ᠳᠤᠷᠠᠰᠤᠮᠵᠢ  ᠳᠥᠭᠦᠷᠡᠩ  ᠠᠶᠠᠯᠭᠤ
ᠨᠡᠶᠢᠲᠡᠯᠡᠭᠰᠡᠨ ᠴᠠᠭ᠄
2021/2/11
ᠮᠢᠩᠭᠠᠳ᠂ ᠡᠷᠳᠡᠨᠢᠴᠣᠭᠲᠤ         ᠳᠤᠷᠠᠰᠤᠮᠵᠢ  ᠳᠥᠭᠦᠷᠡᠩ  ᠠᠶᠠᠯᠭᠤ     -1989-1992   ᠳᠤᠤᠲᠠᠨ ᠳᠤᠮᠳᠠᠳᠤ  ᠰᠤᠷᠭᠠᠭᠤᠯᠢ  ᠳᠤ ᠬᠠᠮᠲᠤ  ᠰᠤᠷᠤᠯᠴᠠᠭᠰᠠᠨ ᠨᠠᠶᠢᠵᠠ  ᠨᠠᠷ ᠎ ᠲᠤ  ᠎ ᠪᠠᠨ  ᠵᠤᠷᠢᠭᠤᠯᠤᠭᠰᠠᠨ  ᠨᠠᠷᠭᠢᠶ᠎ᠠᠢᠯᠥᠭᠠᠯᠢᠶᠠᠬᠠᠨ  ᠨᠠᠰᠤᠨ  ᠤ ᠴᠢᠮᠡᠭᠲᠦ   ᠳᠤᠷᠠᠰᠤᠯ  ᠡᠷᠬᠡᠯᠡᠭᠦᠯᠬᠦ ᠠᠩᠭᠢᠷ  ᠬᠤᠨ  ᠰᠢᠭ᠋  ᠪᠤᠳᠤᠯ  ᠤᠨ  ᠨᠠᠭᠤᠷ  ᠲᠤ  ᠨᠤᠷᠭᠢᠯᠳᠤᠬᠤᠢ  ᠠᠯᠤᠰ  ᠴᠤᠤᠷᠢᠶᠠᠳᠤᠬᠤ   ᠠᠶᠠᠯᠭᠤᠲᠤ  ᠠᠶᠢᠵᠠᠮ  ᠡᠭᠡᠰᠢᠭᠯᠡᠭᠦᠯᠬᠦ ᠠᠨᠳᠠ   ᠨᠠᠶᠢᠵᠠ  ᠶᠢᠨ  ᠪᠠᠶᠠᠰᠤᠯᠳᠤ  ᠬᠤᠷᠤᠮ  ᠢᠶᠠᠨ  ᠳᠤᠷᠠᠰᠬᠤᠢ ᠠᠯᠳᠠᠷᠠᠢ  ᠪᠠᠭ᠎ᠠ  ᠶᠢᠨ  ᠡᠷᠬᠡᠲᠦ  ᠤᠯᠠᠷᠢᠯ  ᠰᠠᠨᠠᠭᠳᠠᠬᠤ ᠠᠵᠠ ᠶᠢᠨ  ᠬᠡᠶᠢᠮᠤᠷᠢᠲᠥ  ᠪᠠᠶᠠᠷᠲᠤ  ᠮᠥᠴᠡ  ᠪᠠᠨ  ᠵᠢᠷᠤᠭᠯᠬᠤᠢ ᠠᠯᠤᠰᠷᠠᠨ  ᠤᠳᠤᠭᠰᠠᠨ  ᠴᠤ  ᠴᠠᠭ  ᠬᠤᠭᠤᠴᠠᠭᠠᠨ  ᠎ ᠳᠤ   ᠮᠡᠳᠡᠷᠡᠭᠳᠡᠬᠦ ᠠᠯᠠᠭᠠᠨ  ᠵᠢᠷᠤᠭᠠᠰᠤ  ᠮᠡᠲᠥ  ᠰᠡᠳᠬᠢᠯ  ᠢᠶᠠᠨ  ᠦᠭᠡᠶᠢᠯᠡᠨ  ᠳᠡᠯᠭᠡᠬᠦᠢ ᠤᠶᠤᠨ  ᠤ   ᠲᠡᠵᠢᠭᠡᠯ  ᠂ ᠤᠬᠠᠭᠠᠨ  ᠤ  ᠰᠢᠮ᠎ᠡ  ᠪᠠᠷ  ᠠᠮᠲᠠᠷᠬᠠᠭᠰᠠᠨᠤᠡ ᠵᠢᠯ᠂  ᠡᠳᠦᠷ  ᠬᠤᠨᠤᠭ  ᠨᠢᠳᠦ  ᠢᠷᠮᠡᠬᠦ  ᠶᠢᠨ  ᠵᠠᠭᠤᠷ᠎ᠠ  ᠥᠩᠭᠡᠷᠡᠬᠦᠢ ᠬᠠᠯᠳᠠᠷ  ᠴᠢᠷᠠᠢ  ᠂  ᠬᠠᠯᠠᠭᠤᠨ  ᠰᠡᠳᠬᠢᠯ  ᠢᠶᠠᠷ  ᠤᠷᠭᠢᠯᠤᠭᠰᠠᠨ ᠬᠠᠮᠲᠤ  ᠶᠢᠨ  ᠪᠠᠶᠠᠰᠤᠯ  ᠂  ᠬᠤᠷ᠎ᠠ  ᠶᠢᠨ  ᠳᠤᠰᠤᠯ  ᠮᠡᠲᠦ  ᠵᠦᠰᠡᠷᠡᠬᠦᠢ  ᠂᠂᠂᠂ ᠰᠡᠳᠬᠢᠯ  ᠴᠠᠶᠢᠯᠭᠠᠨ  ᠂ ᠨᠥᠮᠵᠥᠭ  ᠎ ᠨᠢ  ᠠᠷᠭ᠎ᠠ  ᠦᠭᠡᠢ  ᠬᠠᠷᠠᠴᠠ  ᠎ ᠲᠠᠢ   ᠰᠠᠶᠢᠬᠠᠨᠴᠡᠴᠡᠭ  ᠭᠡᠳᠡᠭ  ᠠᠩᠭᠢ  ᠡᠷᠬᠢᠯᠡᠭᠴᠢ  ᠪᠠᠭᠰᠢ  ᠮᠢᠨᠢ  ᠡᠵᠢ  ᠶᠢᠨ  ᠬᠠᠶᠢᠷ᠎ᠠ  ᠎ ᠪᠠᠷ  ᠡᠩᠬᠦᠷᠡᠶᠢᠯᠡᠨ  ᠮᠠᠨᠤᠰ  ᠎ ᠢ  ᠎ ᠪᠠᠨ  ᠤᠭᠲᠤᠭᠰᠠᠨ ᠡᠯᠢᠭᠡ  ᠵᠢᠷᠥᠬᠡᠨ  ᠳᠤ  ᠵᠢᠷᠭᠠᠭᠠᠨ  ᠪᠢᠳᠡᠨᠦᠰ  ᠢ  ᠪᠠᠨ  ᠪᠥᠪᠡᠶᠢᠯᠡᠭᠰᠡᠨ︕ ᠰᠢᠷ  ᠎ ᠨᠢ  ᠬᠤᠭᠵᠢᠷᠠᠭᠰᠠᠨ  ᠰᠠᠮᠪᠠᠷ᠎ᠠ᠂  ᠰᠢᠯ  ᠎ ᠨᠢ  ᠬᠠᠭᠠᠷᠠᠭᠰᠠᠨ  ᠴᠤᠩᠬᠤ᠂᠂᠂᠂ ᠰᠡᠳᠬᠢᠯ  ᠢᠶᠠᠨ  ᠮᠡᠳᠡᠯᠴᠡᠭᠰᠡᠨ  ᠨᠥᠬᠦᠳ  ᠲᠤ  ᠰᠠᠭᠠᠳ  ᠶᠡᠷᠦ  ᠪᠤᠯᠤᠭ᠎ᠠ ᠦᠭᠡᠢ ᠰᠠᠯᠬᠢ  ᠰᠡᠷᠴᠢᠭᠢᠨᠡᠭᠰᠡᠨ  ᠪᠠᠶᠢᠷᠢ  ᠂  ᠰᠡᠶᠢᠮᠡᠬᠡᠢ  ᠨᠢᠮᠭᠡᠨ ᠤᠯᠤᠩᠳᠠᠢ᠂᠂᠂᠂ᠰᠠᠨᠠᠭ᠎ᠠ ᠴᠠᠭᠠᠨ  ᠦᠶᠡᠷᠬᠡᠯ  ᠎ ᠳᠤ  ᠬᠠᠷᠰᠢ  ᠶᠡᠷᠦ  ᠠᠪᠴᠢᠷᠠᠭ᠎ᠠ ᠦᠭᠡᠢ ᠤᠯᠠᠨ ᠵᠢᠯ ᠤᠨ ᠳᠠᠷᠠᠭ᠎ᠠ᠂ ᠦᠨᠥ  ᠭᠡᠨᠡᠳᠲᠡ ᠡᠷᠭᠢᠴᠡᠭᠦᠯᠬᠦ  ᠪᠠᠷ ᠤᠤᠯᠭ᠎ᠠ  ᠠᠯᠳᠠᠭᠤᠯᠤᠮᠠᠷ  ᠂ ᠤᠬᠠᠭᠠᠨ  ᠪᠠᠯᠠᠷᠠᠮᠠᠷ  ᠰᠠᠶᠢᠬᠠᠨ  ᠪᠠᠶᠢᠨ᠎ᠠ ᠤᠳᠤᠳ  ᠰᠢᠭ᠋᠂ ᠨᠤᠶᠠᠳ  ᠰᠢᠭ᠋  ᠤᠷᠭᠢᠯ  ᠳᠤ  ᠬᠥᠷᠥᠭᠡ  ᠦᠭᠡᠢ ᠴᠦ ᠡᠭᠡᠯ ᠶᠡᠷᠦᠮᠳᠡᠭ᠂ ᠦᠩᠭᠡ  ᠭᠡᠷᠡᠯᠲᠦ  ᠠᠮᠢᠳᠤᠷᠠᠯ  ᠢ  ᠎ ᠨᠢ  ᠳᠠᠭᠤᠯᠠᠮᠠᠷ ᠪᠠᠶᠢᠨ᠎ᠠ    ᠠᠯᠠᠭ ᠵᠠᠩᠭᠢᠶ᠎ᠠ  ᠬᠥᠵᠥᠭᠦᠨ  ᠎ ᠳᠤ  ᠪᠠᠨ  ᠮᠢᠷᠠᠯᠵᠠᠭᠤᠯᠤᠭᠰᠠᠨ  ᠦᠭᠡᠢ  ᠴᠤᠠᠷᠠᠰᠤᠨ  ᠵᠤᠳᠤᠭ  ᠢ  ᠎ ᠨᠢ  ᠮᠥᠷᠥᠨ  ᠳᠤ  ᠪᠠᠨ  ᠡᠯᠭᠦᠭᠰᠡᠨᠠᠷᠠᠳ  ᠤᠨ  ᠨᠠᠭᠠᠳᠤᠮ  ᠎ ᠢᠶᠠᠷ  ᠳᠡᠪᠢᠵᠦ  ᠪᠠᠷᠢᠯᠳᠤᠵᠤ  ᠪᠠᠶᠢᠭᠰᠠᠨᠠᠩᠭᠢ  ᠶᠢᠨ  ᠠᠪᠤᠷᠭᠤ  ᠪᠤᠶᠠᠨᠳᠠᠯᠠᠢ᠂  ᠡᠷᠳᠡᠨᠢᠵᠢᠷᠥᠬᠡ  ᠬᠤᠶᠠᠷ  ᠮᠢᠨᠢᠮᠤᠷᠢᠨ  ᠸᠠᠩ  ᠤᠨ  ᠨᠤᠲᠤᠭ  ᠢᠶᠠᠷ  ᠥᠪᠡᠷ  ᠤᠨ  ᠠᠯᠳᠠᠷ  ᠢ  ᠮᠠᠨᠳᠤᠭᠤᠯᠵᠤ ᠮᠤᠩᠭᠤᠯ  ᠪᠤᠰᠤᠭ᠎ᠠ  ᠬᠡᠶᠢᠮᠣᠷᠢ  ᠶᠢ  ᠠᠳᠤᠭᠤᠨ  ᠳᠡᠯ  ᠳᠡᠭᠡᠷ᠎ᠡ  ᠠᠰᠠᠭᠠᠭᠰᠠᠨ ᠬᠤᠷᠳᠤᠨ  ᠬᠠᠷ᠎ᠠ  ᠂  ᠰᠠᠯᠬᠢᠨ  ᠬᠤᠸᠠ  ᠎ ᠪᠠᠷ  ᠎ ᠢᠶᠠᠨ ᠠᠯᠳᠠᠷᠰᠢᠭᠰᠠᠨ ᠬᠠᠰᠢᠷ  ᠤᠶᠠᠭᠠᠴᠢ  ᠬᠠᠰᠡᠷᠳᠡᠨᠢ᠂  ᠠᠯᠲᠠᠨᠪᠠᠭᠠᠨ᠎ᠠ  ᠬᠤᠶᠠᠷ  ᠮᠢᠨᠢᠤᠨᠠᠭᠰᠠᠨ  ᠡᠬᠡ  ᠨᠤᠲᠤᠭ  ᠎ ᠠᠴᠠ  ᠪᠠᠨ  ᠠᠯᠤᠰ  ᠤᠨ  ᠶᠠᠫᠤᠨ  ᠬᠥᠷᠲᠡᠯ᠎ᠡ ᠠᠷᠠᠯᠵᠢᠶ᠎ᠠ  ᠮᠠᠶᠢᠮᠠᠢ᠂  ᠵᠠᠬ᠎ᠠ  ᠵᠡᠭᠡᠯᠢ  ᠎ ᠪᠠᠷ  ᠦᠷᠢᠰᠥᠯᠳᠥᠨᠤᠬᠠᠭᠠᠨ  ᠎ ᠤ  ᠰᠡᠷᠭᠦᠯᠡᠩ᠂  ᠤᠶᠤᠨ ᠤ  ᠮᠡᠳᠡᠷᠡᠮᠵᠢ  ᠪᠠᠷ ᠎ ᠢᠶᠠᠨ  ᠡᠷᠡᠮᠡᠬᠡᠶᠢᠯᠡᠭᠰᠡᠨᠶᠡᠭᠡ  ᠡᠵᠡᠨᠲᠡᠨ  ᠡᠷᠬᠢᠮᠵᠢᠷᠭᠠᠯ᠂  ᠰᠠᠷᠠᠨᠴᠢᠮᠡᠭ  ᠬᠤᠶᠠᠷ  ᠮᠢᠨᠢ ᠪᠠᠭᠰᠢ  ᠭᠡᠳᠡᠭ  ᠡᠷᠬᠢᠮ  ᠲᠢᠲᠢᠮ  ᠢ  ᠠᠶᠤᠤᠯᠢᠬᠠᠢ  ᠳᠤ  ᠪᠠᠨ  ᠰᠢᠪᠰᠢᠵᠦᠪᠢᠴᠢᠬᠠᠨ  ᠬᠡᠥᠬᠡᠳ  ᠤᠳ  ᠲᠤ  ᠡᠷᠳᠡᠮ  ᠢᠶᠠᠨ  ᠬᠠᠷᠠᠮ  ᠦᠭᠡᠢ  ᠶᠡᠭᠦᠯᠡᠭᠰᠡᠨᠪᠠᠯᠴᠢᠷ  ᠲᠠᠷᠢᠬᠢᠨ  ᠳᠤ  ᠎ ᠨᠢ  ᠤᠶᠤᠨ  ᠤ  ᠰᠢᠮ᠎ᠡ  ᠬᠥᠷᠲᠡᠭᠡᠭᠰᠡᠨᠪᠢᠯᠢᠭ ᠤᠨ  ᠡᠯᠴᠢ  ᠤᠷᠠᠭᠬᠤᠸᠠᠷ᠂  ᠤᠶᠤᠩᠭᠤᠸ᠎ᠠ᠂  ᠤᠳᠤᠨᠬᠦᠥ᠂  ᠬᠤᠨᠭ᠌  ᠰᠢᠩ  ᠮᠢᠨᠢᠲᠥᠮᠡᠨ  ᠪᠤᠵᠢᠭᠢᠨᠠᠭᠰᠠᠨ  ᠴᠢᠪᠠᠭ᠎ᠠ  ᠶᠢᠨ  ᠥᠢᠮᠡᠭᠡᠨᠲᠥ  ᠵᠡᠭᠡᠯᠢ  ᠳᠤ  ︿︿ᠲᠡᠮᠥᠯᠥᠨ  ﹀﹀ ᠮᠠᠯᠠᠭᠠᠢ  ᠪᠠᠨ  ᠬᠥᠷᠥᠭᠰᠡᠨ  ᠪᠥᠬᠦᠨ  ᠳᠤ  ᠵᠡᠭᠦᠯᠭᠡᠭᠰᠡᠨᠠᠩᠭᠢ  ᠶᠢᠨ  ᠮᠢᠨᠢ  ᠬᠤᠸᠠᠷ  ᠪᠠᠶᠢᠭᠰᠠᠨ᠂  ᠬᠠᠶᠢᠷ᠎ᠠ  ᠭᠡᠵᠢᠭᠡᠳᠡᠭᠰᠡᠨᠢᠲᠡᠭᠡᠯ  ᠰᠡᠳᠬᠢᠯ  ᠳᠤ  ᠤᠶᠠᠭᠠᠲᠠᠢ  ᠰᠡᠴᠡᠩᠭᠤᠸ᠎ᠠ᠂  ᠬᠥᠳᠠᠭᠤᠯ᠎ᠠ  ᠬᠤᠶᠠᠷ  ᠮᠢᠨᠢᠤᠯᠠᠨ  ᠨᠥᠬᠦᠳ  ᠤᠨ  ᠳᠤᠮᠳᠠ  ᠠᠴᠠ  ᠤᠷᠤᠶᠢᠯᠠᠵᠤ  ᠭᠠᠭᠴᠠᠭᠠᠷ  ᠨᠢᠰᠥᠭᠰᠡᠨᠤᠷᠤᠨ  ᠤ  ᠡᠳᠥᠷ  ᠤᠨ  ᠰᠤᠨᠢᠨ  ᠤ  ᠰᠤᠷᠪᠤᠯᠵᠢᠯᠠᠭᠴᠢ  ᠠᠯᠳᠠᠷ  ᠢ  ᠡᠷᠭᠦᠭᠰᠡᠨᠠᠩᠭᠢ  ᠶᠢᠨ  ᠳᠠᠷᠤᠭ᠎ᠠ  ᠶᠢᠨ  ᠲᠤᠰᠢᠶᠠᠯ  ᠳᠤ  ᠤᠡ  ᠳᠠᠷᠠᠭᠠᠯᠠᠨ  ᠰᠠᠭᠠᠲᠠᠭᠰᠠᠨ ᠠᠶᠢᠯ ᠤᠨ  ᠬᠡᠬᠡᠨᠴᠢᠷ  ᠪᠥᠰᠡᠭᠦᠢ  ᠂  ᠦᠵᠡᠰᠬᠦᠯᠡᠩᠲᠥ  ᠭᠤᠪᠠᠢ  ᠨᠠᠷᠠᠰᠤ  ᠮᠢᠨᠢᠡᠷᠳᠡᠨᠢ  ᠶᠢᠨ  ᠪᠤᠷᠥ  ᠡᠷᠢᠬᠡ  ᠶᠢ  ᠬᠥᠵᠥᠭᠦᠨ  ᠳᠤ  ᠎ ᠪᠠᠨ  ᠨᠠᠮᠪᠠᠭᠠᠯᠢᠭ  ᠵᠡᠭᠦᠵᠥᠡᠷᠬᠢᠮ  ᠳᠤᠤᠷᠠᠲᠤ  ᠬᠤᠶᠠᠷ  ᠢ  ᠠᠳᠠᠯᠢᠬᠠᠨ  ᠬᠠᠷᠠᠴᠠ  ᠪᠠᠷ  ᠰᠢᠷᠲᠡᠵᠦ ᠡᠷᠢᠵᠥ  ᠰᠤᠷᠠᠵᠤ  ᠬᠥᠷᠥᠭᠰᠡᠨ  ᠂  ᠢᠲᠡᠭᠡᠯ  ᠪᠢᠰᠢᠷᠡᠯ  ᠎ ᠲᠠᠢ  ᠲᠥᠮᠡᠨ  ᠢᠶᠠᠨᠠᠯᠠᠭ᠎ᠠ  ᠬᠠᠪᠰᠤᠷᠤᠨ  ᠵᠠᠯᠪᠠᠷᠢᠭᠰᠠᠨ  ᠪᠥᠷᠢᠨᠵᠢᠷᠭᠠᠯ᠂  ᠬᠢᠴᠢᠶᠡᠯᠲᠦ  ᠬᠤᠶᠠᠷ  ᠮᠠᠮᠠ  ᠮᠢᠨᠢᠤᠰᠤ ᠨᠤᠲᠤᠭ  ᠤᠨ  ᠎ ᠢᠶᠠᠨ  ᠳᠤᠮᠳᠠ  ᠠᠮᠢᠳᠤᠷᠠᠯ  ᠤᠨ  ᠥᠭᠡᠳᠡ  ᠎ ᠪᠠᠷ  ᠢᠶᠠᠨ  ᠱᠠᠭᠱᠢᠭᠳᠠᠵᠤ ᠦᠬᠡᠷ   ᠬᠤᠨᠢ  ᠬᠤᠶᠠᠷ  ᠢᠶᠠᠷ  ᠢᠶᠠᠨ  ᠬᠤᠲᠠ  ᠎ ᠪᠠᠨ  ᠪᠠᠷᠳᠠᠮ  ᠳᠥᠭᠦᠷᠭᠡᠵᠥᠠᠶᠢᠷᠠᠭ᠂  ᠠᠷᠠᠵᠠ  ᠬᠤᠶᠠᠷ  ᠲᠤ  ᠎ ᠪᠠᠨ  ᠠᠳᠠᠯᠢᠬᠠᠨ ᠰᠤᠭᠲᠤᠵᠤ  ᠶᠠᠪᠤᠭᠰᠠᠨᠤᠳᠬᠤᠨᠪᠠᠶᠠᠷ᠂  ᠰᠡᠴᠡᠨᠪᠠᠶᠠᠷ᠂  ᠬᠤᠪᠢᠰᠬᠠᠯᠲᠤ᠂  ᠠᠯᠲᠠᠨᠰᠠᠩ᠂  ᠠᠮᠢᠨᠳᠠᠢ  ᠮᠢᠨᠢ  ︿︿ ᠬᠥᠬᠡ  ᠮᠤᠩᠭᠤᠯ   ᠳᠡᠯᠭᠡᠭᠦᠷ  ﹀﹀ ᠎ ᠢᠶᠠᠨ  ᠬᠥᠭᠵᠢᠶᠡᠨᠲᠦ  ᠪᠠᠯᠭᠠᠰᠤᠨ  ᠳᠤ  ᠠᠵᠢᠯᠯᠠᠭᠤᠯᠤᠨ ᠬᠥᠮᠥᠨ  ᠠᠷᠠᠳ  ᠤᠯᠠᠨ   ᠎ ᠳᠤ  ᠎ ᠪᠠᠨ  ᠲᠤᠰᠠ  ᠪᠤᠯᠵᠤ  ᠮᠡᠷᠡᠶᠢᠭᠰᠡᠨ ᠬᠥᠳᠡᠭᠡ  ᠶᠢᠨ  ᠪᠤᠷᠥ  ᠦᠬᠢᠨ  ᠎ ᠠᠴᠠ ᠪᠠᠨ  ᠵᠠᠬᠢᠷᠤᠯ  ᠪᠤᠯᠵᠤ  