| | ᠯᠢᠨᠰᠢ ᠰᠢᠶᠠᠨ ᠨᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠤᠯᠠᠭᠠᠨᠬᠠᠳᠠ ᠬᠤᠲᠠ ᠶᠢᠨ | ᠬᠤᠶᠢᠲᠦ ᠬᠡᠰᠡᠭ ᠲᠤ ᠪᠠᠶᠢᠷᠢᠰᠢᠵᠤ᠂ ᠵᠡᠭᠦᠨ ᠤᠷᠲᠤᠷᠢᠭ ᠤᠨ 117°38′-118°37′ᠤᠮᠠᠷᠠᠲᠦ | ᠦᠷᠭᠡᠷᠢᠭ ᠤᠨ43°14′-44°15′ ᠤᠨ ᠬᠤᠭᠤᠷᠤᠨᠳᠤ ᠤᠷᠤᠰᠢᠵᠤ ᠂ ᠬᠤᠶᠢᠲᠦ ᠵᠠᠬ᠎ᠠ ᠪᠠᠷ ᠢᠶᠠᠨ | ᠬᠢᠨᠭ᠍ᠭᠠᠨ ᠳᠠᠪᠠᠭ᠎ᠠ ᠶᠢ ᠲᠦᠰᠢᠵᠦ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤ ᠲᠠᠢ | ᠬᠦᠷᠰᠢᠯᠡᠵᠦ ᠂ ᠡᠮᠦᠨ᠎ᠡ ᠲᠠᠯ᠎ᠠ ᠪᠠᠷ ᠢᠶᠠᠨ ᠤᠡᠭᠨᠢᠭᠤᠤᠨ ᠬᠤᠰᠢᠭᠤ ᠲᠠᠢ ᠰᠢᠷ᠎ᠠ ᠮᠦᠷᠡᠨ ᠭᠤᠤᠯ ᠢ ᠬᠠᠪᠴᠢᠨ ᠂ | ᠪᠠᠷᠠᠭᠤᠨᠰᠢ ᠬᠡᠰᠢᠭᠲᠡᠨ ᠬᠤᠰᠢᠭᠤ ᠲᠠᠢ ᠬᠢᠯᠢᠯᠡᠵᠤ ᠂ ᠵᠡᠭᠦᠨᠰᠢ ᠪᠠᠭᠠᠷᠢᠨ ᠪᠠᠷᠠᠭᠤᠨ ᠬᠤᠰᠢᠭᠤ ᠲᠠᠢ ᠵᠠᠬ᠎ᠠ ᠨᠡᠶᠢᠯᠡᠵᠦ | ᠪᠠᠶᠢᠨ᠎ᠠ᠃ ᠪᠦᠬᠦ ᠰᠢᠶᠠᠨ ᠤ ᠨᠤᠲᠤᠭ ᠳᠡᠪᠢᠰᠭᠡᠷ ᠤᠨ ᠲᠠᠯᠠᠪᠠᠢ ᠨᠢ3933 ᠲᠡᠭᠰᠢ ᠳᠦᠷᠪᠡᠯᠵᠢᠨ ᠺᠢᠯᠤᠮᠧᠲᠷ | ᠪᠠᠶᠢᠵᠦ ᠰᠢᠶᠠᠨ ᠤ ᠲᠦᠪ ᠨᠢ ᠯᠢᠨᠰᠢ ᠪᠠᠯᠭᠠᠰᠦ ᠪᠤᠯᠦᠨ᠎ᠠ᠃ ᠯᠢᠨᠰᠢ ᠪᠠᠯᠭᠠᠰᠦ ᠨᠢ ᠤᠯᠠᠭᠠᠨᠬᠠᠳᠠ ᠬᠤᠲᠠ ᠠᠴᠠ | ᠤᠮᠠᠷᠠᠰᠢ 210 ᠺᠢᠯᠤᠮᠧᠲᠷ ᠵᠠᠶᠢᠲᠠᠢ ᠂ ᠡᠭᠦᠨ ᠤ ᠬᠠᠮᠲᠦ ᠵᠢᠢ ᠳ᠋ᠦᠩ ᠲᠡᠮᠦᠷ ᠵᠠᠮ᠂204 ᠮᠤᠵᠢ ᠶᠢᠨ ᠵᠠᠮ ᠂ | 303 ᠤᠯᠤᠰ ᠤᠨ ᠵᠠᠮ ᠤᠨ ᠠᠭᠤᠯᠵᠠᠭᠤᠷ ᠬᠡᠰᠡᠭ ᠲᠤ ᠪᠠᠶᠢᠷᠰᠢᠵᠤ ᠵᠠᠮ ᠨᠡᠪᠲᠡᠷᠯᠡᠭᠡ ᠳᠦᠭᠦᠮ ᠳᠦᠲᠡ | ᠪᠠᠶᠢᠵᠦ ᠡᠷᠲᠡ ᠡᠳᠦᠭᠡ ᠠᠴᠠ ︽ ᠪᠤᠭᠤᠮᠳᠠ ᠶᠢᠨ ᠭᠠᠳᠠᠨᠠᠬᠢ ᠴᠢᠬᠤᠯᠠ ᠪᠠᠯᠭᠠᠰᠦ︾ ᠭᠡᠰᠡᠨ ᠰᠠᠶᠢᠬᠠᠨ ᠠᠯᠳᠠᠷ | ᠲᠠᠢ ᠶᠤᠮ᠃ | ᠯᠢᠨᠰᠢ ᠰᠢᠶᠠᠨ ᠤ ᠨᠡᠷ᠎ᠡ ᠨᠢ 1907 ᠤᠨ ᠤ12 ᠰᠠᠷ᠎ᠠ27 ᠤ ᠡᠳᠦᠷ ᠠᠩᠬᠠᠡᠬᠢᠯᠡᠵᠤ | ᠪᠠᠶᠢᠭᠤᠯᠠᠭᠳᠠᠬᠤ ᠦᠶ᠎ᠡ ᠳᠤ ᠪᠠᠭᠠᠷᠢᠨ ᠤ ᠪᠠᠷᠠᠭᠤᠨ ︵巴西︶ ᠳᠤ ᠪᠠᠶᠢᠬᠤ ᠰᠢᠶᠠᠨ ᠭᠡᠰᠡᠨᠤᠤᠠᠬᠠ ᠲᠠᠢ ᠶᠢ | ᠦᠨᠳᠤᠰᠤᠯᠡᠵᠦ ᠪᠠ ᠰᠢ ︵ᠪᠠᠭᠠᠷᠢᠨ ᠤ ᠪᠠᠷᠠᠭᠤᠨ ᠂ 巴西︶ ᠭᠡᠰᠡᠨ ᠨᠡᠷ᠎ᠡ ᠪᠠᠷ ᠰᠢᠶᠠᠨ ᠤ ᠪᠠᠨ ᠨᠡᠷ᠎ᠡ | ᠪᠤᠯᠭᠠᠬᠤ ᠪᠠᠷ ᠲᠦᠰᠦᠪᠯᠡᠵᠦ ᠴᠢᠩ ᠤᠨ ᠵᠠᠰᠠᠭ ᠲᠤ ᠮᠡᠳᠡᠭᠦᠯᠦᠭᠰᠡᠨ ᠪᠠᠶᠢᠨ᠎ᠠ᠃ 1908ᠤᠨ ᠤ2 ᠰᠠᠷ᠎ᠠ 25 | ᠡᠳᠦᠷ ᠲᠤ ᠴᠢᠩ ᠤᠨ ᠲᠦᠷᠦ ᠶᠢᠨ ᠡᠴᠠᠤᠤᠯ ᠤᠨ ᠲᠤᠭᠳᠠᠭᠠᠭᠰᠠᠨ ᠪᠠᠭᠠᠷᠢᠨ ᠤ ᠪᠠᠷᠠᠭᠤᠨ ᠰᠢᠶᠠᠨ ︵巴西 | 县︶ ᠢ ᠨᠢ ᠯᠢᠨᠰᠢ ᠰᠢᠶᠠᠨ ᠭᠡᠵᠦ ᠲᠤᠭᠳᠠᠭᠠᠵᠤ ᠦᠭᠴᠦ ᠤᠳᠤ ᠳᠤ ᠬᠦᠷᠲᠡᠯ᠎ᠡ ᠬᠡᠷᠡᠭᠯᠡᠭᠰᠡᠭᠡᠷ ᠪᠠᠶᠢᠨ᠎ᠠ | ᠃ | 2012 ᠤᠨᠳᠥ ᠯᠢᠨᠰᠢ ᠰᠢᠶᠠᠨ ᠨᠢ7 ᠪᠠᠯᠭᠠᠰᠤ᠂2 ᠰᠢᠶᠠᠩ᠂2 ᠵᠡᠭᠡᠯᠢ ᠭᠤᠳᠤᠮᠵᠢ ᠶᠢᠨ ᠬᠡᠷᠡᠭ | ᠡᠷᠬᠢᠯᠡᠬᠦ ᠭᠠᠵᠠᠷ ᠲᠠᠢ ᠪᠠᠶᠢᠵᠤ ᠂ ᠲᠤᠰ ᠪᠦᠷᠢ ᠭᠤᠸᠠᠨᠳᠢ ᠪᠠᠯᠭᠠᠰᠤ᠂ ᠰᠢᠨ ᠴᠧᠭᠽᠢ ᠪᠠᠯᠭᠠᠰᠤ᠂ ᠰᠢᠨ ᠯᠢᠨ | ᠪᠠᠯᠭᠠᠰᠤ᠂ ᠲᠠᠪᠢᠨᠭᠡᠷ ᠪᠠᠯᠭᠠᠰᠤ᠂ ᠯᠢᠨᠰᠢ ᠪᠠᠯᠭᠠᠰᠤ᠂ ᠳ᠋ᠠ ᠵᠢᠩ ᠪᠠᠯᠭᠠᠰᠤ᠂ ᠲᠥᠡᠭ ᠪᠦ᠋ ᠪᠠᠯᠭᠠᠰᠤ᠂ ᠳ᠋ᠠ | ᠢᠩᠽᠢ ᠰᠢᠶᠠᠩ᠂ ᠱᠡᠭᠡᠷᠳᠤ ᠰᠢᠶᠠᠩ᠂ ᠴᠧᠩ ᠨᠠᠨ ᠵᠡᠭᠡᠯᠢ ᠭᠤᠳᠤᠮᠵᠢ᠂ ᠴᠧᠩ ᠪᠧᠢ ᠵᠡᠭᠡᠯᠢ ᠭᠤᠳᠤᠮᠵᠢ ᠵᠡᠷᠭᠡ | ᠪᠠᠷ ᠪᠦᠷᠢᠯᠳᠤᠵᠤ ᠂ ᠨᠡᠶᠢᠳᠡ 103 ᠵᠠᠰᠠᠭ ᠵᠠᠬᠢᠷᠭᠠᠨ ᠤ ᠲᠣᠰᠬᠤᠨ ᠪᠠ 9 ᠨᠡᠶᠢᠭᠡᠮ ᠲᠤᠭᠤᠷᠢᠭ ᠲᠠᠢ᠃ |