4 ᠰᠠᠷ᠎ᠠ ᠶᠢᠨ 24 ᠤ ᠡᠳᠦᠷ᠂ ᠥᠪᠥᠷ ᠮᠣᠩᠭᠤᠯ ᠤᠨ ᠫᠢᠩ ᠵᠤᠸᠠᠩ ᠨᠡᠭᠦᠷᠡᠰᠦᠨ ᠤ ᠦᠢᠯᠡᠰ ︵ᠪᠦᠯᠦᠭᠯᠡᠯ︶ | ᠤᠨ ᠬᠢᠵᠠᠭᠠᠷᠲᠤ ᠺᠤᠮᠫᠠᠨᠢ ᠶᠢᠨ ᠶᠤᠸᠠᠨ ᠪᠦᠦ ᠱᠠᠨ ᠵᠠᠳᠠᠭᠠᠢ ᠨᠡᠭᠦᠷᠡᠰᠦᠨ ᠠᠭᠤᠷᠬᠠᠢ ᠳᠤ ᠭᠤᠮ ᠪᠦᠰᠡᠲᠦ ᠮᠠᠰᠢᠨ | ᠲᠠᠰᠤᠷᠠᠯᠳᠠ ᠦᠭᠡᠢ ᠨᠡᠭᠦᠷᠡᠰᠦ ᠵᠥᠭᠡᠭᠡᠪᠦᠷᠢᠯᠡᠵᠦ᠂ ᠴᠠᠭᠢᠯᠭᠠᠨ ᠮᠠᠰᠢᠨ ᠤ ᠳᠠᠭᠤᠨ ᠴᠢᠬᠢ ᠳᠣᠷᠭᠢᠭᠤᠯᠵᠤ | ᠬᠤᠯᠠ ᠠᠴᠠ ᠬᠦᠩᠭᠢᠨᠡᠨ ᠰᠣᠨᠣᠰᠳᠠᠵᠤ ᠪᠠᠶᠢᠯ᠎ᠠ᠃ ᠠᠭᠤᠷᠬᠠᠢ ᠮᠠᠯᠲᠠᠬᠤ ᠨᠢᠭᠡᠳᠦᠭᠡᠷ ᠬᠡᠯᠲᠡᠰ ᠤᠨ ᠴᠠᠭᠢᠯᠭᠠᠨ | ᠲᠤᠨᠤᠭ ᠲᠥᠬᠦᠭᠡᠷᠦᠮᠵᠢ ᠪᠠᠶᠢᠴᠠᠭᠠᠨ ᠵᠠᠰᠠᠬᠤ ᠠᠩᠭᠢ ᠶᠢᠨ ᠳᠠᠷᠤᠭ᠎ᠠ ᠢᠦᠢ ᠴᠠᠩ ᠵᠧᠩ ᠬᠠᠯᠢᠪ ᠢᠶᠠᠨ ᠭᠤᠮ | ᠪᠦᠰᠡᠲᠦ ᠮᠠᠰᠢᠨ ᠲᠠᠢ ᠨᠠᠭᠠᠯᠳᠤᠭᠤᠯᠵᠤ᠂ ᠴᠢᠬᠢ ᠪᠠᠨ ᠣᠶᠢᠷᠠᠲᠤᠭᠤᠯᠤᠨ ᠮᠠᠰᠢᠨ ᠮᠧᠬᠠᠨᠢᠭ ᠤᠨ ᠲᠠᠭᠤ ᠶᠢ ᠴᠢᠩᠨᠠᠨ᠎ᠠ | ᠃ ︽ᠭᠤᠮ ᠪᠦᠰᠡᠲᠦ ᠮᠠᠰᠢᠨ ᠤ ᠬᠦᠩᠭᠢᠨᠡᠬᠦ ᠳᠠᠭᠤᠨ ᠮᠠᠰᠢᠨ ᠬᠡᠪ ᠤᠨ ᠪᠠᠶᠢᠨ᠎ᠠ︾ ᠭᠡᠵᠦ ᠲᠡᠷᠡ ᠬᠡᠯᠡᠬᠦ ᠶᠢᠨ ᠳᠠᠭᠠᠤ | ᠲᠡᠮᠳᠡᠭᠯᠡᠨ᠎ᠡ᠃ ᠡᠨᠡ ᠪᠣᠯ ᠳᠠᠷᠤᠢ ᠢᠦᠢ ᠴᠠᠩ ᠵᠧᠩ ᠤᠨ ᠡᠳᠦᠷ ᠲᠤᠲᠤᠮ ᠤᠨ ᠠᠵᠢᠯ ᠪᠣᠯᠣᠨ᠎ᠠ᠃ | 1993 ᠣᠨ ᠳᠤ ᠮᠡᠷᠭᠡᠵᠢᠯ ᠤᠨ ᠰᠤᠷᠭᠠᠭᠤᠯᠢ ᠠᠴᠠ ᠲᠡᠭᠦᠰᠦᠭᠰᠡᠨ ᠢᠦᠢ ᠴᠠᠩ ᠵᠧᠩ ᠶᠤᠸᠠᠨ ᠪᠦᠦ ᠱᠠᠨ | ᠵᠠᠳᠠᠭᠠᠢ ᠨᠡᠭᠦᠷᠡᠰᠦᠨ ᠠᠭᠤᠷᠬᠠᠢ ᠳᠤ ᠬᠤᠪᠢᠶᠠᠭᠳᠠᠨ ᠴᠠᠭᠢᠯᠭᠠᠨ ᠲᠤᠨᠤᠭ ᠲᠥᠬᠦᠭᠡᠷᠦᠮᠵᠢ ᠰᠡᠯᠪᠢᠨ ᠵᠠᠰᠠᠬᠤ ᠠᠵᠢᠯ | ᠬᠢᠪᠡ᠃ ᠲᠤᠬᠠᠢ ᠶᠢᠨ ᠦᠶ᠎ᠡ ᠳᠤ ᠲᠣᠰ ᠠᠭᠤᠷᠬᠠᠢ ᠪᠦᠭᠦ ᠤᠯᠤᠰ ᠤᠨ ᠬᠠᠮᠤᠭ ᠤᠨ ᠶᠡᠭᠡ ᠦᠷᠭᠦᠯᠵᠢᠯᠡᠭᠰᠡᠨ | ᠮᠠᠯᠲᠠᠵᠤ ᠭᠠᠳᠠᠭᠰᠢᠯᠠᠭᠤᠯᠬᠤ ᠰᠢᠰᠲ᠋ᠧᠮ ᠲᠠᠢ ᠪᠠᠶᠢᠵᠤ᠂ ᠲᠡᠭᠦᠨ ᠤ ᠭᠤᠣᠯ ᠲᠤᠨᠤᠭ ᠲᠥᠬᠦᠭᠡᠷᠦᠮᠵᠢ ᠪᠤᠯᠬᠤ | ᠬᠦᠷᠳᠦᠲᠦ ᠤᠬᠤᠭᠤᠷ ᠮᠠᠰᠢᠨ ᠨᠢ ᠲᠤᠬᠠᠢ ᠶᠢᠨ ᠦᠶ᠎ᠡ ᠳᠤ ᠠᠭᠤᠷᠬᠠᠢ ᠶᠢᠨ ᠬᠡᠪ ᠤᠨ ᠠᠵᠢᠯᠯᠠᠭ᠎ᠠ ᠶᠢ ᠪᠠᠲᠤᠯᠠᠬᠤ | ᠵᠠᠩᠭᠢᠯᠠᠭ᠎ᠠ ᠶᠢᠨ ᠲᠥᠬᠦᠭᠡᠷᠦᠮᠵᠢ ᠪᠣᠯᠵᠤ ᠪᠠᠶᠢᠪᠠ᠃ | ᠲᠤᠬᠠᠢ ᠶᠢᠨ ᠦᠶ᠎ᠡ ᠳᠤ 30 ᠭᠠᠷᠤᠢ ᠮᠧᠳ᠋ᠷ ᠥᠨᠳᠥᠷ ᠪᠦᠬᠦᠢ ᠬᠦᠷᠳᠦᠲᠦ ᠤᠬᠤᠭᠤᠷ ᠮᠠᠰᠢᠨ ᠢ ᠠᠵᠢᠯᠴᠢᠨ ᠤ | ᠭᠠᠷ ᠢᠶᠠᠷ ᠢᠶᠠᠨ ᠡᠷᠭᠢᠭᠦᠯᠵᠦ ᠵᠢᠯᠣᠭᠤᠳᠤᠨ ᠨᠡᠭᠦᠷᠡᠰᠦ ᠶᠢ ᠠᠷᠪᠠᠨ ᠬᠡᠳᠦᠨ ᠭᠠᠵᠠᠷ ᠦᠷᠭᠦᠯᠵᠢᠯᠡᠭᠰᠡᠨ ᠭᠤᠮ ᠪᠦᠰᠡᠨ | ᠳᠡᠭᠡᠷ᠎ᠡ ᠲᠠᠰᠤᠷᠠᠯᠲᠠ ᠦᠭᠡᠢ ᠵᠥᠭᠡᠭᠡᠪᠦᠷᠢᠯᠡᠨ ᠬᠦᠷᠭᠡᠵᠦ ᠪᠠᠶᠢᠬᠤ ᠶᠢ ᠦᠵᠡᠭᠡᠳ᠂ ᠢᠦᠢ ᠴᠠᠩ ᠵᠧᠩ ᠶᠡᠬᠡᠳᠡ | ᠭᠠᠶᠢᠬᠠᠪᠠ᠂ ᠲᠡᠷᠡ᠄ ︽ᠪᠢ ᠲᠤᠬᠠᠢ ᠶᠢᠨ ᠦᠶ᠎ᠡ ᠳᠤ ᠡᠨᠡ ᠬᠦ ᠮᠠᠰᠢᠨ ᠢ ᠵᠠᠪᠠᠯ ᠰᠠᠶᠢᠲᠤᠷ ᠣᠶᠢᠯᠠᠭᠠᠬᠤ ᠪᠠᠷ ᠰᠡᠮᠡᠭᠡᠷ | ᠵᠣᠷᠢᠭ ᠰᠢᠭᠤᠳᠤᠭᠰᠠᠨ︾ ᠭᠡᠪᠡ᠃ | ᠲᠠᠶᠢᠮᠦ ᠰᠠᠶᠢᠨ ᠰᠤᠷᠭᠠᠭᠤᠯᠢ ᠳᠤ ᠰᠤᠷᠤᠯᠴᠠᠵᠤ ᠥᠩᠭᠡᠷᠡᠭᠰᠡᠨ ᠦᠭᠡᠢ ᠭᠡᠵᠦ ᠪᠤᠳᠤᠳᠠᠭ ᠢᠦᠢ ᠴᠠᠩ ᠵᠧᠩ ︽ | ᠰᠢᠷᠭᠤᠯᠵᠢ ᠶᠠᠰᠤ ᠬᠡᠮᠡᠯᠢᠬᠦ︾ ᠮᠠᠶ᠋ᠢᠭ ᠤᠨ ᠦᠰᠦᠨ ᠪᠤᠶᠢᠵᠢᠬᠤ ᠶᠠᠪᠤᠴᠠ ᠪᠠᠨ ᠡᠬᠢᠯᠡᠭᠦᠯᠵᠦ᠂ ᠲᠣᠨᠤᠭ | ᠲᠥᠬᠦᠭᠡᠷᠦᠮᠵᠢ ᠶᠢᠨ ᠤᠭ ᠶᠣᠰᠣ ᠶᠢ ᠨᠠᠷᠢᠨ ᠬᠢᠨᠠᠮᠠᠭᠠᠢ ᠰᠤᠳᠤᠯᠵᠤ᠂ ᠴᠠᠭᠢᠯᠭᠠᠨ ᠬᠡᠯᠬᠢᠶ᠎ᠡ ᠶᠢᠨ ᠵᠢᠷᠤᠭ ᠵᠢᠷᠤᠵᠤ᠂ | ᠲᠤᠰᠬᠠᠢ ᠮᠡᠷᠭᠡᠵᠢᠯ ᠤᠨ ᠨᠣᠮ ᠪᠢᠴᠢᠭ ᠢ ᠰᠤᠳᠤᠯᠤᠨ ᠤᠩᠰᠢᠵᠤ᠂ ᠠᠯᠬᠤᠮ ᠠᠯᠬᠤᠮ ᠢᠶᠠᠷ ᠴᠠᠭᠢᠯᠭᠠᠨ ᠲᠤᠨᠤᠭ | ᠲᠥᠬᠦᠭᠡᠷᠦᠮᠵᠢ ᠰᠡᠯᠪᠢᠨ ᠵᠠᠰᠠᠬᠤ ᠭᠤᠣᠯᠯᠠᠭᠴᠢ ᠬᠦᠴᠦᠨ ᠪᠣᠯᠤᠭᠰᠠᠨ ᠪᠠᠶᠢᠨ᠎ᠠ᠃ | 2008 ᠣᠨ ᠠᠴᠠ ᠡᠬᠢᠯᠡᠨ ᠢᠦᠢ ᠴᠠᠩ ᠵᠧᠩ ᠲᠢᠶᠠᠨᠵᠢᠨ ᠤ ᠴᠠᠭᠢᠯᠭᠠᠨ ᠳᠠᠮᠵᠢᠭᠤᠯᠭ᠎ᠠ ᠶᠢᠨ ᠰᠤᠳᠤᠯᠭᠠᠨ ᠤ | ᠬᠦᠷᠢᠶᠡᠯᠡᠩ᠂ ᠲᠢᠶᠠᠨᠵᠢᠨ ᠤ ᠴᠠᠭᠢᠯᠭᠠᠨ ᠤ ᠰᠢᠨᠵᠢᠯᠡᠬᠦ ᠤᠬᠠᠭᠠᠨ ᠤ ᠰᠤᠳᠤᠯᠭᠠᠨ ᠤ ᠬᠦᠷᠢᠶᠡᠯᠡᠩ ᠤᠨ ᠬᠢᠵᠠᠭᠠᠷᠲᠤ | ᠺᠤᠮᠫᠠᠨᠢ ᠵᠡᠷᠭᠡ ᠨᠢᠭᠡᠴᠢ ᠲᠠᠢ ᠣᠯᠠᠨ ᠤᠳᠠᠭ᠎ᠠ ᠬᠠᠮᠲᠤᠷᠠᠯᠴᠠᠨ᠂ 31 ᠭᠤᠮ ᠪᠦᠰᠡᠲᠦ ᠮᠠᠰᠢᠨ ᠤ ᠴᠠᠭᠢᠯᠭᠠᠨ | ᠲᠣᠬᠢᠷᠠᠭᠤᠯᠬᠤ ᠥᠷᠲᠡᠭᠡ᠂ 3 ᠬᠡᠮᠬᠡᠯᠬᠦ ᠥᠷᠲᠡᠭᠡ ᠶᠢᠨ ᠡᠵᠡᠮᠰᠢᠯ ᠤᠨ ᠰᠢᠰᠲ᠋ᠧᠮ ᠢ ᠲᠠᠰ ᠳᠡᠪᠰᠢᠭᠦᠯᠦᠨ | ᠰᠠᠶᠢᠵᠢᠷᠠᠭᠤᠯᠤᠭᠰᠠᠨ ᠢᠶᠠᠷ ᠪᠠᠷᠠᠬᠤ ᠦᠭᠡᠢ᠂ ᠪᠠᠰᠠ 1 ᠳ᠋ᠦ᠋ᠭᠡᠷ ᠨᠣᠮᠧᠷᠲᠤ ᠬᠦᠷᠳᠦᠲᠦ ᠮᠠᠰᠢᠨ᠂ 2 ᠳ᠋ᠤᠭᠠᠷ | ᠨᠣᠮᠧᠷᠲᠤ ᠬᠦᠷᠳᠦᠲᠦ ᠤᠬᠤᠭᠤᠷ ᠮᠠᠰᠢᠨ ᠢ ᠲᠠᠰ ᠳᠡᠪᠰᠢᠭᠦᠯᠦᠨ ᠰᠠᠶᠢᠵᠢᠷᠠᠭᠤᠯᠪᠠ᠃ ᠨᠠᠩ ᠮᠠᠭᠲᠠᠭᠤᠰᠢᠲᠠᠢ ᠨᠢ | ᠭᠡᠪᠡᠯ᠂ ᠲᠡᠷᠡ 1200 kw ᠤᠨ ᠲᠣᠭᠲᠠᠮᠠᠯ ᠰᠣᠷᠢᠨᠵᠢᠨ ᠥᠩᠬᠦᠷᠢᠭᠦᠯ ᠳᠡᠭᠡᠷ᠎ᠡ ᠥᠨᠳᠥᠷ ᠳᠠᠷᠤᠯᠲᠠᠲᠤ ᠳᠠᠪᠲᠠᠮᠵᠢ | ᠬᠤᠪᠢᠰᠬᠠᠭᠤᠷ ᠨᠡᠮᠡᠭᠡᠳ ᠴᠢᠮᠡᠭᠡ ᠬᠤᠯᠪᠣᠭᠠᠨ ᠤ ᠬᠠᠷᠰᠢᠯᠠᠯ ᠤᠨ ᠮᠡᠷᠭᠡᠵᠢᠯ ᠤᠨ ᠪᠡᠷᠬᠡ ᠠᠰᠠᠭᠤᠳᠠᠯ ᠢ ᠠᠮᠵᠢᠯᠲᠠ ᠲᠠᠢ | ᠰᠢᠢᠳᠪᠦᠷᠢᠯᠡᠵᠡᠢ᠃ | ᠶᠤᠸᠠᠨ ᠪᠦᠦ ᠱᠠᠨ ᠵᠠᠳᠠᠭᠠᠢ ᠨᠡᠭᠦᠷᠡᠰᠦᠨ ᠠᠭᠤᠷᠬᠠᠢ ᠶᠢᠨ ᠠᠭᠤᠷᠬᠠᠢ ᠮᠠᠯᠲᠠᠬᠤ ᠨᠢᠭᠡᠳᠦᠭᠡᠷ ᠬᠡᠯᠲᠡᠰ ᠤᠨ ᠳᠡᠳ᠋ | ᠳᠠᠭᠠᠭᠠᠮᠠᠯ ᠰᠢᠶᠧ ᠶᠢᠨ ᠯᠦᠩ᠄ ︽ᠢᠦᠢ ᠴᠠᠩ ᠵᠧᠩ ᠲᠣᠨᠤᠭ ᠲᠥᠬᠦᠭᠡᠷᠦᠮᠵᠢ ᠶᠢ ᠲᠠᠰ ᠳᠡᠪᠰᠢᠭᠦᠯᠦᠨ | ᠰᠠᠶᠢᠵᠢᠷᠠᠭᠤᠯᠤᠭᠰᠠᠨ ᠤ ᠳᠠᠷᠠᠭ᠎ᠠ᠂ ᠮᠠᠰᠢᠨ ᠤ ᠡᠪᠳᠡᠷᠡᠬᠦ ᠨᠢ ᠴᠥᠭᠡᠷᠡᠭᠰᠡᠨ ᠪᠥᠭᠡᠳ ᠡᠪᠳᠡᠷᠡᠭᠰᠡᠨ ᠴᠦ ᠤᠳᠠᠭᠰᠠᠨ | ᠦᠭᠡᠢ ᠵᠠᠰᠠᠵᠤ᠂ ᠲᠣᠨᠤᠭ ᠲᠥᠬᠦᠭᠡᠷᠦᠮᠵᠢ ᠶᠢᠨ ᠬᠦᠨᠳᠦ ᠠᠴᠢᠶᠠᠯᠠᠯ ᠠᠴᠠ ᠪᠣᠯᠤᠭᠰᠠᠨ ᠭᠤᠮ ᠪᠦᠰᠡ ᠶᠢᠨ | ᠵᠠᠯᠭᠠᠭᠠᠰᠤ ᠬᠠᠭᠠᠷᠠᠬᠤ᠂ ᠡᠯᠡᠭᠳᠡᠬᠦ ᠵᠡᠷᠭᠡ ᠠᠯᠢ ᠣᠯᠠᠨ ᠠᠰᠠᠭᠤᠳᠠᠯ ᠪᠠᠭᠠᠰᠴᠤ᠂ ᠵᠢᠯ ᠪᠦᠷᠢ ᠠᠵᠤ ᠠᠬᠤᠶᠢᠯᠠᠯ ᠳᠤ | 2000 ᠭᠠᠷᠤᠢ ᠲᠦᠮᠡᠨ ᠲᠥᠭᠦᠷᠢᠭ ᠤᠨ ᠥᠪᠡᠷ ᠤᠨ ᠥᠷᠲᠡᠭ ᠢ ᠠᠷᠪᠢᠯᠠᠵᠠᠢ︾ ᠭᠡᠵᠦ ᠲᠠᠨᠢᠯᠴᠠᠭᠤᠯᠪᠠ᠃ | 2018 ᠣᠨ ᠳᠤ ᠬᠤᠶᠠᠳᠤᠭᠠᠷ ᠳᠡᠰ ᠤᠨ ᠬᠡᠮᠬᠡᠯᠬᠦ ᠥᠷᠲᠡᠭᠡ ᠪᠣᠯᠣᠨ ᠭᠤᠮ ᠪᠦᠰᠡᠲᠦ ᠮᠠᠰᠢᠨ 311 | ᠨᠣᠮᠧᠷᠲᠤ ᠪᠠ 321 ᠨᠣᠮᠧᠷᠲᠤ ᠴᠢᠮᠡᠭᠡ ᠬᠤᠯᠪᠣᠭᠠᠨ ᠤ ᠵᠠᠯᠭᠠᠯᠲᠠ ᠳᠤ ᠦᠷᠭᠦᠯᠵᠢ ᠮᠠᠰᠢᠨ ᠵᠣᠬᠰᠣᠬᠤ ᠦᠵᠡᠭᠳᠡᠯ | ᠭᠠᠷᠴᠤ᠂ ᠢᠦᠢ ᠴᠠᠩ ᠵᠧᠩ ᠬᠤᠪᠢᠰᠤᠮᠠᠯ ᠭᠦᠶᠦᠳᠡᠯᠲᠦ ᠴᠠᠭᠢᠯᠭᠠᠨ ᠡᠭᠦᠰᠬᠡᠭᠴᠢ ᠶᠢ ᠲᠣᠭᠲᠠᠮᠠᠯ ᠭᠦᠶᠦᠳᠡᠯᠲᠦ | ᠴᠠᠭᠢᠯᠭᠠᠨ ᠡᠭᠦᠰᠬᠡᠭᠴᠢ ᠪᠤᠯᠭᠠᠵᠤ᠂ ᠤᠤᠯ ᠤᠨ ᠲᠠᠲᠠᠬᠳᠠᠭᠤᠷ ᠪᠠ ᠴᠠᠭᠢᠯᠭᠠᠨ ᠤᠲᠠᠰᠤᠨ ᠤ ᠵᠠᠯᠭᠠᠯᠲᠠ ᠶᠢᠨ | ᠳᠠᠮᠵᠢᠭᠤᠯᠭ᠎ᠠ ᠶᠢᠨ ᠳᠣᠬᠢᠶ᠎ᠠ ᠶᠢ PLC ᠫᠷᠣᠭ᠍ᠷᠠᠮ ᠪᠠ ᠭᠡᠷᠡᠯ ᠰᠢᠷᠬᠡᠭ ᠤᠨ ᠵᠠᠯᠭᠠᠯᠲᠠ ᠶᠢᠨ ᠳᠣᠭᠢᠶᠠᠨ ᠤ | ᠳᠠᠮᠵᠢᠭᠤᠯᠭ᠎ᠠ ᠪᠣᠯᠭᠠᠨ ᠥᠭᠡᠷᠡᠴᠢᠯᠡᠭᠰᠡᠨ ᠢᠶᠠᠷ ᠪᠠᠶᠢᠨ ᠳᠠᠭᠢᠨ ᠭᠠᠷᠳᠠᠭ ᠲᠤᠰ ᠠᠰᠠᠭᠤᠳᠠᠯ ᠢ ᠲᠣᠬᠢᠲᠠᠢ | ᠰᠢᠢᠳᠪᠦᠷᠢᠯᠡᠪᠡ᠃ | ︽ᠲᠥᠬᠦᠭᠡᠷᠦᠮᠵᠢ ᠳᠤ ᠠᠰᠠᠭᠤᠳᠠᠯ ᠭᠠᠷᠤᠮᠠᠭᠴᠠ᠂ ᠲᠣᠬᠢᠷᠠᠭᠤᠯᠬᠤ ᠲᠠᠰᠤᠭ ᠠᠴᠠ ᠠᠰᠠᠭᠤᠳᠠᠯ ᠭᠠᠷᠤᠭᠰᠠᠨ | ᠰᠢᠯᠲᠠᠭᠠᠨ ᠵᠢᠴᠢ ᠡᠷᠢᠬᠦ ᠴᠢᠬᠤᠯᠠᠲᠠᠢ ᠲᠤᠨᠤᠭ ᠰᠡᠯᠪᠢᠭ ᠤᠨ ᠨᠣᠮᠧᠷ ᠢ ᠲᠣᠳᠣᠷᠬᠠᠢ ᠢᠯᠡᠷᠡᠭᠦᠯᠵᠦ ᠴᠢᠳᠠᠨ᠎ᠠ︾ ᠭᠡᠵᠦ | ᠢᠦᠢ ᠴᠠᠩ ᠵᠧᠩ ᠬᠡᠯᠡᠪᠡ᠃ | 2018 ᠣᠨ ᠳᠤ 316 ᠨᠣᠮᠧᠷᠲᠤ ᠭᠤᠮ ᠪᠦᠰᠡ ᠶᠢᠨ ᠳᠤᠮᠳᠠ ᠬᠡᠰᠡᠭ ᠤᠨ ᠬᠦᠨᠳᠦ ᠠᠯᠤᠬ᠎ᠠ ᠬᠠᠵᠠᠶᠢᠵᠤ᠂ | ᠲᠥᠬᠦᠭᠡᠷᠦᠮᠵᠢ ᠶᠢᠨ ᠠᠮᠤᠷ ᠲᠦᠪᠰᠢᠨ᠂ ᠬᠡᠪ ᠤᠨ ᠶᠣᠰᠣᠭᠠᠷ ᠠᠵᠢᠯᠯᠠᠬᠤ ᠶᠢ ᠬᠦᠨᠳᠦ ᠨᠣᠴᠢᠲᠠᠢ ᠨᠥᠯᠥᠭᠡᠯᠡᠪᠡ᠃ | ᠪᠦᠰᠡ ᠶᠢ ᠡᠷᠭᠢᠯᠳᠦᠭᠦᠯᠬᠦ ᠮᠠᠰᠢᠨ ᠳᠤᠨᠢ ᠨᠡᠭᠦᠷᠡᠰᠦ ᠨᠠᠭᠠᠯᠳᠤᠬᠤ᠂ ᠥᠩᠬᠦᠷᠢᠭᠦᠯ ᠲᠦᠡᠭᠰᠠ ᠶᠢ ᠪᠣᠭᠤᠭᠰᠠᠨ | ᠨᠠᠭᠠᠯᠲᠠ ᠨᠢ ᠵᠢᠭᠳᠡ ᠪᠤᠰᠤ ᠵᠢᠴᠢ ᠨᠡᠭᠦᠷᠡᠰᠦ ᠪᠠᠨ ᠪᠠᠭᠤᠯᠭᠠᠬᠤ ᠴᠡᠭ ᠨᠢ ᠰᠢᠯᠵᠢᠭᠰᠡᠨ ᠨᠢ ᠭᠤᠣᠯ ᠰᠢᠯᠲᠠᠭᠠᠨ | ᠪᠤᠯᠬᠤ ᠶᠢ ᠢᠦᠢ ᠴᠠᠩ ᠵᠧᠩ ᠢᠯᠡᠷᠡᠭᠦᠯᠪᠡ᠃ | ᠲᠡᠷᠡ ᠲᠤᠬᠠᠢ ᠶᠢᠨ ᠭᠠᠵᠠᠷ ᠲᠤᠨᠢ ᠰᠢᠯᠭᠠᠨ ᠪᠠᠶᠢᠴᠠᠭᠠᠬᠤ ᠪᠠ ᠬᠤᠯᠪᠣᠭᠳᠠᠯ ᠪᠦᠬᠦᠢ ᠮᠠᠲ᠋ᠧᠷᠢᠶᠠᠯ ᠢ ᠪᠠᠶᠢᠴᠠᠭᠠᠨ | ᠦᠵᠡᠬᠦ ᠪᠠᠷ ᠳᠠᠮᠵᠢᠨ᠂ ᠡᠴᠦᠰ ᠲᠡᠭᠡᠨ ᠬᠡᠰᠡᠭ ᠬᠤᠪᠢᠶᠠᠭᠰᠠᠨ ᠮᠠᠶ᠋ᠢᠭ ᠤᠨ ᠬᠢᠨᠠᠨ ᠬᠡᠮᠵᠢᠬᠦ ᠲᠥᠰᠥᠯ ᠢ ᠬᠡᠷᠡᠭᠯᠡᠵᠦ᠂ | ᠭᠤᠮ ᠪᠦᠰᠡ ᠶᠢᠨ ᠳᠤᠮᠳᠠ ᠬᠡᠰᠡᠭ ᠤᠨ ᠬᠦᠨᠳᠦ ᠠᠯᠤᠬ᠎ᠠ ᠶᠢᠨ ᠣᠷᠣᠨ ᠤ ᠬᠤᠶᠠᠷ ᠬᠠᠵᠠᠭᠤ ᠪᠠᠷ ᠭᠦᠶᠦᠯᠲᠡ ᠶᠢᠨ | ᠨᠡᠭᠡᠯᠡᠭᠡᠢ ᠨᠡᠮᠡᠨ ᠤᠭᠰᠠᠷᠠᠵᠤ᠂ ᠭᠤᠮ ᠪᠦᠰᠡ ᠶᠢᠨ ᠠᠵᠢᠯᠯᠠᠭᠠᠨ ᠤ ᠪᠠᠶᠢᠳᠠᠯ ᠢ ᠴᠠᠭ ᠲᠤᠬᠠᠢ ᠳᠤᠨᠢ ᠬᠢᠨᠠᠨ | ᠬᠡᠮᠵᠢᠬᠦ ᠪᠠᠷ ᠳᠤᠷᠠᠳᠴᠠᠢ᠃ | ︽ᠭᠤᠮ ᠪᠦᠰᠡ ᠬᠠᠵᠠᠶᠢᠬᠤ ᠦᠵᠡᠭᠳᠡᠯ ᠭᠠᠷᠤᠮᠠᠭᠴᠠ᠂ ᠲᠡᠷᠡ ᠳᠠᠷᠤᠢ ᠲᠣᠬᠢᠷᠠᠭᠤᠯᠬᠤ ᠲᠠᠰᠤᠭ ᠵᠦᠭ | ᠬᠡᠯᠪᠠᠶᠢᠭ᠍ᠰᠡᠨ ᠳᠣᠬᠢᠶ᠎ᠠ ᠪᠠᠨ ᠠᠦ᠋ᠲ᠋ᠣ᠋ ᠪᠠᠷ ᠮᠡᠳᠡᠭᠦᠯᠵᠦ ᠪᠣᠯᠣᠨ᠎ᠠ︾ ᠭᠡᠵᠦ ᠢᠦᠢ ᠴᠠᠩ ᠵᠧᠩ ᠬᠡᠯᠡᠭᠰᠡᠨ ᠢᠶᠠᠨ | ᠵᠠᠯᠭᠠᠭᠠᠳ᠂ ᠬᠠᠵᠠᠭᠤ ᠶᠢᠨ ᠨᠡᠭᠡᠯᠡᠭᠡᠢ ᠶᠢ ᠨᠡᠭᠡᠭᠡᠬᠦ ᠨᠢ ᠭᠤᠮ ᠪᠦᠰᠡ ᠶᠢᠨ ᠭᠡᠮᠲᠦᠯ ᠤᠨ ᠲᠦᠭᠰᠢᠭᠦᠷᠢ ᠶᠢ | 80% ᠪᠠᠷ ᠪᠠᠭᠤᠷᠠᠭᠤᠯᠵᠤ᠂ ᠵᠢᠯ ᠤᠨ ᠬᠠᠮᠠᠭᠠᠯᠠᠯᠲᠠ ᠶᠢᠨ ᠥᠪᠡᠷ ᠤᠨ ᠥᠷᠲᠡᠭ ᠢ 50 ᠭᠠᠷᠤᠢ ᠲᠦᠮᠡᠨ | ᠲᠥᠭᠦᠷᠢᠭ ᠠᠷᠪᠢᠯᠠᠵᠤ᠂ ᠨᠡᠭᠦᠷᠡᠰᠦ ᠳᠠᠮᠵᠢᠭᠤᠯᠬᠤ ᠰᠢᠰᠲ᠋ᠧᠮ ᠢ 5 ᠵᠢᠯ ᠳᠠᠷᠠᠭᠠᠯᠠᠨ ︽ᠲᠥᠯᠥᠪᠯᠡᠭᠡ ᠠᠴᠠ | ᠭᠠᠳᠠᠭᠤᠷ ᠮᠠᠰᠢᠨ ᠦᠯᠤ ᠵᠤᠬᠰᠤᠬᠤ︾ ᠲᠡᠮᠳᠡᠭᠯᠡᠯ ᠢ ᠪᠠᠲᠤᠯᠠᠪᠠ᠃ | 2019 ᠣᠨ ᠤ ᠳᠣᠣᠷ᠎ᠠ ᠬᠠᠭᠠᠰ ᠵᠢᠯ ᠳᠤ ᠭᠤᠮ ᠪᠦᠰᠡᠲᠦ ᠮᠠᠰᠢᠨ ᠭᠡᠨᠡᠳᠲᠡ ᠵᠣᠭᠰᠣᠵᠤ᠂ ᠭᠡᠮᠲᠦᠯ | ᠭᠠᠷᠤᠭᠰᠠᠨ ᠰᠢᠯᠲᠠᠭᠠᠨ ᠢ ᠡᠷᠢᠵᠦ ᠣᠯᠬᠤ ᠦᠭᠡᠢ᠂ ᠦᠢᠯᠡᠳᠪᠦᠷᠢᠯᠡᠯ ᠤᠭ ᠤᠨ ᠲᠥᠯᠥᠪᠯᠡᠭᠡ ᠶᠣᠰᠣᠭᠠᠷ | ᠶᠠᠪᠤᠭᠳᠠᠬᠤ ᠠᠷᠭ᠎ᠠ ᠦᠭᠡᠢ ᠪᠣᠯᠪᠠ᠃ ᠲᠤᠬᠠᠢ ᠶᠢᠨ ᠦᠶ᠎ᠡ ᠳᠤ ᠶᠠᠭ ᠦᠢᠯᠡᠳᠪᠦᠷᠢᠯᠡᠯ ᠤᠨ ᠬᠠᠩᠭᠠᠯᠭ᠎ᠠ ᠶᠢ | ᠪᠠᠲᠤᠯᠠᠬᠤ ᠣᠷᠭᠢᠯ ᠤᠨ ᠬᠤᠭᠤᠴᠠᠭ᠎ᠠ ᠪᠠᠶᠢᠪᠠ᠃ | ︽ᠲᠥᠬᠦᠭᠡᠷᠦᠮᠵᠢ ᠶᠢ ᠴᠤᠴᠠᠯᠵᠤ ᠰᠠᠯᠭᠠᠭᠰᠠᠨ ᠭᠤᠷᠪᠠᠳᠤᠭᠠᠷ ᠡᠳᠦᠷ᠂ ᠵᠠᠮ ᠱᠤᠭᠤᠮ ᠨᠢ ᠲᠦᠢᠯ ᠤᠨ ᠡᠮᠬᠢ | ᠵᠠᠮᠪᠠᠷᠠᠭ᠎ᠠ ᠦᠭᠡᠢ ᠪᠠᠶᠢᠳᠠᠯ ᠳᠤ ᠪᠠᠶᠢᠯ᠎ᠠ︾᠃ ᠲᠡᠷᠡ ᠤᠳᠠᠭ᠎ᠠ ᠶᠢᠨ ᠪᠣᠭᠤᠮᠲᠠ ᠰᠢᠪᠲᠤᠯᠬᠤ ᠳᠠᠶᠢᠯᠠᠯᠳᠤᠭᠠᠨ ᠢ | ᠡᠷᠭᠢᠴᠡᠭᠦᠯᠬᠦ ᠳᠡᠭᠡᠨ᠂ ᠢᠦᠢ ᠴᠠᠩ ᠵᠧᠩ ᠮᠥᠨ ᠬᠦ ᠥᠪᠡᠷ ᠤᠨ ᠡᠷᠬᠡ ᠦᠭᠡᠢ ᠡᠪᠡᠷᠰᠢᠭᠰᠡᠨ ᠬᠤᠶᠠᠷ ᠭᠠᠷ ᠢᠶᠠᠨ | ᠨᠤᠬᠤᠯᠠᠳᠠᠭ᠃ ᠳᠠᠭᠢᠨ ᠳᠠᠪᠲᠠᠨ ᠪᠠᠶᠢᠴᠠᠭᠠᠭᠰᠠᠨ ᠤ ᠳ᠋ᠦᠩ ᠳᠤ᠂ ᠢᠦᠢ ᠴᠠᠩ ᠵᠧᠩ᠂ ᠨᠡᠭᠡᠯᠡᠭᠡᠢ ᠶᠢᠨ ᠵᠢᠷᠤᠭ | ᠲᠥᠯᠥᠪᠯᠡᠭᠡ ᠨᠢ ᠳᠤᠲᠠᠭᠳᠠᠯ ᠲᠠᠢ ᠠᠴᠠ ᠪᠣᠯᠵᠤ᠂ ᠬᠤᠭᠤᠰᠤᠨ ᠬᠦᠷᠦᠯᠴᠡᠭᠦᠷ ᠨᠢ ᠭᠦᠢᠴᠡᠳ ᠰᠣᠷᠣᠵᠤ | ᠳᠡᠶᠢᠯᠦᠭᠰᠡᠨ ᠦᠭᠡᠢ ᠠᠴᠠ ᠪᠣᠯᠵᠤ ᠮᠠᠰᠢᠨ ᠵᠣᠬᠰᠣᠬᠤ ᠦᠵᠡᠭᠳᠡᠯ ᠭᠠᠷᠤᠭᠰᠠᠨ ᠢ ᠢᠯᠡᠷᠡᠭᠦᠯᠪᠡ᠃ ᠲᠤᠰᠠᠯᠠᠬᠤ | ᠨᠡᠭᠡᠯᠡᠭᠡᠢ ᠶᠢᠨ ᠵᠠᠯᠭᠠᠬᠤ ᠴᠡᠭ ᠤᠨ ᠶᠠᠪᠤᠴᠠ᠂ ᠮᠧᠬᠠᠨᠢᠭ ᠤᠨ ᠬᠡᠰᠡᠭ ᠢ ᠪᠠᠭᠠᠰᠬᠠᠬᠤ ᠲᠤᠰᠠᠯᠠᠬᠤ ᠨᠡᠭᠡᠯᠡᠭᠡᠢ ᠶᠢᠨ | ᠬᠥᠳᠡᠯᠭᠡᠭᠡᠨ ᠵᠡᠷᠭᠡ ᠶᠢ ᠥᠭᠡᠷᠡᠴᠢᠯᠡᠭᠰᠡᠨ ᠤ ᠳᠠᠷᠠᠭ᠎ᠠ᠂ ᠡᠨᠡ ᠬᠦ ᠬᠦᠴᠢᠷ ᠠᠰᠠᠭᠤᠳᠠᠯ ᠡᠴᠦᠰ ᠲᠡᠭᠡᠨ | ᠰᠢᠢᠳᠪᠦᠷᠢᠯᠡᠭᠳᠡᠪᠡ᠃ | ︽ᠬᠤᠭᠤᠰᠤᠨ ᠬᠦᠷᠦᠯᠴᠡᠭᠦᠷ ᠤᠨ ᠲᠤᠰᠠᠯᠠᠬᠤ ᠨᠡᠭᠡᠯᠡᠭᠡᠢ ᠠᠰᠢᠭᠯᠠᠯᠲᠠ ᠳᠤ ᠣᠷᠣᠭᠰᠠᠨ ᠤ ᠳᠠᠷᠠᠭ᠎ᠠ᠂ ᠵᠢᠯ | ᠪᠦᠷᠢ 1000 ᠲᠦᠮᠡᠨ ᠭᠷᠡᠳᠦ᠋ᠰ ᠤᠨ ᠴᠠᠭᠢᠯᠭᠠᠨ ᠠᠷᠪᠢᠯᠠᠵᠤ᠂ 800 ᠭᠠᠷᠤᠢ ᠲᠦᠮᠡᠨ ᠲᠥᠭᠦᠷᠢᠭ ᠤᠨ ᠦᠷ᠎ᠡ | ᠠᠰᠢᠭ ᠣᠯᠵᠠᠢ︾ ᠭᠡᠵᠦ ᠰᠢᠶᠧ ᠶᠢᠨ ᠯᠦᠩ ᠬᠡᠯᠡᠪᠡ᠃ | ᠡᠨᠡ ᠬᠦ ︽ᠦᠬᠦᠨ ᠪᠠᠷᠢᠮᠲᠠᠯᠠᠬᠤ︾ ᠵᠣᠷᠢᠭ ᠰᠠᠨᠠᠭ᠎ᠠ ᠨᠢ ᠰᠢᠨ᠎ᠡ ᠡᠭᠦᠳᠦᠯᠲᠡ ᠶᠢ ᠪᠤᠢ ᠪᠣᠯᠭᠠᠪᠠ᠄ ︽ᠨᠢᠭᠡ | ᠵᠦᠢᠯ ᠤᠨ ᠬᠤᠭᠤᠰᠤᠨ ᠬᠦᠷᠦᠯᠴᠡᠭᠦᠷ ᠤᠨ ᠲᠤᠰᠠᠯᠠᠬᠤ ᠨᠡᠭᠡᠯᠡᠭᠡᠢ︾᠂ ︽ᠬᠡᠮᠬᠡᠯᠬᠦ ᠥᠷᠲᠡᠭᠡ ᠶᠢᠨ ᠠᠭᠤᠷᠬᠠᠢ ᠶᠢᠨ | ᠲᠡᠷᠭᠡᠨ ᠤ ᠠᠦ᠋ᠲ᠋ᠣ᠋ ᠲᠣᠭᠠᠯᠠᠭᠤᠷ︾᠂ ︽ᠭᠤᠮ ᠪᠦᠰᠡ ᠤᠷᠠᠭᠳᠠᠭᠰᠠᠨ ᠢ ᠪᠠᠶᠢᠴᠠᠭᠠᠨ ᠬᠡᠮᠵᠢᠬᠦ ᠲᠣᠨᠣᠭᠯᠠᠯ︾ ᠵᠡᠷᠭᠡ | 3 ᠵᠦᠢᠯ ᠤᠨ ᠰᠢᠨ᠎ᠡ ᠶᠢ ᠡᠭᠦᠳᠦᠭᠰᠡᠨ ᠦᠷ᠎ᠡ ᠪᠦᠲᠦᠭᠡᠯ ᠤᠯᠤᠰ ᠤᠨ ᠬᠡᠷᠡᠭᠯᠡᠭᠡᠨ ᠤ ᠰᠢᠨ᠎ᠡ ᠭᠡᠯᠪᠡᠷᠢ ᠶᠢᠨ ᠲᠤᠰᠬᠠᠢ | ᠠᠰᠢᠭ ᠢ ᠭᠦᠷᠳᠡᠪᠡ᠃ | ︽ᠢᠦᠢ ᠴᠠᠩ ᠵᠧᠩ ᠤᠨ ᠭᠦᠳᠡᠯᠮᠦᠷᠢ ᠶᠢᠨ ᠵᠢᠱᠢᠶᠡᠴᠢ ︵ᠤᠷᠠᠨ ᠳᠠᠷᠬᠠᠨ︶ ᠶᠢᠨ ᠰᠢᠨ᠎ᠡ ᠶᠢ ᠡᠭᠦᠳᠬᠦ | ᠠᠵᠢᠯᠯᠠᠬᠤ ᠲᠠᠰᠤᠭ︾ ᠲᠤ ᠣᠷᠣᠬᠤ ᠳᠤ ᠶᠠᠭ ᠯᠡ ᠨᠢᠭᠡᠨ ︽ᠲᠤᠷᠰᠢᠯᠲᠠ ᠶᠢᠨ ᠲᠠᠰᠤᠭ︾ ᠲᠤ ᠣᠷᠣᠭᠰᠠᠨ ᠰᠢᠭ᠋ | ᠪᠠᠶᠢᠵᠤ᠂ ᠡᠯ᠎ᠡ ᠲᠥᠷᠥᠯ ᠤᠨ ᠲᠥᠬᠦᠭᠡᠷᠦᠮᠵᠢ ᠶᠢ ᠡᠮᠬᠢ ᠵᠢᠷᠤᠮ ᠲᠠᠢ ᠲᠢᠭᠯᠡᠵᠦ ᠲᠠᠯᠪᠢᠵᠠᠢ᠃ ᠭᠠᠷᠠᠭ ᠪᠦᠷᠢ ᠶᠢᠨ | ᠭᠠᠷᠠᠭ ᠤᠨ ᠲᠠᠪᠤᠨ ᠤ ᠦᠳᠡ ᠶᠢᠨ ᠬᠤᠶᠢᠨ᠎ᠠ᠂ ᠠᠵᠢᠯ ᠤᠨ ᠲᠠᠰᠤᠭ ᠲᠤ ᠶᠡᠷᠦ ᠨᠢ ᠡᠶᠢᠮᠦ ᠪᠠᠶᠢᠳᠠᠯ ᠢ ᠣᠯᠵᠤ | ᠬᠠᠷᠠᠳᠠᠭ᠄ ᠵᠠᠯᠠᠭᠤ ᠠᠵᠢᠯᠲᠠᠨ ᠠᠵᠢᠯᠴᠢᠨ PLC ᠶᠢᠨ ᠠᠵᠢᠯᠯᠠᠬᠤ ᠲᠠᠪᠴᠠᠩ ᠢ ᠲᠣᠭᠤᠷᠢᠵᠤ᠂ ᠢᠦᠢ ᠴᠠᠩ ᠵᠧᠩ | ᠴᠠᠭᠢᠯᠭᠠᠨ ᠬᠡᠯᠬᠢᠶ᠎ᠡ ᠶᠢᠨ ᠮᠡᠳᠡᠯᠭᠡ ᠶᠢ ᠨᠠᠷᠢᠨ ᠬᠢᠨᠠᠮᠠᠭᠠᠢ ᠲᠠᠶᠢᠯᠪᠤᠷᠢᠯᠠᠨ᠎ᠠ᠃ ᠬᠡᠮᠬᠡᠯᠬᠦ ᠦᠷᠲᠡᠭᠡ ᠶᠢᠨ ᠠᠭᠤᠷᠬᠠᠢ ᠶᠢᠨ | ᠮᠠᠰᠢᠨ ᠤ ᠠᠦ᠋ᠲ᠋ᠣ᠋ ᠲᠤᠭ᠎ᠠ ᠲᠣᠭᠠᠯᠠᠭᠤᠷ ᠢ ᠰᠠᠶᠢᠵᠢᠷᠠᠭᠤᠯᠬᠤ ᠲᠤᠬᠠᠢ ᠲᠠᠶᠢᠯᠪᠤᠷᠢᠯᠠᠬᠤ ᠳᠠᠭᠠᠨ᠂ ᠲᠡᠷᠡ ᠭᠡᠨᠡᠳᠲᠡ | ᠠᠰᠠᠭᠤᠳᠠᠯ ᠳᠤᠷᠠᠳᠴᠤ᠄ ︽ᠰᠠᠷᠢᠰᠤᠨ ᠪᠠᠭᠪᠠᠭᠠᠢ ᠨᠢ ᠬᠡᠷᠬᠢᠨ ᠷᠠᠳᠠᠷ ᠤᠨ ᠮᠡᠷᠭᠡᠵᠢᠯ ᠳᠤ ᠰᠡᠩᠬᠡᠷᠡᠭᠦᠯᠦᠯ | ᠥᠭᠭᠦᠭᠰᠡᠨ ᠢ ᠮᠡᠳᠡᠨ᠎ᠡ ᠤᠤ︖︾ ᠭᠡᠵᠦ ᠠᠰᠠᠭᠤᠪᠠ᠃ ᠡᠶᠢᠮᠦᠷᠬᠦᠦ ᠪᠠᠶᠠᠷ ᠴᠡᠩᠭᠡᠯ ᠲᠠᠢ ᠴᠢᠯᠦᠭᠡᠲᠡᠢ ᠪᠠᠶᠢᠳᠠᠭ | ᠬᠢᠴᠢᠶᠡᠯᠯᠡᠬᠦ ᠠᠷᠭ᠎ᠠ ᠮᠠᠶ᠋ᠢᠭ ᠨᠢ ᠠᠮᠲᠠ ᠰᠢᠮᠳᠡ ᠦᠭᠡᠢ ᠮᠡᠳᠡᠯᠭᠡ ᠶᠢ ᠠᠮᠢᠳᠤᠯᠢᠭ ᠲᠤᠰᠬᠠᠢ ᠮᠡᠷᠭᠡᠵᠢᠯ ᠪᠣᠯᠭᠠᠨ | ᠵᠠᠯᠠᠭᠤ ᠠᠵᠢᠯᠲᠠᠨ ᠢ ᠬᠥᠮᠥᠵᠢᠭᠦᠯᠦᠨ ᠰᠡᠩᠬᠡᠷᠡᠭᠦᠯᠦᠯ ᠣᠯᠭᠤᠳᠠᠭ᠃ | ︽ᠦᠢᠯᠡᠳᠪᠦᠷᠢᠯᠡᠯ ᠤᠨ ᠶᠠᠪᠤᠴᠠ ᠳᠤ ᠰᠠᠭᠠᠳ ᠭᠠᠷᠬᠤ ᠦᠶ᠎ᠡ ᠳᠤ ᠢᠦᠢ ᠠᠩᠭᠢ ᠶᠢᠨ ᠳᠠᠷᠤᠭ᠎ᠠ ᠪᠢᠳᠡᠨ ᠳᠤ | ᠡᠷᠡᠭᠦᠦ ᠶᠢᠨ ᠬᠡᠷᠡᠭ ᠢ ᠡᠪᠳᠡᠬᠦ ᠰᠢᠭ ᠠᠰᠠᠭᠤᠳᠠᠯ ᠢ ᠵᠠᠳᠠᠯᠵᠤ᠂ ᠰᠢᠨ᠎ᠡ ᠶᠢ ᠡᠭᠦᠳᠬᠦ ᠰᠡᠳᠬᠢᠬᠦᠢ ᠶᠢᠨ | ᠭᠤᠣᠯᠳᠠᠯᠭ᠎ᠠ ᠨᠢ ᠰᠢᠨ᠎ᠡ ᠠᠷᠭ᠎ᠠ ᠶᠢ ᠵᠣᠷᠢᠭᠲᠠᠢ ᠪᠠᠷ ᠲᠤᠷᠰᠢᠬᠤ ᠳᠤ ᠪᠤᠢ ᠭᠡᠵᠦ ᠵᠢᠭᠠᠵᠤ ᠦᠭᠳᠡᠭ᠃ | ᠥᠩᠭᠡᠷᠡᠭᠰᠡᠨ ᠤ ᠲᠣᠭᠠᠯᠠᠭᠤᠷ ᠪᠣᠯ ᠲᠤᠰᠬᠠᠯ ᠤᠨ ᠭᠡᠯᠪᠡᠷᠢ ᠶᠢᠨ ᠤᠯᠠᠭᠠᠨ ᠤ ᠭᠠᠳᠠᠨᠠᠬᠢ ᠭᠡᠷᠡᠯ ᠤᠨ ᠴᠠᠭᠢᠯᠭᠠᠨ ᠤ | ᠤᠭ ᠶᠣᠰᠣ ᠶᠢ ᠠᠰᠢᠭᠯᠠᠵᠤ ᠲᠤᠭ᠎ᠠ ᠲᠣᠭᠠᠯᠠᠬᠤ ᠶᠢ ᠪᠡᠶᠡᠯᠡᠭᠦᠯᠵᠦ᠂ ᠬᠠᠷᠠᠩᠭᠤᠢ ᠰᠥᠨᠢ ᠲᠣᠭᠠᠯᠠᠭᠤᠷ ᠨᠢ ᠣᠷᠴᠢᠨ | ᠲᠣᠭᠤᠷᠢᠨ ᠳᠤ ᠨᠥᠯᠥᠭᠡᠯᠡᠭᠳᠡᠭ᠂ ᠲᠡᠷᠡ ᠪᠣᠯ ᠳᠠᠷᠤᠢ ᠰᠠᠷᠢᠰᠤᠨ ᠪᠠᠭᠪᠠᠭᠠᠢ ᠰᠥᠨᠢ ᠢᠳᠡᠰᠢ ᠡᠷᠢᠬᠦ ᠦᠶᠡᠰ ᠤᠨ | ᠰᠡᠷᠡᠵᠦ ᠮᠡᠳᠡᠬᠦ ᠴᠢᠳᠠᠪᠤᠷᠢ ᠶᠢ ᠬᠤᠯᠪᠣᠨ ᠪᠤᠳᠣᠵᠤ᠂ ᠡᠭᠦᠨ ᠠᠴᠠ ᠪᠣᠯᠵᠤ ᠬᠡᠮᠬᠡᠯᠬᠦ ᠦᠷᠲᠡᠭᠡ ᠶᠢᠨ ᠠᠭᠤᠷᠬᠠᠢ ᠶᠢᠨ | ᠮᠠᠰᠢᠨ ᠤ ᠠᠦ᠋ᠲ᠋ᠣ᠋ ᠲᠣᠭᠠᠯᠠᠭᠤᠷ ᠢ ᠰᠠᠶᠢᠵᠢᠷᠠᠭᠤᠯᠤᠭᠰᠠᠨ ᠶᠤᠮ︾᠃ ᠶᠤᠸᠠᠨ ᠪᠤᠤ ᠱᠠᠨ ᠵᠠᠳᠠᠭᠠᠢ ᠨᠡᠭᠦᠷᠡᠰᠦᠨ | ᠠᠭᠤᠷᠬᠠᠢ ᠶᠢᠨ ᠠᠭᠤᠷᠬᠠᠢ ᠮᠠᠯᠲᠠᠬᠤ ᠨᠢᠭᠡᠳᠦᠭᠡᠷ ᠬᠡᠯᠲᠡᠰ ᠤᠨ ᠴᠠᠭᠢᠯᠭᠠᠨ ᠲᠤᠨᠤᠭ ᠲᠥᠬᠦᠭᠡᠷᠦᠮᠵᠢ ᠪᠠᠶᠢᠴᠠᠭᠠᠨ | ᠰᠡᠯᠪᠢᠬᠦ ᠠᠩᠭᠢ ᠶᠢᠨ ᠴᠠᠭᠢᠯᠭᠠᠨ ᠤ ᠠᠵᠢᠯᠲᠠᠨ ᠸᠠᠩ ᠰᠢᠶᠣᠣ ᠪᠢᠨ᠂ ᠢᠦᠢ ᠴᠠᠩ ᠵᠧᠩ ᠤᠨ ᠬᠠᠪᠰᠤᠷᠤᠯᠭ᠎ᠠ | ᠳᠣᠣᠷ᠎ᠠ ᠪᠢ ᠴᠠᠭᠢᠯᠭᠠᠨ ᠲᠤᠨᠤᠭ ᠲᠥᠬᠦᠭᠡᠷᠦᠮᠵᠢ ᠵᠠᠰᠠᠬᠤ ᠰᠤᠷᠤᠬᠴᠢ ᠪᠠᠶᠢᠭᠰᠠᠨ ᠠᠴᠠ ᠳᠡᠭᠡᠳᠦ ᠵᠡᠷᠭᠡ ᠶᠢᠨ | ᠲᠧᠭᠨᠢᠭᠴᠢ ᠪᠣᠯᠪᠠ ᠭᠡᠪᠡ᠃ | ᠢᠦᠢ ᠴᠠᠩ ᠵᠧᠩ ᠠᠵᠢᠯ ᠤᠨ ᠪᠠᠶᠢᠷᠢ ᠶᠢᠨ ᠪᠣᠳᠠᠲᠠᠢ ᠪᠠᠶᠢᠳᠠᠯ ᠲᠠᠢ ᠪᠠᠨ ᠤᠶᠠᠯᠳᠤᠭᠤᠯᠤᠨ ᠴᠠᠭᠢᠯᠭᠠᠨ ᠤ | ᠤᠬᠠᠭᠠᠨ ᠤ ᠵᠢᠭᠠᠬᠤ ᠮᠠᠲ᠋ᠧᠷᠢᠶᠠᠯ ᠢ ᠥᠪᠡᠷ ᠢᠶᠠᠨ ᠨᠠᠶᠢᠷᠠᠭᠤᠯᠵᠤ᠂ PPT ᠵᠢᠭᠠᠨ ᠰᠤᠷᠭᠠᠯᠲᠠ ᠶᠢᠨ ᠲᠤᠨᠤᠭ ᠢ | ᠵᠣᠬᠢᠶᠠᠨ ᠦᠢᠯᠡᠳᠬᠦ ᠶᠢᠨ ᠬᠠᠮᠲᠤ ᠬᠥᠮᠥᠨ ᠪᠦᠷᠢ ᠶᠢᠨ ᠳᠤᠷ᠎ᠠ ᠰᠣᠨᠢᠷᠬᠠᠯ ᠤᠨ ᠣᠨᠴᠠᠯᠢᠭ ᠢ ᠦᠨᠳᠦᠰᠦᠯᠡᠨ | ᠬᠠᠨᠳᠤᠯᠭᠠᠲᠤ ᠴᠢᠨᠠᠷᠲᠠᠢ ᠬᠥᠮᠥᠵᠢᠭᠦᠯᠵᠦ᠂ ᠲᠡᠳᠡᠨ ᠳᠤ ᠠᠵᠢᠯ ᠤᠨ ᠶᠠᠪᠤᠴᠠ ᠶᠢ ᠲᠦᠷᠭᠡᠨ ᠣᠶᠢᠯᠠᠭᠠᠭᠤᠯᠪᠠ᠃ | ᠣᠳᠣᠬᠠᠨ ᠳᠤ᠂ ᠢᠦᠢ ᠴᠠᠩ ᠵᠧᠩ ᠴᠠᠭᠢᠯᠭᠠᠨ ᠲᠤᠨᠤᠭ ᠲᠥᠬᠦᠭᠡᠷᠦᠮᠵᠢ ᠪᠠᠶᠢᠴᠠᠭᠠᠨ ᠰᠡᠯᠪᠢᠬᠦ ᠠᠵᠢᠯ ᠤᠨ | ᠪᠠᠶᠢᠷᠢ ᠳᠤ ᠰᠢᠯᠵᠢᠭᠰᠡᠨ ᠬᠥᠮᠥᠰ᠂ ᠰᠢᠨ᠎ᠡ ᠪᠠᠷ ᠡᠯᠰᠡᠭᠰᠡᠨ ᠠᠵᠢᠯᠲᠠᠨ ᠢ ᠨᠡᠶᠢᠲᠡ 2000 ᠭᠠᠷᠤᠢ ᠬᠥᠮᠥᠨ | ᠤᠳᠠᠭ᠎ᠠ ᠪᠣᠯᠪᠠᠰᠤᠷᠠᠭᠤᠯᠪᠠ᠃ | ᠲᠡᠭᠦᠨ ᠤ ᠬᠠᠪᠰᠤᠷᠤᠯᠭ᠎ᠠ ᠳᠣᠣᠷ᠎ᠠ ᠴᠠᠭᠢᠯᠭᠠᠨ ᠲᠤᠨᠤᠭ ᠲᠥᠬᠦᠭᠡᠷᠦᠮᠵᠢ ᠪᠠᠶᠢᠴᠠᠭᠠᠨ ᠰᠡᠯᠪᠢᠬᠦ ᠠᠩᠭᠢ ᠶᠢᠨ 22 | ᠬᠥᠮᠥᠨ ᠤ ᠳᠣᠲᠣᠷ᠎ᠠ 1 ᠬᠥᠮᠥᠨ ᠨᠢ ᠣᠨᠴᠠ ᠲᠡᠰ ᠤᠨ ᠲᠧᠭᠨᠢᠭᠴᠢ᠂ 7 ᠬᠥᠮᠥᠨ ᠨᠢ ᠳᠡᠭᠡᠳᠦ ᠵᠡᠷᠭᠡ ᠶᠢᠨ | ᠲᠧᠭᠨᠢᠭᠴᠢ᠂ 6 ᠬᠥᠮᠥᠨ ᠨᠢ ᠲᠧᠭᠨᠢᠭᠴᠢ ᠪᠣᠯᠤᠭᠰᠠᠨ ᠪᠠᠶᠢᠨ᠎ᠠ᠃ | ᠶᠠᠭᠠᠬᠢᠭᠠᠳ ᠤᠯᠠᠨ ᠵᠢᠯ ᠤᠨ ᠲᠤᠷᠰᠢ ᠢᠮᠠᠭᠲᠠ ᠵᠠᠯᠠᠭᠤ ᠠᠵᠢᠯᠴᠢᠨ ᠳᠤ ᠬᠢᠴᠢᠶᠡᠯ ᠣᠷᠣᠬᠤ ᠶᠢ | ᠪᠠᠷᠢᠮᠲᠠᠯᠠᠭᠰᠠᠭᠠᠷ ᠢᠷᠡᠭᠰᠡᠨ ᠲᠤᠬᠠᠢ ᠠᠰᠠᠭᠤᠬᠤ ᠳᠤ᠂ ᠢᠦᠢ ᠴᠠᠩ ᠵᠧᠩ᠄ ︽ᠲᠤᠬᠠᠢ ᠶᠢᠨ ᠦᠶ᠎ᠡ ᠳᠤ ᠪᠠᠭᠰᠢ | ᠨᠠᠳᠠ ᠳᠤ ᠲᠥᠬᠦᠭᠡᠷᠦᠮᠵᠢ ᠶᠢᠨ ︿ᠵᠢᠷᠦᠬᠡᠨ ᠯᠤᠭᠰᠢᠯᠲᠠ ᠶᠢᠨ ᠵᠢᠷᠤᠭ﹀ ᠢ ᠬᠡᠷᠬᠢᠨ ᠢᠯᠭᠠᠨ ᠲᠠᠨᠢᠬᠤ ᠶᠢ ᠵᠢᠭᠠᠵᠤ | ᠥᠭᠭᠦᠭᠰᠡᠨ᠂ ᠤᠳᠤ ᠪᠢᠳᠡ ᠵᠠᠯᠠᠭᠤᠴᠤᠳ ᠲᠤ ︿ᠮᠡᠷᠭᠡᠵᠢᠯ ᠤᠨ ᠵᠠᠮᠴᠢᠯᠠᠭᠤᠷ﹀ ᠢ ᠤᠭᠰᠠᠷᠠᠵᠤ ᠥᠭᠬᠦ ᠬᠡᠷᠡᠭᠲᠡᠢ︾ | ᠭᠡᠵᠦ ᠢᠨᠢᠶᠡᠮᠰᠦᠭᠯᠡᠨ ᠬᠡᠯᠡᠵᠦ ᠪᠢᠯᠡ᠃ | ᠡᠳᠦᠷ ᠪᠣᠯᠭᠠᠨ ᠰᠢᠨᠡᠴᠢᠯᠡᠪᠡᠯ ᠰᠠᠶ᠋ᠢ ᠡᠳᠦᠷ ᠢᠷᠡᠬᠦᠶ᠎ᠡ ᠥᠭᠡᠳᠡᠯᠡᠨ ᠳᠠᠪᠰᠢᠵᠤ ᠰᠢᠨ᠎ᠡ ᠣᠯᠣᠯᠲᠠ ᠲᠠᠢ ᠪᠣᠯᠵᠤ | ᠴᠢᠳᠠᠨ᠎ᠠ᠃ ᠢᠦᠢ ᠴᠠᠩ ᠵᠧᠩ ᠥᠪᠡᠷ ᠤᠨ ᠳᠤᠷ᠎ᠠ ᠪᠠᠭ᠋ᠠᠲᠠᠢ ᠬᠦᠷᠢᠶᠡᠨ ᠳᠡᠭᠡᠨ ᠭᠦᠨᠵᠡᠭᠡᠶᠢᠷᠡᠨ ᠨᠠᠷᠢᠯᠢᠭ ᠠᠴᠠ | ᠨᠠᠷᠢᠯᠢᠭ ᠣᠷᠣᠵᠤ᠂ ᠰᠢᠷᠭᠠᠭᠤ ᠬᠠᠲᠠᠭᠤᠵᠢᠯᠲᠠᠢ ᠠᠵᠢᠯᠯᠠᠪᠠ︔ ᠤᠷ᠎ᠠ ᠴᠢᠳᠠᠪᠤᠷᠢ ᠪᠠᠷ ᠴᠢᠳᠠᠪᠤᠷᠢᠲᠠᠨ ᠪᠤᠯᠬᠤ ᠵᠠᠮ | ᠳᠡᠭᠡᠷ᠎ᠡ ᠤᠷᠠᠨ ᠳᠠᠷᠬᠠᠨ ᠤ ᠵᠣᠷᠢᠭ ᠰᠠᠨᠠᠭ᠎ᠠ ᠶᠢ ᠪᠠᠳᠠᠷᠠᠭᠤᠯᠵᠤ᠂ ᠡᠷᠡᠮᠡᠬᠡᠶᠢᠯᠡᠨ ᠤᠷᠤᠭᠰᠢᠯᠠᠪᠠ᠃ ᠢᠦᠢ ᠴᠠᠩ ᠵᠧᠩ | ᠮᠡᠷᠭᠡᠵᠢᠯ ᠤᠨ ᠥᠭᠡᠷᠡᠴᠢᠯᠡᠯᠲᠡ ᠳᠤ 40 ᠭᠠᠷᠤᠢ ᠤᠳᠠᠭ᠎ᠠ ᠣᠷᠣᠯᠴᠠᠵᠤ ᠠᠵᠤ ᠠᠬᠤᠶᠢᠯᠠᠯ ᠳᠤ 5000 ᠭᠠᠷᠤᠢ | ᠲᠦᠮᠡᠨ ᠲᠥᠭᠦᠷᠢᠭ ᠤᠨ ᠪᠡᠯᠡ ᠮᠥᠩᠭᠦ ᠠᠷᠪᠢᠯᠠᠪᠠ᠃ | ᠢᠦᠢ ᠴᠠᠩ ᠵᠧᠩ ᠤᠷᠢᠳ ᠬᠤᠵᠢᠳ ᠪᠦᠭᠦ ᠤᠯᠤᠰ ᠤᠨ ︽5 · 1︾ ᠤ ᠭᠦᠳᠡᠯᠮᠦᠷᠢ ᠶᠢᠨ ᠱᠠᠩᠨᠠᠯ᠂ ᠪᠦᠭᠦ | ᠤᠯᠤᠰ ᠤᠨ ᠮᠡᠷᠭᠡᠵᠢᠯ ᠤᠨ ᠴᠢᠳᠠᠮᠠᠭᠠᠢ ᠭᠠᠷ᠂ ᠨᠡᠭᠦᠷᠡᠰᠦᠨ ᠤ ᠠᠵᠢᠯ ᠲᠦᠷᠦᠯ ᠤᠨ ᠤᠷ᠎ᠠ ᠴᠢᠳᠠᠪᠤᠷᠢ ᠶᠢᠨ | ᠲᠧᠭᠨᠢᠭᠴᠢ᠂ ᠪᠦᠭᠦ ᠤᠯᠤᠰ ᠤᠨ ᠡᠨᠧᠷᠭᠢ ᠬᠢᠮᠢ ᠭᠠᠵᠠᠷ ᠰᠢᠨᠵᠢᠯᠡᠭᠡᠨ ᠤ ᠰᠢᠰᠲ᠋ᠧᠮ ᠤᠨ ᠲᠣᠮᠣ ᠤᠯᠤᠰ ᠤᠨ ᠤᠷᠠᠨ | ᠳᠠᠷᠬᠠᠨ ᠵᠡᠷᠭᠡ ᠤᠯᠠᠨ ᠵᠦᠢᠯ ᠤᠨ ᠢᠷᠠᠭᠤ ᠠᠯᠳᠠᠷ ᠢ ᠭᠦᠷᠲᠡᠪᠡ᠃ ᠡᠨᠡ ᠵᠢᠯ ᠤᠨ ︽5 · 1︾ ᠤ ᠳᠡᠯᠡᠬᠡᠢ ᠶᠢᠨ | ᠬᠥᠳᠡᠯᠮᠦᠷᠢᠴᠢᠳ ᠤᠨ ᠪᠠᠶᠠᠷ ᠠᠴᠠ ᠡᠮᠦᠨ᠎ᠡ ᠢᠦᠢ ᠴᠠᠩ ᠵᠧᠩ ᠪᠦᠭᠦ ᠤᠯᠤᠰ ᠤᠨ ᠭᠦᠳᠡᠯᠮᠦᠷᠢ ᠶᠢᠨ ᠵᠢᠱᠢᠶᠡᠴᠢ ᠪᠠᠷ | ᠦᠨᠡᠯᠡᠭᠳᠡᠪᠡ᠃ | ᠢᠦᠢ ᠴᠠᠩ ᠵᠧᠩ᠄ ︽ᠪᠢ ᠦᠷᠭᠦᠯᠵᠢᠯᠡᠨ ᠦᠢᠯᠡᠳᠪᠦᠷᠢᠯᠡᠯ ᠤᠨ ᠡᠮᠦᠨ᠎ᠡ ᠹᠷᠣᠨᠲ ᠲᠤ ᠦᠨᠳᠦᠰᠦᠯᠡᠵᠦ᠂ | ᠤᠯᠤᠰ ᠤᠨ ᠡᠨᠧᠷᠭᠢ ᠶᠢᠨ ᠦᠢᠯᠡᠰ ᠲᠤ ᠨᠡᠩ ᠶᠡᠭᠡ ᠰᠢᠨ᠎ᠡ ᠬᠤᠪᠢ ᠨᠡᠮᠡᠷᠢ ᠦᠵᠡᠭᠦᠯᠦᠨ᠎ᠡ︾ ᠭᠡᠵᠦ ᠢᠯᠡᠳᠬᠡᠪᠡ᠃ | |