ᠭᠡᠳᠡᠶᠢᠭᠰᠡᠨᠬᠦᠰᠡᠯ   ᠲᠡᠷᠭᠡᠯᠰᠢᠯᠡᠭᠦᠯᠥᠨ  ᠶᠠᠪᠤᠭ᠎ᠠ  ᠪᠠᠳᠮ᠎ᠠ  ᠲᠤᠮᠤ  ᠲᠠᠭᠠᠭᠠᠮᠯ  ᠮᠢᠨᠢᠲᠠᠪᠤᠨ  ᠠᠮᠢᠳᠤ  ᠡᠷᠳᠡᠨᠢ  ᠶᠢᠨ  ᠢᠶᠠᠨ  ᠨᠢᠭᠡ  ᠪᠤᠯᠤᠭᠰᠠᠨ  ᠬᠤᠨᠢ  ᠪᠠᠨ ᠲᠠᠯ᠎ᠠ  ᠂ ᠬᠠᠩᠭᠠᠢ  ᠂ ᠬᠤᠸᠠ  ᠎ ᠳᠤ  ᠎ ᠪᠠᠨ  ᠨᠡᠯᠥᠶᠢᠲᠡᠯ᠎ᠡ  ᠪᠡᠯᠴᠢᠭᠡᠵᠥ ᠲᠠᠩᠰᠤᠭ  ᠰᠥᠷᠥᠭ  ᠢᠶᠠᠷ ᠢᠶᠠᠨ  ᠪᠠᠭ᠋ᠠᠷᠬᠠᠨ  ᠨᠢᠷᠤᠭᠤ  ᠭᠡᠳᠡᠭᠡᠷ ᠵᠠᠪᠢᠯᠠᠭᠰᠠᠨ ᠲᠠ  ᠪᠢᠳᠡᠨ  ᠤ  ᠲᠠᠭᠤᠷᠢᠶᠠᠯ  ᠰᠡᠷᠭᠦᠯᠡᠩ᠂  ᠪᠤᠶᠠᠨᠳᠡᠯᠭᠡᠷ  ᠬᠤᠶᠠᠷ  ᠮᠢᠨᠢ ᠰᠢᠷᠠᠮᠠᠯ᠂ ᠱᠠᠯᠪᠢᠩ  ᠤᠨ  ᠠᠮᠲᠠ  ᠎ ᠶᠢ  ᠰᠠᠨᠠᠭᠰᠠᠨ  ᠪᠥᠬᠦᠨ  ᠳᠤ  ᠬᠥᠷᠭᠡᠵᠥ ᠰᠢᠯ  ᠯᠤᠩᠬᠤ  ᠎ ᠲᠠᠢ  ᠨᠡᠷᠡᠮᠡᠯ  ᠎ ᠢ  ᠬᠠᠷᠠᠭᠰᠠᠨ  ᠪᠥᠬᠦᠨ  ᠳᠤ  ᠠᠮᠰᠠᠭᠤᠯᠵᠤᠰᠥᠯᠳᠡ  ᠬᠡᠶᠢᠮᠣᠷᠢ  ᠎ ᠪᠠᠨ  ᠪᠠᠳᠠᠷᠠᠭᠠᠨ  ᠂  ᠵᠤᠷᠢᠭ  ᠲᠡᠭᠦᠯᠳᠡᠷ  ᠵᠠᠮᠨᠠᠭᠰᠠᠨᠰᠢᠯᠤᠭᠤᠨ  ᠴᠢᠭᠴᠢ  ᠡᠵᠡᠨᠲᠡᠨ  ᠲᠥᠮᠡᠨᠪᠠᠶᠠᠷ᠂  ᠬᠠᠢ  ᠬᠤᠸᠠ  ᠬᠤᠶᠠᠷ   ᠮᠢᠨᠢᠭᠠᠳᠠᠨᠠᠬᠢ  ᠠᠷᠠᠯᠵᠢᠶᠠᠴᠢᠨ  ᠎ ᠢ  ᠤᠷᠢᠨ  ᠭᠠᠶᠢᠭᠤᠢ ᠴᠢᠷᠮᠠᠶᠢᠨ  ᠶᠠᠭᠠᠷᠠᠵᠤ ᠭᠠᠩᠭᠠᠩ  ᠵᠠᠯᠠᠭᠤ  ᠨᠠᠰᠤ  ᠎ ᠎ ᠪᠠᠨ  ᠭᠠᠭᠴᠠ  ᠡᠭᠦᠨ  ᠳᠡᠭᠡᠷ᠎ᠡ  ᠯᠡ  ᠵᠤᠷᠢᠭᠤᠯᠤᠨ ᠳᠠᠪᠬᠤᠷ  ᠠᠯᠠᠭ  ᠨᠢᠳᠦ  ᠎ ᠎ ᠪᠠᠷ  ᠎ ᠢᠶᠠᠨ  ᠬᠠᠶᠢᠷᠠᠲᠠᠢ  