᠨ ᠠᠷᠠᠯᠵᠢᠶᠠᠴᠢᠨ ᠤᠷᠢᠵᠤ ᠪᠡᠯᠡ ᠤᠷᠤᠭᠤᠯᠬᠤ ᠦᠢᠯᠭᠠᠯᠲᠠ ᠲᠠᠢ ᠪᠠᠶᠢᠵᠦ᠂ | ᠠᠯᠢᠪᠠ ᠢᠳᠡᠪᠬᠢᠵᠢᠯ ᠢ ᠳᠠᠶᠢᠴᠢᠯᠠᠵᠦ ᠠᠷᠠᠯᠵᠢᠶᠠᠴᠢᠨ ᠤᠷᠢᠵᠤ ᠪᠡᠯᠡ ᠤᠷᠤᠭᠤᠯᠬᠤ ᠠᠬᠢᠴᠠᠪᠡᠨ ᠲᠦᠷᠭᠡᠥᠨᠬᠡᠵᠦ᠂ | ᠶᠡᠭᠡ ᠪᠠᠷ ᠠᠷᠠᠯᠵᠢᠶᠠᠴᠢᠨ ᠤᠷᠢᠬᠤ᠂ ᠶᠡᠭᠡ ᠪᠠᠷ ᠪᠦᠲᠦᠭᠡᠨ ᠪᠠᠶᠢᠭᠤᠯᠤᠯᠲᠠ ᠬᠢᠬᠦ᠂ ᠶᠡᠭᠡ ᠪᠠᠷ | ᠬᠦᠭᠵᠢᠨᠪᠤᠵᠠᠭᠠᠶᠢᠷᠠᠵᠦ ᠡᠷᠡᠭᠦᠯ ᠰᠠᠶᠢᠬᠠᠨ ᠠᠭᠤᠷ ᠠᠮᠢᠰᠬᠤᠯ ᠢ ᠪᠤᠢ ᠪᠤᠯᠭᠠᠶ᠎ᠠ᠃ ᠦᠪᠦᠷ ᠮᠤᠩᠭᠤᠯ— | ᠪᠡᠭᠡᠵᠢᠩ ᠤᠨ ᠬᠠᠮᠲᠤᠷᠠᠯᠴᠠᠭ᠎ᠠ ᠳᠤ ᠰᠠᠭᠤᠷᠢ ᠲᠠᠯᠪᠢᠵᠦ᠂ ᠭᠢᠷᠢᠨ᠂ ᠯᠢᠶᠥᠥᠨᠢᠩ᠂ ᠬᠠᠷᠠᠮᠦ᠋ᠷᠡᠨ ᠭᠤᠷᠪᠠᠨ ᠮᠤᠵᠢ | ᠲᠠᠢ ᠬᠠᠷᠢᠴᠠᠭ᠎ᠠ ᠪᠠᠨ ᠪᠠᠬᠢᠵᠢᠭᠦᠯᠦᠨ᠂ ᠬᠦᠬᠡᠮᠦ᠋ᠷᠡᠨ ᠤ ᠭᠤᠷᠪᠠᠯᠵᠢᠨ ᠬᠤᠶᠢᠭ ᠲᠠᠢ ᠬᠠᠷᠢᠴᠠᠭ᠎ᠠ ᠪᠠᠨ | ᠬᠦᠭᠵᠢᠭᠦᠯᠵᠦ᠂ ᠵᠦᠬᠠᠢ ᠶᠢᠨ ᠭᠤᠷᠪᠠᠯᠵᠢᠨ ᠬᠤᠶᠢᠭ ᠲᠠᠢ ᠬᠠᠷᠢᠴᠠᠭ᠎ᠠ ᠪᠠᠶᠢᠭᠤᠯᠤᠨ᠂ ᠤᠷᠤᠨ ᠨᠤᠲᠤᠭ ᠤᠨ | ᠦᠪᠡᠷᠮᠢᠴᠡ ᠤᠨᠴᠠᠯᠢᠭ ᠪᠦᠬᠦᠢ ᠡᠬᠢ ᠰᠤᠷᠪᠤᠯᠵᠢ ᠶᠢ ᠨᠡᠭᠡᠭᠡᠨᠠᠰᠢᠭᠯᠠᠵᠦ᠂ ᠢᠳᠡᠪᠠᠬᠢᠲᠠᠢ ᠪᠠᠷ ᠤᠷᠤᠨ ᠪᠦᠰᠡ | ᠶᠢᠨ ᠬᠠᠮᠲᠤᠷᠠᠯᠴᠠᠭ᠎ᠠ ᠳᠤ ᠠᠭᠤᠰᠤᠯᠴᠠᠵᠦ᠂ ᠲᠤᠯᠤᠭᠠᠶᠢᠯᠭᠴᠢ ᠠᠵᠦ ᠠᠬᠤᠶᠢᠯᠠᠯ ᠲᠠᠢ ᠠᠭᠤᠰᠠᠯᠴᠠᠨᠤᠶᠢᠯᠭᠠᠯᠴᠠᠵᠦ | ᠂ ᠦᠡᠭᠭᠡᠲᠦ ᠲᠡᠮᠦᠷᠯᠢᠩ ᠶᠢᠨ ᠪᠤᠯᠪᠠᠰᠤᠷᠠᠭᠤᠯᠤᠯᠲᠠ ᠂ ᠮᠠᠯ ᠤᠨ ᠠᠰᠢᠭ ᠰᠢᠮ᠎ᠡ ᠶᠢᠨ ᠨᠠᠷᠢᠯᠢᠭ ᠪᠤᠯᠪᠠᠰᠤᠷᠠᠭᠤᠯᠤᠯᠲᠠ | ᠂ ᠨᠡᠬᠡᠮᠡᠯ ᠤᠨ ᠦᠢᠢᠯᠡᠰ ᠵᠡᠷᠭᠡ ᠠᠵᠦ ᠦᠢᠯᠡᠰ ᠤᠨ ᠪᠦᠬᠦ ᠬᠡᠪᠴᠢᠶ᠎ᠡ ᠪᠠᠷ ᠰᠢᠯᠵᠢᠵᠦ ᠤᠯᠠᠮᠵᠢᠯᠠᠬᠤ ᠶᠢ ᠠᠬᠢᠭᠤᠯᠤᠨ | ᠂ ᠲᠦᠷᠦᠯ ᠵᠦᠢᠯ ᠤᠨ ᠪᠡᠯᠡ ᠤᠷᠤᠭᠤᠯᠤᠯᠲᠠ ᠶᠢᠨ ᠨᠤᠷᠮ᠎ᠠ ᠪᠠᠨ ᠳᠡᠭᠡᠭᠰᠢᠯᠭᠦᠯᠬᠦ ᠬᠡᠷᠡᠭᠲᠠᠢ᠃ ᠪᠦᠬᠦ ᠵᠢᠯ ᠳᠤ | ᠠᠮᠵᠢᠯᠲᠠ ᠲᠠᠢ ᠪᠠᠷ ᠭᠡᠷ᠎ᠡ ᠲᠤᠭᠲᠠᠭᠰᠠᠨ ᠠᠵᠦ ᠠᠬᠤᠶᠢᠯᠠᠯ50 ᠠᠴᠠ ᠳᠡᠭᠡᠭᠰᠢ ᠪᠠᠶᠢᠬᠤ᠂ ᠪᠦᠬᠦ ᠪᠡᠯᠡ | ᠤᠷᠤᠭᠤᠯᠤᠯᠲᠠ70ᠳ᠋ᠦᠩᠰᠢᠭᠤᠷ ᠲᠦᠭᠦᠷᠢᠭ ᠠᠴᠠ ᠳᠡᠭᠡᠭᠰᠢᠬᠢ ᠪᠠᠶᠢᠬᠤ ᠶᠢ ᠪᠠᠲᠤᠯᠠᠨ᠎ᠠ᠃ | ᠲᠦᠷᠦᠯ ᠵᠦᠢᠯ ᠤᠨ ᠪᠡᠯᠡ ᠤᠷᠤᠭᠤᠯᠤᠯᠲᠠ ᠶᠢᠨ ᠠᠷᠭ᠎ᠠ ᠵᠠᠮ ᠪᠠᠨ ᠦᠷᠭᠡᠥᠨᠬᠡᠨᠠ ᠃ ᠨᠡᠶᠢᠭᠡᠮ ᠤᠨ | ᠡᠬᠢ ᠰᠤᠷᠪᠤᠯᠵᠢ ᠶᠢ ᠦᠷᠭᠦᠯᠵᠢᠯᠡᠨ ᠲᠠᠲᠠᠨ ᠤᠷᠤᠭᠤᠯᠬᠤ ᠪᠠ ᠰᠠᠭᠤᠷᠢ ᠲᠦᠬᠦᠭᠡᠷᠡᠮᠵᠢ ᠶᠢᠨ ᠪᠦᠲᠦᠭᠡᠨ | ᠪᠠᠶᠢᠭᠤᠯᠤᠯᠲᠠ᠂ ᠤᠯᠠᠨ ᠨᠡᠶᠢᠲᠡ ᠶᠢᠨ ᠦᠢᠯᠡᠴᠢᠯᠭᠡᠨ ᠤ ᠬᠦᠷᠢᠶ᠎ᠡ ᠴᠠᠷ᠎ᠠ ᠳᠠᠬᠢ ᠪᠦᠲᠦᠭᠡᠨ ᠪᠠᠶᠢᠭᠤᠯᠤᠯᠲᠠ᠂ | ᠤᠨᠴᠠᠭᠠᠢ ᠴᠢᠬᠤᠯᠠPPP ᠲᠦᠷᠦᠯ ᠵᠦᠢᠯ ᠢ ᠶᠠᠪᠤᠭᠳᠠᠭᠤᠯᠬᠤ᠂ ᠬᠤᠲᠠ ᠲᠤᠭᠤᠷᠢᠭ ᠤᠨ ᠵᠠᠮ ᠱᠤᠭᠤᠮ ᠤᠨ | ᠦᠭᠡᠷᠡᠴᠢᠯᠡᠯᠲᠡ᠂ ᠨᠡᠶᠢᠲᠡ ᠶᠢᠨ ᠠᠮᠤᠷ ᠲᠦᠪᠰᠢᠨ ᠤ ᠬᠢᠨᠠᠨ ᠡᠵᠡᠮᠳᠡᠭᠦᠷ ᠢ ᠠᠰᠢᠭᠯᠠᠯᠲᠠ ᠳᠤ ᠤᠷᠤᠭᠤᠯᠬᠤ ᠂ | ᠬᠤᠲᠠ ᠲᠤᠭᠤᠷᠢᠭᠰᠠᠨ ᠤᠰᠤᠨ ᠰᠢᠰᠲ᠋ᠧᠮ ᠪᠠ ᠤᠷᠴᠢᠨ ᠲᠤᠭᠤᠷᠢᠨ ᠤ ᠬᠠᠮᠠᠭᠠᠯᠠᠯᠲᠠ ᠶᠢᠨ ᠠᠵᠢᠯ ᠶᠢᠨ ᠭᠤᠤᠯ | ᠴᠤᠭᠴᠠᠲᠤ ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ᠂ ᠵᠡᠭᠦᠨ ᠠᠭᠤᠯᠠᠨ ᠤ ᠠᠮᠢ ᠠᠬᠤᠢ ᠪᠠᠷ ᠶᠠᠳᠠᠭᠤ ᠶᠢ | ᠲᠡᠥᠨᠬᠦᠬᠦ ᠲᠤᠭᠤᠷᠢᠭ ᠢ ᠪᠦᠲᠦᠭᠡᠨ ᠪᠠᠶᠢᠭᠤᠯᠬᠤ ᠠᠬᠢᠴᠠ ᠪᠠᠨ ᠲᠦᠷᠭᠡᠥᠨᠬᠡᠬᠦ᠂ ᠪᠤᠬᠢᠷ ᠤᠰᠤ ᠴᠡᠪᠡᠷᠰᠢᠭᠦᠯᠬᠦ ᠭᠠᠵᠠᠷ | ᠂ ᠬᠤᠲᠠ ᠶᠢᠨ ᠭᠡᠷᠡᠯᠲᠤᠭᠦᠯᠦᠯᠭᠡ ᠶᠢᠨ ᠰᠢᠰᠲ᠋ᠧᠮ ᠶᠢᠨ ᠤᠶᠤᠨᠴᠢᠯᠠᠯᠲᠠ ᠵᠡᠷᠭᠡ ᠠᠵᠢᠯ ᠢ ᠡᠬᠢᠯᠡᠨ ᠬᠢᠨ᠎ᠡ᠃ | ᠢᠳᠡᠪᠬᠢᠲᠠᠢ ᠪᠠᠷ ᠪᠡᠯᠡ ᠮᠦᠡᠭᠭᠦ ᠬᠤᠷᠠᠮᠳᠠᠭᠤᠯᠤᠨ᠂ ᠬᠠᠮᠢᠶ᠎ᠠ ᠪᠦᠬᠦᠢ ᠲᠦᠷᠦ ᠶᠢᠨ ᠪᠤᠳᠤᠯᠭ᠎ᠠ ᠶᠢ ᠵᠤᠬᠢᠰᠲᠠᠢ ᠪᠠᠷ | ᠤᠷᠢᠥᠨᠴᠢᠯᠠᠨ ᠬᠡᠷᠡᠭᠵᠢᠭᠦᠯᠵᠦ᠂ ᠤᠯᠠᠮ ᠨᠢᠭᠡ ᠠᠯᠬᠤᠮ ᠪᠡᠯᠡ ᠮᠦᠡᠭᠭᠦ ᠴᠤᠭᠯᠠᠭᠤᠯᠬᠤ ᠠᠵᠢᠯ ᠤᠨ ᠠᠬᠢᠴᠠ ᠪᠠᠨ | ᠪᠡᠶᠡᠯᠡᠭᠦᠯᠬᠦ ᠬᠡᠷᠡᠭᠲᠠᠢ᠃ ᠤᠯᠤᠰ ᠤᠨ ᠦᠮᠴᠢᠯᠡᠯ ᠢ ᠨᠢᠭᠡᠥᠨᠬᠡᠨ ᠨᠡᠶᠢᠯᠡᠭᠦᠯᠵᠦ᠂ ᠬᠤᠲᠠ᠂ ᠰᠢᠶᠠᠨ ᠬᠤᠶᠠᠷ ᠳᠡᠰ | ᠬᠤᠪᠢᠶᠠᠵᠤ ᠬᠤᠤᠰ ᠴᠢᠭᠯᠡᠯ ᠢᠶᠠᠷ ᠬᠡᠷᠡᠭᠵᠢᠭᠦᠯᠵᠦ᠂ᠤᠯᠠᠮ ᠨᠢᠭᠡ ᠠᠯᠬᠤᠮ ᠪᠡᠯᠡ ᠮᠦᠡᠭᠭᠦ ᠴᠤᠭᠯᠠᠭᠤᠯᠵᠦ ᠶᠡᠭᠡ | ᠦᠢᠯᠡᠰ ᠪᠦᠲᠦᠭᠡᠬᠦ ᠪᠠᠷ ᠴᠢᠷᠮᠠᠶᠢᠬᠤ ᠬᠡᠷᠡᠭᠲᠠᠢ᠃ ᠳᠤᠮᠳᠠ ᠪᠠᠭ᠎ᠠ ᠬᠡᠯᠪᠡᠷᠢ ᠶᠢᠨ ᠠᠵᠦ ᠠᠬᠤᠶᠢᠯᠠᠯ ᠶᠢᠨ ᠬᠦᠭᠵᠢᠯᠲᠡ | ᠪᠠ ᠠᠷᠠᠯᠵᠢᠶ᠎ᠠ ᠬᠤᠳᠠᠯᠳᠤᠭᠠᠨ ᠤ ᠭᠦᠢᠯᠭᠡᠭᠡᠮᠡᠯ ᠶᠢᠨ ᠰᠠᠭᠤᠷᠢ ᠮᠦᠡᠭᠭᠦ ᠶᠢ ᠪᠠᠶᠢᠭᠤᠯᠵᠦ᠂ ᠠᠵᠤ ᠠᠬᠤᠢ ᠶᠢᠨ | ᠬᠦᠭᠵᠢᠯᠲᠡ ᠶᠢ ᠬᠠᠷᠰᠢᠯᠠᠬᠤ ᠭᠡᠮ ᠰᠤᠭᠤᠭ ᠢ ᠠᠷᠢᠯᠭᠠᠬᠤ ᠬᠡᠷᠡᠭᠲᠠᠢ᠃ ᠠᠵᠤ ᠠᠬᠤᠶᠢᠯᠠᠯ ᠤᠨ ᠬᠦᠷᠦᠩᠭᠡ ᠶᠢᠨ | ᠵᠠᠬ᠎ᠠ ᠳᠡᠯᠭᠡᠭᠦᠷ ᠲᠤ ᠪᠡᠯᠡ ᠴᠤᠭᠯᠠᠭᠤᠯᠬᠤ ᠶᠢ ᠵᠤᠷᠢᠭᠵᠢᠭᠤᠯᠵᠦ᠂ ᠪᠠᠢ ᠬᠦᠢ ᠱᠧᠩ ᠺᠤᠮᠫᠠᠨᠢ ᠶᠢᠨ ᠵᠠᠬ᠎ᠠ ᠳᠤ | ᠭᠠᠷᠬᠤ ᠶᠢ ᠳᠡᠮᠵᠢᠨ᠂ ᠪᠤᠰᠤᠥᠨ ᠵᠠᠬ᠎ᠠ ᠳᠤ ᠭᠠᠷᠬᠤ ᠬᠢᠷᠢ ᠬᠡᠮ ᠪᠦᠬᠦᠢ ᠠᠵᠤ ᠠᠬᠤᠶᠢᠯᠠᠯ ᠶᠢᠨ ᠵᠠᠬ᠎ᠠ ᠳᠤ ᠭᠠᠷᠬᠤ | ᠶᠢ ᠲᠦᠯᠬᠢᠨ ᠠᠬᠢᠭᠤᠯᠤᠨ᠎ᠠ᠃ | ︵ᠬᠤᠶᠠᠷ︶ ᠠᠵᠤ ᠠᠬᠤᠢ ᠶᠢᠨ ᠬᠦᠭᠵᠢᠯᠲᠡ ᠶᠢᠨ ᠠᠷᠭ᠎ᠠ ᠮᠠᠶ᠋ᠢᠭ ᠢᠶᠠᠨ ᠴᠢᠷᠮᠠᠶᠢᠨ ᠬᠤᠪᠢᠷᠠᠭᠤᠯᠵᠦ᠂ | ᠠᠵᠤ ᠠᠬᠤᠢ ᠶᠢᠨ ᠳᠡᠰ ᠳᠠᠪᠰᠢᠯᠲᠠ ᠶᠢ ᠲᠦᠷᠭᠡᠥᠨᠬᠡᠶᠡ | ᠲᠦᠯᠦᠪᠵᠢᠭᠦᠯᠭᠡ ᠵᠢᠨᠰᠢᠰᠲ᠋ᠧᠮ ᠢ ᠲᠠᠰᠤᠷᠠᠯᠲᠠ ᠦᠭᠡᠢ ᠲᠡᠭᠦᠯᠳᠡᠷᠵᠢᠭᠦᠯᠵᠦ᠂ ᠭᠤᠷᠪᠠᠳᠤᠭᠠᠷ ᠠᠵᠤ | ᠠᠬᠤᠢ ᠶᠢᠨ ᠬᠦᠭᠵᠢᠯᠲᠡ ᠲᠦᠯᠦᠪᠵᠢᠭᠦᠯᠭᠡ ᠶᠢ ᠪᠠᠶᠢᠷᠢᠯᠠᠭᠤᠯᠬᠤ᠂ ᠲᠤᠰᠬᠠᠢ ᠲᠦᠯᠦᠪᠵᠢᠭᠦᠯᠭᠡ ᠬᠢᠬᠦ ᠶᠢ ᠦᠨᠳᠦᠷ | ᠪᠠᠷᠢᠮᠵᠢᠶ᠎ᠡ ᠪᠠᠷ ᠱᠠᠭᠠᠷᠳᠠᠨ᠂ ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ ᠠᠵᠤ ᠠᠬᠤᠶᠢᠯᠠᠯ ᠤᠨ ᠬᠠᠷᠢᠯᠴᠠᠨ | ᠠᠬᠢᠭᠤᠯᠵᠦ᠂ ᠬᠠᠷᠢᠯᠴᠠᠨ ᠠᠭᠤᠰᠤᠯᠴᠠᠵᠤ ᠬᠦᠭᠵᠢᠬᠦ ᠶᠢ ᠲᠦᠯᠬᠢᠨ ᠠᠬᠢᠭᠤᠯᠤᠨ᠎ᠠ᠃ | ᠰᠢᠨ᠎ᠠ ᠬᠡᠯᠪᠡᠷᠢ ᠶᠢᠨ ᠠᠵᠤ ᠠᠬᠤᠢ ᠶᠢᠨ ᠰᠢᠰᠲ᠋ᠧᠮ ᠢ ᠬᠦᠮᠦᠵᠢᠭᠦᠯᠦᠨ᠎ᠡ᠃ ᠪᠦᠬᠦ ᠦᠢᠯᠡᠥᠨᠬᠦᠨ ᠤ | ᠦᠷᠲᠡᠭ145ᠳ᠋ᠦᠩᠰᠢᠭᠤᠷ ᠲᠦᠭᠦᠷᠢᠭ ᠢ ᠳᠠᠪᠠᠵᠦ᠂ ᠰᠢᠨ᠎ᠠ ᠪᠠᠷ ᠨᠡᠮᠡᠭᠳᠡᠭᠰᠡᠨ ᠲᠤᠭᠲᠠᠭᠤᠨᠠᠵᠢᠯ ᠤᠨ | ᠪᠠᠶᠢᠷᠢ1200 ᠬᠦᠷᠴᠠᠢ᠃ ᠦᠡᠭᠭᠡᠲᠦ ᠲᠡᠮᠦᠷᠯᠢᠩ ᠤᠨ ᠰᠤᠩᠭᠤᠵᠦ ᠪᠤᠯᠪᠠᠰᠤᠷᠠᠭᠤᠯᠬᠤ ᠰᠦᠷᠦᠭᠵᠢᠯ ᠢ | ᠪᠠᠶᠢᠭᠤᠯᠵᠤ᠂ ᠤᠨᠴᠠᠭᠠᠢ ᠤᠳᠤᠷᠢᠳᠤᠮᠵᠢ ᠶᠢᠨ ᠴᠢᠳᠠᠪᠬᠢ ᠲᠠᠢ ᠠᠵᠤ ᠠᠬᠤᠶᠢᠯᠠᠯ ᠶᠢᠨ ᠬᠤᠪᠢ ᠶᠢᠨ ᠵᠢᠩ ᠢ | ᠨᠡᠮᠡᠭᠳᠠᠭᠦᠯᠦᠨᠡ᠃ ᠵᠡᠰ ᠢ ᠴᠠᠬᠢᠯᠭᠠᠨᠵᠠᠳᠠᠯᠠᠬᠤ᠂ ᠲᠤᠭᠤᠯᠭ᠎ᠠ ᠵᠢᠨᠬᠠᠶᠢᠯᠤᠰᠢ᠂ ᠴᠠᠶᠢᠷ ᠪᠤᠯᠪᠠᠰᠤᠷᠠᠭᠤᠯᠬᠤ᠂ ᠬᠤᠪᠤᠷ | ᠴᠤᠬᠠᠭ ᠲᠡᠮᠤᠷᠯᠢᠩ ᠢ ᠪᠤᠯᠪᠠᠰᠤᠷᠠᠭᠤᠯᠬᠤ ᠳᠤ ᠬᠡᠯᠬᠢᠶ᠎ᠡ ᠨᠡᠮᠡᠬᠦ᠂ ᠬᠡᠯᠬᠢᠶ᠎ᠡ ᠶᠢ ᠨᠦᠬᠦᠬᠦ᠂ ᠬᠡᠯᠬᠢᠶ᠎ᠡ ᠶᠢ | ᠴᠢᠩᠭᠠᠥᠨᠬᠠᠬᠤ ᠵᠡᠷᠭᠡ ᠢᠵᠢ ᠪᠦᠷᠢᠳᠦᠭᠦᠯᠦᠭᠰᠡᠨ ᠠᠵᠤ ᠠᠬᠤᠢ ᠶᠢᠨ ᠪᠦᠲᠦᠴᠡ ᠶᠢ ᠪᠠᠶᠢᠭᠤᠯᠬᠤ ᠬᠡᠷᠡᠭᠲᠠᠢ ᠃ | ᠹᠦ᠋ ᠪᠠᠩ ᠵᠡᠰ ᠤᠨ ᠦᠢᠯᠡᠰ ᠤᠨ7 ᠲᠦᠮᠡᠨ ᠳᠤᠨ ᠪᠦᠳᠦᠭᠦᠯᠢᠭ ᠵᠡᠰ ᠢ ᠦᠷᠭᠡᠥᠨᠬᠡᠨ | ᠰᠠᠶᠢᠵᠢᠷᠠᠭᠤᠯᠬᠤ ᠪᠠ10 ᠲᠦᠮᠡᠨ ᠳᠤᠨ ᠤ ᠠᠷᠭ᠎ᠠ ᠲᠤᠶᠢᠯ ᠤᠨ ᠬᠠᠪᠲᠠᠰᠤ ᠲᠦᠷᠦᠯ ᠵᠦᠢᠯ ᠢ ᠡᠬᠢᠯᠡᠨ | ᠪᠠᠶᠢᠭᠤᠯᠵᠤ᠂ ᠵᠸᠡᠭ ᠸᠧᠢ ᠪᠦᠯᠦᠭᠯᠡᠯ ᠤᠨ ᠵᠡᠰ ᠢ ᠴᠠᠬᠢᠯᠭᠠᠨ ᠵᠠᠳᠠᠯᠠᠬᠤ ᠪᠠ ᠵᠡᠰ ᠪᠠᠭᠠᠨ᠎ᠠ ᠶᠢ ᠴᠢᠥᠨᠬᠤᠵᠤ | ᠬᠡᠪᠰᠢᠭᠦᠯᠬᠦ᠂ ᠾᠧᠩ ᠹᠦ᠋ ᠲᠡᠮᠦᠷᠯᠢᠭ ᠤᠨ ᠪᠤᠯᠪᠠᠰᠤᠷᠠᠭᠤᠯᠤᠯᠲᠠ ᠶᠢᠨ ᠲᠦᠷᠦᠯ ᠵᠦᠢᠯ ᠵᠡᠷᠭᠡ ᠶᠢ ᠠᠯᠢ ᠬᠤᠷᠳᠤᠨ | ᠢᠶᠠᠷ ᠬᠦᠯ ᠲᠤᠭᠲᠠᠭᠤᠯᠵᠦ᠂ ᠦᠨᠳᠦᠰᠦ ᠬᠠᠥᠨᠬᠤᠭᠤᠯᠬᠤ ᠬᠡᠷᠡᠭᠲᠠᠢ᠃ᠮᠠᠯ ᠤᠨ ᠠᠰᠢᠭ ᠰᠢᠮ᠎ᠡ ᠶᠢᠨ ᠨᠠᠷᠢᠯᠢᠭ | ᠪᠤᠯᠪᠠᠰᠤᠷᠠᠭᠤᠯᠤᠯᠲᠠ ᠶᠢᠨ ᠠᠵᠦ ᠠᠬᠤᠶᠢᠯᠠᠯ ᠤᠨ ᠰᠦᠷᠦᠭᠵᠢᠯ ᠴᠤᠭᠴᠠ ᠶᠢ ᠪᠦᠲᠦᠭᠡᠨ ᠪᠠᠶᠢᠭᠤᠯᠬᠤ᠂ ᠬᠦᠳᠡᠭᠡ | ᠲᠤᠰᠬᠤᠨ ᠤ ᠠᠵᠤ ᠠᠬᠤᠶᠢᠯᠠᠯ ᠢ ᠲᠦᠯᠬᠢᠨ ᠠᠬᠢᠭᠤᠯᠵᠤ ᠪᠠᠶᠠᠵᠢᠨ ᠴᠢᠨᠡᠭᠡᠯᠡᠭᠵᠢᠬᠦ ᠶᠢ ᠠᠬᠢᠭᠤᠯᠤᠨ᠎ᠠ᠃ ᠾᠧᠩ | ᠭᠤᠸᠠᠩ ᠳ᠋ᠠ ᠬᠢᠲᠠᠥᠨ ᠡᠮ ᠤᠨ ᠮᠠᠲ᠋ᠧᠷᠢᠶᠠᠯ ᠢ ᠶᠡᠷᠦᠩᠬᠡᠶᠢᠯᠡᠨ ᠪᠤᠯᠪᠠᠰᠤᠷᠠᠭᠤᠯᠬᠤ ᠲᠦᠷᠦᠯ ᠵᠦᠢᠯ ᠢ ᠪᠠᠶᠢᠭᠤᠯᠵᠤ | ᠠᠰᠢᠭᠯᠠᠯᠲᠠ ᠳᠤ ᠤᠷᠤᠭᠤᠯᠬᠤ ᠶᠢ ᠪᠠᠲᠤᠯᠠᠬᠤ᠂ ᠪᠠᠢ ᠬᠦᠢ ᠱᠸᠡᠭ ᠤᠨᠡᠳᠦᠷ ᠪᠦᠷᠢ ᠶᠢᠨ ᠰᠢᠬᠢᠷ ᠯᠤᠤᠪᠠᠨᠭ᠌ | ᠪᠤᠯᠪᠠᠰᠤᠷᠠᠭᠤᠯᠬᠤ ᠬᠡᠮᠵᠢᠶ᠎ᠡ ᠶᠢ 6000 ᠲᠤᠨ ᠬᠦᠷᠬᠦ ᠶᠢ ᠴᠢᠩᠭ᠎ᠠ ᠠᠥᠨᠬᠤᠵᠤ᠂ ᠵᠢᠯ ᠳᠤ 2 ᠲᠦᠮᠡᠨ ᠳᠤᠨ | ᠬᠦᠷᠦᠩᠭᠡ ᠶᠢᠨ ᠡᠳ᠋ ᠪᠠ ᠰᠠᠯᠭᠠᠨ ᠠᠪᠤᠭᠰᠠᠨ ᠪᠤᠳᠠᠰ ᠢ ᠦᠷᠭᠡᠥᠨᠬᠡᠵᠦ ᠰᠠᠶᠢᠵᠢᠷᠠᠭᠤᠯᠬᠤ᠂ ᠰᠢᠬᠢᠷ ᠯᠤᠤᠪᠠᠩ | ᠤᠨ ᠰᠠᠭᠤᠷᠢᠨ ᠭᠠᠵᠠᠷ ᠤᠨ ᠮᠠᠰᠢᠨ ᠮᠧᠬᠠᠨᠢᠭᠵᠢᠬᠤ ᠵᠡᠷᠭᠡ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ | ᠴᠢᠩᠭ᠎ᠠ ᠠᠥᠨᠬᠤᠬᠤ᠂ ᠵᠸᠡᠭ ᠪᠠᠨᠭ᠌ ᠤᠨ100 ᠲᠦᠮᠡᠨ ᠭᠠᠭ᠋ᠠᠢᠠᠯᠠᠵᠤ ᠨᠢᠲᠤᠯᠠᠵᠤ ᠪᠤᠯᠪᠠᠰᠤᠷᠠᠭᠤᠯᠬᠤ ᠪᠠ 84 | ᠲᠦᠮᠡᠨ ᠳᠤᠨ ᠲᠡᠵᠢᠭᠡᠯ ᠪᠤᠷᠳᠤᠭᠤᠷ ᠢ ᠪᠤᠯᠪᠠᠰᠤᠷᠠᠭᠤᠯᠬᠤ ᠵᠡᠷᠭᠡ ᠲᠦᠷᠦᠯ ᠵᠦᠢᠯ ᠢ ᠡᠬᠢᠯᠡᠨ ᠪᠠᠶᠢᠭᠤᠯᠵᠤ᠂ | ᠢᠳᠡᠭᠡᠨ ᠤ ᠪᠤᠯᠪᠠᠰᠤᠷᠠᠭᠤᠯᠤᠯᠲᠠ ᠶᠢᠨ ᠲᠤᠭᠤᠷᠢᠭ ᠢ ᠦᠪᠦᠷ ᠮᠤᠩᠭᠤᠯ ᠤᠨ ᠬᠡᠪᠴᠢᠶ᠎ᠡ ᠪᠠᠷ ᠨᠡᠯᠢᠶᠡᠥᠨ ᠶᠡᠭᠡ ᠮᠠᠯ | ᠤᠨ ᠠᠰᠢᠭ ᠰᠢᠮ᠎ᠡ ᠶᠢᠨ ᠪᠤᠯᠪᠠᠰᠤᠷᠠᠭᠤᠯᠬᠤ ᠲᠤᠭᠤᠷᠢᠭ ᠪᠤᠯᠭᠠᠨ ᠪᠦᠲᠦᠭᠡᠨ ᠪᠠᠶᠢᠭᠤᠯᠤᠨ᠎ᠠ᠃ ᠰᠢᠨ᠎ᠡ ᠡᠨᠧᠷᠭᠢ | ᠠᠵᠤ ᠠᠬᠤᠢ ᠶᠢᠨ ᠰᠦᠷᠦᠭᠵᠢᠯ ᠴᠤᠭᠴᠠ ᠶᠢ ᠪᠠᠶᠢᠭᠤᠯᠵᠤ᠂ ᠠᠵᠤ ᠠᠬᠤᠢ ᠶᠢᠨ ᠪᠦᠲᠦᠴᠡ ᠪᠠᠨ ᠲᠠᠰᠤᠷᠠᠯᠲᠠ | ᠦᠭᠡᠢ ᠰᠠᠶᠢᠵᠢᠷᠠᠭᠤᠯᠤᠨ᠎ᠠ᠃ ᠵᠦᠩ ᠲᠢᠶᠠᠨ ᠯᠢ ᠦᠨᠳᠦᠷ ᠴᠡᠪᠡᠷᠴᠡ ᠲᠠᠢ ᠠᠷᠰᠧᠨ ᠤ ᠲᠦᠷᠦᠯ ᠵᠦᠢᠯ ᠢ ᠡᠬᠢᠯᠡᠵᠦ | ᠦᠢᠯᠡᠥᠨᠪᠦᠷᠢᠯᠡᠬᠦ ᠶᠢ ᠪᠠᠲᠤᠯᠠᠬᠤ᠂ ᠳ᠋ᠠ ᠲᠠᠩ ᠤᠨ3 ᠲᠦᠮᠡᠨ ᠺᠢᠯᠤᠸᠠᠲ ᠭᠡᠷᠡᠯ ᠴᠠᠬᠢᠯᠠᠭᠠᠨ ᠤ ᠲᠦᠷᠦᠯ ᠵᠦᠢᠯ | ᠤᠨᠴᠠᠬᠢᠯᠭᠠᠨ ᠬᠠᠨᠭ᠍ᠭᠠᠬᠤ ᠶᠢ ᠪᠡᠶᠡᠯᠡᠭᠦᠯᠬᠦ᠂ ᠵᠢᠦ ᠳ᠋ᠢᠩ ᠪᠦᠯᠦᠭᠯᠡᠯ ᠤᠨ15 ᠲᠦᠮᠡᠨ ᠺᠢᠯᠤᠸ᠋ᠲ ᠰᠠᠯᠬᠢᠨ ᠡᠨᠧᠷᠭᠢ | ᠶᠢᠨ ᠴᠠᠬᠢᠯᠭᠠᠨ ᠭᠠᠷᠭᠠᠬᠤ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠡᠬᠢᠯᠡᠭᠦᠯᠵᠦ᠂ ᠭᠡᠷᠡᠯ ᠤᠨᠡᠨᠧᠷᠭᠢ | ᠶᠢ ᠬᠤᠪᠢᠷᠠᠭᠤᠯᠬᠤ ᠠᠵᠦ ᠦᠢᠯᠡᠰ ᠤᠨ ᠬᠡᠯᠬᠢᠶ᠎ᠡ ᠵᠢᠨᠪᠡᠯᠡ ᠤᠷᠤᠭᠤᠯᠤᠯᠲᠠ ᠶᠢ ᠲᠦᠯᠬᠢᠨ ᠠᠬᠢᠭᠤᠯᠬᠤ᠂ ᠡᠩ | ᠤᠨ ᠴᠠᠬᠢᠯᠭᠠᠨᠡᠨᠧᠷᠭᠢ ᠪᠠ ᠭᠡᠷᠡᠯ ᠤᠨᠡᠨᠧᠷᠭᠢ ᠶᠢᠨ ᠴᠠᠬᠢᠯᠭᠠᠨ ᠤ ᠬᠠᠷᠢᠯᠴᠠᠨᠨᠦ᠋ᠬᠦᠪᠦᠷᠢᠯᠡᠬᠦ ᠂ ᠲᠠᠷᠬᠠᠭᠰᠠᠨ | ᠬᠡᠯᠪᠡᠷᠢ ᠶᠢᠨ ᠭᠡᠷᠡᠯ ᠤᠨᠡᠨᠧᠷᠭᠢ ᠵᠡᠷᠭᠡ ᠶᠢᠨ ᠬᠦᠭᠵᠢᠯᠲᠡ ᠶᠢ ᠠᠬᠢᠭᠤᠯᠤᠨ᠎ᠠ᠃ ᠨᠠᠷᠢᠯᠢᠭᠵᠢᠭᠰᠠᠨ ᠬᠡᠯᠪᠡᠷᠢ ᠶᠢᠨ | ᠠᠵᠤ ᠠᠬᠤᠢ ᠶᠢᠨ ᠰᠦᠷᠦᠭᠵᠢᠯ ᠴᠤᠭᠴᠠ ᠶᠢ ᠪᠠᠶᠢᠭᠤᠯᠵᠦ᠂ ᠠᠵᠤ ᠠᠬᠤᠢ ᠶᠢᠨ ᠬᠠᠷᠢᠯᠴᠠᠨ ᠨᠤᠬᠦᠪᠦᠷᠢᠯᠡᠬᠦ | ᠴᠢᠳᠠᠪᠦᠷᠢ ᠶᠢ ᠳᠡᠭᠡᠭᠰᠢᠯᠡᠭᠦᠯᠦᠨ᠎ᠡ᠃ ᠣᠰᠤ ᠨᠡᠭᠦᠷᠡᠰᠦᠨ ᠤ ᠬᠠᠮᠲᠤᠷᠠᠭᠰᠠᠨ ᠲᠦᠷᠦᠯ ᠵᠦᠢᠯ ᠢ ᠲᠦᠰᠦᠪᠯᠡᠨ | ᠬᠡᠷᠡᠭᠵᠢᠭᠦᠯᠵᠦ᠂ ᠳ᠋ᠠᠯᠢᠶᠠᠨ ᠤ ᠲᠦᠬᠦᠭᠡᠷᠡᠮᠵᠢ ᠵᠢᠨᠪᠡᠯᠡ ᠤᠷᠤᠭᠤᠯᠤᠯᠲᠠ ᠶᠢᠨ ᠪᠦᠯᠦᠭᠯᠡᠯ ᠤᠨ ᠨᠢᠭᠡᠥᠨᠬᠡᠨ | ᠨᠡᠶᠢᠯᠡᠭᠦᠯᠬᠦ ᠶᠢ ᠠᠬᠢᠭᠤᠯᠵᠤ᠂ ᠬᠥᠩ ᠶᠤᠸᠠᠨ ᠲᠢᠶᠠᠨ ᠴᠧᠩ ᠡᠮ ᠡᠮᠨᠡᠯᠭᠡ ᠶᠢᠨ ᠳᠤᠮᠳᠠᠬᠢ ᠲᠦᠷᠦᠯ ᠵᠦᠢᠯ ᠤᠨ | ᠪᠦᠲᠦᠭᠡᠨ ᠪᠠᠶᠢᠭᠤᠯᠤᠯᠲᠠ ᠶᠢ ᠴᠢᠩᠭ᠎ᠠ ᠠᠥᠨᠬᠤᠵᠤ᠂ ᠤᠷᠭᠠᠨᠢᠭ ᠪᠤᠰᠤ ᠪᠤᠷᠳᠤᠭᠤᠷ ᠵᠡᠷᠭᠡ ᠤᠷᠴᠢᠯ ᠬᠡᠯᠪᠡᠷᠢ ᠶᠢᠨ | ᠲᠡᠭᠦᠯᠳᠡᠷᠵᠢᠭᠰᠡᠨᠲ᠋ᠦ᠋ᠷᠦᠯ ᠵᠦᠢᠯ ᠢᠤᠷᠤᠭᠤᠯᠤᠨᠠ᠃ ᠤᠷᠴᠢᠯ ᠠᠵᠤ ᠠᠬᠤᠢ ᠶᠢ ᠬᠦᠭᠵᠢᠭᠦᠯᠵᠦ᠂ ︽ᠭᠤᠷᠪᠠᠨ | ᠬᠠᠶᠠᠭᠳᠠᠮᠠᠯ︾ ᠶᠢᠨ ᠡᠬᠢ ᠰᠤᠷᠪᠤᠯᠵᠢ ᠪᠠ ᠠᠵᠤ ᠦᠢᠯᠡᠥᠨᠪᠦᠷᠢ ᠶᠢᠨ ᠳᠠᠭᠠᠯᠳᠠᠪᠦᠷᠢ ᠪᠦᠲᠦᠭᠡᠭᠳᠡᠭᠦᠨ ᠢ | ᠶᠡᠷᠦᠩᠬᠡᠶᠢᠯᠡᠨ ᠠᠰᠢᠭᠯᠠᠨ᠎ᠠ᠃ ᠹᠦ᠋ ᠴᠢᠶᠠᠩ ᠬᠤᠶᠠᠳᠤᠭᠠᠷ ᠬᠤᠭᠤᠴᠠᠭᠠᠨ ᠤ ᠬᠠᠶᠢᠯᠤᠰᠢ ᠶᠢᠨ ᠤᠲᠤᠭ᠎ᠠ ᠲᠤᠭᠤᠰᠤ ᠂ | ᠵᠦᠩ ᠨᠡᠩ ᠬᠦᠢ ᠲᠢᠶᠠᠨ ᠴᠡᠪᠡᠷ ᠰᠢᠲᠠᠭᠠᠯᠭ᠎ᠠ ᠶᠢᠨ ᠬᠡᠢ᠂ ᠰᠧᠨ ᠷᠦᠨ 7.5 ᠲᠤᠨ ᠳᠠᠬᠢᠨ ᠡᠭᠦᠰᠴᠦ | ᠪᠤᠯᠬᠤᠶᠢᠴᠠ ᠲᠤᠭᠤᠯᠭ᠎ᠠ ᠵᠢᠴᠢ ᠬᠠᠶᠠᠭᠳᠠᠮᠠᠯ ᠳ᠋ᠠᠶᠠᠨ ᡂᠢ ᠶᠢ ᠬᠤᠷᠢᠶᠠᠨ ᠠᠰᠢᠭᠯᠠᠬᠤ᠂ ᠬᠤᠤ ᠴᠧᠨ ᠴᠠᠶᠢᠷ ᠤᠨ | ᠬᠠᠶᠢᠯᠤᠰᠢ ᠪᠤᠯᠪᠠᠰᠤᠷᠠᠭᠤᠯᠬᠤ ᠪᠠ ᠵᠡᠰ ᠤᠨ ᠰᠢᠭᠠᠷᠤ ᠶᠢ ᠬᠤᠷᠢᠶᠠᠨ ᠠᠰᠢᠭᠯᠠᠬᠤ᠂ ᠸᠠᠨ ᠯᠥᠩ ᠤᠷᠴᠢᠨ | ᠲᠤᠭᠤᠷᠢᠨ ᠤ ᠬᠠᠮᠠᠭᠠᠯᠠᠯᠲᠠ ᠵᠡᠷᠭᠡ ᠲᠦᠷᠦᠯ ᠵᠦᠢᠯ ᠢ ᠡᠬᠢᠯᠡᠨ ᠪᠠᠶᠢᠭᠤᠯᠤᠨ᠎ᠠ᠃ ᠠᠵᠤ ᠦᠢᠯᠡᠥᠨᠪᠦᠷᠢ | ᠵᠢᠨᠬᠦ᠋ᠭᠵᠢᠯᠲᠡ ᠶᠢᠨ ᠴᠤᠭᠯᠠᠷᠠᠯ ᠤᠨ ᠲᠠᠪᠴᠠᠩ ᠢ ᠪᠠᠶᠢᠭᠤᠯᠤᠨ᠎ᠠ᠃ ᠠᠵᠤ ᠦᠢᠯᠡᠥᠨᠪᠦᠷᠢ ᠶᠢᠨ ᠲᠤᠭᠤᠷᠢᠭ | ᠤᠨᠲ᠋ᠦ᠋ᠷᠦᠯ ᠵᠦᠢᠯ ᠤᠨᠪᠠᠶᠢᠭᠤᠯᠤᠯᠲᠠ ᠪᠠᠷ ᠠᠴᠢᠶᠠᠯᠠᠭᠴᠢ ᠪᠤᠯᠭᠠᠨ᠂ ᠰᠢᠨ᠎ᠡ ᠬᠡᠯᠪᠡᠷᠢ ᠶᠢᠨ ᠠᠵᠦ ᠦᠢᠯᠡᠥᠨᠪᠦᠷᠢ | ᠶᠢᠨ ᠬᠦᠭᠵᠢᠯᠲᠡ ᠶᠢᠨ ᠴᠤᠭᠯᠠᠷᠠᠯ ᠤᠨᠬᠦ᠋ᠭᠵᠢᠯᠲᠡ᠂ ᠴᠤᠬᠯᠠᠷᠠᠯ ᠤᠨ ᠰᠦᠷᠦᠭᠵᠢᠯ ᠤᠨ ᠬᠦᠭᠵᠢᠯᠲᠡ᠂ ᠪᠤᠬᠢᠷᠳᠠᠯ | ᠦᠭᠡᠢ ᠬᠦᠭᠵᠢᠯᠲᠡ᠂ ᠯᠢᠨᠰᠢ ᠰᠢᠶᠠᠨ ᠤ ᠠᠵᠤ ᠦᠢᠯᠡᠥᠨᠪᠦᠷᠢ ᠶᠢᠨ ᠲᠤᠭᠤᠷᠢᠭ᠂ ᠳ᠋ᠦᠩ ᠲᠠᠢ ᠽᠢ | ᠠᠵᠤᠦᠢᠯᠡᠥᠨᠪᠦᠷᠢ ᠶᠢᠨ ᠲᠤᠭᠤᠷᠢᠭ ᠤᠨ ᠲᠦᠯᠦᠪᠵᠢᠭᠦᠯᠭᠡ ᠪᠠ ᠠᠵᠦ ᠦᠢᠯᠡᠥᠨᠪᠦᠷᠢ ᠶᠢᠨ ᠲᠦᠯᠦᠪᠵᠢᠭᠦᠯᠭᠡ ᠶᠢ | ᠨᠡᠶᠢᠯᠡᠭᠦᠯᠬᠦ ᠶᠢ ᠲᠦᠯᠬᠢᠨ ᠠᠬᠢᠭᠤᠯᠤᠨ᠎ᠠ᠃ ᠨᠡᠶᠢᠭᠡᠮ ᠤᠨ ᠡᠬᠢ ᠰᠤᠷᠪᠤᠯᠵᠢ᠂ ᠡᠳ᠋ ᠶᠢᠨ ᠵᠠᠰᠠᠭ ᠤᠨ | ᠤᠷᠤᠭᠤᠯᠤᠯᠲᠠ᠂ ᠲᠦᠷᠦᠯ ᠵᠦᠢᠯ ᠤᠨ ᠲᠤᠯᠭᠠᠭᠤᠷᠢ ᠵᠡᠷᠭᠡ ᠪᠠᠷ ᠳᠠᠮᠵᠢᠵᠤ᠂ ᠯᠢᠨᠰᠢ ᠠᠵᠤ ᠦᠢᠯᠡᠥᠨᠪᠦᠷᠢ ᠶᠢᠨ | ᠲᠤᠭᠤᠷᠢᠭ ᠤᠨᠪᠤᠬᠢᠷ ᠤᠰᠤ ᠶᠢ ᠴᠡᠪᠡᠷᠰᠢᠭᠦᠯᠬᠦ᠂ ᠤᠰᠤᠨ ᠬᠠᠨᠭ᠍ᠭᠠᠯᠭ᠎ᠠ᠂ ᠵᠠᠮ ᠤᠨ ᠲᠤᠤᠷᠵᠢᠯ᠂ | ᠭᠤᠶᠤᠯᠠᠭᠵᠢᠭᠤᠯᠬᠤ᠂ ᠨᠤᠭᠤᠷᠤᠭᠤᠯᠤᠯᠲᠠ᠂ ᠨᠢᠭᠡᠲᠦᠯᠳᠦᠲᠠᠢ ᠳᠤᠯᠠᠭᠠᠯᠭ᠎ᠠ᠂ ᠬᠡᠢ ᠬᠠᠨᠭ᠍ᠭᠠᠬᠤ ᠵᠡᠷᠭᠡ ᠰᠠᠭᠤᠷᠢ | ᠪᠦᠲᠦᠭᠡᠨ ᠪᠠᠶᠢᠭᠤᠯᠤᠯᠲᠠ ᠶᠢ ᠪᠦᠷᠢᠨᠰᠢᠭᠦᠯᠵᠦ᠂ ᠰᠢᠨ᠎ᠡ ᠪᠠᠷ4000 ᠮᠤ᠋ ᠶᠢᠨ ᠪᠡᠯᠡᠥᠨᠬᠡᠯ ᠭᠠᠵᠠᠷ ᠢ ᠪᠡᠯᠡᠥᠨᠬᠡᠵᠦ᠂ | ᠦᠪᠦᠷ ᠮᠤᠩᠭᠤᠯ ᠤᠨ ᠬᠡᠪᠴᠢᠶᠡᠨ ᠳᠠᠬᠢ ᠤᠷᠴᠢᠯ ᠬᠡᠯᠪᠡᠷᠢ ᠶᠢᠨ ᠠᠵᠤ ᠠᠬᠤᠢ ᠶᠢᠨ ᠲᠤᠭᠤᠷᠢᠭ ᠤᠨ ᠪᠦᠲᠦᠭᠡᠨ | ᠪᠠᠶᠢᠭᠤᠯᠤᠯᠲᠠᠳᠥ ᠢᠳᠡᠪᠬᠢᠯᠡᠨᠤᠷᠤᠯᠴᠠᠨᠠ᠃ ᠳ᠋ᠦᠩ ᠲᠠᠢ ᠽᠢ ᠲᠤᠭᠤᠷᠢᠭ ᠤᠨ ᠵᠠᠮᠲ᠋ᠤᠤᠷᠵᠢᠯ᠂ ᠤᠰᠤ ᠶᠢ | ᠭᠠᠳᠠᠭᠰᠢᠯᠠᠭᠤᠯᠬᠤ᠂ ᠴᠠᠬᠢᠯᠭᠠᠨ ᠬᠠᠨᠭ᠍ᠭᠠᠯᠭ᠎ᠠ ᠵᠡᠷᠭᠡ ᠰᠠᠭᠤᠷᠢ ᠪᠦᠲᠦᠭᠡᠨ ᠪᠠᠶᠢᠭᠤᠯᠤᠯᠲᠠ ᠶᠢ ᠡᠷᠴᠢᠮᠲᠠᠢ ᠪᠠᠷ | ᠲᠦᠯᠬᠢᠨ ᠠᠬᠢᠭᠤᠯᠤᠨ᠎ᠠ᠃ | ᠲᠠᠷᠢᠶᠠᠯᠠᠩ ᠮᠠᠯ ᠠᠵᠦ ᠠᠬᠤᠢ ᠶᠢᠨ ᠬᠦᠭᠵᠢᠯᠲᠡ ᠶᠢᠨ ᠠᠬᠢᠴᠠ ᠶᠢ ᠲᠦᠷᠭᠡᠥᠨᠬᠡᠨᠡ᠃ ᠲᠠᠷᠢᠶᠠᠯᠠᠩ | ᠮᠠᠯ ᠠᠵᠦ ᠠᠬᠤᠢ ᠶᠢᠨ ᠬᠠᠨᠭ᠍ᠭᠠᠯᠭ᠎ᠠ ᠬᠡᠷᠡᠭᠴᠡᠭᠡᠨ ᠤ ᠪᠦᠲᠦᠴᠡ ᠶᠢᠨ ᠦᠭᠡᠷᠡᠴᠢᠯᠡᠯᠲᠡᠵᠢ ᠭᠦᠨᠵᠡᠭᠡᠶᠢᠷᠡᠭᠦᠯᠵᠦ᠂ | ᠡᠭᠦᠯᠳᠡᠷ ᠢ ᠰᠢᠯᠳᠡᠭᠵᠢᠭᠦᠯᠬᠦ ᠪᠠ ᠲᠡᠵᠢᠭᠡᠪᠦᠷᠢ ᠵᠢᠨᠪᠦ᠋ᠲᠦᠴᠡᠵᠢᠲ᠋ᠤᠬᠢᠷᠠᠭᠤᠯᠬᠤ᠂ ᠬᠡᠪᠴᠢᠶᠡᠵᠢᠭᠰᠡᠨ ᠦᠢᠯᠡᠥᠨᠪᠦᠷᠢᠯᠡᠯ | ᠤᠨᠬᠢᠷᠢ ᠲᠦᠪᠰᠢᠨ ᠪᠠ ᠵᠠᠬ᠎ᠠ ᠳᠡᠯᠭᠡᠭᠦᠷᠵᠢᠭᠦᠯᠦᠯᠲᠡ ᠶᠢᠨ ᠠᠬᠢᠴᠠ ᠶᠢ ᠲᠠᠰᠤᠷᠤᠯᠲᠠ ᠦᠭᠡᠢ ᠲᠡᠭᠡᠭᠰᠢᠯᠡᠭᠦᠯᠵᠦ᠂ | ︽5531︾ ᠲᠦᠷᠦᠯ ᠵᠦᠢᠯ ᠶᠢᠨ ᠬᠠᠷᠠᠯᠲᠠ ᠪᠠ ᠴᠢᠭᠯᠡᠯ ᠢ ᠪᠡᠶᠡᠯᠡᠭᠦᠯᠵᠦ᠂ ᠲᠤᠰᠠᠯᠠᠨ ᠳᠡᠮᠵᠢᠬᠦ ᠲᠦᠷᠦ ᠶᠢᠨ | ᠪᠤᠳᠤᠯᠭ᠎ᠠ ᠪᠠ ᠲᠠᠷᠢᠶᠠᠯᠠᠩ ᠮᠠᠯ ᠠᠵᠦ ᠠᠬᠤᠢ ᠶᠢᠨ ᠠᠵᠦ ᠦᠢᠯᠡᠥᠨᠪᠦᠷᠢ ᠶᠢᠨ ᠰᠠᠭᠤᠷᠢ ᠮᠦᠡᠭᠭᠦ ᠶᠢ | ᠲᠤᠤᠱᠯᠠᠭᠤᠯᠤᠨ ᠬᠡᠷᠡᠭᠵᠢᠭᠦᠯᠦᠨ᠎ᠡ᠃ᠲᠠᠷᠢᠶᠠᠯᠠᠩ ᠮᠠᠯ ᠠᠵᠦ ᠠᠬᠤᠢ ᠶᠢᠨ ᠠᠵᠦ ᠠᠬᠤᠢ ᠶᠢᠨ ᠲᠤᠭᠤᠷᠢᠭ | ᠪᠠᠶᠢᠭᠤᠯᠬᠤ ᠪᠠᠷ ᠳᠠᠮᠵᠢᠵᠤ᠂ ᠳᠦᠬᠦᠭᠡᠷᠡᠮᠵᠢᠲᠦ ᠳᠠᠷᠢᠶᠠᠯᠠᠩ᠂ ᠬᠢᠲᠠᠥᠨ ᠡᠮ ᠤᠨ ᠪᠦᠲᠦᠭᠡᠭᠳᠡᠭᠦᠨ᠂ | ᠠᠯᠠᠰᠢᠨᠦᠬᠡᠷ᠂ ᠠᠯᠠᠰᠢᠨ ᠡᠯᠵᠢᠭᠡ ᠵᠡᠷᠭᠡ ᠠᠵᠦ ᠦᠢᠯᠡᠰ ᠢ ᠬᠡᠪᠴᠢᠶᠡᠵᠢᠭᠦᠯᠦᠨ᠎ᠡ᠃ᠳᠦᠬᠦᠭᠡᠷᠡᠮᠵᠢᠲᠦᠲ᠋ᠠᠷᠢᠶᠠᠯᠠᠩ | ᠢ1.8 ᠲᠦᠮᠡᠨᠮᠤ ᠠᠴᠠ ᠳᠡᠭᠡᠭᠰᠢ᠂ ᠰᠢᠯᠢᠳᠡᠭ ᠳᠡᠵᠢᠭᠡᠯ ᠪᠤᠷᠳᠤᠭ᠎ᠠ ᠶᠢ2 ᠲᠦᠮᠡᠨ ᠮᠤ᠋ ᠠᠴᠠ ᠳᠡᠭᠡᠭᠰᠢ᠂ ᠬᠢᠲᠠᠥᠨ | ᠡᠮ ᠤᠨ ᠮᠠᠲ᠋ᠧᠷᠢᠶᠠᠯ ᠢ 2 ᠲᠦᠮᠡᠨ ᠮᠤ᠋ ᠠᠴᠠ ᠳᠡᠭᠡᠭᠰᠢ᠂ ᠠᠵᠤ ᠠᠬᠤᠢ ᠶᠢᠨ ᠤᠢ ᠰᠢᠭᠤᠢ ᠶᠢ1.2 ᠲᠦᠮᠡᠨ ᠮᠤ᠋ | ᠠᠴᠠ ᠳᠡᠭᠡᠭᠰᠢ᠂ ᠤᠨᠠᠯᠲᠠ᠂ ᠦᠷ᠎ᠡ ᠠᠰᠢᠭ ᠪᠠᠷ ᠳᠤᠤᠷ᠎ᠠ ᠤᠢ ᠰᠢᠭᠤᠢ ᠶᠢ3 ᠲᠦᠮᠡᠨ ᠮᠤ᠋ ᠦᠭᠡᠷᠡᠴᠢᠯᠡᠨ | ᠰᠠᠶᠢᠵᠢᠷᠠᠭᠤᠯᠤᠨ᠎ᠠ︔ ᠮᠢᠬᠠᠨ ᠦᠬᠡᠷ᠂ ᠮᠢᠬᠠᠨ ᠡᠯᠵᠢᠭᠡ ᠲᠡᠵᠢᠭᠡᠵᠦ ᠪᠠᠶᠢᠭ᠎ᠠ ᠲᠤᠭ᠎ᠠ ᠲᠤᠯᠤᠭᠠᠢ ᠶᠢ ᠲᠤᠰ | ᠪᠦᠷᠢ15 ᠲᠦᠮᠡ ᠪᠠ 3 ᠲᠦᠮᠡ ᠳᠤ ᠬᠦᠷᠭᠡᠵᠦ᠂ ᠭᠡᠷ ᠤᠨ ᠲᠡᠵᠢᠭᠡᠪᠦᠷᠢ ᠶᠢᠨ ᠲᠤᠭ᠎ᠠ ᠶᠢ300 ᠲᠦᠮᠡ ᠶᠢ | ᠲᠠᠪᠠᠭᠤᠯᠤᠨ᠎ᠠ᠃ ᠲᠤᠯᠤᠭᠠᠶᠢᠯᠠᠭᠴᠢ ᠠᠵᠦ ᠠᠬᠤᠶᠢᠯᠠᠯ ᠨᠢ ᠳᠠᠭᠠᠭᠤᠯᠤᠭᠴᠢ ᠵᠢᠨᠦᠢᠯᠡᠳᠦᠯ ᠢᠶᠠᠨ ᠦᠵᠡᠭᠦᠯᠵᠦ | ᠳᠠᠷᠢᠶᠠᠯᠠᠩ ᠮᠠᠯ ᠠᠵᠤ ᠠᠬᠤᠢ ᠶᠢᠨ ᠬᠦᠭᠵᠢᠯᠲᠡ ᠪᠠ ᠳᠡᠰ ᠳᠡᠪᠰᠢᠯᠲᠡ ᠳᠤ ᠳᠦᠭᠦᠮ ᠦᠵᠡᠭᠦᠯᠵᠦ᠂ ᠠᠵᠤ | ᠦᠢᠯᠡᠥᠨᠪᠦᠷᠢ ᠶᠢᠨ ᠵᠠᠷᠴᠢᠮ ᠢᠶᠠᠷ ᠳᠠᠷᠢᠶᠠᠯᠠᠩ ᠮᠠᠯ ᠠᠵᠤ ᠠᠬᠤᠢ ᠶᠢᠨ ᠬᠦᠭᠵᠢᠯᠲᠡ ᠶᠢᠨ ᠵᠠᠷᠴᠢᠮ ᠢᠨᠦ᠋ᠯᠦᠭᠡᠯᠡᠵᠦ᠂ | ᠤᠳᠤᠬᠢᠴᠢᠯᠠᠭᠰᠠᠨ ᠳᠠᠷᠢᠶᠠᠯᠠᠩ ᠮᠠᠯ ᠠᠵᠤ ᠠᠬᠤᠢ ᠶᠢᠨ ᠤᠳᠤᠬᠢᠴᠢᠯᠠᠯᠲᠠ ᠶᠢᠨ ᠠᠯᠬᠤᠮ ᠶᠢ ᠲᠦᠷᠭᠡᠥᠨᠬᠡᠬᠦ ᠶᠢ | ᠠᠬᠢᠭᠤᠯᠵᠤ᠂ ᠪᠤᠳᠠᠲᠤ ᠬᠦᠴᠦᠨ ᠪᠠᠷ ᠴᠢᠩᠭ᠎ᠠ᠂ ᠨᠡᠷᠡᠲᠦ ᠳᠡᠮᠳᠡᠭ ᠲᠠᠢ᠂ ᠵᠠᠬ᠎ᠠ ᠳᠡᠯᠭᠡᠭᠦᠷ ᠲᠠᠢ ᠠᠵᠦ ᠠᠬᠤᠶᠢᠯᠠᠯ | ᠢ ᠲᠠᠲᠠᠨ ᠤᠷᠤᠭᠤᠯᠤᠨ᠎ᠠ᠃ ᠵᠸᠡᠭ ᠪᠠᠨᠭ᠌ ᠪᠦᠯᠦᠭᠯᠡᠯ ᠤᠨ200 ᠲᠦᠮᠡᠨ ᠲᠤᠯᠤᠭᠠᠢ ᠭᠠᠭ᠋ᠠᠢ ᠲᠡᠵᠢᠭᠡᠬᠦ ᠲᠦᠷᠦᠯ | ᠵᠦᠢᠯ᠂ ᠳ᠋ᠧ ᠴᠢᠩ ᠶᠤᠸᠠᠨ240 ᠲᠦᠮᠡᠨ ᠡᠮ᠎ᠡ ᠳᠠᠬᠢᠶ᠎ᠠ ᠲᠡᠵᠢᠭᠡᠬᠦ ᠲᠦᠷᠦᠯ ᠵᠦᠢᠯ᠂ ᠯᠢᠩ ᡁᠢ ᠬᠤᠪᠢᠴᠠᠭᠠᠲᠤ | ᠪᠠ ᠶᠥᠩ ᠹᠸᠡᠭ ᠦᠷ᠎ᠡ ᠲᠦᠮᠦᠰᠦᠨ ᠤ ᠦᠷᠭᠡᠥᠨᠬᠡᠵᠦ ᠪᠤᠶᠢᠵᠢᠭᠤᠯᠬᠤ ᠵᠡᠷᠭᠡ ᠲᠦᠷᠦᠯ ᠵᠦᠢᠯ ᠢ ᠡᠬᠢᠯᠡᠨ | ᠪᠠᠶᠢᠭᠤᠯᠤᠨ᠎ᠠ ᠃ ᠰᠢᠨ᠎ᠡ ᠬᠡᠯᠪᠡᠷᠢ ᠶᠢᠨ ᠡᠵᠡᠭᠨᠡᠬᠦ ᠭᠤᠤᠯ ᠴᠤᠭᠴᠠ ᠶᠢ ᠬᠠᠪᠰᠤᠷᠠᠨ ᠳᠡᠮᠵᠢᠬᠦ ᠨᠢ ᠨᠠᠷᠢᠨ | ᠤᠨᠤᠪᠴᠢᠲᠠᠢ ᠶᠠᠳᠠᠭᠤ ᠶᠢ ᠲᠡᠥᠨᠬᠦᠬᠦ ᠲᠠᠢ ᠨᠢᠭᠲᠠ ᠬᠤᠯᠪᠤᠭ᠎ᠠ ᠲᠠᠢ ᠪᠠᠶᠢᠬᠤ ᠪᠤᠯᠭᠠᠵᠦ᠂ ︽ᠲᠤᠯᠤᠭᠠᠶᠢᠯᠠᠭᠴᠢ | ᠠᠵᠤ ᠠᠬᠤᠶᠢᠯᠠᠯ+ ᠬᠤᠷᠰᠢᠶᠠᠵᠢᠯ+ ᠰᠠᠭᠤᠷᠢᠨ ᠭᠠᠵᠠᠷ+ ᠲᠠᠷᠢᠶᠠᠴᠢᠨ ᠡᠷᠦᠬᠡ ︵ᠶᠠᠳᠠᠭᠤ ᠬᠦᠴᠢᠷᠳᠠᠯᠲᠠᠢ | ᠡᠷᠦᠬᠡ︶︾ ᠶᠢᠨ ᠡᠵᠡᠩᠨᠡᠬᠦ ᠬᠡᠯᠪᠡᠷᠢ ᠶᠢ ᠬᠡᠷᠡᠭᠵᠢᠭᠦᠯᠵᠦ᠂ᠲᠤᠯᠤᠭᠠᠶᠢᠯᠠᠭᠴᠢ ᠠᠵᠤ ᠠᠬᠤᠶᠢᠯᠠᠯ᠂ ᠬᠤᠷᠰᠢᠶᠠᠵᠢᠯ | ᠬᠤᠶᠠᠷ ᠪᠠ ᠲᠠᠷᠢᠶᠠᠴᠢᠨ ᠡᠷᠦᠬᠡ ᠵᠢᠨᠠᠰᠢᠭ ᠲᠤᠰᠠ ᠬᠠᠷᠢᠯᠴᠠᠨ ᠬᠤᠯᠪᠤᠯᠳᠤᠬᠤ ᠲᠤᠭᠲᠠᠴᠠ ᠶᠢ ᠪᠤᠢ ᠪᠤᠯᠭᠠᠵᠦ᠂ | ᠭᠠᠵᠠᠷ ᠰᠢᠷᠦᠢ ᠶᠢᠨ ᠰᠢᠯᠵᠢᠭᠦᠯᠦᠯᠲᠡ ᠶᠢ63.6 ᠲᠦᠮᠡᠨ ᠮᠤ᠋ ᠳᠤ ᠬᠦᠷᠭᠡᠵᠦ᠂ ᠲᠠᠷᠢᠶᠠᠯᠠᠩ ᠮᠠᠯ ᠠᠵᠦ ᠠᠬᠤᠢ ᠶᠢᠨ | ᠪᠦᠲᠦᠭᠡᠭᠳᠡᠭᠦᠨ ᠤ ᠲᠤᠬᠠᠢ ᠶᠢᠨ ᠭᠠᠵᠠᠷ ᠲᠤ ᠪᠤᠯᠪᠠᠰᠤᠷᠠᠭᠤᠯᠬᠤ ᠨᠤᠷᠮ᠎ᠠ ᠶᠢ46% ᠬᠦᠷᠭᠡᠨ᠎ᠡ᠃ ᠬᠤᠲᠠ | ᠪᠠᠯᠭᠠᠰᠤᠨ ᠤ ᠤᠷᠴᠢᠨ ᠲᠤᠭᠤᠷᠢᠨ ᠳᠤ ᠨᠢᠭᠡ ᠪᠦᠯᠦᠭ ᠰᠡᠯᠡᠭᠦᠴᠡᠯ᠂ ᠲᠡᠭᠦᠵᠦ ᠬᠤᠷᠢᠶᠠᠬᠤ᠂ ᠲᠠᠷᠢᠶᠠᠯᠠᠩ | ᠦᠢᠯᠡᠰ ᠢ ᠲᠤᠭᠤᠷᠢᠨ ᠦᠵᠡᠬᠦ᠂ ᠲᠠᠷᠢᠶᠠᠯᠠᠩ ᠤᠨ ᠦᠢᠯᠡᠥᠨᠬᠦᠨ ᠪᠠ ᠬᠡᠲᠦ ᠳᠡᠯᠭᠡᠭᠦᠷ ᠶᠢᠨ ᠵᠤᠯᠭᠠᠯᠲᠠ᠂ | ᠡᠯᠧᠺᠲᠷᠤᠨ ᠬᠤᠳᠠᠯᠳᠤᠭ᠎ᠠ ᠵᠡᠷᠭᠡ ᠤᠳᠤᠬᠢᠴᠢᠯᠠᠭᠰᠠᠨ ᠡᠵᠡᠩᠨᠡᠬᠦ ᠬᠡᠯᠪᠡᠷᠢ ᠶᠢ ᠬᠦᠭᠵᠢᠭᠦᠯᠵᠦ᠂ ᠲᠠᠷᠢᠶᠠᠯᠠᠩ ᠮᠠᠯ | ᠠᠵᠦ ᠠᠬᠤᠢ ᠶᠢᠨ ᠪᠦᠲᠦᠭᠡᠭᠳᠡᠭᠦᠨ ᠤ ᠪᠤᠷᠤᠯᠠᠭᠤᠯᠭ᠎ᠠ ᠶᠢᠨ ᠠᠷᠭ᠎ᠠ ᠵᠠᠮ ᠢᠦᠷᠭᠡᠥᠨᠬᠡᠨᠡ᠃ | ᠤᠳᠤᠬᠢᠴᠢᠯᠠᠭᠰᠠᠨ ᠦᠢᠯᠡᠴᠢᠯᠡᠬᠦ ᠦᠢᠯᠡᠰ ᠶᠢ ᠬᠦᠴᠦᠯᠡᠨ ᠬᠦᠭᠵᠢᠭᠦᠯᠦᠨ᠎ᠡ᠃ ᠵᠠᠬ᠎ᠠ ᠳᠡᠯᠭᠡᠭᠦᠷ ᠢ ᠶᠡᠭᠡ | ᠪᠠᠷ ᠬᠢᠬᠦ᠂ ᠶᠡᠭᠡ ᠪᠠᠷᠠᠭᠠᠨ ᠭᠦᠢᠯᠡᠭᠡᠭᠡᠨ ᠤ ᠭᠠᠵᠠᠷ ᠪᠤᠯᠭᠠᠬᠤ᠂ ᠨᠢᠭᠡᠲᠦᠭᠦᠯᠵᠦ ᠨᠡᠶᠢᠯᠡᠭᠦᠯᠦᠨ ᠬᠡᠪᠴᠢᠶᠡᠵᠢᠯ ᠲᠠᠢ | ᠪᠤᠯᠭᠠᠬᠤ ᠶᠢ ᠪᠠᠷᠢᠮᠲᠠᠯᠠᠨ᠎ᠠ᠃ ᠠᠷᠠᠯᠵᠢᠶ᠎ᠠ ᠬᠤᠳᠠᠯᠳᠤᠭᠠᠨ ᠤ ᠭᠦᠢᠯᠭᠡᠭᠡᠨ ᠤ ᠲᠤᠭᠤᠷᠢᠭ ᠤᠨ ᠵᠠᠮ ᠱᠤᠭᠤᠮ ᠂ | ᠤᠰᠤ ᠬᠠᠨᠭ᠍ᠭᠠᠬᠤ ᠪᠠ ᠭᠠᠳᠠᠭᠰᠢᠯᠠᠭᠤᠯᠬᠤ ᠵᠡᠷᠭᠡ ᠰᠠᠭᠤᠷᠢ ᠲᠦᠬᠦᠭᠡᠷᠦᠮᠵᠢ ᠶᠢ ᠪᠦᠷᠢᠨᠰᠢᠭᠦᠯᠵᠦ᠂ ᠲᠤᠭᠤᠷᠢᠭ ᠤᠨ | ᠡᠯ᠎ᠡ ᠲᠦᠷᠦᠯ ᠤᠨ ᠦᠢᠯᠡᠴᠢᠯᠡᠬᠦ ᠴᠢᠳᠠᠮᠵᠢ ᠶᠢ ᠦᠷᠭᠡᠥᠨᠬᠡᠨᠡ᠃ ᠬᠦᠯᠳᠡᠭᠡᠬᠦ ᠬᠦᠮᠦᠷᠭᠡ ᠲᠠᠢ ᠬᠤᠯᠪᠤᠯᠳᠠᠭᠰᠠᠨ | ᠪᠠᠷᠠᠭᠠᠨ ᠤ ᠭᠦᠢᠯᠭᠡᠭᠡ᠂ ᠡᠯᠧᠺᠲᠷᠤᠨ ᠬᠤᠳᠠᠯᠳᠤᠭᠠᠨᠣ ᠭᠦᠢᠯᠭᠡᠭᠡᠨ ᠤ ᠲᠤᠭᠤᠷᠢᠭ᠂ ᠭᠤᠷᠪᠠᠳᠤᠭᠠᠷ ᠲᠠᠯ᠎ᠠ ᠶᠢᠨ | ᠭᠦᠢᠯᠭᠡᠭᠡᠨ ᠤ ᠲᠤᠭᠤᠷᠢᠭ ᠵᠡᠷᠭᠡ ᠰᠢᠨ᠎ᠡ ᠬᠡᠯᠪᠡᠷᠢ ᠶᠢᠨ ᠠᠵᠤ ᠠᠬᠤᠢ ᠶᠢ ᠲᠠᠳᠠᠨ ᠤᠷᠤᠭᠤᠯᠬᠤ᠂ ᠵᠦᠩ ᠬᠠᠢ | ᠲᠤᠰᠤ ᠶᠢᠨ ᠤᠳᠤᠬᠢᠴᠢᠯᠠᠭᠰᠠᠨ ᠦᠢᠯᠡᠴᠢᠯᠡᠭᠡᠨ ᠤ ᠲᠤᠭᠤᠷᠢᠭ ᠂ ᠰᠢᠨ ᠬᠠᠢ ᠠᠵᠦ ᠠᠬᠤᠢ ᠠᠷᠢᠯᠵᠢᠶᠠᠨ ᠤ | ᠦᠢᠯᠡᠥᠨᠬᠦᠨ ᠤ ᠬᠦᠮᠦᠷᠭᠡ ᠵᠡᠷᠭᠡ ᠳᠦᠷᠦᠯ ᠵᠦᠢᠯ ᠢ ᠬᠡᠷᠡᠭᠵᠢᠭᠦᠯᠬᠦ᠂ ᠵᠧᠩ ᠪᠠᠨᠭ᠌ ᠪᠦᠯᠦᠭᠯᠡᠯ᠂ ᠯᠢᠩ ᡁᠢ ᠪᠦᠯᠦᠭᠯᠡᠯ | ᠂ ᠶᠥᠩ ᠹᠠᠨᠭ᠌ ᠦᠷ᠎ᠡ ᠶᠢᠨ ᠦᠢᠯᠡᠰ ᠵᠡᠷᠭᠡ ᠶᠢᠨ ᠢᠵᠢ ᠪᠦᠷᠢᠳᠦᠭᠦᠯᠦᠭᠰᠡᠨ ᠭᠦᠢᠯᠭᠡᠭᠡᠨ ᠤ ᠪᠦᠲᠦᠭᠡᠭᠳᠡᠭᠦᠨ ᠤ | ᠲᠦᠷᠦᠯ ᠵᠦᠢᠯ ᠵᠡᠷᠭᠡ ᠶᠢ ᠡᠬᠢᠯᠡᠬᠦᠯᠬᠦ᠂ ᠭᠦᠢᠯᠭᠡᠭᠡᠨ ᠤ ᠦᠢᠯᠡᠰ ᠪᠠ ᠭᠤᠷᠪᠠᠳᠠᠬᠢ ᠠᠵᠦ ᠦᠢᠯᠡᠰ ᠤᠨ | ᠠᠭᠤᠰᠤᠯᠴᠠᠨ ᠬᠦᠭᠵᠢᠬᠦ ᠶᠢ ᠠᠬᠢᠭᠤᠯᠤᠨ᠎ᠠ᠃ ᠳᠠᠬᠢᠨ ᠡᠭᠦᠰᠴᠦ ᠪᠤᠯᠬᠤᠶᠢᠴᠠ ᠡᠬᠢ ᠰᠤᠷᠪᠤᠯᠵᠢ ᠶᠢᠨ ᠦᠢᠯᠡᠥᠨᠬᠦᠨ | ᠤ ᠲᠤᠭᠤᠷᠢᠭ ᠤᠨ ᠪᠦᠲᠦᠭᠡᠨ ᠪᠠᠶᠢᠭᠤᠯᠤᠯᠲᠠ ᠶᠢ ᠲᠦᠷᠭᠡᠥᠨᠬᠡᠵᠦ᠂ ᠪᠦᠬᠦ ᠰᠢᠶᠠᠨ ᠤ80% ᠶᠢᠨ ᠬᠠᠶᠠᠭᠳᠠᠮᠠᠯ ᠢ | ᠬᠤᠷᠢᠶᠠᠨ ᠠᠪᠬᠤ ᠡᠷᠦᠬᠡ ᠶᠢ ᠲᠤᠭᠤᠷᠢᠭ ᠤᠨ ᠨᠢᠭᠡᠲᠦᠯᠲᠠᠢ ᠬᠠᠮᠢᠶᠠᠷᠦᠯᠲᠠ ᠳᠤ ᠤᠷᠤᠭᠤᠯᠤᠨ᠎ᠠ᠃ ᠳᠦᠭᠦᠮ | ᠢᠳᠡᠭᠡᠨ ᠪᠤᠯᠪᠠᠰᠤᠷᠠᠭᠤᠯᠤᠯᠲᠠ ᠶᠢᠨ ᠲᠤᠭᠤᠷᠢᠭ ᠤᠨᠨᠢᠭᠡᠳᠦᠭᠡᠷ ᠬᠤᠭᠤᠴᠠᠭᠠᠨ ᠤ ᠪᠦᠲᠦᠭᠡᠨᠪᠠᠶᠢᠭᠤᠯᠤᠯᠲᠠ ᠶᠢ | ᠳᠠᠭᠤᠰᠬᠠᠵᠦ᠂ ᠤᠷᠤᠨ ᠨᠤᠲᠤᠭ ᠤᠨᠤᠨᠴᠠᠯᠢᠭ ᠪᠦᠬᠦᠢ ᠠᠮᠤᠷ ᠲᠦᠪᠰᠢᠨ ᠢᠳᠡᠭᠡᠨ ᠤ ᠨᠡᠷᠡᠲᠦ ᠳᠡᠮᠳᠡᠭ ᠢ | ᠡᠭᠦᠥᠨᠴᠦ᠂ ᠤᠯᠤᠰ ᠤᠨ ᠢᠳᠡᠭᠡᠨ ᠤ ᠠᠮᠤᠷ ᠲᠦᠪᠰᠢᠨ ᠤ ᠵᠢᠱᠢᠶᠡᠴᠢ ᠬᠤᠲᠠ ᠶᠢ ᠪᠠᠶᠢᠭᠤᠯᠬᠤ ᠪᠠᠷ ᠴᠢᠷᠮᠠᠶᠢᠨ᠎ᠠ᠃ | ᠡᠯᠧᠺᠲᠷᠤᠨᠬᠤᠳᠠᠯᠳᠤᠭᠠᠨ ᠤ ᠤᠯᠠᠨ ᠨᠡᠶᠢᠲᠡ ᠶᠢᠨ ᠦᠢᠯᠴᠢᠯᠡᠭᠡᠨ ᠤ ᠲᠠᠪᠴᠠᠩ ᠢ ᠪᠠᠶᠢᠭᠤᠯᠬᠤ ᠠᠬᠢᠴᠠ ᠪᠠᠨ | ᠲᠦᠷᠭᠡᠥᠨᠬᠡᠵᠦ᠂ ᠡᠯᠧᠺᠲᠷᠤᠨ ᠬᠤᠳᠠᠯᠳᠤᠭᠠᠨᠣ ᠠᠵᠦ ᠠᠬᠤᠶᠢᠯᠠᠯ ᠢ ᠬᠡᠪᠴᠢᠶᠡᠵᠢᠭᠦᠯᠬᠦ᠂ ᠤᠨᠴᠠᠯᠭᠠᠲᠤ ᠬᠡᠯᠪᠡᠷᠢ | ᠶᠢᠨ ᠬᠦᠭᠵᠢᠯᠲᠡ ᠶᠢ ᠳᠡᠮᠵᠢᠬᠦ᠂ ᠦᠨᠳᠦᠰᠦᠨ ᠱᠠᠲᠤᠨ ᠤ ᠦᠢᠯᠡᠴᠢᠯᠡᠬᠦ ᠴᠢᠭ ᠤᠨ ᠪᠦᠷᠬᠦᠴᠡ ᠶᠢ80% | ᠳᠡᠭᠡᠭᠰᠢᠬᠢ ᠵᠠᠰᠠᠭ ᠵᠠᠬᠢᠷᠭᠠᠨ ᠤ ᠲᠤᠰᠬᠤᠨ ᠳᠤ ᠬᠦᠷᠭᠡᠵᠦ᠂ ᠭᠦᠢᠯᠭᠡᠭᠡᠨ ᠤ ᠬᠦᠷᠭᠡᠯᠲᠡ ᠶᠢ48 ᠴᠠᠭ ᠤᠨ | ᠳᠤᠲᠤᠷ᠎ᠠ ᠡᠷᠦᠬᠡ ᠳᠤ ᠬᠦᠷᠭᠡᠬᠦ ᠶᠢ ᠪᠡᠶᠡᠯᠡᠭᠦᠯᠦᠨ᠎ᠡ᠃ ᠳ᠋ᠠ ᠮᠦᠤ ᠴᠠᠩ ᠤᠨ ᠮᠢᠬᠠᠨ ᠦᠢᠯᠡᠰ ᠤᠨ ᠬᠦᠭᠵᠢᠯᠲᠡ | ᠶᠢᠨ ᠬᠡᠯᠬᠢᠶ᠎ᠡ ᠶᠢᠨ ᠳᠦᠷᠦᠯ ᠵᠦᠢᠯ ᠳᠤ ᠲᠦᠰᠢᠭᠯᠡᠵᠦ᠂ ᠤᠮᠠᠷᠠᠲᠤ ᠶᠢᠨ ᠠᠮᠢᠳᠦ ᠮᠠᠯ ᠤᠨ ᠰᠤᠯᠢᠯᠴᠠᠭᠠᠨ ᠤ ᠵᠠᠬ᠎ᠠ | ᠳᠡᠯᠭᠡᠭᠦᠷ ᠶᠢᠨ ᠰᠢᠯᠢᠳᠡᠭ ᠡᠬᠢ ᠰᠤᠷᠪᠤᠯᠵᠢ ᠶᠢ ᠭᠦᠢᠴᠡᠥᠨ ᠨᠡᠭᠡᠭᠡᠨ ᠠᠰᠢᠭᠯᠠᠵᠦ᠂ ᠤᠨᠴᠠᠭᠠᠢ ᠭᠠᠵᠠᠷ ᠤᠷᠤᠨ ᠤ | ᠮᠠᠯ ᠤᠨ ᠵᠠᠬ᠎ᠠ ᠳᠡᠯᠭᠡᠭᠦᠷ ᠤᠨ ᠰᠤᠯᠢᠯᠴᠠᠭᠠᠨ ᠤ ᠲᠦᠪ ᠶᠢ ᠪᠠᠶᠢᠭᠤᠯᠤᠨ᠎ᠠ᠃ ᠬᠤᠪᠢᠰᠬᠠᠯ ᠤᠨ ᠰᠤᠶᠤᠯ᠂ | ᠨᠡᠭᠦᠳᠡᠯᠡᠨ ᠢᠷᠡᠭᠰᠡᠥᠨ ᠤᠨᠰᠤᠶᠤᠯ᠂ ᠤᠮᠠᠷᠠᠲᠤ ᠶᠢᠨ ᠵᠡᠰ ᠬᠦᠷᠡᠯ ᠤᠨ ᠰᠤᠶᠤᠯ ᠶᠢ ᠭᠦᠨᠵᠡᠭᠡᠢ ᠢᠯᠡᠷᠡᠭᠦᠯᠵᠦ᠂ | ᠳ᠋ᠦᠩ ᠲᠠᠢ ᠽᠢ ᠶᠢᠨ ᠤᠰᠤᠨ ᠤ ᠬᠦᠪᠡᠭᠡ ᠳᠠᠭᠠᠭᠤ ᠵᠢᠭᠤᠯᠴᠢᠯᠠᠯ ᠂ ᠵᠡᠭᠦᠨ ᠠᠭᠤᠯᠠᠨ ᠤ ᠠᠮᠢ ᠠᠬᠤᠢ ᠪᠠᠷ | ᠶᠠᠳᠠᠭᠤ ᠶᠢ ᠲᠡᠥᠨᠬᠦᠬᠦ ᠤᠷᠤᠨ᠂ ᠦᠪᠦᠷᠮᠤᠩᠭᠤᠯ ᠤᠨ ᠵᠡᠷᠯᠢᠭ ᠵᠢᠮᠢᠰ ᠤᠨ ᠠᠮᠢ ᠠᠬᠤᠢ ᠶᠢᠨ ᠵᠤᠭᠠᠴᠠᠯ ᠤᠨ | ᠵᠢᠱᠢᠶᠡᠴᠢ ᠲᠤᠭᠤᠷᠢᠭ ᠵᠡᠷᠭᠡ ᠭᠤᠤᠯᠳᠠᠯᠭ᠎ᠠ ᠲᠠᠢ ᠵᠤᠭᠠᠴᠠᠯ ᠤᠨᠤᠷᠤᠨ ᠢ ᠪᠠᠶᠢᠭᠤᠯᠤᠨ᠎ᠠ᠃ ᠰᠠᠨᠠᠭᠠᠴᠢᠯᠭ᠎ᠠ ᠲᠠᠢ ᠪᠠᠷ | ᠠᠭᠤᠰᠤᠯᠴᠠᠨ ᠵᠠᠯᠭᠠᠯᠳᠤᠬᠤ᠂ ᠪᠠᠶᠢᠷᠢ ᠰᠤᠯᠢᠵᠦ ᠬᠦᠭᠵᠢᠬᠦ᠂ ︽ᠢᠳᠡᠬᠦ᠂ ᠬᠤᠨᠤᠬᠤ᠂ ᠬᠤᠳᠠᠯᠳᠤᠨ ᠠᠪᠬᠤ᠂ | ᠨᠠᠭᠠᠥᠨᠬᠤ︾ ᠵᠡᠷᠭᠡ ᠶᠢᠨ ᠲᠤᠭᠤᠷᠢᠨ ᠳᠤ ᠵᠢᠭᠤᠯᠴᠢᠯᠠᠯ ᠢ ᠭᠤᠤᠯ ᠬᠡᠯᠬᠢᠶ᠎ᠡ ᠪᠤᠯᠭᠠᠵᠤ᠂ ᠤᠳᠤᠨ ᠳᠡᠰ ᠤᠨ | ᠪᠠᠭᠤᠳᠠᠯ ᠪᠠᠶᠢᠭᠤᠯᠬᠤ ᠶᠢ ᠭᠤᠤᠯᠴᠢᠯᠠᠨ᠂ ᠳᠡᠭᠡᠳᠦ᠂ ᠳᠤᠮᠳᠠ᠂ ᠳᠤᠤᠷ᠎ᠠ ᠭᠤᠷᠪᠠᠨ ᠳᠡᠰ ᠤᠨ ᠬᠠᠷᠠᠭᠠᠯᠵᠠᠭᠰᠠᠨ | ᠵᠠᠭᠤᠯᠴᠢᠯᠠᠯ ᠤᠨ ᠦᠢᠯᠡᠴᠢᠯᠡᠭᠡ ᠬᠠᠨᠭ᠍ᠭᠠᠵᠦ᠂ ᠵᠢᠭᠤᠯᠴᠢᠯᠠᠯ ᠤᠨ ᠵᠠᠮ ᠱᠤᠭᠤᠮ ᠂ ᠬᠤᠳᠠᠯᠳᠤᠭᠠᠨ ᠤ ᠲᠤᠭᠤᠷᠢᠭ | ᠪᠠ ᠵᠢᠭᠤᠯᠴᠢᠯᠠᠯ ᠤᠨ ᠴᠢᠮᠡᠭᠡ ᠵᠠᠩᠭᠢ ᠶᠢᠨ ᠲᠠᠪᠴᠠᠩ ᠤᠨ ᠬᠢᠷᠢ ᠲᠦᠪᠰᠢᠨ ᠤ ᠪᠠᠶᠢᠭᠤᠯᠤᠯᠲᠠᠵᠢ ᠰᠠᠶᠢᠵᠢᠷᠠᠭᠤᠯᠬᠤ᠂ | ᠵᠢᠭᠤᠯᠴᠢᠯᠠᠯ ᠤᠨ ᠦᠢᠯᠡᠴᠢᠯᠡᠬᠦ ᠤᠷᠴᠢᠨ ᠢ ᠰᠢᠯᠳᠡᠭᠵᠢᠭᠦᠯᠬᠦ᠂ ᠤᠯᠭᠠᠨᠬᠠᠳᠠ ᠶᠢᠨ ᠬᠤᠶᠢᠲᠦ ᠬᠡᠰᠡᠭ ᠪᠠ ᠰᠢᠯᠢᠨ | ᠭᠤᠤᠯ ᠤᠨ ᠡᠮᠦᠨᠡᠲᠦ ᠬᠡᠰᠡᠭ ᠤᠨ ᠵᠢᠭᠤᠯᠴᠢᠯᠠᠯ ᠤᠨ ᠲᠤᠭᠤᠷᠢᠭ ᠲᠠᠢ ᠠᠭᠤᠰᠤᠯᠴᠠᠨ᠎ᠠ᠃ | ︵ᠭᠤᠷᠪᠠ︶ ᠬᠤᠲᠠ ᠪᠠᠯᠭᠠᠰᠤᠨ ᠤ ᠰᠠᠭᠤᠷᠢ ᠲᠦᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠳᠠᠬᠢ | ᠪᠡᠯᠡ ᠤᠷᠤᠭᠤᠯᠤᠯᠲᠠ ᠪᠠᠨ ᠴᠢᠩᠭᠠᠥᠨᠬᠠᠵᠦ᠂ ᠪᠠᠲᠤᠯᠭ᠎ᠠ ᠶᠢᠨ ᠴᠢᠳᠠᠪᠦᠷᠢ ᠪᠠᠨ ᠤᠯᠠᠮ ᠨᠢᠭᠡ ᠠᠯᠬᠤᠮ | ᠳᠡᠭᠡᠭᠰᠢᠯᠡᠭᠦᠯᠬᠦ ᠬᠡᠷᠡᠭᠲᠠᠢ | ᠬᠤᠲᠠ ᠪᠠᠯᠭᠠᠰᠤᠨ ᠤ ᠲᠦᠰᠦᠪᠯᠡᠵᠦ ᠪᠠᠶᠢᠭᠤᠯᠬᠤ ᠶᠢ ᠬᠠᠮᠢᠶᠠᠷᠠᠬᠤ ᠬᠢᠷᠢ ᠲᠦᠪᠰᠢᠨ ᠪᠠᠨ | ᠳᠡᠭᠡᠭᠰᠢᠯᠡᠭᠦᠯᠦᠨ᠂ ᠬᠤᠲᠠ ᠪᠠᠯᠭᠠᠰᠤᠨ ᠤ ᠲᠦᠰᠦᠪᠯᠡᠬᠦ ᠳᠤ ᠵᠢᠯᠦᠭᠤᠥᠨᠬᠤ ᠦᠢᠯᠡᠳᠦᠯ ᠦᠵᠡᠭᠦᠯᠬᠦ ᠪᠠᠨ | ᠴᠢᠩᠭᠠᠥᠨᠬᠠᠨ᠎ᠠ᠃ ᠬᠤᠲᠠ ᠶᠢᠨ ᠲᠤᠭᠤᠷᠢᠭ ᠤᠨ7 ᠳᠦᠷᠪᠡᠯᠵᠢᠨ ᠮᠧᠲᠷ ᠤᠨ ᠡᠵᠡᠮᠳᠡᠵᠦ ᠪᠤᠯᠬᠤᠶᠢᠴᠠ ᠨᠠᠷᠢᠨ | ᠳᠦᠷᠢᠮ ᠶᠢ ᠲᠦᠯᠦᠪᠯᠡᠨ ᠲᠤᠭᠲᠠᠭᠠᠨ᠎ᠠ᠃ ᠬᠤᠲᠠ ᠲᠤᠭᠤᠷᠢᠭ ᠤᠨ25 ᠵᠤᠷᠪᠤᠰ ᠵᠡᠭᠡᠯᠢ ᠭᠤᠳᠤᠮᠵᠢ ᠶᠢ | ᠦᠭᠡᠷᠡᠴᠢᠯᠡᠨ ᠵᠠᠰᠠᠬᠤ ᠲᠦᠷᠦᠯ ᠵᠦᠢᠯ ᠢ ᠪᠦᠬᠦ ᠲᠠᠯ᠎ᠠ ᠪᠠᠷ ᠳᠠᠭᠤᠰᠬᠠᠨ᠎ᠠ᠃ ᠬᠤᠲᠠ᠂ ᠠᠵᠦ ᠠᠬᠤᠢ᠂ | ᠬᠦᠷᠢᠶᠡᠯᠡᠩ ᠲᠤᠭᠤᠷᠢᠭ ᠤᠨ ᠵᠤᠬᠢᠴᠠᠩᠭᠤᠢ ᠬᠦᠭᠵᠢᠯᠲᠡ ᠶᠢ ᠬᠦᠨᠳᠦᠥᠨᠬᠡᠨ ᠦᠵᠡᠵᠦ᠂ ᠬᠤᠲᠠ ᠲᠤᠭᠤᠷᠢᠭᠰᠠᠨ | ᠤᠰᠤᠨ ᠰᠢᠰᠲ᠋ᠧᠮ᠂ ᠤᠷᠴᠢᠨ ᠲᠤᠭᠤᠷᠢᠨ ᠤ ᠦᠭᠡᠷᠡᠴᠢᠯᠡᠯᠲᠡ ᠪᠠ ᠦᠵᠡᠮᠵᠢ ᠶᠢᠨ ᠴᠡᠴᠡᠷᠯᠢᠩ ᠤᠨ ᠪᠦᠲᠦᠭᠡᠨ | ᠪᠠᠶᠢᠭᠤᠯᠤᠯᠲᠠ ᠶᠢ ᠲᠦᠷᠭᠡᠯᠡᠨ ᠪᠡᠶᠡᠯᠡᠭᠦᠯᠵᠦ᠂ ᠠᠭᠤᠯᠠ ᠤᠰᠤ ᠠᠭᠤᠰᠠᠯᠴᠠᠨ ᠵᠤᠬᠢᠴᠠᠵᠤ᠂ ᠠᠮᠢ ᠠᠬᠤᠶᠢᠯᠯᠢᠭ᠂ | ᠠᠵᠦ ᠲᠦᠷᠦᠬᠦ ᠳᠤ ᠲᠤᠬᠢᠯᠠᠭ᠂ ᠪᠤᠯᠪᠠᠰᠤᠨ ᠪᠤᠬᠢᠷᠳᠠᠯ ᠦᠭᠡᠢ᠂ ᠲᠦᠭᠦᠮ ᠳᠦᠲᠡ᠂ ᠲᠤᠬᠢᠯᠠᠭ ᠬᠤᠲᠠ ᠶᠢᠨ | ᠤᠷᠴᠢᠨ ᠲᠤᠭᠤᠷᠢᠨ ᠢ ᠪᠦᠲᠦᠭᠡᠨ ᠪᠠᠶᠢᠭᠤᠯᠤᠨ᠎ᠠ᠃ ᠴᠸᠡᠭ ᠨᠠᠨ ᠰᠢᠨ᠎ᠡ ᠲᠤᠭᠤᠷᠢᠭ ᠤᠨ ᠭᠠᠵᠠᠷ ᠰᠢᠷᠦᠢ ᠶᠢᠨ | ᠪᠡᠯᠡᠥᠨᠬᠡᠯ ᠤᠨ ᠬᠦᠴᠦᠯᠡᠴᠡ ᠶᠢ ᠴᠢᠩᠭᠠᠥᠨᠬᠠᠵᠦ᠂ ︽ᠤᠰᠤ᠂ ᠴᠠᠬᠢᠯᠡᠭᠠᠨ᠂ ᠵᠠᠮ ᠨᠡᠪᠲᠡᠷᠯᠡᠭᠡ ᠂ ᠴᠢᠮᠡᠭᠡ | ᠬᠤᠯᠪᠤᠭ᠎ᠠ᠂ ᠰᠢᠲᠠᠮᠠᠬᠠᠢ ᠬᠡᠢ︾ ᠵᠡᠷᠭᠡ ᠰᠠᠭᠤᠷᠢ ᠪᠦᠲᠦᠭᠡᠨ ᠪᠠᠶᠢᠭᠤᠯᠤᠯᠲᠠ ᠪᠠ ︽ᠰᠤᠷᠭᠠᠨ ᠬᠦᠮᠦᠵᠢᠯ᠂ | ᠰᠢᠨᠵᠢᠯᠡᠬᠦ ᠮᠡᠷᠭᠡᠵᠢᠯ᠂ ᠰᠤᠶᠤᠯ᠂ ᠡᠷᠡᠭᠦᠯ ᠬᠠᠮᠠᠭᠠᠯᠠᠯ᠂ ᠪᠡᠶ᠎ᠡ ᠲᠠᠮᠢᠷ︾ ᠵᠡᠷᠭᠡ ᠤᠯᠠᠨ ᠨᠡᠶᠢᠲᠡ ᠶᠢᠨ | ᠦᠢᠯᠡᠴᠢᠯᠭᠡᠭᠡᠨ ᠤ ᠲᠦᠬᠦᠭᠡᠷᠦᠮᠵᠢ ᠶᠢ ᠠᠭᠠᠵᠢᠮ ᠳᠠᠭᠠᠨ ᠪᠦᠷᠢᠨᠰᠢᠭᠦᠯᠵᠦ᠂ ᠲᠤᠰ ᠵᠢᠯ ᠳᠤ ᠴᠸᠡᠭ ᠨᠠᠨ ᠰᠢᠨ᠎ᠡ | ᠲᠤᠭᠤᠷᠢᠭ ᠤᠨ ᠵᠠᠮ ᠂ ᠤᠰᠤ ᠬᠠᠨᠭ᠍ᠭᠠᠵᠦ ᠭᠠᠳᠠᠭᠰᠢᠯᠠᠭᠤᠯᠬᠤ ᠰᠢᠰᠲ᠋ᠧᠮ ᠵᠡᠷᠭᠡ ᠰᠠᠭᠤᠷᠢ ᠪᠦᠲᠦᠭᠡᠨ | ᠪᠠᠶᠢᠭᠤᠯᠤᠯᠲᠠ ᠶᠢ ᠬᠢᠵᠦ ᠳᠠᠭᠤᠰᠬᠠᠨ᠎ᠠ᠃ ᠶᠡᠷᠦᠩᠬᠡᠶᠢᠯᠡᠭᠰᠡᠨ ᠰᠣᠶᠣᠯ ᠤᠨ ᠤᠷᠳᠤᠨ᠂ ᠤᠶᠤᠨᠴᠢᠯᠠᠭᠰᠠᠨ ᠵᠠᠮ | ᠬᠠᠷᠢᠯᠴᠠᠭᠠᠨ ᠤ ᠴᠠᠭᠳᠠᠭᠠᠨ ᠤ ᠬᠠᠮᠢᠶᠠᠷᠠᠵᠦ ᠬᠠᠮᠠᠭᠠᠯᠠᠬᠤ ᠲᠦᠪ᠂ ᠱᠤᠷᠤᠩ ᠢ ᠰᠢᠯᠵᠢᠭᠦᠯᠬᠦ ᠠᠵᠢᠯ ᠵᠡᠷᠭᠡ | ᠲᠦᠷᠦᠯ ᠵᠦᠢᠯ ᠶᠢ ᠡᠬᠢᠯᠡᠨ ᠪᠠᠶᠢᠭᠤᠯᠤᠨ᠎ᠠ᠃ ᠶᠡᠷᠦᠩᠬᠡᠶᠢᠯᠡᠭᠰᠡᠨ ᠲᠠᠮᠢᠷ ᠤᠨ ᠤᠷᠳᠤᠨ᠂ ᠮᠠᠰᠢᠨ ᠲᠡᠷᠭᠡᠨ ᠤ | ᠦᠷᠲᠡᠭᠡ ᠶᠢᠨ ᠰᠢᠯᠵᠢᠭᠦᠯᠦᠯᠲᠡ᠂ ᠵᠢᠢ ᠲᠥᠩ ᠲᠡᠮᠦᠷ ᠵᠠᠮ ᠤᠨ ᠦᠷᠲᠡᠭᠡ ᠶᠢ ᠡᠮᠦᠨᠡᠰᠢ ᠰᠢᠯᠵᠢᠭᠦᠯᠬᠦ ᠵᠡᠷᠭᠡ | ᠲᠦᠷᠦᠯ ᠵᠦᠢᠯ ᠶᠢ ᠲᠦᠷᠭᠡᠯᠡᠨ ᠪᠠᠶᠢᠭᠤᠯᠤᠨ᠎ᠠ᠃ ᠬᠤᠲᠠ ᠵᠢᠨᠠᠮᠢ ᠠᠬᠤᠢ ᠤᠨ ᠰᠢᠰᠲ᠋ᠧᠮ ᠤᠨ ᠰᠡᠷᠭᠦᠭᠡᠯᠲᠡ ᠶᠢᠨ | ᠠᠵᠢᠯ ᠶᠢ ᠬᠡᠷᠡᠭᠵᠢᠭᠦᠯᠵᠦ᠂ ᠵᠡᠭᠦᠨ ᠠᠭᠤᠯᠠᠨ ᠤ ᠠᠮᠢ ᠠᠬᠤᠢᠪᠡᠷ ᠶᠠᠳᠠᠭᠤ ᠶᠢ ᠲᠡᠥᠨᠬᠦᠬᠦ ᠬᠦᠷᠢᠶᠡᠯᠡᠩ ᠤᠨ | ᠨᠢᠭᠡᠳᠦᠭᠡᠷ ᠬᠤᠭᠤᠴᠠᠭᠠᠨ ᠤ ᠪᠦᠲᠦᠭᠡᠨ ᠪᠠᠶᠢᠭᠤᠯᠤᠯᠲᠠ ᠶᠢ ᠦᠨᠳᠦᠰᠦᠨ ᠳᠡᠭᠡᠨ ᠳᠠᠭᠤᠰᠬᠠᠵᠤ᠂ ᠤᠢ ᠮᠤᠳᠤ | ᠢᠯᠡᠭᠦᠬᠡᠨᠲ᠋ᠠᠷᠢᠬᠤ᠂ ᠤᠯᠠᠨ ᠠᠵᠢᠯ ᠲᠦᠷᠦᠯ ᠢᠶᠠᠷ ᠳᠠᠮᠵᠢᠵᠦ ᠪᠦᠬᠦ ᠠᠭᠤᠯᠠᠨ ᠤ ᠨᠤᠭᠤᠭᠠᠷᠤᠭᠤᠯᠤᠯᠲᠠ ᠶᠢ | ᠪᠡᠶᠡᠯᠡᠭᠦᠯᠬᠦ᠂ ᠬᠤᠲᠠ ᠶᠢᠨ ᠪᠤᠬᠢᠷᠳᠠᠯ ᠦᠭᠡᠢ ᠤᠷᠤᠨ ᠲᠣᠭᠤᠷᠢᠭ ᠪᠠ ᠰᠠᠭᠤᠭᠠᠯᠢ ᠠᠷᠠᠥᠨ ᠤᠨ ᠰᠡᠯᠡᠭᠦᠴᠡᠬᠦ ᠤᠷᠤᠨ | ᠢ ᠨᠡᠮᠡᠭᠳᠡᠭᠦᠯᠵᠦ᠂ ᠠᠮᠢ ᠠᠬᠤᠢ ᠂ ᠰᠤᠶᠤᠯ ᠪᠤᠯᠪᠠᠰᠤᠨ᠂ ᠵᠤᠭᠠᠴᠠᠯ᠂ ᠶᠠᠳᠠᠭᠤ ᠶᠢ ᠲᠡᠥᠨᠬᠦᠬᠦ ᠬᠠᠷᠢᠯᠴᠠᠨ | ᠠᠭᠤᠰᠤᠯᠴᠠᠭᠰᠠᠨ ᠶᠡᠷᠦᠩᠬᠡᠶᠢᠯᠡᠭᠰᠡᠨ ᠠᠵᠤ ᠠᠬᠤᠢ ᠶᠢᠨ ᠬᠦᠷᠢᠶᠡᠯᠡᠩ ᠲᠤᠭᠤᠷᠢᠭ ᠢ ᠴᠤᠭᠴᠠᠯᠠᠨ ᠪᠠᠶᠢᠭᠤᠯᠤᠨ᠎ᠠ᠃ | ᠭᠡᠷ ᠬᠦᠷᠦᠩᠭᠡ ᠶᠢᠨ ᠨᠡᠭᠡᠭᠡᠯᠲᠡ ᠳᠤ ᠵᠤᠬᠢᠰ ᠲᠠᠢ᠂ ᠬᠡᠮᠵᠢᠶ᠎ᠡ ᠲᠠᠢ᠂ ᠳᠡᠰ ᠳᠠᠷᠠᠭ᠎ᠠ ᠲᠠᠢ ᠪᠠᠷ ᠭᠠᠵᠠᠷ ᠬᠠᠨᠭ᠍ᠭᠠᠵᠦ᠂ | ᠡᠳᠡᠯᠡᠩ ᠤᠨ ᠺᠤᠮᠫᠠᠨᠢ ᠶᠢᠨ ᠬᠠᠮᠢᠶᠠᠷᠤᠯᠲᠠ ᠶᠢ ᠴᠢᠩᠭᠠᠥᠨᠬᠠᠵᠦ᠂ ᠤᠬᠢ ᠰᠢᠯᠢᠳᠡᠭ ᠰᠠᠭᠤᠭᠠᠯᠢ ᠲᠤᠭᠤᠷᠢᠭ ᠢ | ᠪᠦᠲᠦᠭᠡᠨ ᠪᠠᠶᠢᠭᠤᠯᠤᠨ᠎ᠠ᠃ ᠶᠠᠳᠠᠭᠤᠴᠤᠥᠨ ᠤᠨ ᠲᠤᠭᠤᠷᠢᠭ ᠶᠢ ᠦᠭᠡᠷᠡᠴᠢᠯᠡᠯᠲᠡ ᠶᠢ ᠲᠦᠷᠭᠡᠥᠨᠬᠡᠵᠦ᠂ | ᠶᠠᠳᠠᠭᠤᠴᠤᠥᠨ ᠤᠨ ᠲᠤᠭᠤᠷᠢᠭ ᠶᠢ800 ᠡᠷᠦᠬᠡᠦᠭᠡᠷᠡᠴᠢᠯᠡᠨ ᠰᠢᠯᠵᠢᠭᠦᠯᠵᠦ᠂ ᠰᠢᠨ᠎ᠡ ᠪᠠᠷ ᠪᠠᠶᠢᠭᠤᠯᠤᠭᠰᠠᠨ | ᠨᠡᠭᠦᠯᠭᠡᠨ ᠰᠠᠭᠤᠯᠭᠠᠬᠤ ᠭᠡᠷ ᠶᠢ6 ᠲᠦᠮᠡᠨᠲ᠋ᠦ᠋ᠷᠪᠡᠯᠵᠢᠨ ᠮᠧᠲᠷ ᠲᠤ ᠬᠦᠷᠭᠡᠨ᠎ᠡ᠃ ᠬᠤᠲᠠ ᠲᠤᠭᠤᠷᠢᠭ ᠤᠨ ᠤᠷᠴᠢᠨ | ᠲᠤᠭᠤᠷᠢᠨ ᠤ ᠡᠷᠡᠭᠦᠯ ᠬᠠᠮᠠᠭᠠᠯᠠᠯ᠂ ᠬᠠᠶᠠᠭᠳᠠᠮᠠᠯ ᠢ ᠰᠢᠢᠥᠨᠪᠦᠷᠢᠯᠡᠬᠦ ᠵᠡᠷᠭᠡ ᠳᠤ ᠵᠠᠬ᠎ᠠ ᠲᠡᠯᠭᠡᠭᠦᠷᠢᠴᠢᠯᠡᠭᠰᠡᠨ ᠠᠷᠭ᠎ᠠ | ᠮᠠᠶ᠋ᠢᠭ ᠢ ᠬᠡᠷᠡᠭᠵᠢᠭᠦᠯᠬᠦ ᠶᠢ ᠡᠷᠢᠯᠬᠢᠯᠡᠨ᠂ ᠨᠡᠶᠢᠭᠡᠮᠴᠢᠯᠡᠭᠰᠡᠨ ᠦᠢᠯᠡᠴᠢᠯᠭᠡᠨ ᠶᠢ ᠬᠤᠳᠠᠯᠳᠤᠨᠠᠪᠬᠤ ᠪᠠᠷ ᠳᠠᠮᠵᠢᠨ᠂ | ᠬᠤᠲᠠ ᠶᠢᠨ ᠨᠠᠷᠢᠯᠠᠭᠵᠢᠭᠰᠠᠨ ᠬᠠᠮᠢᠶᠠᠷᠤᠯᠲᠠ ᠶᠢᠨ ᠲᠦᠪᠰᠢᠨ ᠪᠠᠨ ᠳᠡᠭᠡᠭᠰᠢᠯᠡᠭᠦᠯᠦᠨ᠎ᠡ᠃ | ᠦᠵᠡᠰᠭᠦᠯᠡᠭᠲᠦ ᠰᠠᠶᠢᠬᠠᠨ ᠬᠦᠳᠡᠭᠡ ᠲᠤᠰᠬᠤᠨ ᠤ ᠪᠦᠲᠦᠭᠡᠨ ᠪᠠᠶᠢᠭᠤᠯᠤᠯᠲᠠ ᠶᠢ ᠲᠦᠯᠬᠢᠨ ᠠᠬᠢᠭᠤᠯᠤᠨ᠎ᠠ | ᠃ ᠬᠦᠳᠡᠭᠡ ᠲᠤᠰᠬᠤᠨ ᠤ ᠰᠠᠭᠤᠷᠢ ᠲᠦᠬᠦᠭᠡᠷᠦᠮᠵᠢ ᠪᠠ ᠨᠡᠶᠢᠲᠡ ᠶᠢᠨ ᠦᠢᠯᠡᠴᠢᠯᠡᠭᠡᠨ ᠤ ᠪᠦᠲᠦᠭᠡᠨ | ᠪᠠᠶᠢᠭᠤᠯᠤᠯᠲᠠ ᠶᠢᠨ ᠦᠷ᠎ᠡ ᠪᠦᠲᠦᠮᠵᠢ ᠶᠢ ᠪᠠᠲᠤᠥᠨᠬᠠᠵᠦ᠂ ᠤᠷᠴᠢᠨ ᠲᠤᠭᠤᠷᠢᠨ ᠢ ᠶᠡᠷᠦᠩᠬᠡᠶᠢᠯᠡᠨ ᠵᠠᠰᠠᠬᠤ | ᠬᠦᠴᠦᠯᠡᠴᠡ ᠪᠠᠨ ᠴᠢᠩᠭᠠᠥᠨᠬᠠᠵᠦ᠂ ᠵᠠᠰᠠᠭ ᠤᠨ ᠤᠷᠳᠤᠨ ᠬᠦᠲᠦᠯᠡᠨ ᠳᠠᠭᠠᠭᠤᠯᠬᠤ ᠪᠠ ᠲᠠᠷᠢᠶᠠᠴᠢᠨ ᠡᠷᠦᠬᠡ | ᠬᠠᠮᠲᠦ ᠪᠠᠷ ᠪᠠᠶᠢᠭᠤᠯᠬᠤ᠂ ᠬᠠᠮᠲᠦ ᠪᠠᠷ ᠬᠠᠮᠢᠶᠠᠷᠠᠬᠤ᠂ ᠬᠠᠷᠢᠯᠴᠠᠨ ᠬᠠᠮᠲᠤᠥᠨᠬᠠᠬᠤ ᠤᠷᠲᠤ ᠬᠤᠭᠤᠴᠠᠭᠠᠨ ᠤ | ᠤᠳᠤᠷᠢᠳᠤᠨ ᠬᠠᠮᠢᠶᠠᠷᠠᠬᠤ ᠲᠤᠭᠲᠠᠴᠠ ᠶᠢ ᠪᠠᠶᠢᠭᠤᠯᠤᠨ᠂ ᠲᠤᠰᠬᠤᠨ ᠤ ᠠᠷᠠᠥᠨ ᠤᠨ ᠦᠢᠯᠡᠥᠨᠪᠦᠷᠢᠯᠡᠯ ᠠᠮᠢᠳᠤᠷᠠᠯ | ᠤᠨ ᠤᠷᠴᠢᠨ ᠤ ᠨᠦᠭᠦᠴᠡᠯ ᠢ ᠰᠠᠶᠢᠵᠢᠷᠠᠭᠤᠯᠤᠨ᠎ᠠ᠃ ᠤᠯᠠᠮᠵᠢᠯᠠᠯᠲᠦ ᠰᠤᠶᠤᠯ ᠪᠠ ᠨᠤᠲᠤᠭ ᠤᠰᠤᠨ ᠤ ᠤᠨᠴᠠᠯᠢᠭ | ᠢ ᠬᠦᠨᠳᠦᠥᠨᠬᠡᠵᠦ᠂ ᠭᠤᠤᠯᠯᠠᠭᠴᠢ ᠠᠵᠤ ᠦᠢᠯᠡᠰ ᠬᠦᠭᠵᠢᠯᠲᠡ᠂ ᠰᠡᠯᠡᠭᠦᠴᠡᠯ ᠵᠤᠭᠠᠴᠠᠯ ᠲᠠᠢ ᠬᠠᠮᠳᠥᠨᠬᠠᠵᠦ᠂ | ᠳᠤᠬᠠᠢ ᠶᠢᠨ ᠭᠠᠵᠠᠷ ᠲᠤ ᠪᠠᠨ ᠲᠤᠬᠢᠷᠠᠭᠰᠠᠨ ᠨᠢᠭᠡ ᠪᠦᠯᠥᠩ ᠦᠵᠡᠰᠭᠦᠯᠡᠭᠲᠦ ᠰᠠᠶᠢᠬᠠᠨ ᠬᠦᠳᠡᠭᠡ ᠲᠤᠰᠬᠤᠨ ᠢ | ᠴᠤᠭᠴᠠᠯᠠᠨᠪᠠᠶᠢᠭᠤᠯᠤᠨᠠ᠃ ᠰᠢᠨᠵᠢᠯᠡᠬᠦ ᠤᠬᠠᠭᠠᠨᠴᠢ ᠪᠠᠶᠢᠷᠠᠭᠤᠯᠤᠯᠲᠠ ᠬᠢᠵᠦ᠂ ᠤᠨᠴᠠᠯᠭᠠᠲᠤ ᠬᠤᠲᠠ ᠪᠠᠯᠭᠠᠰᠤᠨ ᠤ | ᠪᠦᠲᠦᠭᠡᠨ ᠪᠠᠶᠢᠭᠤᠯᠤᠯᠲᠠ ᠶᠢ ᠢᠵᠢᠯ ᠠᠯᠬᠤᠮ ᠪᠠᠷ ᠲᠦᠯᠬᠢᠨ ᠠᠬᠢᠭᠤᠯᠤᠨ᠎ᠠ᠃ | ᠦᠷᠭᠦᠯᠵᠢᠬᠦᠶᠢᠴᠡ ᠬᠦᠭᠵᠢᠯᠲᠡ ᠶᠢᠨ ᠬᠢᠷᠢ ᠲᠦᠪᠰᠢᠨ ᠪᠠᠨ ᠳᠡᠭᠡᠭᠰᠢᠯᠡᠭᠦᠯᠦᠨ᠎ᠡ᠃ | ᠪᠡᠯᠴᠢᠭᠡᠷᠯᠡᠨᠮᠠᠯᠵᠢᠬᠤ ᠶᠢ ᠵᠤᠭᠰᠠᠭᠠᠬᠤ᠂ ᠨᠤᠲᠤᠭ ᠪᠡᠯᠴᠢᠭᠡᠷ ᠤᠨ ᠱᠠᠩᠨᠠᠯ ᠨᠦᠬᠦᠪᠦᠷᠢ᠂ ᠠᠰᠠᠷᠠᠮᠵᠢ ᠶᠢᠨ ᠤᠢ | ᠰᠢᠭᠤᠢ ᠶᠢᠨ ᠬᠠᠮᠠᠭᠠᠯᠠᠯᠲᠠ ᠵᠡᠷᠭᠡ ᠲᠦᠷᠦ ᠶᠢᠨ ᠪᠤᠳᠤᠯᠭ᠎ᠠ ᠶᠢ ᠴᠢᠩᠭ᠎ᠠ ᠬᠡᠷᠡᠭᠵᠢᠭᠦᠯᠵᠦ᠂ ᠤᠨᠴᠠᠭᠠᠢ ᠤᠷᠤᠨ | ᠪᠦᠰᠡ ᠶᠢᠨ ᠨᠤᠭᠤᠭᠠᠷᠠᠭᠤᠯᠲᠠ ᠶᠢ3.3 ᠲᠦᠮᠡᠨ ᠮᠤ᠋ ᠬᠦᠷᠭᠡᠵᠦ᠂ ᠤᠢ ᠰᠢᠭᠤᠢ ᠶᠢᠨ ᠲᠠᠷᠢᠵᠦ ᠪᠤᠶᠢᠵᠢᠭᠤᠯᠬᠤ | ᠶᠢ2 ᠲᠦᠮᠡᠨ ᠮᠤ᠋᠂ ᠲᠠᠷᠢᠶᠠᠯᠠᠬᠤ ᠪᠠᠨ ᠵᠤᠭᠰᠤᠵᠤ ᠤᠢ ᠮᠤᠳᠤ ᠳᠠᠷᠢᠬᠤ ᠶᠢ1.6 ᠲᠦᠮᠡᠨ ᠮᠤ᠋᠂ ᠰᠢᠪᠠᠷ ᠤᠰᠤᠨ ᠤ | ᠤᠷᠤᠰᠬᠠᠯ ᠤᠨ ᠵᠠᠰᠠᠯᠲᠠ ᠶᠢ1 ᠲᠦᠮᠡᠨ ᠮᠤ᠋ ᠳᠤ ᠬᠦᠷᠭᠡᠨ᠎ᠡ᠃ ᠴᠠᠭᠠᠨᠮᠦ᠋ᠷᠡᠨ ᠤ ᠤᠰᠤᠯᠠᠯᠲᠠ ᠶᠢᠨ ᠤᠷᠤᠨ ᠤ | ᠤᠰᠤ ᠠᠷᠪᠢᠯᠬᠤ ᠲᠦᠬᠦᠭᠡᠷᠦᠮᠵᠢ ᠶᠢ ᠢᠵᠢ ᠪᠦᠷᠢᠳᠦᠭᠦᠯᠬᠦ ᠪᠠ ᠢᠳᠠᠬᠦ ᠤᠰᠤᠨ ᠤ ᠪᠠᠬᠢᠯᠡᠯᠲᠡ ᠶᠢ ᠳᠡᠭᠡᠭᠰᠢᠯᠡᠭᠦᠯᠬᠦ | ᠢᠨᠵᠧᠨ᠋ᠷᠢᠩ ᠢ ᠡᠬᠢᠯᠡᠭᠦᠯᠦᠨ᠎ᠡ᠃204 ᠮᠤᠵᠢ ᠶᠢᠨ ᠳᠡᠰ ᠤᠨ ᠵᠠᠮ ᠶᠢᠨ ᠨᠢᠭᠡᠳᠦᠭᠡᠷ ᠬᠡᠰᠡᠭ ᠤᠨ ᠨᠢᠭᠡᠳᠦᠭᠡᠷ ᠳᠡᠰ | ᠤᠨ ᠵᠠᠮ ᠢ ᠵᠠᠰᠠᠵᠤ ᠲᠠᠭᠤᠰᠬᠠᠨ ᠲᠡᠷᠭᠡ ᠨᠠᠪᠲᠡᠷᠡᠭᠦᠯᠬᠦ ᠶᠢ ᠪᠠᠲᠤᠯᠠᠵᠤ᠂ 303ᠤᠯᠤᠰ ᠤᠨ ᠵᠠᠮ᠂ ᠳ᠋ᠠᠨ— ᠰᠢ | ᠦᠨᠳᠦᠷ ᠬᠤᠷᠳᠤᠴᠠᠲᠦ ᠵᠠᠮ ᠤᠨ ᠯᠢᠨᠰᠢ ᠳᠠᠬᠢ ᠬᠡᠰᠡᠭ ᠤᠨ ᠪᠠᠷᠢᠯᠭ᠎ᠠ ᠶᠢ ᠲᠦᠷᠭᠡᠯᠡᠨ ᠭᠦᠢᠴᠡᠥᠨᠬᠡᠵᠦ᠂ ᠮᠢᠶᠣᠣ | —ᠳ᠋ᠠ ᠱᠤᠭᠤᠮ ᠢ ᠵᠠᠰᠠᠨ ᠦᠭᠡᠷᠴᠢᠯᠡᠵᠦ ᠦᠷᠭᠡᠥᠨᠬᠡᠬᠦ ᠠᠵᠢᠯ ᠢ ᠲᠤᠰ ᠵᠢᠯ ᠳᠤ ᠶᠠᠪᠤᠭᠳᠠᠭᠤᠯᠤᠨ᠎ᠠ᠃ ᠬᠤᠰᠢᠭᠤ | ᠰᠢᠶᠠᠨ ᠳᠤ ᠦᠨᠳᠤᠷ ᠬᠤᠷᠳᠤᠴᠠᠲᠤ ᠵᠠᠮ ᠨᠡᠪᠲᠡᠷᠡᠬᠦ ᠠᠵᠦ ᠲᠤᠬᠢᠶᠠᠯ ᠢ ᠠᠰᠢᠭᠯᠠᠵᠤ᠂ ᠴᠠᠭᠠᠨᠬᠤᠸᠠ ᠬᠠᠷᠢᠯᠴᠠᠨ | ᠨᠡᠪᠲᠡᠷᠡᠬᠦ ᠬᠦᠭᠦᠷᠭᠡ ᠠᠴᠠ303 ᠤᠯᠤᠰ ᠤᠨ ᠵᠠᠮ ᠬᠦᠷᠬᠦ ᠬᠡᠰᠡᠭ ᠤᠨ ᠡᠬᠢᠨ ᠤ ᠬᠤᠭᠤᠴᠠᠭᠠᠨ ᠤ ᠠᠵᠢᠯ ᠢ | ᠡᠬᠢᠯᠡᠭᠦᠯᠦᠨ᠎ᠡ᠃ ᠶᠡᠭᠡ ᠬᠢᠨᠭ᠍ᠭᠠᠨ ᠳᠠᠪᠠᠭᠠᠨ ᠤ ᠡᠮᠦᠨ᠎ᠡ ᠬᠤᠷᠮᠤᠢ ᠶᠢᠨ ᠵᠤᠭᠠᠴᠠᠯ ᠤᠨ ᠱᠤᠭᠤᠮ ᠢ ᠲᠦᠰᠦᠪᠯᠡᠵᠦ᠂ | ᠣᠯᠣᠰ ᠮᠤᠵᠢ ᠶᠢᠨ ᠭᠤᠤᠯ ᠱᠤᠭᠤᠮ ᠤᠨ ᠲᠤᠤᠷᠵᠢᠯ ᠳᠤ ᠪᠠᠭᠲᠠᠬᠤ ᠪᠠᠷ ᠴᠢᠷᠮᠠᠶᠢᠨ᠎ᠠ᠃ ᠬᠦᠳᠡᠭᠡ ᠲᠤᠰᠬᠤᠨ ᠤ | ᠵᠠᠮ ᠱᠤᠭᠤᠮ ᠤᠨ ᠲᠤᠤᠷᠵᠢᠯ ᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠬᠦᠳᠡᠭᠡ ᠲᠤᠰᠬᠤᠨ ᠤ ᠵᠠᠰᠠᠮᠠᠯ | ᠵᠠᠮ ᠤᠨ ᠨᠡᠪᠲᠡᠷᠡᠬᠦ ᠠᠵᠢᠯ ᠢ ᠪᠠᠶᠢᠭᠠᠯᠯᠢᠭ ᠲᠤᠰᠬᠤᠨ ᠪᠠ ᠳᠠᠷᠢᠶᠠᠯᠠᠩ ᠮᠠᠯ ᠠᠵᠤ ᠠᠬᠤᠢ ᠶᠢᠨ ᠬᠦᠷᠢᠶᠡᠯᠡᠩ ᠵᠦᠭ | ᠦᠷᠭᠡᠥᠨᠬᠡᠬᠦ ᠶᠢ ᠲᠦᠯᠬᠢᠨ ᠠᠬᠢᠭᠤᠯᠤᠨ᠎ᠠ᠃ | ︵ᠳᠦᠷᠪᠡ︶ ᠰᠢᠨ᠎ᠡ ᠶᠢ ᠡᠭᠦᠥᠨᠬᠦ ᠪᠠᠷ ᠬᠦᠳᠡᠯᠭᠡᠬᠦ ᠬᠦᠴᠦ ᠪᠤᠯᠭᠠᠵᠤ᠂ ᠪᠦᠬᠦ ᠲᠠᠯ᠎ᠠ ᠪᠠᠷ | ᠦᠭᠡᠷᠡᠴᠢᠯᠡᠯᠲᠡ ᠶᠢ ᠪᠡᠶᠡᠯᠡᠭᠦᠯᠬᠦ ᠤᠳᠠᠭᠠᠨ ᠳᠠᠭᠠᠮᠭᠠᠢ ᠳᠠᠶᠢᠨ ᠬᠢᠨ᠎ᠡ | ᠴᠢᠬᠤᠯᠠ ᠶᠠᠪᠤᠴᠠ ᠂ ᠤᠨᠴᠠᠭᠠᠢ ᠬᠦᠷᠢᠶ᠎ᠡ ᠴᠠᠷ᠎ᠠ ᠶᠢ ᠴᠢᠩᠭ᠎ᠠ ᠠᠥᠨᠬᠤᠨ᠂ ᠡᠯ᠎ᠡ ᠬᠦᠷᠢᠶ᠎ᠡ ᠴᠠᠷ᠎ᠠ | ᠳᠠᠬᠢ ᠦᠭᠡᠷᠡᠴᠢᠯᠡᠯᠲᠡ ᠶᠢ ᠨᠢᠭᠡᠳᠦᠯᠲᠠᠢ ᠪᠠᠷ ᠲᠦᠯᠬᠢᠨ ᠠᠬᠢᠭᠤᠯᠤᠨ᠎ᠠ᠃ ᠦᠷᠭᠦᠯᠵᠢᠯᠡᠨᠵᠠᠰᠠᠭ ᠤᠨ ᠡᠷᠬᠡ ᠶᠢ | ᠴᠤᠮᠤᠥᠨᠬᠠᠵᠦ᠂ ︽ᠲᠠᠯᠪᠢᠬᠤ᠂ ᠬᠠᠮᠢᠶᠠᠷᠠᠬᠤ᠂ ᠦᠢᠯᠡᠴᠢᠯᠡᠬᠦ︾ ᠦᠭᠡᠷᠡᠴᠢᠯᠡᠯᠲᠡ ᠶᠢ ᠭᠦᠨᠵᠡᠭᠡᠶᠢᠷᠡᠭᠦᠯᠦᠨ ᠂ ᠡᠯ᠎ᠡ | ᠪᠠᠶᠢᠭᠤᠯᠭ᠎ᠠ ᠬᠠᠷᠢᠯᠴᠠᠨ ᠰᠤᠷᠠᠭ ᠵᠠᠩᠭᠢ ᠶᠢᠨ ᠬᠠᠮᠲᠤᠷᠠᠯᠴᠠᠭ᠎ᠠ ᠪᠠᠨ ᠰᠤᠯᠢᠴᠠᠨ ᠬᠠᠮᠲᠦ ᠳᠠᠭᠠᠨ ᠬᠢᠨᠠᠨ ᠵᠦᠪᠰᠢᠶᠡᠷᠡᠬᠦ | ᠪᠠᠨ ᠰᠢᠯᠢᠳᠡᠭᠵᠢᠭᠦᠯᠬᠦ᠂ ᠵᠠᠰᠠᠭ ᠤᠨ ᠶᠠᠪᠤᠳᠠᠯ ᠢ ᠢᠯᠡ ᠪᠤᠯᠭᠠᠬᠤ ᠶᠢ ᠴᠢᠩᠭᠠᠥᠨᠬᠠᠨ᠂ ᠵᠠᠰᠠᠭ ᠤᠨ ᠶᠠᠪᠤᠳᠠᠯ ᠤᠨ | ᠴᠢᠳᠠᠪᠦᠷᠢ ᠶᠢ ᠳᠡᠭᠡᠭᠰᠢᠯᠡᠭᠦᠯᠦᠨ᠎ᠡ᠃ ᠰᠢᠨᠵᠢᠯᠡᠬᠦ ᠮᠡᠷᠭᠡᠵᠢᠯ ᠤᠨ ᠰᠢᠨ᠎ᠡ ᠶᠢ ᠡᠭᠦᠥᠨᠬᠦ ᠶᠢ ᠬᠦᠴᠦᠯᠡᠨ ᠠᠬᠢᠭᠤᠯᠵᠦ᠂ | ᠠᠵᠤ ᠠᠬᠤᠢ ᠶᠢᠨ ᠰᠤᠳᠤᠯᠤᠨ ᠦᠢᠯᠡᠥᠨᠬᠦ ᠲᠦᠪ᠂ ᠤᠨᠴᠠᠯᠭᠠᠲᠤ ᠦᠢᠯᠡᠥᠨᠬᠦᠨ ᠤ ᠰᠠᠭᠤᠷᠢᠨ ᠭᠠᠵᠠᠷ᠂ ᠰᠢᠨᠵᠢᠯᠡᠬᠦ | ᠮᠡᠷᠭᠡᠵᠢᠯ ᠤᠨ ᠵᠢᠱᠢᠶᠡᠴᠢ ᠬᠦᠷᠢᠶᠡᠯᠡᠩ ᠵᠡᠷᠭᠡ ᠶᠢ ᠪᠠᠶᠢᠭᠤᠯᠬᠤ ᠶᠢ ᠵᠤᠷᠢᠭᠵᠢᠭᠤᠯᠤᠨ ᠳᠡᠮᠵᠢᠵᠦ᠂ ᠦᠡᠭᠭᠡᠲᠦ | ᠲᠡᠮᠦᠷᠯᠢᠩ᠂ ᠮᠠᠯ ᠤᠨ ᠠᠰᠢᠭ ᠰᠢᠮ᠎ᠡ ᠶᠢᠨ ᠪᠤᠯᠪᠠᠰᠤᠷᠠᠭᠤᠯᠤᠯᠲᠠ ᠵᠡᠷᠭᠡ ᠭᠤᠤᠯᠯᠠᠭᠴᠢ ᠠᠵᠤ ᠠᠬᠤᠶᠢᠯᠠᠯ ᠤᠨ | ᠲᠤᠭᠤᠷᠢᠨ ᠳᠤ ᠬᠦᠨᠳᠦ ᠴᠢᠬᠤᠯᠠ ᠰᠢᠵᠢᠯᠡᠬᠦ ᠮᠡᠷᠭᠡᠵᠢᠯ ᠤᠨ ᠲᠦᠷᠦᠯ ᠵᠦᠢᠯ ᠶᠢ ᠡᠷᠡᠮᠵᠢᠯᠡᠨ ᠮᠡᠳᠡᠭᠦᠯᠦᠨ᠎ᠡ᠃ | ᠲᠤᠤᠷ ᠰᠦᠯᠵᠢᠶ᠎ᠡ + ᠰᠢᠨᠵᠢᠯᠡᠭᠡ ᠮᠡᠷᠭᠡᠵᠢᠯ ᠤᠨ ᠲᠦᠭᠡᠮᠡᠯᠵᠢᠯᠲᠡ ᠶᠢᠨ ᠲᠡᠪᠴᠠᠩ ᠢ ᠡᠬᠢᠯᠡᠨ ᠪᠠᠶᠢᠭᠤᠯᠵᠤ᠂ | ᠵᠠᠰᠠᠭ ᠵᠠᠬᠢᠷᠭᠠᠨ ᠤ ᠲᠤᠰᠬᠤᠨ ︵ᠨᠡᠶᠢᠭᠡᠮ ᠲᠤᠭᠤᠷᠢᠭ︶ ᠰᠢᠨᠵᠡᠯᠡᠭᠡ ᠮᠡᠷᠭᠡᠵᠢᠯ ᠤᠨ ᠲᠦᠭᠡᠮᠡᠯᠵᠢᠯᠲᠡ ᠶᠢᠨ | ᠪᠦᠷᠬᠦᠴᠡ ᠶᠢ ᠪᠡᠶᠡᠯᠡᠭᠦᠯᠵᠦ᠂ ᠪᠦᠬᠦ ᠤᠯᠤᠰ ᠤᠨ ᠰᠢᠨᠵᠢᠯᠡᠭᠡ ᠮᠡᠷᠭᠡᠵᠢᠯ ᠤᠨ ᠲᠦᠭᠡᠮᠡᠯᠵᠢᠯᠲᠡ ᠶᠢᠨ ᠵᠢᠱᠢᠶᠡᠴᠢ | ᠰᠢᠶᠠᠨ ᠤ ᠲᠠᠬᠢᠨ ᠪᠠᠶᠢᠴᠠᠭᠠᠯᠲᠠ ᠶᠢᠨ ᠠᠵᠢᠯ ᠶᠢ ᠰᠠᠶᠢᠲᠤᠷ ᠬᠢᠬᠦ ᠬᠡᠷᠡᠭᠲᠠᠢ᠃ ᠦᠪᠡᠷ ᠪᠠᠨ ᠪᠤᠶᠢᠵᠢᠭᠤᠯᠬᠤ ᠪᠠ ︽ | ᠲᠠᠲᠠᠨ ᠤᠷᠤᠭᠤᠯᠬᠤ︾ ᠶᠢ ᠬᠠᠷᠢᠯᠴᠠᠨ ᠤᠶᠠᠯᠳᠤᠭᠤᠯᠬᠤ ᠠᠷᠭ᠎ᠠ ᠶᠢ ᠪᠠᠷᠢᠮᠲᠠᠯᠠᠵᠦ᠂ ᠦᠨᠳᠦᠷ ᠬᠢᠷᠢ ᠲᠦᠪᠰᠢᠨ ᠤ | ᠴᠢᠳᠠᠪᠦᠷᠢᠲᠠᠨ ᠪᠠ ᠬᠤᠪᠤᠷ ᠴᠤᠬᠠᠭ ᠴᠢᠳᠠᠪᠦᠷᠢᠲᠠᠨ ᠢ ᠲᠠᠲᠠᠨ ᠤᠷᠤᠭᠤᠯᠬᠤ ᠲᠦᠯᠦᠪᠯᠡᠭᠡ ᠲᠤᠭᠲᠠᠭᠠᠵᠦ ᠂ ᠤᠷᠢᠨ | ᠬᠡᠷᠡᠭᠯᠡᠬᠦ ᠪᠠᠷ ᠳᠠᠮᠵᠢᠨ ᠡᠯ᠎ᠡ ᠲᠦᠷᠦᠯ ᠤᠨ ᠴᠢᠳᠠᠪᠦᠷᠢᠲᠠᠨ ᠢ 200 ᠬᠦᠮᠦᠨ ᠠᠴᠠ ᠳᠡᠭᠡᠭᠰᠢ ᠳᠤ ᠬᠦᠷᠭᠡᠨ᠎ᠡ᠃ | ᠬᠦᠳᠡᠭᠡ ᠲᠤᠰᠬᠤᠨ ᠤ ᠭᠠᠵᠠᠷ ᠰᠢᠷᠦᠢ ᠶᠢᠨ ᠳᠠᠭᠠᠴᠢᠯᠠᠯᠲᠠ ᠡᠷᠬᠡ ᠪᠠ ᠳᠠᠭᠠᠴᠢᠯᠠᠯᠲᠠ ᠶᠢᠨ ᠦᠨᠡᠮᠯᠡᠯ ᠢ ᠳᠠᠷᠬᠠᠬᠤ | ᠂ ᠨᠤᠲᠤᠭ ᠪᠡᠯᠴᠢᠭᠡᠷ ᠤᠨ ᠡᠷᠬᠡ ᠶᠢ ᠲᠤᠭᠲᠠᠭᠠᠬᠤ᠂ ᠤᠯᠤᠰ ᠤᠨ ᠦᠮᠴᠢᠯᠡᠯᠲᠦ ᠤᠢ ᠤᠨ ᠲᠠᠯᠠᠪᠤᠷ ᠶᠢᠨ | ᠦᠭᠡᠷᠡᠴᠢᠯᠡᠯᠲᠡ᠂ ᠪᠠᠭ᠎ᠠ ᠬᠡᠯᠪᠡᠷᠢ ᠶᠢᠨ ᠤᠰᠤᠨ ᠠᠰᠢᠭᠯᠠᠯᠲᠠ ᠶᠢᠨ ᠪᠠᠷᠢᠯᠭ᠎ᠠ ᠶᠢᠨ ᠬᠠᠮᠢᠶᠠᠷᠤᠯᠲᠠ ᠶᠢᠨ ᠲᠤᠭᠲᠠᠴᠠ | ᠵᠢᠨᠦᠭᠡᠷᠡᠴᠢᠯᠡᠯᠲᠡ ᠵᠡᠷᠭᠡ ᠶᠢ ᠪᠡᠶᠡᠯᠡᠭᠦᠯᠦᠨ᠎ᠡ᠃ ᠨᠡᠶᠢᠭᠡᠮ ᠤᠨ ᠵᠤᠬᠢᠶᠠᠨ ᠪᠠᠶᠢᠭᠤᠯᠤᠯᠲᠠ ᠶᠢ ᠨᠡᠶᠢᠭᠡᠮ ᠤᠨ | ᠵᠠᠰᠠᠯᠲᠠᠳᠥ ᠤᠷᠤᠯᠴᠠᠬᠤ ᠶᠢ ᠵᠢᠯᠤᠭᠤᠳᠤᠨ ᠳᠠᠭᠠᠭᠤᠯᠵᠦ᠂ ᠬᠠᠮᠢᠶᠠᠷᠤᠯᠲᠠ ᠶᠢᠨ ᠬᠡᠯᠪᠡᠷᠢ ᠶᠢᠨ ᠰᠢᠨ᠎ᠡ ᠶᠢ ᠡᠭᠦᠥᠨᠬᠦ | ᠪᠠᠷ ᠳᠠᠮᠵᠢᠵᠦ ᠬᠤᠲᠠ ᠨᠡᠶᠢᠭᠡᠮ ᠲᠤᠭᠤᠷᠢᠭ ᠤᠨ ᠵᠠᠰᠠᠯᠲᠠ ᠪᠠ ᠵᠠᠰᠠᠭ ᠵᠠᠬᠢᠷᠭᠠᠨ ᠤ ᠲᠤᠰᠬᠤᠨ ᠤ ᠨᠡᠶᠢᠭᠡᠮ | ᠲᠤᠭᠤᠷᠢᠭᠵᠢᠬᠤ ᠲᠦᠪᠰᠢᠨ ᠢ ᠳᠡᠭᠡᠭᠰᠢᠯᠡᠭᠦᠯᠦᠨ᠎ᠡ᠃ ᠨᠡᠶᠢᠭᠡᠮ ᠲᠤᠭᠤᠷᠢᠭ ᠤᠨ ᠠᠵᠢᠯᠯᠠᠵᠤ ᠠᠯᠪᠠᠯᠠᠬᠤ ᠭᠠᠵᠠᠷ ᠤᠨ | ᠪᠠᠶᠢᠭᠤᠯᠤᠯᠲᠠ ᠶᠢ ᠴᠢᠩᠭᠠᠥᠨᠬᠠᠵᠦ ᠂ ᠲᠤᠰ ᠵᠢᠯ ᠳᠤ ᠬᠢᠷᠢ ᠲᠡᠩᠴᠡᠬᠦ ᠶᠢ ᠪᠡᠶᠡᠯᠡᠭᠦᠯᠦᠨ᠎ᠠ᠃ ᠠᠯᠪᠠᠨ ᠪᠠᠶᠢᠭᠤᠯᠭ᠎ᠠ | ᠪᠠ ᠬᠠᠤᠯᠢ ᠴᠠᠭᠠᠵᠠ ᠶᠢᠨ ᠪᠠᠶᠢᠭᠤᠯᠭ᠎ᠠ ᠶᠢᠨ ᠲᠤᠭᠲᠠᠴᠠ ᠶᠢᠨ ᠦᠭᠡᠷᠡᠴᠢᠯᠡᠯᠲᠡ ᠶᠢ ᠯᠠᠪᠳᠠᠭᠤᠨ ᠪᠤᠳᠠᠲᠠᠢ ᠪᠠᠷ | ᠲᠦᠯᠬᠢᠨ ᠠᠬᠢᠭᠤᠯᠵᠦ᠂ ᠦᠢᠯᠡᠴᠢᠯᠡᠬᠦ ᠪᠠᠳᠤᠯᠠᠭ᠎ᠠ ᠵᠢᠴᠢ ᠠᠵᠦ ᠠᠬᠤᠢ ᠨᠡᠶᠢᠭᠡᠮ ᠤᠨ ᠬᠦᠭᠵᠢᠯᠲᠡ ᠶᠢᠨ ᠴᠢᠳᠠᠪᠦᠷᠢ | ᠶᠢ ᠨᠡᠮᠡᠭᠳᠡᠭᠦᠯᠦᠨ᠎ᠡ᠃ ᠨᠡᠶᠢᠲᠡ ᠶᠢᠨ ᠵᠠᠮ ᠬᠠᠷᠢᠯᠴᠠᠭ᠎ᠠ᠂ ᠡᠮ ᠡᠮᠨᠡᠯᠭᠡ ᠡᠷᠡᠭᠦᠯ ᠬᠠᠮᠠᠭᠠᠯᠠᠯ᠂ ᠰᠣᠷᠭᠠᠨ ᠬᠦᠮᠦᠵᠢᠯ | ᠰᠤᠶᠤᠯ᠂ ᠬᠤᠲᠠ ᠶᠢᠨ ᠦᠡᠭᠭᠡ ᠳᠦᠷᠬᠦ ᠶᠢᠨ ᠬᠠᠮᠢᠶᠠᠷᠤᠯᠲᠠ ᠵᠡᠷᠭᠡ ᠶᠢ ᠪᠦᠬᠦ ᠲᠠᠯ᠎ᠠ ᠪᠠᠷ ᠲᠦᠯᠬᠢᠨ ᠠᠬᠢᠭᠤᠯᠵᠦ᠂ | ᠨᠡᠶᠢᠭᠡᠮᠴᠢᠯᠡᠭᠰᠡᠨ ᠤᠯᠠᠨ ᠨᠡᠶᠢᠲᠡ ᠶᠢᠨ ᠦᠢᠯᠡᠴᠢᠯᠭᠡᠨ ᠤ ᠴᠢᠳᠠᠪᠦᠷᠢ ᠪᠠᠨ ᠳᠡᠭᠡᠭᠰᠢᠯᠡᠭᠦᠯᠦᠨ᠎ᠡ᠃ | ︵ᠲᠠᠪᠤ︶ ᠠᠷᠠᠥᠨ ᠤᠨ ᠠᠮᠢᠳᠤᠷᠠᠯ ᠤᠨ ᠢᠨᠵᠧᠨ᠋ᠷᠢᠩ ᠢ ᠲᠡᠷᠢᠭᠦᠨ ᠴᠢᠬᠤᠯᠠ ᠪᠤᠯᠭᠠᠨ ᠠᠥᠨᠬᠤᠵᠦ᠂ | ᠶᠠᠳᠠᠭᠤ ᠠᠴᠠ ᠠᠩᠭᠢᠵᠢᠷᠠᠬᠤ ᠪᠠᠬᠢᠯᠡᠯᠲᠡ ᠶᠢᠨ ᠳᠠᠶᠢᠨ ᠳᠤ ᠠᠮᠵᠢᠯᠲᠠ ᠤᠯᠬᠤ ᠬᠡᠷᠡᠭᠲᠠᠢ | ︽ᠲᠠᠪᠤ ᠶᠢ ᠨᠢᠭᠡ ᠪᠦᠯᠦᠭ ᠪᠤᠯᠭᠠᠬᠤ︾ ᠲᠦᠷᠦ ᠶᠢᠨ ᠪᠤᠳᠤᠯᠭ᠎ᠠ ᠶᠢᠨ ᠪᠦᠲᠦᠮᠵᠢᠲᠠᠢ ᠪᠠᠷ ᠵᠤᠯᠭᠠᠬᠤ | ᠪᠠ ︽ ᠵᠢᠷᠭᠤᠭᠠᠨ ᠤᠨᠤᠪᠴᠢᠲᠠᠢ︾ ᠶᠢ ᠱᠠᠭᠠᠷᠳᠠᠯᠭ᠎ᠠ ᠳᠤ ᠬᠦᠷᠭᠡᠬᠦ ᠶᠢ ᠴᠢᠩᠭᠠᠥᠨᠬᠠᠨ᠎ᠠ᠃ ᠵᠦᠪ | ᠤᠨᠤᠪᠴᠢᠲᠠᠢ ᠶᠠᠳᠠᠭᠤ ᠶᠢ ᠲᠡᠥᠨᠬᠦᠬᠦ ᠲᠤᠭᠲᠠᠴᠠ ᠪᠠ ᠬᠡᠪ ᠵᠠᠭᠪᠦᠷᠢ ᠶᠢᠨ ᠰᠢᠨ᠎ᠡ ᠶᠢ ᠡᠭᠦᠥᠨᠬᠦ᠂ ᠶᠠᠳᠠᠭᠤ | ᠬᠦᠴᠢᠷᠳᠡᠯᠲᠠᠢ ᠬᠦᠮᠦᠨ ᠠᠮᠠ ᠶᠢᠨ ᠲᠤᠲᠤᠭᠠᠳᠤ ᠶᠢᠨ ᠬᠦᠳᠡᠯᠡᠭᠡᠬᠦ ᠬᠦᠴᠦ ᠶᠢ ᠭᠦᠢᠴᠡᠥᠨᠲ᠋ᠠᠶᠢᠴᠢᠯᠠᠨ᠂ ᠡᠯ᠎ᠡ | ᠲᠦᠷᠦᠯ ᠤᠨ ᠶᠠᠳᠠᠭᠤ ᠠᠴᠠ ᠠᠩᠭᠢᠵᠢᠷᠠᠬᠤ ᠠᠷᠭ᠎ᠠ ᠠᠪᠴᠢᠯ ᠶᠢ ᠢᠳᠡᠪᠬᠢᠲᠠᠢ ᠮᠦᠷᠲᠡᠭᠡᠨ ᠰᠠᠨᠠᠭᠠᠴᠢᠯᠭ᠎ᠠ ᠠᠴᠠ | ᠭᠦᠢᠴᠡᠥᠨᠬᠡᠵᠦ᠂2967 ᠬᠦᠮᠦᠨ ᠤ ᠯᠠᠪᠳᠠᠭᠤᠨ ᠪᠤᠳᠠᠲᠠᠢ ᠪᠠᠷ ᠶᠠᠳᠠᠭᠤ ᠠᠴᠠ ᠠᠩᠭᠢᠵᠢᠷᠠᠬᠤ ᠶᠢ ᠪᠡᠶᠡᠯᠡᠭᠦᠯᠬᠦ ᠶᠢ | ᠪᠠᠲᠤᠯᠠᠵᠤ᠂13 ᠶᠠᠳᠠᠭᠤ ᠲᠤᠰᠬᠤᠨ ᠢ ᠶᠠᠳᠠᠭᠤ ᠠᠴᠠ ᠠᠩᠭᠢᠵᠢᠷᠠᠭᠤᠯᠤᠨ᠎ᠠ᠃ ᠠᠵᠤ ᠦᠢᠯᠡᠰ ᠪᠠᠷ ᠶᠠᠳᠠᠭᠤ ᠶᠢ | ᠲᠡᠥᠨᠬᠦᠬᠦ ᠭᠤᠤᠯ ᠴᠤᠭᠴᠠᠵᠢ ᠳᠤᠪᠤᠶᠢᠯᠭᠠᠨ᠂ ︽ᠲᠤᠪᠤᠶᠤᠭ︾ ᠬᠡᠯᠪᠡᠷᠢ ᠶᠢᠨ ᠶᠠᠳᠠᠭᠤ ᠶᠢ ᠲᠡᠥᠨᠬᠦᠬᠦ | ᠢᠨᠵᠧᠨ᠋ᠷᠢᠩ ᠢ ᠬᠡᠷᠡᠭᠵᠢᠭᠦᠯᠦᠨ᠂ ᠠᠵᠤ ᠠᠬᠤᠶᠢᠯᠠᠯ ᠤᠨ ᠳᠠᠶᠢᠴᠢᠯᠠᠨ ᠳᠠᠭᠠᠭᠤᠯᠬᠤ ᠦᠢᠯᠡᠳᠦᠯ ᠢ ᠪᠠᠳᠠᠷᠠᠭᠤᠯᠤᠨ ︽ | ᠨᠢᠭᠡ ᠲᠤᠰᠬᠤᠨᠨᠢᠭᠡ ᠦᠢᠯᠡᠥᠨᠬᠦᠨ︾ ᠤ ᠠᠵᠤ ᠦᠢᠯᠡᠰ ᠤᠨ ᠬᠦᠭᠵᠢᠯᠡᠲᠡ ᠶᠢᠨ ᠠᠷᠭ᠎ᠠ ᠵᠠᠮ ᠢ ᠰᠦᠪᠡᠭᠴᠢᠯᠡᠵᠦ᠂ | ᠤᠷᠤᠨ ᠭᠠᠵᠠᠷ ᠠᠴᠠ ᠦᠨᠳᠦᠰᠦᠯᠡᠭᠰᠡᠨ ᠭᠡᠷᠡᠯ ᠬᠠᠪᠲᠠᠰᠤ ᠂ ᠡᠯᠧᠺᠲᠷᠤᠨᠬᠤᠳᠠᠯᠳᠤᠭᠠ᠂ ᠵᠤᠭᠠᠴᠠᠯ ᠢᠶᠠᠷ | ᠶᠠᠳᠠᠭᠤ ᠶᠢ ᠲᠡᠥᠨᠬᠦᠬᠦ᠂ ᠠᠵᠦ ᠦᠢᠯᠡᠰ ᠪᠠᠷ ᠶᠠᠳᠠᠭᠤ ᠶᠢ ᠲᠡᠥᠨᠬᠦᠬᠦ ᠲᠦᠷᠦᠯ ᠵᠦᠢᠯ ᠶᠢᠨ ᠨᠠᠷᠢᠨ ᠤᠨᠤᠪᠴᠢᠲᠠᠢ | ᠪᠦᠷᠬᠦᠯᠲᠡ ᠶᠢᠨ ᠬᠡᠮᠵᠢᠶ᠎ᠡ ᠶᠢ ᠶᠠᠳᠠᠭᠤ ᠬᠦᠮᠦᠨ ᠪᠤᠯᠭᠠᠨ ᠳᠤ ᠬᠦᠷᠭᠡᠬᠦ ᠬᠡᠷᠡᠭᠲᠠᠢ᠃ ᠪᠤᠰᠤᠥᠨ ᠭᠠᠵᠠᠷ ᠠᠴᠠ | ᠶᠠᠳᠠᠭᠤ ᠶᠢ ᠲᠡᠥᠨᠬᠦᠬᠦ᠂ ᠠᠮᠢ ᠠᠬᠤᠢ ᠪᠠᠷ ᠶᠠᠳᠠᠭᠤ ᠶᠢ ᠲᠡᠥᠨᠬᠦᠬᠦ᠂ ᠠᠵᠢᠯ ᠤᠯᠭᠤᠯᠲᠠ ᠪᠠᠷ ᠶᠠᠳᠠᠭᠤ ᠶᠢ ᠲᠡᠥᠨᠬᠦᠬᠦ | ᠂ ᠰᠤᠷᠭᠠᠨ ᠬᠦᠮᠦᠵᠢᠯ ᠪᠠᠷ ᠶᠠᠳᠠᠭᠤ ᠶᠢ ᠲᠡᠥᠨᠬᠦᠬᠦ᠂ ᠡᠷᠡᠭᠦᠯ ᠴᠠᠬᠢᠷᠠᠭ ᠪᠠᠷ ᠶᠠᠳᠠᠭᠤ ᠵᠢᠲ᠋ᠡᠥᠨᠬᠦᠬᠦ ᠵᠡᠷᠭᠡ ᠨᠠᠷᠢᠨ | ᠤᠨᠤᠪᠴᠢᠲᠠᠢ ᠶᠠᠳᠠᠭᠤ ᠶᠢ ᠲᠡᠥᠨᠬᠦᠬᠦ ᠲᠦᠷᠦᠯ ᠵᠦᠢᠯ ᠶᠢ ᠰᠠᠶᠢᠲᠤᠷ ᠬᠡᠷᠡᠭᠵᠢᠭᠦᠯᠦᠨ᠎ᠡ᠃ ᠲᠠᠷᠢᠶᠠᠯᠠᠩ ᠳᠤ | ᠬᠠᠮᠢᠶᠠᠲᠠᠢ ᠪᠡᠯᠡ ᠮᠦᠡᠭᠭᠦ ᠶᠢᠨ ᠨᠡᠶᠢᠯᠡᠭᠦᠯᠦᠯᠲᠡ ᠳᠤ ᠬᠦᠴᠦ ᠲᠠᠯᠪᠢᠨ᠂ ᠶᠠᠳᠠᠭᠤ ᠠᠴᠠ ᠠᠩᠭᠢᠵᠢᠷᠠᠬᠤ ᠪᠠᠬᠢᠯᠡᠯᠲᠡ | ᠶᠢᠨ ᠰᠠᠭᠤᠷᠢ ᠮᠦᠡᠭᠭᠦ ᠶᠢ ᠵᠦᠪ ᠬᠡᠷᠡᠭᠯᠡᠨ᠂ ︽ᠹᠦ᠋ ᠨᠥᠩ ᠵᠢᠭᠡᠯᠡᠯᠭᠡ︾ ᠂ ︽ᠴᠢᠶᠠᠩ ᠯᠥᠩ ᠵᠢᠭᠡᠯᠡᠯᠭᠡ︾ | ᠵᠡᠷᠭᠡ ᠮᠦᠡᠭᠭᠦᠨ ᠭᠦᠢᠯᠡᠭᠡᠭᠡᠨ ᠤ ᠶᠠᠳᠠᠭᠤ ᠶᠢ ᠲᠡᠥᠨᠬᠦᠬᠦ ᠪᠡᠯᠡ ᠮᠦᠡᠭᠭᠦ ᠶᠢᠨ ᠠᠮᠢᠵᠢᠷᠠᠯ ᠤᠨ ᠬᠦᠴᠦᠨ ᠢ | ᠪᠠᠲᠤᠯᠠᠨ ᠶᠠᠳᠠᠭᠤ ᠠᠴᠠ ᠠᠩᠭᠢᠵᠢᠷᠠᠬᠤ ᠳᠤ ᠪᠡᠯᠡ ᠮᠦᠡᠭᠭᠦᠨ ᠤ ᠪᠠᠲᠤᠯᠠᠭ᠎ᠠ ᠬᠠᠨᠭ᠍ᠭᠠᠬᠤ ᠬᠡᠷᠡᠭᠲᠠᠢ᠃ ᠰᠢᠶᠠᠩ | ᠪᠠᠯᠭᠠᠰᠤᠨ ᠤ ᠶᠠᠳᠠᠭᠤ ᠠᠴᠠ ᠠᠩᠭᠢᠵᠢᠷᠠᠭᠤᠯᠬᠤ ᠭᠤᠤᠯ ᠴᠤᠭᠴᠠᠲᠤ ᠬᠠᠷᠢᠭᠤᠴᠠᠯᠭ᠎ᠠ ᠶᠢ ᠪᠠᠲᠤᠥᠨᠬᠠᠨ᠂ ᠲᠤᠰᠬᠤᠨ | ᠳᠤ ᠰᠠᠭᠤᠵᠦ ᠪᠠᠶᠢᠭ᠎ᠠ ᠠᠵᠢᠯᠯᠠᠬᠤ ᠳᠤᠭᠤᠶᠢᠯᠠᠩ ᠤᠨ ᠵᠢᠷᠭᠤᠭᠠᠨ ᠵᠦᠢᠯ ᠤᠨ ᠲᠤᠭᠲᠠᠴᠠ ᠶᠢ ᠪᠠᠶᠢᠷᠢᠯᠠᠭᠤᠯᠤᠨ᠂ | ᠬᠠᠪᠰᠤᠷᠠᠬᠤ ᠬᠠᠷᠢᠭᠤᠴᠠᠯᠭᠠᠲᠠᠨ ᠳᠤ ᠬᠢᠨᠠᠯᠲᠠ ᠲᠠᠯᠪᠢᠬᠤ ᠪᠠᠨ ᠴᠢᠩᠭᠠᠥᠨᠬᠠᠨ᠂ ᠡᠭᠦᠷᠭᠡ ᠬᠠᠷᠢᠭᠤᠴᠠᠯᠭ᠎ᠠ ᠪᠠᠨ | ᠨᠠᠷᠢᠯᠠᠭᠵᠢᠭᠤᠯᠵᠦ᠂ ︽1 +20︾ ᠶᠢᠨ ᠨᠠᠷᠢᠨᠤᠨᠤᠪᠴᠢᠲᠠᠢ ᠶᠠᠳᠠᠭᠤ ᠶᠢ ᠲᠡᠥᠨᠬᠦᠬᠦ ᠲᠦᠷᠦ ᠶᠢᠨ ᠪᠤᠳᠤᠯᠭ᠎ᠠ | ᠶᠢᠨ ᠰᠢᠰᠲ᠋ᠧᠮ ᠶᠢ ᠪᠦᠷᠢᠨᠰᠢᠭᠦᠯᠵᠦ ᠂ ᠠᠵᠢᠯ ᠡᠭᠦᠷᠭᠡ ᠶᠢ ᠨᠠᠷᠢᠨ ᠲᠤᠭᠲᠠᠭᠠᠵᠦ᠂ ᠬᠢᠨᠠᠨ ᠰᠢᠯᠭᠠᠬᠤ᠂ | ᠬᠠᠷᠢᠭᠤᠴᠠᠯᠭ᠎ᠠ ᠨᠡᠬᠡᠮᠵᠢᠯᠡᠬᠦ ᠪᠠᠨ ᠴᠢᠩᠭᠠᠥᠨᠬᠠᠨ᠎ᠠ᠃ ᠪᠡᠭᠡᠵᠢᠩ —ᠦᠪᠦᠷ ᠮᠤᠩᠭᠤᠯ ᠂ ᠵᠦᠩ ᠬᠤᠸᠠ | ᠪᠦᠯᠦᠭᠯᠡᠯ ᠤᠨ ᠲᠤᠭᠲᠠᠰᠠᠨ ᠴᠢᠭ ᠪᠠ ᠮᠤᠵᠢ ᠶᠢᠨ ᠳᠡᠰ ᠤᠨ ᠤᠳᠤᠷᠢᠳᠤᠯᠭ᠎ᠠ ᠶᠢᠨ ᠶᠠᠳᠠᠭᠤ ᠬᠦᠴᠢᠷᠳᠡᠯᠲᠠᠢ | ᠬᠤᠰᠢᠭᠤ ᠰᠢᠶᠠᠨ ᠤ ᠬᠠᠮᠲᠤᠷᠤᠯᠴᠠᠭ᠎ᠠ ᠶᠢ ᠠᠬᠢᠭᠤᠯᠤᠨ᠂ ᠨᠡᠶᠢᠭᠡᠮ ᠤᠨ ᠬᠠᠪᠰᠤᠷᠠᠨ ᠳᠡᠮᠵᠢᠬᠦ ᠡᠬᠢ ᠰᠤᠷᠪᠤᠯᠵᠢ ᠪᠠ | ᠵᠦᠪ ᠤᠨᠤᠪᠴᠢᠲᠠᠢ ᠬᠠᠪᠰᠤᠷᠠᠨ ᠳᠡᠮᠵᠢᠬᠦ ᠶᠢᠨ ᠪᠦᠲᠦᠮᠵᠢᠲᠠᠢ ᠵᠤᠯᠭᠠᠯᠲᠠ ᠶᠢ ᠪᠠᠲᠤᠯᠠᠨ᠎ᠠ᠃ ᠶᠠᠳᠠᠭᠤ | ᠡᠴᠠᠠᠩᠭᠢᠵᠢᠷᠠᠭᠤᠯᠵᠦ ᠲᠡᠥᠨᠬᠦᠨ ᠳᠡᠮᠵᠢᠬᠦ ᠰᠠᠭᠤᠷᠢ ᠮᠦᠡᠭᠭᠦ ᠶᠢᠨ ᠦᠢᠯᠡᠳᠦᠯ ᠢ ᠭᠦᠢᠴᠡᠥᠨ ᠪᠠᠳᠠᠷᠠᠭᠤᠯᠵᠦ᠂ | ᠳᠠᠭᠠᠥᠨᠬᠠᠯ᠂ ᠨᠡᠶᠢᠭᠡᠮ ᠤᠨ ᠠᠪᠤᠷᠠᠨ ᠲᠤᠰᠠᠯᠠᠯᠲᠠ᠂ ᠨᠢᠭᠦᠯᠰᠡᠭᠭᠦᠢ ᠦᠢᠯᠡᠰ ᠤᠨ ᠠᠪᠤᠷᠠᠨ ᠲᠤᠰᠠᠯᠠᠯᠲᠠ ᠵᠡᠷᠭᠡ ᠶᠢ | ᠬᠠᠮᠲᠤᠥᠨᠬᠠᠨ ᠨᠡᠶᠢᠯᠡᠭᠦᠯᠵᠦ ᠡᠯ᠎ᠡ ᠲᠦᠷᠦᠯ ᠤᠨ ᠴᠢᠳᠠᠪᠦᠷᠢ ᠶᠢ ᠨᠢ ᠪᠠᠳᠠᠷᠠᠭᠤᠯᠤᠨ᠂ ᠲᠦᠷᠦ ᠶᠢᠨ ᠪᠤᠳᠤᠯᠭ᠎ᠠ ᠪᠠᠷ | ᠪᠠᠲᠤᠯᠠᠭ᠎ᠠ ᠪᠤᠯᠭᠠᠨ᠂ ᠬᠦᠮᠦᠨ ᠪᠤᠯᠭᠠᠨ ᠪᠠᠶᠠᠵᠢᠨ ᠴᠢᠨᠡᠭᠡᠯᠢᠩᠵᠢᠬᠦ ᠡᠩᠨᠡᠭᠡᠨ ᠠᠴᠠ ᠬᠤᠴᠤᠷᠠᠬᠤ ᠦᠭᠡᠢ ᠪᠠᠶᠢᠬᠤ ᠶᠢ | ᠪᠠᠲᠤᠯᠠᠨ᠎ᠠ᠃ | ︵ᠵᠢᠷᠭᠤᠭ᠎ᠠ︶ ᠠᠷᠠᠥᠨ ᠤᠨ ᠠᠮᠢᠳᠤᠷᠠᠯ ᠪᠠ ᠨᠡᠶᠢᠭᠡᠮ ᠤᠨ ᠪᠦᠲᠦᠭᠡᠨ ᠪᠠᠶᠢᠭᠤᠯᠤᠯᠲᠠ ᠶᠢ | ᠬᠦᠨᠳᠦᠥᠨᠬᠡᠨ ᠦᠵᠡᠵᠦ᠂ ᠡᠶ᠎ᠡ ᠨᠠᠶᠢᠷᠠᠮᠳᠠᠭᠤ ᠲᠤᠭᠳᠠᠭᠤᠨ ᠰᠢᠨ᠎ᠡ ᠬᠡᠪ ᠪᠠᠶᠢᠳᠠᠯ ᠢ ᠴᠤᠭᠴᠠᠯᠠᠨ᠎ᠠ | ᠡᠯ᠎ᠡ ᠲᠦᠷᠦᠯ ᠤᠨ ᠨᠡᠶᠢᠭᠡᠮ ᠤᠨ ᠦᠢᠯᠡᠰ ᠢ ᠲᠦᠯᠬᠢᠨ ᠠᠬᠢᠭᠤᠯᠤᠨ᠎ᠠ᠃ ᠠᠯᠪᠠᠨ ᠵᠢᠷᠦᠮ ᠤᠨ ᠰᠤᠷᠭᠠᠨ | ᠬᠦᠮᠦᠵᠢᠯ ᠤᠨ ᠡᠷᠬᠡ ᠲᠡᠭᠰᠢ ᠬᠦᠭᠵᠢᠬᠦ ᠶᠢ ᠲᠦᠯᠬᠢᠨ ᠠᠬᠢᠭᠤᠯᠤᠨ᠎ᠠ᠃ ᠬᠦᠳᠡᠭᠡ ᠲᠤᠰᠬᠤᠨ ᠤ ᠳᠤᠮᠳᠠᠳᠤ ᠪᠠᠭ᠎ᠠ | ᠰᠤᠷᠭᠠᠭᠤᠯᠢ ᠶᠢᠨ ᠰᠤᠷᠭᠠᠭᠤᠯᠢ ᠡᠷᠬᠢᠯᠡᠬᠦ ᠨᠦᠭᠦᠴᠡᠯ ᠢ ᠳᠡᠭᠡᠭᠰᠢᠯᠡᠭᠦᠯᠬᠦ ᠪᠠ ᠰᠤᠷᠭᠠᠨ ᠬᠦᠮᠦᠵᠢᠯ ᠤᠨ ᠰᠤᠷᠠᠭ | ᠵᠠᠩᠭᠢᠴᠢᠯᠠᠬᠤ ᠢᠨᠵᠧᠨ᠋ᠷᠢᠩ ᠢ ᠳᠠᠭᠤᠰᠬᠠᠨ᠂ ᠰᠤᠷᠭᠠᠨ ᠬᠦᠮᠦᠵᠢᠯ ᠤᠨ ᠡᠬᠢ ᠰᠤᠷᠪᠤᠯᠵᠢ ᠶᠢ ᠠᠰᠢᠭᠯᠠᠬᠤ ᠶᠢ | ᠳᠡᠭᠡᠭᠰᠢᠯᠡᠭᠦᠯᠦᠨ᠂ ᠰᠢᠯᠢᠳᠡᠭ ᠡᠬᠢ ᠰᠤᠷᠪᠤᠯᠵᠢ ᠶᠢ ᠬᠠᠮᠲᠤ ᠪᠠᠷ ᠠᠰᠢᠭᠯᠠᠬᠤ ᠶᠢ ᠠᠬᠢᠭᠤᠯᠤᠨ᠎ᠠ᠃ ᠰᠤᠷᠭᠠᠨ | ᠬᠦᠮᠦᠵᠢᠯ ᠤᠨ ᠶᠠᠰᠤ ᠴᠢᠨᠠᠷ ᠢ ᠰᠠᠶᠢᠨ ᠠᠥᠨᠬᠤᠵᠦ᠂ ᠠᠷᠠᠥᠨ ᠲᠦᠮᠡᠨ ᠤ ᠰᠤᠷᠭᠠᠨ ᠬᠦᠮᠦᠵᠢᠯ ᠤᠨᠬᠠᠨᠤᠮᠵᠢ ᠶᠢᠨ | ᠬᠡᠮᠵᠢᠶ᠎ᠡ ᠶᠢ ᠨᠡᠮᠡᠭᠳᠡᠭᠦᠯᠦᠨ᠎ᠡ᠃ ᠡᠩ ᠤᠨ ᠳᠡᠭᠡᠳᠦ ᠳᠤᠮᠳᠠᠳᠤ ᠶᠢᠨ ᠬᠢᠴᠢᠶᠡᠯ ᠤᠨ ᠲᠤᠭᠲᠠᠯᠴᠠᠭ᠎ᠠ ᠶᠢᠨ | ᠤᠨᠴᠠᠯᠢᠭᠵᠢᠬᠤ ᠶᠢ ᠲᠦᠯᠬᠢᠨ ᠠᠬᠢᠭᠤᠯᠵᠦ᠂ ᠤᠯᠠᠮ ᠨᠢᠭᠡ ᠠᠯᠬᠤᠮ ᠭᠤᠤᠯᠳᠠᠯᠭᠠᠲᠤ ᠳᠡᠭᠡᠳᠦ ᠰᠤᠷᠭᠠᠭᠤᠯᠢ | ᠡᠯᠰᠡᠭᠳᠡᠬᠦ ᠨᠤᠷᠮ᠎ᠠ ᠶᠢ ᠳᠡᠭᠡᠭᠰᠢᠯᠡᠭᠦᠯᠦᠨ᠎ᠡ᠃ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠲᠦᠯᠦᠪᠯᠡᠭᠡ ᠶᠢ | ᠵᠤᠬᠢᠶᠠᠵᠦ᠂ ᠬᠢᠴᠢᠶᠡᠯ ᠲᠦᠷᠦᠯ ᠢ ᠵᠤᠬᠢᠰᠲᠠᠢ ᠪᠠᠷ ᠲᠤᠬᠢᠷᠠᠭᠤᠯᠵᠦ᠂ ᠦᠢᠯᠡᠳᠦᠯᠭᠡ ᠰᠤᠷᠭᠠᠨ ᠬᠦᠮᠦᠵᠢᠯ ᠢ | ᠨᠢᠭᠡᠲᠦᠯᠵᠢᠬᠦ ᠶᠢ ᠠᠬᠢᠭᠤᠯᠤᠨ᠂ ᠰᠢᠨ᠎ᠡ ᠰᠤᠷᠭᠠᠭᠤᠯᠢ ᠳᠤ ᠰᠢᠯᠵᠢᠵᠦ ᠪᠠᠭᠤᠬᠤ ᠶᠢ ᠲᠦᠯᠦᠪᠯᠡᠨ᠎ᠡ᠃ ᠰᠢᠶᠠᠨ ᠤ | ᠰᠢᠭᠤᠥᠨ ᠬᠠᠷᠢᠶ᠎ᠠ ᠬᠡᠥᠬᠡᠥᠨ ᠤᠨ ᠴᠡᠴᠡᠷᠯᠢᠭ ᠤᠨᠬᠤᠶᠠᠳᠤᠭᠠᠷ ᠬᠤᠭᠤᠴᠠᠭᠠᠨ ᠪᠦᠲᠦᠭᠡᠨ ᠪᠠᠶᠢᠭᠤᠯᠤᠯᠲᠠ ᠶᠢ | ᠡᠬᠢᠯᠡᠭᠦᠯᠵᠦ᠂ ᠵᠠᠰᠠᠭ ᠤᠨ ᠤᠷᠳᠤᠨ ᠠᠴᠠ ᠦᠢᠯᠡᠴᠢᠯᠡᠬᠦ ᠶᠢ ᠬᠤᠳᠠᠯᠳᠤᠨ ᠠᠪᠬᠤ ᠬᠡᠯᠪᠡᠷᠢ ᠶᠢ ᠲᠤᠷᠰᠢᠨ | ᠬᠡᠷᠡᠭᠯᠡᠵᠦ᠂ ᠰᠤᠷᠬᠤ ᠠᠴᠠ ᠡᠮᠤᠨᠡᠬᠢ ᠰᠤᠷᠭᠠᠨ ᠬᠦᠮᠦᠵᠢᠯ ᠤᠨ ᠬᠦᠭᠵᠢᠯᠲᠡ ᠶᠢ ᠠᠬᠢᠭᠤᠯᠤᠨ᠎ᠠ᠃ ᠰᠤᠷᠭᠠᠭᠤᠯᠢ ᠶᠢᠨ | ᠬᠦᠷᠢᠶᠡᠨ ᠲᠠᠬᠢ ᠬᠦᠯ ᠪᠦᠮᠪᠦᠭᠡᠨ ᠤ ᠦᠢᠯᠡᠰ ᠢ ᠲᠦᠭᠡᠮᠡᠯᠵᠢᠬᠦ ᠠᠵᠢᠯ ᠢ ᠴᠢᠩᠭ᠎ᠠ ᠠᠥᠨᠬᠤᠵᠦ᠂ ᠰᠤᠷᠭᠠᠭᠤᠯᠢ | ᠬᠦᠷᠢᠶᠡᠨ ᠤ ᠶᠡᠷᠦᠩᠬᠡᠶᠢᠯᠡᠭᠰᠡᠨ ᠬᠦᠯ ᠪᠦᠮᠪᠦᠭᠡᠨ ᠤ ᠤᠷᠳᠤᠨ ᠬᠢᠭᠡᠥᠨ 4 ᠰᠠᠭᠤᠷᠢ ᠰᠤᠷᠭᠠᠭᠤᠯᠢ ᠶᠢᠨ ᠬᠦᠷᠢᠶᠡᠨ | ᠤ ᠲᠠᠪᠤᠨ ᠬᠦᠮᠦᠨ ᠤ ᠳᠦᠷᠢᠮᠲᠦ ᠬᠦᠯ ᠪᠦᠮᠪᠦᠭᠡᠨ ᠤ ᠤᠷᠳᠤᠨ ᠤ ᠪᠠᠶᠢᠭᠤᠯᠤᠯᠲᠠ ᠶᠢ ᠬᠡᠷᠡᠭᠵᠢᠭᠦᠯᠦᠨ᠎ᠡ᠃ ᠰᠤᠶᠤᠯ | ᠲᠠᠮᠢᠷ ᠤᠨ ᠦᠢᠯᠡᠰ ᠢ ᠬᠦᠭᠵᠢᠭᠦᠯᠦᠨ᠎ᠡ᠃ ᠮᠦᠽᠸᠢ᠂ ᠨᠤᠮ ᠤᠨ ᠰᠠᠩ᠂ ᠳᠠᠩᠰᠠ ᠡᠪᠬᠢᠮᠡᠯ ᠤᠨ ᠤᠷᠳᠤᠨ᠂ | ᠠᠭᠤᠷᠬᠠᠢ ᠶᠢᠨ ᠬᠦᠷᠢᠶᠡᠯᠡᠩ ᠤᠨ ᠦᠵᠡᠰᠬᠦᠯᠡᠩ ᠤᠨ ᠤᠷᠳᠤᠨ᠂ ᠨᠡᠭᠦᠵᠦ ᠪᠠᠭᠤᠭᠰᠠᠨ ᠰᠤᠶᠤᠯ ᠤᠨ ᠤᠷᠳᠤᠨ | ᠵᠡᠷᠭᠡ ᠰᠤᠶᠤᠯ ᠤᠨ ᠪᠦᠲᠦᠭᠡᠨ ᠪᠠᠶᠢᠭᠤᠯᠤᠯᠲᠠ ᠶᠢ ᠡᠬᠢᠯᠡᠭᠦᠯᠵᠦ᠂ ᠰᠤᠶᠤᠯ᠂ ᠲᠡᠤᠬᠡ᠂ ᠨᠤᠮ ᠪᠢᠴᠢᠭ᠂ ᠳᠠᠩᠰᠠ | ᠡᠪᠬᠢᠮᠡᠯ ᠢ ᠨᠢᠭᠡᠲᠦᠯᠵᠢᠭᠦᠯᠦᠭᠰᠡᠡᠨ ᠰᠤᠶᠤᠯ ᠤᠨ ᠶᠡᠷᠦᠩᠬᠡᠶᠢᠯᠡᠭᠰᠡᠨ ᠨᠢᠭᠡᠲᠦᠯ ᠴᠤᠭᠴᠠ ᠶᠢ ᠪᠠᠶᠢᠭᠤᠯᠤᠨ᠎ᠠ᠃ | ᠶᠡᠷᠦᠩᠬᠡᠶᠢᠯᠡᠭᠰᠡᠨ ᠪᠡᠶ᠎ᠡ ᠲᠠᠮᠢᠷ ᠤᠨ ᠤᠷᠳᠤᠨ᠂ ᠤᠮᠪᠠᠯᠲᠠ ᠶᠢᠨ ᠤᠷᠳᠤᠨ ᠢ ᠡᠬᠢᠯᠡᠨ ᠪᠠᠶᠢᠭᠤᠯᠵᠦ᠂ ᠪᠡᠶ᠎ᠡ ᠲᠠᠮᠢᠷ | ᠤᠨ ᠤᠷᠳᠤᠨ᠂ ᠬᠦᠯ ᠪᠦᠮᠪᠦᠭᠡᠨ ᠤ ᠤᠷᠳᠤᠨ ᠵᠡᠷᠭᠡ ᠶᠢ ᠪᠠᠶᠢᠭᠤᠯᠬᠤ ᠪᠠᠷ ᠪᠡᠯᠡᠥᠨᠬᠡᠨᠡ᠃ ᠲᠠᠷᠢᠶᠠᠴᠢᠥᠨ ᠤᠨ | ᠪᠡᠶ᠎ᠡ ᠲᠠᠮᠢᠷ᠂ ᠪᠡᠶ᠎ᠡ ᠴᠠᠬᠢᠷᠠᠭᠵᠢᠭᠤᠯᠬᠤᠢᠨᠵᠧᠨ᠋ᠷᠢᠩ ᠂ ᠵᠠᠭᠤᠨ ᠰᠢᠶᠠᠨ᠂ ᠲᠦᠮᠡᠨ ᠲᠤᠰᠬᠤᠨ ᠤ ᠰᠤᠶᠤᠯ ᠤᠨ | ᠦᠢᠯᠡᠰ ᠦᠢᠯᠡᠴᠢᠯᠭᠡᠭᠡᠨ ᠤ ᠲᠦᠪ ᠤᠨ ᠵᠢᠱᠢᠶᠡᠴᠢ ᠲᠦᠷᠦᠯ ᠵᠦᠢᠯ ᠢ ᠢᠳᠡᠪᠬᠢᠲᠠᠢ ᠪᠠᠷ ᠭᠤᠶᠤᠴᠢᠯᠠᠨᠤᠯᠵᠦ᠂ | ᠬᠦᠳᠡᠭᠡ ᠲᠤᠰᠬᠤᠨ ᠤ ᠰᠤᠶᠤᠯ ᠲᠠᠮᠢᠷ ᠤᠨ ᠲᠦᠬᠦᠭᠡᠷᠦᠮᠵᠢ ᠶᠢ ᠪᠦᠷᠢᠨᠰᠢᠭᠦᠯᠦᠨ᠎ᠡ᠃ ᠰᠢᠶᠠᠩ ᠪᠠᠯᠭᠠᠰᠤᠨ ᠤ | ᠤᠨᠴᠠᠯᠭᠠᠲᠤ ᠰᠤᠶᠤᠯ ᠤᠨ ᠬᠦᠳᠡᠯᠭᠡᠭᠡᠨ ᠢ ᠪᠠᠶᠠᠯᠠᠭᠵᠢᠭᠤᠯᠵᠦ᠂ ᠪᠦᠬᠦ ᠠᠷᠠᠥᠨ ᠪᠠᠷ ᠢᠶᠠᠨ ᠪᠡᠶ᠎ᠡ ᠴᠠᠬᠢᠷᠠᠭᠵᠢᠭᠤᠯᠬᠤ | ᠢᠨᠵᠧᠨ᠋ᠷᠢᠩ ᠢ ᠪᠦᠬᠦ ᠲᠠᠯ᠎ᠠ ᠪᠠᠷ ᠲᠦᠯᠬᠢᠨ ᠠᠬᠢᠭᠤᠯᠤᠨ᠎ᠠ᠃ | ᠠᠷᠠᠥᠨ ᠲᠦᠮᠡᠨ ᠤ ᠵᠤᠯ ᠵᠢᠷᠭᠠᠯᠲᠤ ᠵᠢᠭᠠᠯᠲᠠ ᠲᠤᠭ᠎ᠠ ᠶᠢ ᠳᠡᠭᠡᠭᠰᠢᠯᠡᠭᠦᠯᠦᠨ᠎ᠡ᠃ ᠨᠡᠩ ᠢᠳᠡᠪᠬᠢᠲᠠᠢ | ᠠᠮᠢᠳᠤᠯᠢᠭ ᠠᠵᠢᠯ ᠤᠯᠭᠤᠯᠲᠠ ᠪᠠ ᠦᠢᠯᠡᠰ ᠪᠤᠰᠬᠠᠬᠤ ᠲᠦᠷᠦ ᠶᠢᠨ ᠪᠤᠳᠤᠯᠭ᠎ᠠ ᠶᠢ ᠬᠡᠷᠡᠭᠵᠢᠭᠦᠯᠦᠨ᠎ᠡ᠃ | ᠡᠯᠧᠺᠲᠷᠤᠨ ᠬᠤᠳᠠᠯᠳᠤᠭᠠᠨ ᠤ ᠨᠡᠪᠴᠢᠯᠲᠡ ᠶᠢᠨ ᠰᠠᠭᠤᠷᠢᠨ ᠭᠠᠵᠠᠷ ᠤᠨ ᠪᠠᠶᠢᠭᠤᠯᠤᠯᠲᠠ ᠶᠢ ᠴᠢᠩᠭᠠᠥᠨᠬᠠᠵᠦ᠂ | ᠤᠯᠠᠨ ᠨᠡᠶᠢᠲᠡ ᠪᠠᠷ ᠦᠢᠯᠡᠰ ᠪᠤᠰᠬᠠᠬᠤ ᠤᠷᠤᠨ ᠵᠠᠢ ᠶᠢ ᠶᠡᠬᠡᠰᠬᠡᠨ᠎ᠡ᠃ᠦᠢᠯᠡᠰ ᠪᠤᠰᠬᠠᠬᠤ ᠪᠠᠭ᠎ᠠ ᠬᠡᠮᠵᠢᠶᠡᠨ ᠤ | ᠵᠢᠭᠡᠯᠡᠯᠭᠡ ᠶᠢᠨ ᠲᠦᠷᠦ ᠶᠢᠨ ᠪᠤᠳᠤᠯᠭ᠎ᠠ ᠶᠢᠨ ᠦᠢᠯᠡᠳᠦᠯ ᠢ ᠪᠠᠳᠠᠷᠠᠭᠤᠯᠵᠦ᠂ ᠳᠡᠭᠡᠳᠦ ᠰᠤᠷᠭᠠᠭᠤᠯᠢ ᠠᠴᠠ | ᠲᠡᠭᠦᠰᠡᠭᠰᠡᠨ ᠰᠤᠷᠤᠭᠴᠢ᠂ ᠴᠡᠷᠢᠭ ᠠᠴᠠ ᠬᠠᠯᠠᠭᠲᠠᠭᠰᠠᠥᠨ᠂ ᠨᠤᠲᠤᠭ ᠲᠠᠭᠠᠨ ᠪᠤᠴᠠᠭᠰᠠᠨ ᠬᠦᠮᠦᠰ ᠶᠢᠨ ᠦᠪᠡᠷ | ᠪᠠᠨ ᠦᠢᠯᠡᠰ ᠪᠤᠰᠬᠠᠬᠤ ᠶᠢ ᠵᠤᠷᠢᠭᠵᠢᠭᠤᠯᠤᠨ᠂ ᠦᠢᠯᠡᠰ ᠪᠤᠰᠬᠠᠬᠤ ᠪᠠᠷ ᠳᠠᠮᠵᠢᠨ ᠠᠵᠢᠯ ᠤᠯᠭᠤᠯᠲᠠ ᠶᠢ | ᠠᠬᠢᠭᠤᠯᠤᠨ᠎ᠠ᠃ ᠠᠵᠦ ᠦᠢᠯᠡᠰ ᠤᠨ ᠬᠦᠭᠵᠢᠯᠲᠡ ᠪᠠ ᠠᠵᠦ ᠠᠬᠤᠶᠢᠯᠠᠯ ᠤᠨ ᠬᠡᠷᠡᠭᠴᠡᠭᠡᠨ ᠤ ᠲᠤᠭᠤᠷᠢᠨ ᠳᠤ | ᠬᠠᠷᠭᠠᠯᠵᠠᠭᠰᠠᠨ ᠮᠡᠷᠭᠡᠵᠢᠯ ᠤᠨ ᠪᠤᠯᠪᠠᠰᠤᠷᠠᠭᠤᠯᠤᠯᠲᠠ ᠬᠢᠵᠦ᠂ ᠶᠠᠳᠠᠭᠤ ᠬᠦᠴᠢᠷᠳᠡᠯᠲᠠᠢ ᠬᠦᠮᠦᠰ ᠲᠤ ᠦᠢᠯᠡᠴᠢᠯᠡᠬᠦ | ᠠᠵᠢᠯ ᠤᠯᠭᠤᠯᠲᠠ ᠶᠢᠨ ᠲᠦᠪ ᠤᠨ ᠪᠦᠲᠦᠭᠡᠨ ᠪᠠᠶᠢᠭᠤᠯᠤᠯᠲᠠ ᠶᠢ ᠲᠠᠭᠤᠰᠬᠠᠵᠦ᠂ ᠬᠦᠳᠡᠭᠡ ᠲᠤᠰᠬᠤᠨ ᠤ | ᠬᠦᠳᠡᠯᠮᠦᠷᠢ ᠬᠦᠴᠦ ᠶᠢᠨ ᠤᠶᠢᠷᠠᠲ᠋ᠤᠭᠤᠷᠢᠨ ᠳᠠᠭᠠᠨ ᠠᠵᠢᠯ ᠤᠯᠬᠤ ᠶᠢ ᠠᠬᠢᠭᠤᠯᠤᠨ᠎ᠠ᠃ ᠬᠤᠲᠠ ᠪᠠᠯᠭᠠᠰᠤᠨ ᠤ | ᠬᠦᠴᠢᠷᠳᠡᠯᠲᠠᠢ ᠬᠦᠮᠦᠰ᠂ ᠤᠨᠴᠠᠭᠠᠢ ᠬᠦᠮᠦᠰ ᠶᠢᠨ ᠠᠵᠢᠯ ᠤᠯᠭᠤᠯᠲᠠ ᠪᠠ ᠳᠡᠮᠵᠢᠨ ᠲᠤᠰᠠᠯᠠᠬᠤ ᠠᠵᠢᠯ ᠢ | ᠰᠠᠶᠢᠲᠤᠷ ᠠᠥᠨᠬᠤᠨᠠ᠃ ᠬᠤᠲᠠ ᠪᠠᠯᠭᠠᠰᠤᠨ ᠤ ᠰᠢᠨ᠎ᠡ ᠪᠠᠷ ᠠᠵᠢᠯ ᠤᠯᠭᠤᠯᠲᠠ ᠶᠢ1750 ᠬᠦᠮᠦᠨ ᠠᠴᠠ | ᠳᠡᠭᠡᠭᠰᠢ ᠪᠠᠶᠢᠯᠭᠠᠵᠤ᠂ ᠬᠤᠲᠠ ᠪᠠᠯᠭᠠᠰᠤᠨ ᠤ ᠠᠵᠢᠯ ᠠᠯᠳᠠᠬᠤ ᠨᠤᠷᠮ᠎ᠠ ᠶᠢ3.9% ᠶᠢᠨ ᠲᠤᠲᠤᠷ᠎ᠠ ᠪᠠᠶᠢᠯᠭᠠᠨ᠎ᠠ᠃ | ᠨᠡᠶᠢᠭᠡᠮ ᠤᠨ ᠪᠠᠲᠤᠯᠠᠭ᠎ᠠ ᠶᠢᠨ ᠬᠡᠪᠴᠢᠶ᠎ᠡ ᠪᠠᠨ ᠦᠷᠭᠡᠥᠨᠬᠡᠨᠡ᠃ ᠪᠦᠬᠦ ᠠᠷᠠᠥᠨ ᠤᠨ ᠳᠠᠭᠠᠥᠨᠬᠠᠯ ᠤᠷᠤᠬᠤ ᠶᠢ | ᠪᠦᠷᠢᠥᠨᠬᠡᠨ ᠲᠡᠮᠳᠡᠭᠯᠡᠬᠦ ᠶᠢ ᠲᠤᠷᠰᠢᠨ ᠬᠡᠷᠡᠭᠯᠡᠵᠦ᠂ ᠡᠮ ᠡᠮᠨᠡᠯᠭᠡ ᠵᠢᠨᠲ᠋ᠠᠭᠠᠥᠨᠬᠠᠯ ᠢ ᠪᠦᠬᠦ ᠤᠷᠤᠨ ᠳᠤ ᠨᠢᠭᠡᠲᠦᠯᠲᠠᠢ | ᠲᠤᠭᠠᠴᠠᠯᠠᠬᠤ ᠵᠡᠷᠭᠡ ᠠᠵᠢᠯ ᠢ ᠰᠠᠶᠢᠲᠤᠷ ᠬᠢᠨ᠎ᠡ᠃ ᠬᠤᠲᠠ ᠰᠢᠶᠠᠩ ᠤᠨ ᠳᠤᠤᠷ᠎ᠠ ᠪᠠᠲᠤᠯᠭᠠᠨ ᠤ ᠪᠠᠷᠢᠮᠵᠢᠶ᠎ᠠ ᠶᠢ | ᠳᠡᠭᠡᠭᠰᠢᠯᠡᠭᠦᠯᠦᠨ᠂ ᠨᠡᠶᠢᠭᠡᠮ ᠤᠨ ᠠᠪᠤᠷᠠᠨ ᠲᠤᠰᠠᠯᠠᠵᠤ ᠬᠠᠮᠤᠭ ᠡᠴᠦᠰ ᠤᠨ ᠪᠠᠲᠤᠯᠠᠭ᠎ᠠ ᠬᠠᠨᠭ᠍ᠭᠠᠬᠤ ᠴᠢᠳᠠᠪᠤᠷᠢ ᠶᠢ | ᠴᠢᠩᠭᠠᠥᠨᠬᠠᠨ᠎ᠠ᠃ ᠨᠠᠰᠤᠲᠠᠨ ᠢ ᠠᠰᠠᠷᠠᠬᠤ ᠦᠢᠯᠡᠴᠢᠯᠭᠡ ᠶᠢᠨ ᠬᠡᠯᠪᠡᠷᠢ ᠶᠢ ᠰᠢᠨ᠎ᠡ ᠶᠢ ᠡᠭᠦᠥᠨᠴᠦ ᠂ ᠢᠳᠡᠪᠬᠢᠲᠠᠢ | ᠰᠢᠨ᠎ᠡ ᠶᠢ ᠡᠭᠦᠥᠨᠬᠦ ᠪᠠ ᠤᠶᠤᠨᠴᠢ ᠪᠠᠷ ᠰᠢᠨ᠎ᠡ ᠶᠢ ᠡᠭᠦᠥᠨᠬᠦ ᠦᠢᠯᠡᠴᠢᠯᠭᠡᠨ ᠤ ᠲᠤᠭᠲᠠᠯᠴᠠᠭ᠎ᠠ ᠶᠢ ᠪᠠᠶᠢᠭᠤᠯᠠᠨ᠂ | ᠨᠠᠰᠤᠳᠠᠨ ᠶᠢ ᠠᠰᠠᠷᠠᠬᠤ ᠵᠢᠱᠢᠶᠡᠴᠢ ᠬᠦᠷᠢᠶᠡᠯᠡᠩ ᠤᠨ ᠪᠦᠲᠦᠭᠡᠨ ᠪᠠᠶᠢᠭᠤᠯᠤᠯᠲᠠ ᠶᠢ ᠡᠬᠢᠯᠡᠭᠦᠯᠵᠦ᠂ ᠰᠢᠨ᠎ᠡ ᠪᠠᠷ | ᠬᠦᠳᠡᠭᠡ ᠲᠤᠰᠬᠤᠨ ᠤ ᠬᠠᠷᠢᠯᠴᠠᠨ ᠬᠠᠪᠰᠤᠷᠬᠤ ᠬᠡᠯᠪᠡᠷᠢ ᠶᠢᠨ ᠨᠠᠰᠤᠲᠠᠨ ᠤ ᠬᠦᠷᠢᠶᠡᠯᠡᠩ ᠢ 8 ᠪᠠᠶᠢᠭᠤᠯᠵᠦ᠂ | ᠰᠢᠶᠠᠩ ᠪᠠᠯᠭᠠᠰᠤᠨ ᠤ4 ᠨᠠᠰᠤᠲᠠᠨ ᠢ ᠠᠰᠠᠷᠠᠬᠤ ᠬᠦᠷᠢᠶᠡᠯᠡᠩ ᠪᠠ3 ᠨᠠᠰᠤᠲᠠᠨ ᠢ ᠠᠰᠠᠷᠠᠬᠤ ᠲᠦᠪ ᠢ ᠵᠠᠰᠠᠨ | ᠦᠭᠡᠷᠡᠴᠢᠯᠡᠨ᠎ᠠ᠃ ᠤᠷᠤᠨ ᠨᠤᠲᠤᠭ ᠤᠨ ᠴᠢᠨᠠᠷᠲᠠᠢ ᠡᠮ ᠡᠮᠨᠡᠯᠭᠡ ᠶᠢᠨ ᠦᠢᠯᠡᠴᠢᠯᠡᠭᠡᠭᠡᠨᠣ ᠲᠦᠪ ᠶᠢ ᠪᠦᠲᠦᠭᠡᠨ | ᠪᠠᠶᠢᠭᠤᠯᠤᠨ᠎ᠠ᠃ ᠬᠢᠲᠠᠥᠨ ᠮᠤᠩᠭᠤᠯ ᠡᠮᠨᠡᠯᠭᠡ ᠶᠢᠨ ᠬᠤᠷᠢᠶ᠎ᠠ ᠪᠠ ᠵᠡᠮᠳᠡᠭᠴᠤᠥᠨ ᠤᠨ ᠡᠷᠡᠭᠦᠯᠵᠢᠯ ᠤᠨ ᠲᠦᠪ ᠤᠨ | ᠪᠠᠶᠢᠭᠤᠯᠤᠯᠲᠠ ᠶᠢ ᠲᠠᠭᠤᠰᠬᠠᠵᠦ᠂ ᠡᠮᠴᠢᠯᠡᠬᠦ ᠪᠠ ᠨᠠᠰᠤᠲᠠᠨ ᠢ ᠠᠰᠠᠷᠠᠬᠤ ᠶᠢᠨ ᠤᠶᠠᠯᠳᠤᠯ ᠦᠢᠯᠡᠴᠢᠯᠭᠡ ᠶᠢᠨ | ᠬᠡᠯᠪᠡᠷᠢ ᠶᠢ ᠡᠷᠢᠯᠬᠢᠯᠡᠨ᠎ᠡ᠃4 ᠰᠠᠭᠤᠷᠢ ᠰᠢᠶᠠᠩ ᠪᠠᠯᠭᠠᠰᠤᠨ ᠤ ᠡᠮᠨᠡᠯᠭᠡ ᠶᠢᠨ ᠬᠤᠷᠢᠶ᠎ᠠ ᠪᠠᠶᠢᠭᠤᠯᠬᠤ ᠶᠢ | ᠬᠡᠷᠡᠭᠵᠢᠭᠦᠯᠵᠦ᠂ ᠰᠢᠶᠠ ᠴᠠᠩ ᠡᠷᠡᠭᠦᠯ ᠬᠠᠮᠠᠭᠠᠯᠠᠯ ᠤᠨ ᠬᠤᠷᠢᠶ᠎ᠠ᠂ ᠨᠡᠶᠢᠭᠡᠮ ᠲᠤᠭᠤᠷᠢᠭ ᠤᠨ ᠦᠢᠯᠡᠴᠢᠯᠭᠡᠨ ᠤ | ᠲᠦᠪ ᠪᠠ ᠬᠢᠵᠢᠭ ᠢ ᠰᠡᠷᠭᠡᠶᠢᠯᠡᠬᠦ ᠲᠦᠪ ᠤᠨ ᠦᠷᠭᠡᠥᠨᠬᠡᠨ ᠵᠠᠰᠠᠬᠤ ᠠᠵᠢᠯ ᠢ ᠡᠬᠢᠯᠡᠭᠦᠯᠦᠨ᠎ᠡ᠃ | ᠨᠡᠶᠢᠭᠡᠮ ᠤᠨ ᠵᠠᠰᠠᠯᠲᠠ ᠶᠢᠨ ᠬᠡᠯᠪᠡᠷᠢ ᠪᠠᠨ ᠦᠭᠡᠷᠡᠴᠢᠯᠡᠨ ᠰᠠᠶᠢᠵᠢᠷᠠᠭᠤᠯᠤᠨ᠎ᠠ ᠃ ︽ᠠᠶᠤᠯ ᠦᠭᠡᠢ | ᠦᠢᠯᠡᠥᠨᠪᠦᠷᠢᠯᠡᠯ ᠳᠤ ᠬᠢᠨᠠᠯᠲᠠ ᠲᠠᠯᠪᠢᠵᠤ ᠬᠠᠤᠯᠢ ᠬᠡᠷᠡᠭᠵᠢᠭᠦᠯᠬᠦ ᠵᠢᠯ︾ ᠤᠨ ᠬᠦᠳᠡᠯᠭᠡᠭᠡᠨ ᠶᠢ ᠶᠠᠪᠤᠭᠳᠠᠭᠤᠯᠤᠨ᠎ᠠ᠃ | ᠨᠠᠮ ᠪᠠ ᠵᠠᠰᠠᠭ ᠬᠠᠮᠲᠦ ᠶᠢᠨ ᠬᠠᠷᠢᠭᠤᠴᠠᠯᠭ᠎ᠠ᠂ ᠨᠢᠭᠡ ᠪᠠᠶᠢᠷᠢ ᠬᠤᠤᠰ ᠬᠠᠷᠢᠭᠤᠴᠠᠯᠭ᠎ᠠ ᠵᠡᠷᠭᠡ ᠶᠢ ᠴᠢᠩᠭ᠎ᠠ | ᠬᠡᠷᠡᠭᠵᠢᠭᠦᠯᠵᠦ᠂ ᠠᠶᠤᠯ ᠦᠭᠡᠢ ᠦᠢᠯᠡᠥᠨᠪᠦᠷᠢᠯᠡᠯ ᠶᠢᠨ ᠶᠡᠭᠡ ᠪᠠᠶᠢᠴᠠᠭᠠᠯᠲᠠ ᠪᠠ ᠬᠢᠨᠠᠨ ᠬᠠᠮᠢᠶᠠᠷᠤᠯᠲᠠ ᠶᠢᠨ | ᠲᠡᠭᠦᠯᠳᠡᠷᠵᠢᠭᠦᠯᠬᠦ ᠶᠢ ᠬᠡᠪᠰᠢᠭᠦᠯᠬᠦ ᠲᠤᠭᠲᠠᠴᠠ ᠶᠢ ᠪᠤᠢ ᠪᠤᠯᠭᠠᠨ᠂ ᠵᠠᠰᠠᠭ ᠤᠨ ᠤᠷᠳᠤᠨ ᠤ ᠤᠳᠤᠷᠢᠳᠤᠯᠭ᠎ᠠ ᠶᠢᠨ | ᠬᠠᠷᠢᠭᠤᠴᠠᠯᠭ᠎ᠠ᠂ ᠠᠵᠢᠯ ᠲᠦᠷᠦᠯ ᠤᠨ ᠬᠢᠨᠠᠨ ᠬᠠᠮᠢᠶᠠᠷᠠᠬᠤ ᠬᠠᠷᠢᠭᠤᠴᠠᠯᠭ᠎ᠠ᠂ ᠠᠵᠦ ᠠᠬᠤᠶᠢᠯᠠᠯ ᠤᠨ ᠭᠤᠤᠯ | ᠴᠤᠭᠴᠠ ᠶᠢᠨ ᠬᠠᠷᠢᠭᠤᠴᠠᠯᠭ᠎ᠠ ᠶᠢ ᠦᠨᠡᠨ ᠪᠣᠳᠠᠲᠠᠢ ᠬᠡᠷᠡᠭᠵᠢᠭᠦᠯᠵᠦ᠂ ᠠᠶᠤᠯ ᠦᠭᠡᠢ ᠦᠢᠯᠡᠥᠨᠪᠦᠷᠢᠯᠡᠯ ᠤᠨ ᠪᠠᠴᠢᠮ | ᠠᠪᠤᠷᠠᠯᠲᠠᠶᠢᠨ ᠲᠤᠭᠲᠠᠯᠴᠠᠭ᠎ᠠ ᠶᠢ ᠪᠦᠷᠢᠨᠰᠢᠭᠦᠯᠵᠦ᠂ ᠭᠤᠤᠯᠳᠠᠯᠭᠠᠲᠤ ᠠᠵᠤ ᠠᠬᠤᠶᠢᠯᠠᠯ ᠤᠨᠪᠠᠴᠢᠮ ᠠᠪᠤᠷᠠᠯᠲᠠ | ᠵᠢᠨᠲ᠋ᠤᠭᠲᠠᠯᠴᠠᠭᠠ ᠶᠢ ᠪᠠᠶᠢᠭᠤᠯᠵᠦ᠂ ᠡᠩᠨᠡᠭᠡ ᠪᠠᠨ ᠦᠷᠭᠡᠥᠨᠬᠡᠨ᠂ ᠠᠳᠡᠯ ᠢ ᠰᠡᠷᠭᠡᠶᠢᠯᠡᠬᠦ ᠪᠠ ᠪᠠᠴᠢᠮ ᠪᠠᠶᠢᠳᠠᠯ ᠢ | ᠠᠷᠭᠠᠴᠠᠬᠤ ᠴᠢᠳᠠᠪᠦᠷᠢ ᠪᠠᠨ ᠳᠡᠭᠡᠭᠰᠢᠯᠡᠭᠦᠯᠵᠦ᠂ ᠡᠯ᠎ᠡ ᠲᠦᠷᠦᠯ ᠤᠨ ᠦᠢᠯᠡᠥᠨᠪᠦᠷᠢᠯᠡᠯ ᠤᠨ ᠠᠮᠤᠷ ᠲᠦᠪᠰᠢᠨ ᠤ | ᠬᠡᠷᠡᠭ ᠢ ᠪᠦᠲᠦᠮᠵᠢᠲᠠᠢ ᠪᠠᠷ ᠰᠡᠷᠭᠡᠶᠢᠯᠡᠬᠦ ᠪᠠ ᠪᠠᠭᠠᠰᠬᠠᠨ᠎ᠠ᠃ ︽ᠳᠤᠯᠤᠭ᠎ᠠ ᠲᠠᠪᠤ︾ ᠬᠠᠤᠯᠢ ᠶᠢ | ᠲᠦᠭᠡᠮᠡᠯᠵᠢᠭᠦᠯᠬᠦᠠᠵᠢᠯ ᠢᠯᠠᠪᠳᠠᠭᠤᠨ ᠪᠤᠳᠠᠲᠠᠢ ᠶᠠᠪᠤᠭᠳᠠᠭᠤᠯᠵᠦ᠂ ᠬᠤᠲᠠ ᠪᠠᠯᠭᠠᠰᠤᠨ ᠤ ᠪᠦᠬᠦ ᠬᠦᠮᠦᠨ ᠠᠮᠠᠵᠢ | ᠬᠠᠮᠤᠷᠠᠭᠰᠠᠨ ᠤᠯᠠᠨ ᠨᠡᠶᠢᠲᠡ ᠶᠢᠨ ᠬᠠᠤᠯᠢ ᠴᠠᠭᠠᠵᠠ ᠶᠢᠨ ᠦᠢᠯᠡᠴᠢᠯᠭᠡᠨ ᠤ ᠲᠤᠭᠲᠠᠯᠴᠠᠭ᠎ᠠ ᠶᠢ ᠪᠠᠶᠢᠭᠤᠯᠵᠦ᠂ | ᠨᠡᠶᠢᠭᠡᠮ ᠤᠨ ᠬᠠᠤᠯᠢ ᠳᠦᠷᠢᠮᠳᠦ ᠤᠶᠢᠯᠭᠠᠯᠲᠠ ᠶᠢ ᠳᠡᠭᠡᠭᠰᠢᠯᠡᠭᠦᠯᠦᠨ᠎ᠡ᠃ ᠨᠠᠮ ᠤᠨ ᠦᠨᠳᠦᠰᠦᠲᠡᠨ ᠤ ᠱᠠᠰᠢᠨ | ᠰᠤᠷᠲᠠᠬᠤᠨ ᠤ ᠳᠦᠷᠢᠮ ᠢ ᠬᠡᠷᠡᠭᠵᠢᠭᠦᠯᠵᠦ᠂ ᠱᠠᠰᠢᠨ ᠰᠤᠷᠳᠠᠬᠤᠨ ᠤ ᠠᠵᠢᠯ ᠢ ᠬᠠᠤᠯᠢ ᠪᠠᠷ ᠬᠠᠮᠢᠶᠠᠷᠤᠨ᠎ᠠ᠃ | ᠬᠦᠳᠡᠯᠮᠦᠷᠢ ᠶᠢᠨ ᠬᠡᠯᠡᠯᠴᠡᠭᠡᠨ ᠤ ᠬᠦᠳᠡᠯᠡᠨ ᠠᠴᠠ ᠲᠠᠰᠤᠯᠠᠬᠤ ᠬᠤᠷᠢᠶᠠᠨ ᠣᠦᠢᠯᠡᠳᠦᠯ ᠢ ᠪᠠᠳᠠᠷᠠᠭᠤᠯᠤᠨ᠂ ᠡᠶ᠎ᠡ | ᠨᠠᠶᠢᠷᠠᠮᠳᠠᠭᠤ ᠬᠦᠳᠡᠯᠮᠦᠷᠢ ᠶᠢᠨ ᠬᠠᠷᠢᠴᠠᠭ᠎ᠠ ᠶᠢ ᠪᠠᠶᠢᠭᠤᠯᠤᠨ᠎ᠠ᠃ ᠬᠦᠨᠳᠦ ᠴᠢᠬᠤᠯᠠ ᠬᠡᠷᠡᠭ ᠤᠴᠢᠷ ᠤᠨ ᠨᠡᠶᠢᠭᠡᠮ | ᠤᠨ ᠲᠤᠭᠲᠠᠭᠤᠨ ᠪᠠ ᠲᠦᠭᠰᠢᠭᠦᠷᠢ ᠶᠢ ᠦᠨᠡᠯᠡᠬᠦ ᠰᠢᠰᠲ᠋ᠧᠮ ᠢ ᠪᠦᠷᠢᠨᠰᠢᠭᠦᠯᠦᠨ᠎ᠡ᠃ ᠵᠠᠬᠢᠳᠠᠯ ᠰᠤᠷᠪᠤᠯᠵᠢᠯᠠᠯᠭ᠎ᠠ | ᠶᠢᠨ ᠠᠵᠢᠯ ᠢ ᠬᠠᠤᠯᠢᠵᠢᠬᠤ ᠶᠢ ᠲᠦᠯᠬᠢᠨ ᠠᠬᠢᠭᠤᠯᠵᠦ᠂ ᠵᠠᠬᠢᠳᠠᠯ ᠰᠤᠷᠪᠤᠯᠵᠢᠯᠭ᠎ᠠ ᠶᠢᠨ ᠲᠤᠤᠷ ᠰᠦᠯᠵᠢᠶᠡᠵᠡᠵᠦ | ᠰᠤᠷᠠᠭ ᠵᠠᠭᠴᠢᠯᠠᠬᠤ ᠶᠢ ᠴᠢᠩᠭᠠᠥᠨᠬᠠᠨ᠂ ᠤᠯᠠᠨ ᠲᠦᠮᠡᠨ ᠤ ᠬᠠᠤᠯᠢ ᠳᠤ ᠨᠡᠶᠢᠴᠡᠬᠦ ᠵᠠᠬᠢᠳᠠᠯ ᠰᠤᠷᠪᠤᠯᠵᠢᠯᠠᠯᠭ᠎ᠠ | ᠶᠢᠨ ᠠᠵᠢᠯ ᠶᠢᠨ ᠰᠠᠶᠢᠥᠨᠪᠦᠷᠢᠯᠡᠭᠳᠠᠬᠦ ᠶᠢ ᠪᠠᠲᠤᠯᠠᠵᠦ᠂ ᠬᠠᠤᠯᠢ ᠪᠤᠰᠦ ᠵᠠᠬᠢᠳᠠᠯ ᠰᠤᠷᠪᠤᠯᠵᠢᠯᠠᠯᠭ᠎ᠠ ᠶᠢᠨ ᠠᠵᠢᠯ ᠳᠤ | ᠴᠢᠩᠭ᠎ᠠ ᠴᠤᠬᠢᠯᠲᠠ ᠦᠭᠭᠦᠨ᠎ᠡ᠃ ᠳᠦᠷᠰᠦ ᠪᠠᠷᠢᠮᠵᠢᠶᠠᠵᠢᠭᠰᠠᠨ ᠠᠮᠤᠷ ᠢ ᠬᠠᠮᠠᠭᠠᠯᠠᠵᠦ ᠰᠡᠷᠭᠡᠶᠢᠯᠡᠬᠦ ᠲᠤᠭᠲᠠᠴᠠ ᠶᠢ | ᠪᠦᠷᠢᠨᠰᠢᠭᠦᠯᠦᠨ᠂ ᠨᠡᠶᠢᠭᠡᠮ ᠤᠨ ᠦᠷᠭᠦᠯᠵᠢᠯᠡᠨ ᠲᠤᠭᠲᠠᠭᠤᠨ ᠪᠠᠶᠢᠬᠤ ᠶᠢ ᠪᠠᠲᠤᠯᠠᠵᠦ᠂ ︽ᠠᠮᠤᠷ ᠲᠤᠭᠲᠠᠭᠤᠨ | ᠯᠢᠨᠰᠢ︾ ᠶᠢᠨ ᠪᠠᠶᠢᠭᠤᠯᠤᠯᠲᠠ ᠶᠢᠨ ᠲᠦᠪᠰᠢᠨ ᠢ ᠳᠡᠭᠡᠭᠰᠢᠯᠡᠭᠦᠯᠦᠨ᠎ᠡ᠃ ᠬᠠᠮᠤᠭ ᠴᠢᠩᠭ᠎ᠠ ᠤᠰᠤᠨ ᠤ ᠡᠬᠢ | ᠰᠤᠷᠪᠤᠯᠵᠢ ᠶᠢᠨ ᠬᠠᠮᠢᠶᠠᠷᠤᠯᠲᠠ ᠶᠢᠨ ᠳᠦᠷᠢᠮ ᠢ ᠬᠡᠷᠡᠭᠵᠢᠭᠦᠯᠦᠨ᠎ᠡ᠃ ᠬᠤᠲᠠ ᠶᠢᠨ ᠲᠦᠪ ᠳᠠᠬᠢ ᠭᠡᠷ ᠪᠠᠶᠢᠰᠢᠩ | ᠤᠨ ᠰᠢᠲᠠᠯᠭᠠ ᠶᠢᠨ ᠵᠤᠤᠬᠠᠨ ᠤ ᠦᠭᠡᠷᠡᠴᠢᠯᠡᠯᠲᠡ ᠢ ᠳᠠᠭᠤᠰᠬᠠᠨ᠂ ᠡᠨᠧᠷᠭᠢ ᠠᠷᠪᠢᠯᠠᠵᠦ ᠪᠤᠬᠢᠷᠳᠠᠯ ᠢ ᠪᠠᠭᠠᠰᠬᠠᠬᠤ | ᠵᠢᠠᠬᠢᠭᠤᠯᠵᠦ᠂ ᠠᠭᠠᠷ ᠤᠨᠴᠢᠨᠠᠷ ᠴᠢᠨᠰᠠᠭᠠᠵᠢ ᠳᠡᠭᠡᠭᠰᠢᠯᠡᠭᠦᠯᠦᠨ᠎ᠡ᠃ ᠰᠠᠯᠬᠢᠨ ᠬᠦᠴᠦᠨ ᠤ ᠴᠠᠬᠢᠯᠭᠠᠨ ᠤ | ᠳᠤᠯᠠᠭᠠᠯᠭ᠎ᠠ ᠬᠠᠨᠭ᠍ᠭᠠᠬᠤ ᠲᠠᠯᠠᠪᠠᠢ ᠶᠢ ᠲᠤᠬᠢᠷᠠᠮᠵᠢᠲᠠᠢ ᠳᠡᠭᠡᠭᠰᠢᠯᠡᠬᠦᠯᠦᠨ᠎ᠡ᠃ ᠢᠳᠡᠭᠡᠨ ᠤᠮᠳᠠᠭᠠᠨ ᠡᠮ ᠳᠠᠩ ᠤᠨ | ᠠᠮᠤᠷ ᠲᠦᠪᠰᠢᠨ ᠤ ᠬᠢᠨᠠᠨ ᠬᠠᠮᠢᠶᠠᠷᠤᠯᠲᠠ ᠶᠢ ᠪᠦᠬᠦ ᠲᠠᠯ᠎ᠠ ᠪᠠᠷ ᠴᠢᠩᠭᠠᠥᠨᠬᠠᠵᠦ᠂ ᠠᠷᠠᠥᠨ ᠤᠯᠠᠨ ᠤ ᠢᠳᠡᠭᠡᠨ | ᠤᠮᠳᠠᠭᠠᠨ ᠪᠠ ᠡᠮ ᠬᠡᠷᠡᠭᠯᠡᠬᠦ ᠠᠮᠤᠷ ᠲᠦᠪᠰᠢᠨ ᠢ ᠪᠠᠲᠤᠯᠠᠨ᠎ᠠ᠃ | ᠭᠤᠷᠪᠠ᠂ ᠦᠪᠡᠷ ᠤᠨ ᠪᠡᠶ᠎ᠡ ᠶᠢᠨ ᠬᠡᠪ ᠪᠤᠯᠪᠠᠰᠤᠷᠠᠯ ᠢᠶᠠᠨ ᠴᠢᠩᠭᠠᠥᠨᠬᠠᠵᠦ᠂ ᠠᠷᠠᠥᠨ ᠲᠦᠮᠡᠨ | ᠬᠠᠨᠤᠮᠵᠢᠲᠠᠢ ᠵᠠᠰᠠᠭ ᠤᠨ ᠤᠷᠳᠤᠨ ᠢ ᠪᠠᠶᠢᠭᠤᠯᠤᠨ᠎ᠠ᠃ | ︽ᠲᠡᠮᠦᠷ ᠢ ᠳᠠᠪᠲᠠᠬᠤ ᠳᠤ ᠦᠪᠡᠷ ᠢᠶᠠᠨ ᠬᠠᠲᠠᠭᠤ ᠴᠢᠩᠭ᠎ᠠ ᠪᠠᠶᠢᠬᠤ ᠬᠡᠷᠡᠭᠲᠠᠢ︾᠃ ᠪᠠᠶᠢᠳᠠᠯ ᠤᠯᠠᠮ | ᠪᠤᠳᠤᠯᠢᠶᠠᠨᠲᠠᠢ ᠬᠤᠷᠴᠠ ᠰᠢᠷᠦᠭᠦᠨ ᠪᠣᠯ ᠡᠭᠦᠷᠭᠡᠯᠡᠬᠦ ᠡᠭᠦᠷᠭᠡ ᠤᠯᠠᠮ ᠬᠦᠨᠳᠦ ᠬᠡᠴᠡᠭᠦᠥ ᠪᠠᠶᠢᠵᠦ᠂ ᠵᠠᠰᠠᠭ ᠤᠨ | ᠤᠷᠳᠤᠨ ᠤ ᠦᠪᠡᠷ ᠤᠨ ᠪᠡᠶ᠎ᠡ ᠪᠠᠨ ᠳᠠᠰᠤᠷᠤᠯᠲᠠ ᠦᠭᠡᠢ ᠵᠠᠰᠠᠬᠤ ᠨᠢ ᠤᠯᠠᠮ ᠱᠠᠭᠠᠷᠳᠠᠭᠳᠠᠵᠦ᠂ ᠤᠷᠢᠥᠨ ᠡᠮᠦᠨ᠎ᠡ | ᠪᠠᠶᠢᠭ᠎ᠠ ᠦᠭᠡᠢ ᠰᠢᠨ᠎ᠡ ᠬᠡᠪ ᠪᠠᠶᠢᠳᠠᠯ ᠢ ᠪᠤᠢ ᠪᠤᠯᠭᠠᠨ᠂ ᠬᠦᠭᠵᠢᠯᠲᠡ ᠶᠢᠨ ᠰᠢᠨ᠎ᠡ ᠬᠡᠪ ᠪᠠᠶᠢᠳᠠᠯ ᠢ ᠤᠳᠤᠷᠢᠳᠤᠨ | ᠳᠠᠭᠠᠭᠤᠯᠤᠨ᠎ᠠ᠃ | ︵ᠨᠢᠭᠡ︶ ᠬᠠᠤᠯᠢ ᠳᠦᠷᠢᠮᠲᠦ ᠵᠠᠰᠠᠭ ᠤᠨ ᠤᠷᠳᠤᠨ ᠢ ᠪᠠᠶᠢᠭᠤᠯᠤᠨ᠎ᠠ᠃ ᠬᠠᠤᠯᠢ ᠳᠦᠷᠢᠮᠲᠦ ᠰᠡᠥᠨᠬᠢᠭᠦᠢ | ᠪᠠ ᠬᠠᠤᠯᠢ ᠳᠦᠷᠢᠮᠲᠦ ᠠᠷᠭ᠎ᠠ ᠠᠪᠴᠢᠯ ᠢᠶᠠᠷ ᠡᠷᠬᠡ ᠡᠭᠦᠷᠭᠡ ᠪᠠᠨ ᠬᠡᠷᠡᠭᠵᠢᠭᠦᠯᠵᠦ᠂ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠤᠨ ᠬᠠᠤᠯᠢ ᠶᠤᠰᠤᠨ ᠤ ᠬᠢᠨᠠᠯᠲᠠ ᠂ ᠤᠯᠤᠰ ᠲᠦᠷᠦ ᠶᠢᠨ ᠵᠦᠪᠯᠡᠯᠭᠡᠨ ᠤ | ᠬᠢᠨᠠᠯᠲᠠ ᠪᠠ ᠨᠡᠶᠢᠭᠡᠮ ᠤᠨ ᠶᠠᠷᠢᠶ᠎ᠠ ᠬᠡᠯᠡᠯᠴᠡᠭᠡᠨ ᠤ ᠬᠢᠨᠠᠯᠲᠠ ᠲᠠᠯᠪᠢᠬᠤ ᠶᠢ ᠤᠬᠠᠮᠰᠠᠷ ᠠᠴᠠ ᠪᠠᠨ ᠬᠦᠯᠢᠶᠡᠵᠦ᠂ | ᠵᠠᠰᠠᠭ ᠤᠨ ᠤᠷᠳᠤᠨ ᠤ ᠬᠠᠤᠯᠢ ᠳᠦᠷᠢᠮᠲᠦ ᠪᠦᠲᠦᠭᠡᠨ ᠪᠠᠶᠢᠭᠤᠯᠤᠯᠲᠠ ᠪᠠ ᠬᠠᠤᠯᠢ ᠶᠢᠨ ᠵᠦᠪᠯᠡᠭᠴᠢ ᠶᠢᠨ ᠪᠦᠯᠬᠦᠮ | ᠤᠨ ᠪᠠᠶᠢᠭᠤᠯᠤᠯᠲᠠ ᠢ ᠴᠢᠩᠭᠠᠥᠨᠬᠠᠨ᠂ ᠬᠠᠤᠯᠢ ᠶᠤᠰᠤᠭᠠᠷ ᠬᠠᠤᠯᠢ ᠬᠡᠷᠡᠭᠵᠢᠭᠦᠯᠬᠦ᠂ ᠬᠠᠤᠯᠢ ᠶᠤᠰᠤᠭᠠᠷ ᠲᠦᠷᠦ ᠶᠢᠨ | ᠪᠤᠳᠤᠯᠭ᠎ᠠ ᠲᠤᠭᠲᠠᠭᠠᠬᠤ᠂ ᠬᠠᠤᠯᠢ ᠶᠤᠰᠤᠭᠠᠷ ᠵᠠᠰᠠᠭ ᠪᠠᠷᠢᠬᠤ᠂ ᠡᠭᠦᠷᠭᠡ ᠴᠢᠳᠠᠪᠦᠷᠢ ᠵᠢᠨᠰᠢᠨᠵᠢᠯᠡᠬᠦ | ᠤᠬᠠᠭᠠᠨᠴᠢᠯᠠᠬᠤ᠂ ᠡᠷᠬᠡ ᠡᠭᠦᠷᠭᠡ ᠵᠢᠨᠬᠠᠤᠯᠢᠵᠢᠬᠤ᠂ ᠴᠢᠩᠭ᠎ᠠ ᠲᠤᠳᠤᠷᠬᠠᠢ ᠬᠠᠤᠯᠢ ᠬᠡᠷᠡᠭᠵᠢᠭᠦᠯᠬᠦ᠂ ᠲᠦᠪ | ᠭᠤᠤᠯᠴᠢ ᠢᠯᠡ ᠲᠤᠳᠤᠷᠬᠠᠢ᠂ ᠠᠷᠢᠭᠤᠨ ᠴᠢᠭᠡᠴᠢ ᠦᠨᠳᠦᠷ ᠠᠰᠢᠭᠯᠠᠮᠵᠢᠲᠤ᠂ ᠦᠨᠡᠨᠴᠢ ᠢᠲᠡᠭᠡᠮᠵᠢᠲᠠᠢ ᠬᠠᠤᠯᠢ | ᠶᠢ ᠵᠢᠷᠦᠮᠯᠡᠳᠡᠭ ᠰᠢᠨ᠎ᠡ ᠬᠡᠯᠪᠡᠷᠢ ᠶᠢᠨ ᠬᠠᠤᠯᠢ ᠳᠦᠷᠢᠮᠲᠦ ᠵᠠᠰᠠᠭ ᠤᠨ ᠤᠷᠳᠤᠨ ᠢ ᠪᠠᠶᠢᠭᠤᠯᠤᠨ᠎ᠠ᠃ | ︵ᠬᠤᠶᠠᠷ︶ ᠰᠡᠭᠡᠷᠡᠭᠰᠡᠨ ᠵᠠᠰᠠᠭ ᠤᠨ ᠤᠷᠳᠤᠨ ᠢ ᠪᠠᠶᠢᠭᠤᠯᠤᠨ᠎ᠠ᠃ ᠬᠠᠭᠤᠴᠢᠨ ᠬᠤᠴᠤᠷᠠᠩᠭᠤᠢ | ᠳᠦᠷᠢᠮ ᠪᠠ ᠬᠡᠪ ᠪᠠᠨ ᠰᠠᠬᠢᠬᠤ ᠬᠤᠵᠢᠭᠲᠠᠭᠭᠤᠢ ᠦᠵᠡᠯᠲᠡ ᠶᠢ ᠡᠷᠡᠰ ᠲᠡᠪᠴᠢᠵᠦ᠂ ᠡᠯ᠎ᠡ ᠵᠦᠢᠯ ᠤᠨ | ᠪᠦᠲᠦᠭᠡᠯᠴᠢ ᠵᠤᠷᠢᠭᠰᠠᠨᠠᠭᠠ ᠶᠢ ᠦᠷᠭᠦᠯᠵᠢᠯᠡᠭᠦᠯᠦᠨ | ᠪᠠᠳᠠᠷᠠᠭᠤᠯᠵᠤ᠂ ᠪᠦᠬᠦ ᠬᠦᠴᠦᠨ ᠢᠶᠠᠨ ᠪᠠᠳᠠᠷᠠᠭᠤᠯᠤᠨ ᠬᠦᠭᠵᠢᠯᠲᠡ ᠶᠢᠨ ᠤᠷᠴᠢᠨ ᠢ ᠰᠢᠯᠳᠡᠭᠵᠢᠭᠦᠯᠵᠦ᠂ ᠵᠠᠰᠠᠭ ᠤᠨ | ᠡᠷᠬᠡ ᠶᠢ ᠢᠯᠡ ᠪᠤᠯᠭᠠᠬᠤ ᠶᠢ ᠭᠤᠶᠢᠪᠰᠢ ᠦᠭᠡᠢ ᠬᠡᠷᠡᠭᠵᠢᠭᠦᠯᠦᠨ᠂ ᠰᠡᠭᠡᠷᠡᠭᠰᠡᠨ᠂ ᠴᠢᠯᠦᠭᠡᠲᠠᠢ᠂ ᠢᠲᠡᠭᠡᠯᠲᠠᠢ᠂ | ᠨᠠᠷᠠᠯᠠᠭ ᠵᠠᠰᠠᠭ ᠤᠨ ᠤᠷᠳᠤᠨ ᠢ ᠪᠠᠶᠢᠭᠤᠯᠤᠨ᠎ᠠ᠃ | ︵ᠭᠤᠷᠪᠠ︶ ᠪᠤᠳᠠᠲᠠᠢ ᠪᠠᠷ ᠬᠠᠳᠤᠭᠰᠠᠨ ᠵᠠᠰᠠᠭ ᠤᠨ ᠤᠷᠳᠤᠨ ᠢ ᠪᠠᠶᠢᠭᠤᠯᠤᠨ᠎ᠠ᠃ ᠦᠨᠡᠨ ᠠᠴᠠ | ᠵᠦᠪ ᠢ ᠡᠷᠢᠬᠦ᠂ ᠯᠠᠪᠳᠠᠭᠤᠨ ᠲᠤᠭᠲᠠᠭᠤᠨ᠂ ᠬᠦᠴᠢᠷ ᠪᠡᠷᠬᠡ ᠶᠢ ᠢᠯᠠᠨ ᠳᠠᠪᠠᠭ᠋ᠤ᠂ ᠠᠯᠬᠤᠮ ᠠᠯᠬᠤᠮ ᠢᠶᠠᠷ | ᠤᠷᠤᠭᠰᠢᠯᠠᠬᠤ᠂ ᠴᠤᠴᠠᠵᠤ ᠨᠤᠭᠤᠷᠠᠰᠢ ᠦᠭᠡᠢ ᠪᠠᠷ ᠡᠯ᠎ᠡ ᠲᠦᠷᠦᠯ ᠤᠨ ᠠᠵᠢᠯ ᠢ ᠬᠢᠬᠦ ᠶᠢ ᠪᠠᠷᠢᠮᠲᠠᠯᠠᠵᠤ᠂ ᠬᠡᠯᠡᠪᠡᠯ | ᠵᠠᠪᠠᠯ ᠬᠢᠬᠦ᠂ ᠲᠤᠭᠲᠠᠪᠠᠯ ᠵᠠᠪᠠᠯ ᠬᠡᠷᠡᠭᠵᠢᠭᠦᠯᠬᠦ᠂ ᠦᠨᠡᠨᠴᠢ ᠢᠲᠡᠭᠡᠮᠵᠢᠲᠠᠢ ᠬᠡᠪ ᠰᠤᠷᠲᠠᠯ ᠢ ᠪᠤᠢ ᠪᠤᠯᠭᠠᠨ᠂ ᠠᠷᠠᠥᠨ | ᠲᠦᠮᠡᠨ ᠳᠤ ᠦᠨᠡᠨᠬᠦ ᠠᠰᠢᠭ ᠲᠤᠰᠠᠲᠠᠢ ᠠᠵᠢᠯ ᠢ ᠬᠢᠬᠦ ᠪᠠᠷ ᠴᠢᠷᠮᠠᠶᠢᠨ᠎ᠠ᠃ | ︵ᠳᠦᠷᠪᠡ︶ ᠦᠨᠳᠦᠷ ᠠᠰᠢᠭᠯᠠᠮᠵᠢᠲᠠᠢ ᠵᠠᠰᠠᠭ ᠤᠨ ᠤᠷᠳᠤᠨ ᠢ ᠪᠠᠶᠢᠭᠤᠯᠤᠨ᠎ᠠ᠃ ᠵᠠᠰᠠᠭ ᠤᠨ ᠤᠷᠳᠤᠨ | ᠤ ᠡᠭᠦᠷᠭᠡ ᠴᠢᠳᠠᠪᠬᠢ ᠪᠠᠨ ᠬᠤᠪᠢᠷᠠᠭᠤᠯᠤᠨ᠂ ᠬᠡᠷᠡᠭ ᠶᠠᠪᠤᠳᠠᠯ ᠰᠢᠢᠥᠨᠪᠦᠷᠢᠯᠡᠬᠦ ᠶᠠᠪᠤᠴᠠ ᠪᠠᠨ ᠴᠤᠮᠤᠥᠨᠬᠠᠨ᠂ | ᠠᠵᠢᠯᠯᠠᠬᠤ ᠠᠰᠢᠭᠯᠠᠮᠵᠢ ᠪᠠᠨ ᠳᠡᠭᠡᠭᠰᠢᠯᠡᠭᠦᠯᠦᠨ᠂ ᠬᠠᠮᠤᠭ ᠦᠨᠳᠦᠷ ᠠᠰᠢᠭᠯᠠᠮᠵᠢᠲᠦ ᠳᠦᠭᠦᠮ ᠳᠦᠲᠡ | ᠦᠢᠯᠡᠴᠢᠯᠡᠭᠡ ᠬᠠᠨᠭ᠍ᠭᠠᠨ᠂ ᠠᠵᠤ ᠠᠬᠤᠢ ᠤᠨ ᠬᠦᠭᠵᠢᠯᠲᠡ ᠳᠤ ᠰᠠᠷᠠᠭᠤᠯ ᠳᠠᠷᠳᠠᠩ ᠵᠠᠮ ᠨᠡᠭᠡᠭᠡᠨ ᠦᠭᠴᠦ᠂ ᠤᠯᠠᠨ | ᠲᠦᠮᠡᠨ ᠤ ᠠᠰᠠᠭᠤᠳᠠᠯ ᠰᠶᠢᠥᠨᠪᠦᠷᠢᠯᠡᠬᠦ ᠳᠤ ᠳᠦᠭᠦᠮ ᠲᠦᠲᠡ ᠡᠭᠦᠳᠡ ᠶᠢ ᠨᠡᠭᠡᠭᠡᠵᠦ ᠦᠡᠭᠭᠦᠨᠡ᠃ | ︵ᠲᠠᠪᠤ︶ ᠠᠷᠢᠭᠤᠨ ᠴᠢᠭᠡᠴᠢ ᠵᠠᠰᠠᠭ ᠤᠨ ᠤᠷᠳᠤᠨ ᠢ ᠪᠠᠶᠢᠭᠤᠯᠤᠨ᠎ᠠ᠃ ᠤᠯᠤᠰ ᠲᠦᠷᠦ ᠶᠢᠨ | ᠰᠠᠬᠢᠯᠭ᠎ᠠ ᠪᠠᠲᠦ ᠪᠠ ᠳᠦᠷᠢᠮ ᠲᠤᠭᠲᠠᠭᠠᠯ ᠢ ᠢᠮᠠᠭᠲᠠ ᠵᠢᠷᠦᠮᠯᠡᠨ᠂ ᠳᠦᠷᠢᠮ ᠲᠤᠭᠲᠠᠭᠠᠯ ᠢ ᠴᠢᠩᠭ᠎ᠠ ᠲᠤᠭᠲᠠᠭᠠᠨ᠂ | ᠵᠠᠰᠠᠭ ᠤᠨ ᠤᠷᠳᠤᠨ ᠤ ᠬᠤᠳᠠᠯᠳᠤᠨ ᠠᠪᠬᠤ᠂ ᠡᠳ᠋ ᠶᠢᠨ ᠵᠠᠰᠠᠭ ᠤᠨ ᠬᠢᠨᠠᠨ ᠲᠤᠭᠲᠠᠭᠠᠯᠲᠠ᠂ ᠭᠠᠵᠠᠷ ᠰᠢᠷᠦᠢ ᠶᠢᠨ | ᠰᠢᠯᠵᠢᠭᠦᠯᠦᠯᠲᠡ᠂ ᠲᠦᠷᠦᠯ ᠵᠦᠢᠯ ᠤᠨ ᠤᠷᠤᠭᠤᠯᠤᠯᠲᠠ ᠭᠠᠷᠭᠠᠯᠲᠠ᠂ ᠡᠬᠢ ᠰᠤᠷᠪᠤᠯᠵᠢ ᠶᠢᠨ ᠬᠤᠪᠢᠶᠠᠷᠢᠯᠠᠯᠲᠠ᠂ | ᠤᠯᠤᠰ ᠤᠨ ᠦᠮᠴᠢᠯᠡᠯᠲᠦ ᠬᠦᠷᠦᠩᠭᠡ ᠶᠢᠨ ᠬᠢᠨᠠᠨ ᠬᠠᠮᠢᠶᠠᠷᠤᠯᠲᠠ ᠵᠡᠷᠭᠡ ᠤᠨᠴᠠᠭᠠᠢ ᠬᠦᠷᠢᠶ᠎ᠡ ᠴᠠᠷ᠎ᠠ ᠳᠠᠬᠢ ᠬᠢᠨᠠᠨ | ᠬᠠᠮᠢᠶᠠᠷᠤᠯᠲᠠ ᠪᠠᠨ ᠴᠢᠩᠭᠠᠥᠨᠬᠠᠨ᠂ ᠲᠦᠪ ᠭᠤᠤᠯᠴᠢ ᠠᠷᠢᠭᠤᠨ ᠴᠢᠭᠡᠴᠢ ᠠᠵᠤ ᠦᠢᠯᠡᠰ ᠪᠦᠲᠦᠭᠡᠬᠦ ᠤᠷᠤᠨ ᠵᠠᠢ | ᠶᠢ ᠪᠤᠢ ᠪᠤᠯᠭᠠᠨ᠂ ᠬᠢᠵᠠᠭᠠᠷᠲᠠᠢ ᠪᠡᠯᠡ ᠮᠦᠡᠭᠭᠦ ᠶᠢ ᠠᠰᠢᠭᠯᠠᠨ ᠠᠷᠠᠥᠨ ᠤᠨ ᠠᠮᠢᠳᠤᠷᠠᠯ ᠢ ᠪᠠᠲᠦᠯᠬᠤ᠂ ᠲᠤᠲᠠᠭᠤ | ᠬᠡᠰᠡᠭ ᠢ ᠨᠦᠬᠦᠪᠦᠷᠢᠯᠡᠬᠦ ᠵᠡᠷᠭᠡ ᠳᠤ ᠬᠢᠵᠠᠭᠠᠷᠲᠠᠢ ᠪᠡᠯᠡ ᠮᠦᠡᠭᠭᠦ ᠢ ᠤᠨᠢ ᠳᠡᠭᠡᠷ᠎ᠡ ᠨᠢ ᠬᠡᠷᠡᠭᠯᠡᠬᠦ ᠶᠢ ᠪᠠᠲᠤᠯᠠᠬᠤ | ᠬᠡᠷᠭᠲᠠᠢ᠃ | ᠲᠦᠯᠦᠭᠡᠯᠡᠭᠴᠢᠥᠨ ᠡ︕ ᠬᠦᠭᠵᠢᠯᠲᠡ ᠶᠢᠨ ᠵᠠᠮ ᠶᠡᠷᠦ ᠠᠴᠠ ᠰᠢᠯᠤᠭᠤᠨ ᠳᠠᠷᠳᠠᠩ ᠪᠠᠶᠢᠳᠠᠭ ᠪᠢᠰᠢ | ᠂ ᠬᠦᠴᠢᠷ ᠪᠡᠷᠬᠡ ᠶᠢ ᠢᠯᠠᠨ ᠳᠠᠪᠠᠭ᠋ᠤ ᠳᠤ ᠬᠠᠷᠢᠭᠤᠴᠠᠯᠭ᠎ᠠ ᠡᠭᠦᠷᠭᠡᠯᠡᠬᠦ ᠬᠡᠷᠡᠭᠲᠠᠢ᠃ ᠪᠢᠳᠡ ᠰᠢᠶᠠᠨ ᠤ ᠨᠠᠮ ᠤᠨ | ᠬᠤᠷᠢᠶᠠᠨ ᠤ ᠪᠠᠲᠤ ᠴᠢᠩᠭ᠎ᠠ ᠤᠳᠤᠷᠢᠳᠤᠯᠭ᠎ᠠ ᠶᠢᠨ ᠳᠤᠤᠷ᠎ᠠ᠂ ᠪᠦᠬᠦ ᠰᠢᠶᠠᠨ ᠤ ᠦᠨᠳᠦᠰᠦᠲᠡᠨ ᠨᠦᠭᠦᠳ ᠤᠨ | ᠠᠷᠠᠥᠨ ᠲᠦᠮᠡᠨ ᠢ ᠪᠦᠯᠬᠦᠮᠳᠡᠭᠦᠯᠦᠨ ᠳᠠᠶᠢᠴᠢᠯᠠᠵᠤ᠂ ᠪᠦᠬᠦ ᠲᠠᠯ᠎ᠠ ᠶᠢ ᠪᠤᠳᠤᠯᠬᠢᠯᠠᠨ᠂ ᠬᠦᠨᠳᠦ ᠬᠠᠷᠢᠭᠤᠴᠠᠯᠭ᠎ᠠ ᠶᠢ | ᠡᠭᠦᠷᠭᠡᠯᠡᠨ᠂ ᠨᠡᠭᠡᠭᠡᠯᠲᠡ ᠲᠠᠢ ᠤᠷᠤᠭᠰᠢᠯᠠᠨ᠂ ᠰᠢᠶᠠᠨ ᠤ ᠠᠵᠤ ᠠᠬᠤᠢ᠂ ᠨᠡᠶᠢᠭᠡᠮ ᠤᠨ ᠲᠦᠷᠭᠡᠨ ᠮᠦᠷᠲᠡᠭᠡᠨ | ᠰᠠᠶᠢᠨ ᠬᠦᠭᠵᠢᠯᠲᠡ ᠶᠢ ᠪᠠᠲᠤᠯᠠᠵᠤ᠂ ᠰᠠᠶᠢᠨ ᠰᠠᠶᠢᠬᠠᠨ ᠬᠦᠰᠡᠯ ᠬᠠᠷᠠᠯᠲᠠ ᠪᠠᠨ ᠵᠢᠱᠢᠭᠰᠡᠨ ᠬᠤᠭᠤᠴᠠᠭᠠᠨ ᠳᠠᠭᠠᠨ | ᠪᠡᠶᠡᠯᠡᠭᠦᠯᠵᠦ᠂ ᠰᠢᠯᠢᠳᠡᠭ ᠪᠦᠲᠦᠮᠵᠢ ᠪᠠᠷ ᠨᠠᠮ ᠤᠨ ᠠᠷᠪᠠ ᠶᠢᠰᠦᠳᠦᠭᠡᠷ ᠬᠤᠷᠠᠯ ᠤᠨ ᠠᠮᠵᠢᠯᠲᠠ ᠲᠠᠢ ᠬᠤᠷᠠᠯᠳᠠᠬᠤ | ᠶᠢ ᠤᠭᠲᠤᠨ᠂ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ70 ᠵᠢᠯ ᠤᠨ ᠤᠢ ᠳᠤ ᠪᠡᠯᠡᠭ ᠪᠤᠯᠭᠠᠨ | ᠳᠡᠪᠰᠢᠭᠦᠯᠦᠶ᠎ᠡ︕ |