ᠭᠠᠷ ᠣᠳᠠᠰᠤ ᠪᠠᠨ ᠲᠦᠷ ᠬᠠᠭᠠᠬᠤ ᠳᠤ
ᠨᠡᠶᠢᠲᠡᠯᠡᠭᠰᠡᠨ ᠴᠠᠭ᠄
2017-02-03
ᠪᠤᠷᠵᠢᠭᠢᠨ ᠬᠢᠨᠭ᠍ᠭᠠᠨ                         ᠭᠠᠷ ᠣᠳᠠᠰᠤ ᠪᠠᠨ ᠲᠦᠷ ᠬᠠᠭᠠᠬᠤ ᠳᠤ     ᠭᠠᠷ ᠣᠳᠠᠰᠤ ᠪᠠᠨ ᠲᠦᠷ ᠬᠠᠭᠠᠬᠤ ᠳᠤ ᠮᠢᠨᠢ     ᠭᠠᠯᠪᠠᠷ ︵galbar︶  ᠴᠠᠭᠠᠨ ᠴᠠᠰᠣᠨ ᠪᠤᠳᠠᠷᠠᠨ ᠪᠤᠳᠠᠷᠠᠭᠠᠰᠠᠢ  ︕     ᠬᠦᠪ ᠬᠦᠡᠭᠭᠡᠭᠡᠨ ᠴᠠᠰᠤᠨ ᠯᠠᠪᠰᠠ ᠳᠤ ᠬᠠᠴᠢᠷᠬᠠᠯᠳᠠᠢ ᠨᠠᠮᠠᠶᠢᠰᠬᠢᠳᠠᠭ     ᠬᠤᠷᠳᠣᠨ ᠮᠠᠰᠢᠨ᠂ ᠦᠨᠳᠦᠷ ᠠᠰᠠᠷ᠂ ᠬᠦᠯ ᠦᠢᠮᠡᠭᠡᠨᠳᠦ ᠵᠡᠭᠡᠯᠢ ᠰᠢᠭ     ᠬᠦᠪᠦᠨ ᠬᠦᠪᠦᠯᠵᠡᠭᠰᠡᠨ ᠪᠡᠶ᠎ᠡ ᠰᠡᠳᠬᠢᠯ ᠢᠶᠠᠨ ᠢᠪ ᠳᠠᠷᠣᠭᠤᠯᠵᠤ     ᠬᠤᠯᠨ — ᠭᠦᠨ ᠭᠡᠭᠴᠢ ᠨᠢᠭᠡ ᠠᠮᠢᠰᠬᠤᠭ᠎ᠠ ᠠᠪᠬᠤ ᠶᠣᠮᠰᠠᠨ     ᠲᠣᠭᠤᠵᠤ ᠬᠡᠳᠦᠶᠢᠨ ᠠᠪᠤᠡᠡᠰᠠᠨ ᠴᠣ᠋     ᠲᠤᠭ᠎ᠠ ᠦᠭᠡᠢ ᠣᠯᠠᠨ ᠬᠤᠨᠤᠭ ᠳᠠᠯᠪᠢᠵᠦ ᠪᠤᠢ     ᠲᠠᠷᠡ ᠬᠡᠳᠦᠨ ᠨᠤᠮ ᠢᠶᠠᠨ     ᠳᠣᠪᠣᠷ ᠳᠣᠪᠣᠷ ᠣᠡᠭᠰᠢᠬᠤ ᠶᠣᠮᠰᠠᠨ     ᠰᠢᠨ᠎ᠡ ᠴᠠᠰᠣ ᠰᠢᠬ     ᠰᠢᠷᠭᠡᠭ ᠴᠠᠭᠠᠰᠣ ᠳᠡᠯᠭᠡᠭᠡᠳ     ᠰᠡᠷᠡᠭᠰᠡᠨ ᠰᠡᠳᠬᠢᠭᠰᠡᠨ ᠢᠶᠠᠨ     ᠰᠢᠯᠦᠭ ᠪᠤᠯᠭᠠᠨ ᠪᠠᠭᠤᠯᠭᠠᠬᠤ ᠶᠣᠮᠰᠠᠨ     ᠬᠠᠷᠢᠯᠴᠠᠭ᠎ᠠ ᠦᠭᠡᠢ ᠣᠳᠠᠵᠣ ᠪᠤᠢ     ᠬᠡᠳᠦᠨ ᠮᠠᠭᠤᠰᠠᠶᠢᠨ ᠠᠨᠳᠠ ᠳᠠᠭᠠᠨ     ᠬᠠᠭᠤᠳᠠᠰᠣ ᠵᠠᠬᠢᠶ᠎ᠠ ᠪᠢᠴᠢᠵᠦ     ᠠᠮᠣᠷ ᠢ ᠨᠢ ᠠᠰᠠᠭᠤᠬᠤ ᠴᠤ ᠶᠣᠮᠰᠠᠨ ᠁     ᠴᠠᠬᠢᠮ — ᠴᠠᠬᠢᠷ ᠶᠢᠷᠲᠢᠨᠴᠦ ᠠᠴᠠ     ᠴᠢᠮ᠎ᠡ ᠶᠢ ᠨᠡᠮ᠎ᠠ ᠶᠢ ᠲᠦᠷ ᠴᠢᠯᠦᠭᠡᠯᠡᠵᠦ     ᠴᠠᠪ ᠴᠠᠭᠠᠨ᠂ ᠬᠠᠪ ᠬᠠᠯᠠᠭᠤᠬᠠᠨ ᠴᠠᠰᠣ ᠲᠨ     ᠴᠠᠮᠨᠠᠨ ᠪᠦᠵᠢᠨ ᠪᠠᠶᠢᠨ ᠪᠠᠶᠢᠨ ᠢᠷᠡᠭᠡᠰᠡᠢ︕      
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号