ᠮᠣᠩᠭᠤᠯ ᠦᠰᠦᠭ  ᠳᠡᠭᠷᠢ ᠶᠢᠨ ᠦᠰᠦᠭ
ᠨᠡᠶᠢᠲᠡᠯᠡᠭᠰᠡᠨ ᠴᠠᠭ᠄
2016-12-30
ᠪᠤᠷᠵᠢᠬᠢᠨ ᠬᠢᠨᠭ᠍ᠭᠠᠨ                                               ᠮᠣᠩᠭᠤᠯ ᠦᠰᠦᠭ  ᠳᠡᠭᠷᠢ ᠶᠢᠨ ᠦᠰᠦᠭ      ᠭᠠᠵᠠᠷ ᠳᠡᠭᠷᠢ ᠶᠢᠨ ᠬᠤᠭᠤᠷᠣᠨᠳᠣ      ᠭᠠᠭᠴᠨ ᠵᠣᠭᠰᠤᠭ᠎ᠠ ᠦᠰᠦᠭ      ᠭᠠᠯ ᠬᠡᠶᠢᠮᠤᠷᠢ ᠠᠰᠬᠠᠰᠠᠨ ᠠᠴᠤᠭ ᠰᠢᠯᠪᠢ ᠠᠴᠠ ᠪᠠᠨ      ᠦᠷᠭᠦᠨ ᠨᠠᠳᠬᠤᠡᠡᠰᠠᠨ ᠦᠰᠦᠭ      ︽ᠠᠶᠣᠳᠣᠭᠠᠢ᠂ ᠪᠦᠰᠢᠷᠡᠳᠦᠭᠡᠢ︾ ᠬᠡᠮᠡᠨ      ᠠᠯᠳᠠᠨ ᠳᠡᠯᠡᠬᠡᠢ ᠶᠢ ᠵᠠᠷᠯᠢᠡᠡᠳ᠋ᠬᠠᠰᠠᠨ      ᠤᠶᠢᠭᠤᠷᠵᠢᠨ ᠮᠣᠩᠭᠤᠯ ᠦᠰᠦᠭ      ᠠᠯᠢ ᠴᠣ᠋ ᠭᠠᠯᠪᠠ ᠳᠤ      ᠠᠬᠢᠭᠠᠳ ᠦᠭᠡᠷ᠎ᠡ ᠳᠦᠷᠦᠵᠦ ᠪᠤᠯᠳᠠᠭ ᠦᠭᠡᠢ      ᠳᠡᠭᠷᠢ ᠶᠢᠨ ᠦᠰᠦᠭ  ︕      ᠳᠡᠷᠨ ᠦᠰᠦᠭ ᠢᠶᠠᠷ ᠬᠦᠯ ᠳᠤ ᠣᠷᠣᠳᠠᠭ      ᠬᠦᠪᠡᠭᠦᠳ ᠨᠢ      ᠬᠠᠳᠠᠨ ᠪᠠᠭᠠᠳᠣᠷ      ᠳᠡᠷᠨ ᠦᠰᠦᠭ ᠢᠶᠠᠷ ᠨᠢᠳᠣ ᠣᠷᠣᠳᠠᠭ      ᠬᠡᠣᠬᠡᠨᠴᠣᠳ ᠨᠢ      ᠰᠠᠷᠠᠨ ᠭᠤᠸ᠎ᠠ᠃      ᠳᠡᠷᠨ ᠦᠰᠦᠭ  ᠢ ᠪᠢᠴᠢᠨ᠎ᠡ ᠬᠡᠮᠡᠨ      ᠣᠶᠠᠭᠠᠨ ᠳᠡᠭᠡᠷ᠎ᠡ ᠮᠢᠨᠢ ᠨᠠᠷᠨ      ᠦᠦᠷᠰᠡᠵᠦ ᠢᠷᠡᠳᠡᠭ      ᠳᠡᠷᠨ ᠦᠰᠦᠭ  ᠢ ᠣᠡᠭᠰᠢᠨ᠎ᠡ ᠬᠡᠮᠡᠨ      ᠡᠷᠦᠭᠡᠨ ᠳᠡᠭᠡᠷ᠎ᠡ ᠮᠢᠨᠢ ᠰᠠᠷᠨ      ᠡᠷᠬᠡᠯᠡᠨ ᠬᠤᠨᠣᠳᠠᠭ᠃      ᠳᠡᠷᠨ      ᠲᠡᠷᠢᠭᠦᠨ ᠲᠦᠪ ᠦᠰᠦᠭ      ᠳᠡᠭᠷᠢ ᠳᠡᠶᠢᠴᠢᠭᠰᠡᠨ ᠴᠠᠰᠣᠳᠠᠢ ᠬᠠᠨ ᠢᠶᠠᠨ        ᠪᠠᠷᠠᠯᠠᠭᠤᠯᠣᠨ ᠦᠰᠭᠡᠳᠡᠭ ᠦᠰᠦᠭ      ᠳᠡᠷᠨ      ᠦᠯᠮᠡᠢ ᠪᠠᠳᠤ ᠦᠰᠦᠭ      ᠡᠯᠳᠡᠩ ᠴᠡᠩᠭᠡᠷᠬᠡᠨ ᠬᠦᠰᠡᠯ  ᠤᠨ ᠳᠠᠯ᠎ᠠ ᠳᠤ      ᠢᠳᠡᠭᠡᠯ ᠤᠨ ᠰᠦ ᠲᠠᠢ ᠳᠦᠷᠦᠭᠡ ᠵᠢᠭᠢᠢᠯᠭᠡᠳᠡᠭ ᠦᠰᠦᠭ      ᠳᠡᠷᠨ      ᠨᠢᠷᠤᠭᠤ ᠬᠠᠳᠠᠭᠤ ᠦᠰᠦᠭ      ᠨᠠᠷᠨ ᠲᠠᠢ ᠳᠤ ᠴᠣ᠋᠂ ᠪᠦᠷᠦᠩᠭᠦᠢ ᠳᠤ ᠴᠣ᠋      ᠵᠢᠯᠤᠭᠤ ᠠᠯᠳᠠᠭᠤᠯᠳᠠᠭ ᠦᠭᠡᠢ᠂ ᠵᠤᠷᠢᠭ ᠪᠠᠯᠢᠳᠠᠭᠤᠯᠳᠠᠭ ᠦᠭᠡᠢ ᠦᠰᠦᠭ      ᠲᠠᠷᠨ      ᠳᠡᠭᠷᠢ ᠶᠢᠨ ᠦᠰᠦᠭ  ︕      ᠳᠡᠷᠨ ᠦᠰᠦᠭ  ᠢ ᠡᠬᠡ ᠣᠷᠣᠨ      ᠭᠠᠷ  ᠢ ᠮᠢᠨᠢ ᠪᠠᠷᠢᠨ ᠪᠢᠴᠢᠭᠦᠯᠵᠦ ᠰᠣᠷᠭᠠᠨ᠎ᠠ      ᠪᠢ ᠠᠵᠠ ᠲᠠᠢ ᠬᠦᠮᠦᠨ      ᠳᠡᠷᠨ ᠦᠰᠦᠭ  ᠢ ᠪᠢ ᠪᠢᠴᠢᠨ ᠪᠢᠴᠢᠨ      ᠡᠵᠢ ᠪᠠᠨ ᠳᠠᠩᠳᠠ ᠪᠠᠨ ᠪᠠᠶᠠᠷᠯᠠᠭᠤᠯᠣᠨ᠎ᠠ      ᠪᠢ ᠦᠷᠢ ᠲᠠᠢ ᠬᠦᠮᠦᠨ  ᠁      ᠳᠡᠷᠨ ᠦᠰᠦᠭ  ᠢ ᠮᠣᠷᠣᠶᠢᠯᠭᠠᠪᠠᠰᠣ      ᠡᠵᠢ ᠮᠢᠨᠢ ᠭᠤᠮᠣᠳᠠᠨ ᠣᠭᠢᠯᠠᠨ᠎ᠠ      ᠪᠢ ᠦᠭᠡᠳᠡ ᠦᠭᠡᠢ ᠬᠦᠤ ᠪᠤᠯᠬᠤ ᠦᠭᠡᠢ      ᠳᠡᠷᠨ ᠦᠰᠦᠭ  ᠢ ᠮᠣᠬᠤᠭᠠᠪᠠᠰᠣ      ᠮᠣᠩᠭᠤᠯ ᠮᠢᠨᠢ ᠭᠠᠨᠭ᠍ᠳᠠᠨ ᠣᠭᠢᠯᠠᠨ᠎ᠠ      ᠪᠢ ᠠᠳᠠᠭ ᠶᠠᠳᠠᠷᠠᠭᠤ ᠬᠦᠮᠦᠨ ᠪᠢᠰᠢ  ᠁      ᠳᠡᠷᠨ ᠦᠰᠦᠭ ᠤᠨ ᠭᠠᠶᠢᠬᠠᠮᠰᠢᠡᠡᠳᠣ ᠮᠦᠷ ᠢᠶᠠᠷ      ᠠᠷᠪᠠᠨ ᠭᠤᠷᠪᠠᠳᠣᠭᠠᠷ ᠵᠠᠭᠤᠨ      ᠠᠯᠳᠠᠷᠠᠶᠢᠬᠠᠨ ᠳᠣᠡᠡᠳᠣᠯᠣᠯ ᠲᠠᠢ ᠮᠢᠨᠢ ᠠᠰᠬᠠᠷᠠᠵᠣ ᠪᠠᠶᠢᠨᠠᠮ      ᠳᠡᠷᠨ ᠮᠣᠩᠭᠤᠯ ᠦᠰᠦᠭ︕      ᠳᠡᠷᠨ ᠦᠰᠦᠭ ᠤᠨ ᠠᠶᠣᠮᠰᠢᠡᠡᠳᠦ ᠳᠦᠯᠦᠨ ᠳᠡᠭᠡᠷ᠎ᠡ      ᠠᠷᠪᠠᠨ  ᠨᠠᠰᠣ      ᠠᠩᠬᠠᠨ  ᠤ ᠰᠢᠯᠦᠭ ᠲᠠᠢ ᠮᠢᠨᠢ ᠠᠰᠠᠵᠣ ᠪᠠᠶᠢᠨᠠᠮ        ᠳᠡᠷᠨ ᠮᠢᠨᠤ ᠦᠰᠦᠭ ᠡ︕                   ----  ︿︿ᠦᠨᠢᠷ ᠴᠡᠴᠡᠭ﹀﹀  2003.12  ᠎ ᠳᠤ ᠨᠡᠶᠢᠳᠡᠯᠡᠭᠳᠡᠪᠠ᠃                                              
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号