ᠪᠦᠬᠦ ᠰᠢᠶᠠᠨ ᠤ ᠢᠳᠡᠰᠢᠨ ᠨᠣᠭᠤᠭ᠎ᠠ ᠲᠠᠷᠢᠬᠤ ᠲᠠᠯᠠᠪᠠᠢ 6.7 ᠲᠦᠮᠡᠨ ᠮᠦ ᠳᠤ ᠬᠦᠷᠴᠦ᠂ ᠶᠡᠷᠦᠩᠬᠡᠢ | ᠤᠨᠠᠯᠲᠠ ᠨᠢ 31.45 ᠲᠦᠮᠡᠨ ᠲᠣᠨ ᠳᠤ ᠬᠦᠷᠴᠦ᠂ ᠦᠢᠯᠡᠳᠬᠦᠨ ᠤ ᠶᠡᠷᠦᠩᠬᠡᠢ ᠦᠷᠳᠡᠭ ᠨᠢ 5.1 | ᠳ᠋ᠦᠩᠰᠢᠭᠤᠷ ᠲᠥᠭᠦᠷᠢᠭ ᠲᠤ ᠬᠦᠷᠴᠡᠢ᠃ ᠪᠡᠯᠡᠳᠭᠡᠮᠵᠢᠳᠤ ᠲᠠᠷᠢᠶᠠᠯᠠᠩ ᠤᠨ ᠡᠵᠡᠯᠡᠬᠦ ᠲᠠᠯᠠᠪᠠᠢ ᠶᠢ 7180 ᠮᠦ | ᠰᠢᠨ᠎ᠡ ᠪᠠᠷ ᠨᠡᠮᠡᠭᠳᠡᠭᠦᠯᠪᠡ᠂ ᠡᠭᠦᠨ ᠳᠤ ᠨᠡᠷᠡᠨ ᠤ ᠭᠡᠷᠡᠯ ᠤᠨ ᠬᠦᠯᠡᠮᠵᠢ ᠶᠢᠨ ᠲᠠᠯᠠᠪᠠᠢ ᠶᠢ 2300 ᠮᠦ᠂ ᠪᠣᠯᠣᠳ | ᠬᠦᠯᠡᠮᠵᠢ ᠶᠢᠨ ᠲᠠᠯᠠᠪᠠᠢ ᠶᠢ 1050 ᠮᠦ᠂ ᠰᠦᠯᠢᠶᠥᠦ ᠬᠦᠯᠡᠮᠵᠢ ᠶᠢᠨ ᠲᠠᠯᠠᠪᠠᠢ ᠶᠢ 1000 ᠮᠦ᠂ ᠨᠡᠷᠡᠨ ᠤ | ᠭᠡᠷᠡᠯ ᠤᠨ ᠬᠦᠯᠡᠮᠵᠢ ᠶᠢᠨ ᠲᠠᠯᠠᠪᠠᠢ ᠶᠢ 2830 ᠮᠦ ᠥᠭᠡᠷᠡᠴᠢᠯᠡᠨ ᠲᠡᠰ ᠳᠡᠪᠰᠢᠭᠦᠯᠪᠡ᠃ ᠬᠦᠯᠡᠮᠵᠢ ᠶᠢᠨ ᠭᠤᠣᠯ | ᠳᠠᠷᠢᠬᠤ ᠲᠥᠷᠥᠯ ᠵᠦᠢᠯ ᠨᠢ ᠬᠠᠰᠢ ᠵᠢᠮᠢᠰ ᠤᠨ ᠲᠥᠷᠥᠯ᠂ ᠨᠠᠪᠴᠢᠲᠤ ᠨᠣᠭᠤᠭᠠᠨ ᠤ ᠲᠥᠷᠥᠯ ᠤᠨ ᠢᠳᠡᠰᠢᠨ | ᠨᠣᠭᠤᠭ᠎ᠠ ᠵᠢᠴᠢ ᠢᠳᠡᠭᠡᠨ ᠤ ᠮᠥᠭᠦ ᠪᠠᠷ ᠭᠤᠣᠯᠯᠠᠵᠤ᠂ ᠰᠦᠯᠢᠶᠥᠦ ᠬᠦᠯᠡᠮᠵᠢ ᠨᠢ ᠪᠤᠷᠴᠠᠭ᠂ ᠯᠠᠵᠤᠤ ᠪᠠᠷ | ᠭᠤᠣᠯᠯᠠᠳᠠᠭ᠃ ᠪᠥᠬᠦ ᠰᠢᠶᠠᠨ ᠤ ᠲᠥᠬᠦᠭᠡᠷᠦᠮᠵᠢᠲᠦ ᠲᠥᠪᠡᠳ ᠬᠠᠰᠢ ᠶᠢᠨ ᠲᠠᠯᠠᠪᠠᠶ 0.57 ᠲᠦᠮᠡᠨ ᠮᠦ ᠪᠠᠶᠢᠵᠤ᠂ | ᠱᠡᠭᠡᠷᠲᠦ ᠰᠢᠶᠠᠩ ᠤᠨ ᠳ᠋ᠠ ᠺᠠᠩ ᠠᠵᠤ ᠦᠢᠯᠡᠰ ᠤᠨ ᠬᠦᠷᠢᠶᠡᠯᠡᠩ ᠤᠨ ᠳᠠᠷᠢᠬᠤ ᠲᠠᠯᠠᠪᠠᠶ ᠨᠢ ᠬᠠᠮᠤᠭ ᠤᠨ ᠶᠡᠭᠡ | ᠪᠠᠶᠢᠵᠤ᠂ ᠵᠢᠯ ᠳᠤ 3 ᠲᠦᠮᠡᠨ ᠲᠣᠨ ᠲᠥᠪᠡᠳ ᠬᠠᠰᠢ ᠶᠢᠨ ᠭᠠᠷᠤᠯᠲᠠ ᠲᠠᠢ᠃ |