ᠭᠡᠷᠭᠡᠢ  ᠎ ᠪᠠᠨ  ᠤᠶᠠᠰᠬᠠᠭᠰᠠᠨ ᠲᠤᠮᠤ  ᠬᠥᠷᠥᠩᠭᠡᠲᠡᠨ  ᠶᠠᠪᠤᠭ᠎ᠠ   ᠪᠦᠦ  ᠢᠤᠢ  ᠭᠡᠳᠡᠭ  ᠨᠥᠬᠦᠷ  ᠮᠢᠨᠢ ᠰᠤᠷᠮᠠᠭᠠᠢ  ᠦᠰᠥᠴᠢᠨ ᠨᠠᠪᠴᠢ᠂  ᠰᠤᠷᠴᠢᠨ  ᠤ  ᠭᠡᠷᠭᠡᠢ  ᠨᠠᠷᠠᠨᠭᠤᠸ᠎ᠠ  ᠭᠡᠵᠦ  ᠪᠤᠢᠰᠢᠯᠢᠳᠡᠭ  ᠮᠠᠯᠴᠢᠨ  ᠬᠠᠰᠲᠤᠶᠠᠭ᠎ᠠ᠂  ᠰᠤᠳᠤᠨ  ᠳᠡᠯᠭᠡᠭᠦᠷᠴᠢ  ᠰᠠᠷᠠᠨᠭᠡᠷᠡᠯ  ᠭᠡᠵᠦ  ᠪᠤᠢ ᠶᠠᠭᠠᠷᠠᠬᠤ  ᠶᠢ  ᠮᠡᠳᠡᠳᠡᠭ   ᠦᠭᠡᠢ  ᠴᠤᠭᠵᠢᠯᠲᠤ᠂  ︿︿ ᠶᠠᠭᠵᠢᠭ  ᠬᠤᠷᠤᠭᠤᠲᠤ  ﹀﹀  ᠡᠷᠳᠡᠨᠢᠲᠤᠩᠭᠠᠯᠠᠭ  ᠭᠡᠵᠦ  ᠪᠤᠢᠶᠠᠩᠰᠢᠶ᠎ᠠ  ︿︿ ᠡᠮ᠎ᠡ  ﹀﹀  ᠶᠥᠩ  ᠴᠢᠩ  ᠂  ᠶᠠᠰᠤᠯᠢᠭ  ᠡᠷ᠎ᠠ  ᠭᠡᠷᠡᠯᠲᠦ  ᠭᠡᠵᠦ  ᠪᠤᠢᠭᠠᠩᠭᠠᠩ  ᠵᠠᠯᠠᠭᠤ  ᠰᠠᠶᠢᠰᠢᠶᠠᠯᠲᠤ᠂  ᠭᠠᠷ ᠬᠡᠭᠡᠯᠳᠥᠭᠦᠯᠥᠭᠴᠢ  ᠡᠷᠳᠡᠮᠲᠦ  ᠭᠡᠵᠦ  ᠪᠤᠢ ᠭᠠᠴᠠᠭᠠᠨ  ᠎ ᠳᠤ  ᠠᠯᠪᠠ  ᠎ ᠲᠠᠢ  ᠠᠯᠲᠠᠨᠵᠢᠷᠥᠬᠡ᠂  ᠭᠠᠷ  ᠤᠨ  ᠲᠢᠭ  ᠭᠤᠶᠤ   ᠪᠦᠦ  ᠎ ᠶᠢᠨ  ᠯᠥᠩ  ᠭᠡᠵᠦ  ᠪᠤᠢᠲᠠᠭᠤᠴᠢᠨ  ᠶᠠᠪᠤᠭᠰᠠᠨ  ᠲᠡᠮᠥᠷᠪᠠᠭᠠᠨ᠎ᠠ  ᠂ ᠲᠤᠭᠤᠷᠢᠨ  ᠴᠠᠭᠳᠠᠭᠴᠢ  ᠠᠯᠲᠠᠨᠪᠠᠭᠠᠨ᠎ᠠ  ᠭᠡᠵᠦ   ᠪᠤᠢᠲᠤᠮᠤ  ᠪᠠᠶᠠᠨ  ᠢᠤᠢ  ᠯᠥᠩ᠂  ᠳᠡᠯᠡᠬᠡᠢ  ᠲᠤᠭᠤᠷᠢᠭᠰᠠᠨ  ᠪᠥᠷᠢᠨᠮᠠᠨᠳᠤᠬᠤ  ᠭᠡᠵᠦ  ᠪᠤᠢ ᠬᠦᠭᠡᠷᠦᠬᠦᠨ  ᠵᠢᠭᠵᠢᠭᠡᠷ  ᠤᠷᠠᠩᠭᠤᠸ᠎ᠠ  ᠂ ᠬᠥᠥ ᠰᠢᠭ  ᠠᠯᠢᠶ᠎ᠠ  ᠤᠳᠤᠩᠭᠡᠷᠡᠯ  