ᠫᠤᠤᠵᠢᠩ ᠤᠨ ᠠᠳᠡᠯ ᠢ ᠠᠩᠬᠠᠷᠬᠤ ᠨᠢ
ᠨᠡᠶᠢᠲᠡᠯᠡᠭᠰᠡᠨ ᠴᠠᠭ᠄
2017-01-04
       ᠫᠤᠤᠵᠢᠩ ᠤᠨ ᠠᠳᠡᠯ ᠪᠤᠯ ᠶᠡᠷᠥ ᠨᠢ ᠫᠤᠤᠵᠢᠩ ᠲᠠᠯᠪᠢᠬᠤ ᠶᠡᠷᠥ ᠶᠢᠨ ᠮᠡᠳᠡᠯᠭᠡ ᠮᠡᠬᠦᠰ ᠪᠤᠶᠤ ᠰᠤᠬᠤᠷ ᠪᠠᠯᠠᠢ ᠪᠠᠷ ᠲᠡᠯᠪᠢᠭ᠌ᠰᠠᠨ ᠠᠴᠠ ᠡᠬᠦᠰᠳᠡᠭ᠃ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ ᠰᠢᠷᠬᠠᠳᠠᠭᠰᠠᠳ ᠢ ᠲᠠᠷᠦ᠋ᠢᠬᠠᠨ ᠤᠢᠢᠷᠠᠯᠴᠠᠭ᠎ᠠ ᠡᠮᠨᠡᠯᠭᠡ ᠳᠤ ᠬᠥᠷᠭᠡᠨ ᠠᠪᠤᠷᠠᠨ ᠡᠮᠨᠡᠭᠦᠯᠤᠨ ᠠᠪᠤᠷᠠᠯᠳᠠ ᠬᠢᠨ᠎ᠠ᠃       ᠲᠤᠰᠬᠠᠢ ᠮᠡᠷᠭᠡᠵᠢᠯᠳᠡᠨ ᠤ ᠰᠠᠨᠠᠭᠤᠯᠤᠮᠵᠢ       ◇ ᠫᠤᠤᠵᠢᠩ ᠲᠠᠯᠪᠢᠬᠤ ᠠᠴᠠ ᠪᠠᠨ ᠡᠮᠥᠨ᠎ᠡ ᠫᠤᠤᠵᠢᠩ ᠲᠠᠯᠪᠢᠬᠤ ᠲᠤᠳᠤᠷᠬᠠᠢᠢᠯᠠᠯᠳᠠ ᠪᠤᠯᠤᠨ ᠰᠡᠷᠡᠮᠵᠢ ᠶᠢᠨ ᠥᠭᠡᠰ ᠢ ᠬᠢᠨᠠᠮᠠᠭᠠᠢ ᠤᠡᠭᠰᠢᠨ ᠤᠢᠢᠯᠠᠭᠠᠬᠤ ᠭᠡᠷᠡᠭᠳᠡᠢ᠃       ◇ ᠬᠥᠭᠵᠢᠭᠡᠨ ᠲᠠᠢ ᠵᠡᠭᠡᠯᠢ ᠭᠤᠳᠤᠮᠵᠢ᠂ ᠵᠥᠴᠥᠭᠡ ᠶᠢᠨ ᠲᠢᠶᠠᠨᠳ᠋ᠷ ᠵᠡᠷᠭᠡ ᠤᠯᠠᠨ ᠨᠡᠶᠢᠳᠡ ᠶᠢᠨ ᠭᠠᠵᠠᠷ ᠲᠠᠯᠠᠪᠤᠷ ᠪᠤᠯᠤᠨ ᠤᠢ ᠰᠢᠭᠤᠢ᠂ ᠴᠠᠬᠢᠯᠭᠠᠨ ᠲᠠᠢ ᠪᠡᠯᠡᠳᠭᠡᠮᠵᠢ ᠵᠢᠴᠢ ᠠᠮᠠᠷᠬᠠᠨ ᠨᠤᠴᠤᠵᠤ ᠲᠡᠯᠪᠡᠷᠡᠬᠦ ᠪᠤᠳᠠᠰ ᠤᠨ ᠤᠢᠢᠷᠠᠯᠴᠠᠭ᠎ᠠ ᠭᠠᠵᠠᠷ ᠲᠤ ᠫᠤᠤᠵᠢᠩ ᠲᠠᠯᠪᠢᠬᠤ ᠶᠢ ᠴᠠᠭᠠᠵᠠᠯᠠᠨ᠎ᠠ ︔ ᠡᠷᠭᠡᠪᠰᠢ ᠡᠵᠡᠬᠦᠢ ᠬᠤᠭᠤᠰᠤᠨ᠂ ᠲᠡᠭᠰᠢ ᠲᠥᠪᠰᠢᠨ᠂ ᠬᠠᠷᠰᠢᠯᠠᠯ ᠡᠳ᠋ ᠥᠭᠡᠢ ᠭᠠᠵᠠᠷ ᠲᠤ ᠫᠤᠤᠵᠢᠩ ᠲᠠᠯᠪᠢᠬᠤ ᠪᠠᠷ ᠲᠤᠬᠢᠷᠠᠭᠤᠯᠵᠤ ᠪᠤᠯᠤᠨ᠎ᠠ᠃       ◇ ᠬᠤᠸᠠᠷ ᠫᠤᠤᠵᠢᠩ ᠲᠠᠯᠪᠢᠬᠤ ᠳᠠᠭᠠᠨ ᠲᠤᠩᠭᠤᠷᠠᠭᠤᠯᠤᠨ ᠲᠠᠯᠪᠢᠬᠤ ᠪᠠ ᠬᠥᠮᠥᠨ ᠪᠤᠶᠤ ᠪᠤᠳᠠᠰ ᠤᠨ ᠥᠭᠡᠳᠡ ᠴᠢᠭᠯᠡᠬᠦᠯᠥᠨ ᠲᠠᠯᠪᠢᠵᠤ ᠪᠤᠯᠬᠤ ᠥᠭᠡᠢ᠃ ᠫᠤᠤᠵᠢᠩ ᠲᠠᠯᠪᠢᠬᠤ ᠳᠠᠭᠠᠨ ᠪᠢᠯᠳᠡ ᠶᠢᠨ ᠨᠤᠴᠤᠬᠤ ᠴᠠᠭ ᠵᠢᠴᠢ ᠲᠤᠮᠳᠠ ᠨᠢ ᠠᠯᠤᠰᠯᠠᠬᠤ ᠴᠠᠭ ᠢ ᠠᠩᠬᠠᠷᠤᠯ ᠳᠠᠭᠠᠨ ᠠᠪᠬᠤ ᠭᠡᠷᠡᠭᠳᠡᠢ᠃ ᠬᠠᠭᠠᠰ ᠲᠤᠮᠳᠠ ᠨᠢ ᠤᠢᠢᠷᠠᠳᠤᠨ ᠥᠵᠡᠵᠤ ᠤᠭᠳᠤ ᠪᠤᠯᠬᠤ ᠥᠭᠡᠢ᠃ ᠭᠡᠷᠪᠡ ᠪᠢᠯᠳᠡ ᠨᠢ ᠤᠨᠳᠠᠷᠠᠪᠠᠯ᠂ ᠶᠡᠷᠥᠩᠭᠡᠢ ᠳᠡᠭᠡᠨ 15 ᠮᠢᠨᠦ᠋ᠲ ᠤᠨ ᠲᠠᠷᠠᠭ᠎ᠠ ᠲᠡᠬᠢᠨ ᠰᠢᠢᠳᠪᠦᠷᠢᠯᠡᠨ᠎ᠡ᠃       ◇ ᠨᠤᠴᠤᠭᠠᠬᠤ ᠪᠠᠶᠢᠷᠢᠰᠢᠯ ᠢ ᠤᠯᠵᠤ ᠠᠪᠴᠤ᠂ ᠨᠤᠴᠤᠭᠠᠬᠤ ᠪᠢᠯᠳᠡ ᠶᠢᠨ ᠱᠤᠭᠤᠮ ᠢ ᠪᠠᠶᠢᠴᠠᠭᠠᠨ ᠥᠵᠡᠵᠤ᠂ ᠲᠥᠷᠭᠡᠨ ᠨᠤᠴᠤᠬᠤ ᠪᠠ ᠤᠳᠠᠭᠠᠨ ᠨᠤᠴᠤᠬᠤ ᠶᠢ ᠢᠯᠭᠠᠨ ᠲᠤᠳᠤᠯᠤᠭᠠᠳ᠂ ᠲᠡᠮᠡᠬᠢᠨ ᠭᠠᠯ ᠪᠤᠶᠤ ᠬᠥᠵᠢ ᠪᠠᠷ ᠨᠤᠴᠤᠭᠠᠪᠠᠯ ᠰᠠᠶᠢᠨ᠃       ◇ ᠵᠥᠪ ᠨᠤᠴᠤᠭᠠᠬᠤ ᠠᠷᠭ᠎ᠠ ᠪᠤᠯ ᠬᠠᠵᠠᠭᠤ ᠲᠡᠯ᠎ᠠ ᠪᠠᠷ ᠨᠤᠴᠤᠭᠠᠵᠤ᠂ ᠪᠡᠶ᠎ᠡ ᠪᠠᠨ ᠫᠤᠤᠵᠢᠩ ᠲᠠᠯᠪᠢᠬᠤ ᠵᠠᠮ ᠮᠥᠷ ᠵᠥᠭ ᠬᠠᠨᠳᠤᠭᠤᠯᠵᠤ ᠪᠤᠯᠬᠤ ᠥᠭᠡᠢ᠃       ◇ ᠨᠤᠴᠤᠭᠠᠮᠠᠭᠴᠠ ᠪᠠᠨ ᠲᠥᠷᠭᠡᠨ ᠭᠡᠭᠴᠢ ᠠᠮᠤᠷ ᠲᠥᠪᠰᠢᠨ ᠭᠠᠵᠠᠷ ᠵᠠᠶᠢᠯᠠᠨ᠎ᠠ᠃       ◇ ᠭᠡᠥᠭᠡᠳ ᠪᠤᠯ ᠡᠷᠭᠡᠪᠰᠢ ᠲᠤᠮᠤ ᠬᠥᠮᠥᠰ ᠤᠨ ᠵᠢᠯᠤᠭᠤᠳᠤᠯᠭ᠎ᠠ ᠲᠤᠤᠷ᠎ᠠ ᠲᠠᠯᠪᠢᠨ᠎ᠠ᠃       ◇ ᠮᠡᠳᠡᠷᠡᠯ ᠤᠨ ᠡᠪᠡᠳᠴᠢᠨ ᠲᠠᠢ ᠪᠠ ᠠᠷᠢᠬᠢ ᠤᠤᠭᠤᠭᠰᠠᠨ ᠬᠥᠮᠥᠰ ᠫᠤᠤᠵᠢᠩ ᠲᠠᠯᠪᠢᠵᠤ ᠪᠤᠯᠬᠤ ᠥᠭᠡᠢ ᠂ ᠶᠡᠭᠡ ᠰᠠᠯᠬᠢ᠂ ᠶᠡᠭᠡ ᠪᠤᠷᠤᠭ᠎ᠠ᠂ ᠶᠡᠭᠡ ᠮᠠᠨᠠᠨ ᠲᠠᠢ ᠥᠶ᠎ᠡ ᠳᠤ ᠫᠤᠤᠵᠢᠩ ᠲᠠᠯᠪᠢᠵᠤ ᠪᠤᠯᠬᠤ ᠥᠭᠡᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号