ᠭᠡᠵᠦ  ᠪᠤᠢ ᠨᠢᠭᠤᠴᠠᠬᠠᠢ  ᠲᠥᠯᠭᠡᠴᠢ  ᠰᠡᠴᠡᠨᠪᠠᠭᠠᠲᠤᠷ᠂  ᠨᠡᠷ᠎ᠡ  ᠎ ᠲᠠᠢ  ᠪᠠᠶᠠᠨ  ᠰᠠᠷᠠᠨᠳᠥᠭᠦᠷᠡᠩ  ᠭᠡᠵᠦ  ᠪᠤᠢ ᠤᠷᠲᠤ  ᠰᠤᠷᠮᠤᠤᠰᠤ  ᠎ ᠲᠠᠢ  ᠨᠠᠷᠠ  ᠂  ᠤᠳᠤᠮ  ᠤᠨ  ᠮᠡᠷᠭᠡᠨ   ᠤᠷᠲᠤ  ᠭᠡᠵᠦ  ᠪᠤᠢ ᠨᠠᠮᠤᠭᠤᠬᠠᠨ  ᠳᠥᠯᠭᠡᠨ  ᠬᠥᠥᠳᠡᠯᠭᠡᠷ᠂  ᠨᠠᠷᠢᠯᠢᠭ  ᠨᠢᠮᠪᠠᠢ  ᠪᠠᠶᠠᠨᠮᠠᠨᠳᠤᠬᠤ  ᠭᠡᠵᠦ ᠪᠤᠢᠠᠷᠢᠬᠢ ᠦᠨᠦᠷᠲᠦᠳᠡᠭ  ᠦᠭᠡᠢ  ᠪᠦᠦ  ᠴᠢᠤᠸᠠᠨ᠂  ᠤᠯᠠᠨ  ᠤ  ᠠᠬ᠎ᠠ  ᠰᠡᠴᠡᠨᠬᠦᠦ  ᠭᠡᠵᠦ  ᠪᠤᠢ ᠦᠬᠡᠷ  ᠤᠨ  ᠮᠠᠶᠢᠮᠠᠶᠢᠴᠢᠨ  ᠰᠤᠷᠲᠠᠯᠲᠤ᠂  ᠤᠯᠠᠨ ᠵᠤᠭᠤᠭ  ᠎ ᠲᠠᠢ   ᠹᠠᠩ   ᠵᠡᠠ    ᠭᠡᠵᠦ  ᠪᠤᠢ ᠪᠠᠭᠠᠲᠤᠷ  ᠢᠳᠡᠲᠡᠨ  ᠰᠢᠭ  ᠨᠠᠷᠠᠨᠴᠢᠮᠡᠭ᠂  ᠪᠡᠶ᠎ᠡ  ᠪᠤᠭᠤᠨᠢᠬᠠᠨ   ᠲᠡᠮᠥᠷᠪᠦᠭᠡ  ᠭᠡᠵᠦ  ᠪᠤᠢ ᠲᠠᠪᠠᠭᠤ  ᠴᠤ  ᠠᠯᠢᠶ᠎ᠠ  ᠦᠯᠵᠡᠶᠢᠳᠡᠯᠭᠡᠷ᠂  ᠲᠠᠮᠢᠷ  ᠬᠦᠴᠦ  ᠎ ᠲᠠᠢ  ᠠᠯᠲᠠᠨᠬᠦᠥ  ᠭᠡᠵᠦ  ᠪᠤᠢᠬᠠᠮᠤᠭ  ᠲᠠᠷᠤᠤ ᠪᠠᠳᠮᠠᠯᠢᠩᠬᠤᠸ᠎ᠠ  ᠂  ᠬᠡᠰᠢᠭᠲᠡᠨ  ᠳᠤ  ᠬᠠᠷᠢᠯᠠᠭᠰᠠᠨ  ᠨᠠᠪᠴᠢᠨᠭᠡᠷᠡᠯ  ᠭᠡᠵᠦ  ᠪᠤᠢ ᠰᠢᠯᠤᠭᠤᠨ  ᠬᠥᠬᠡ  ᠎ ᠳᠤ  ᠠᠵᠢᠯᠯᠠᠳᠠᠭ  ᠯᠢᠩᠬᠤᠸ᠎ᠠ  ᠂ ᠰᠡᠮᠬᠡᠨ  ᠳᠠᠭᠤ  ᠎ ᠲᠠᠢ  ᠰᠠᠷᠠᠭᠤᠯ  ᠭᠡᠵᠦ ᠪᠤᠢ ᠰᠢᠳᠤᠷᠭᠤ  ᠨᠤᠮᠤᠢ  ᠳ᠋ᠦᠩ  ᠵᠢᠶᠧ  ᠂ ᠰᠢᠭᠤᠳ ᠰᠢᠯᠤᠭᠤᠨ  ᠦᠷᠡᠴᠡᠴᠡᠭ  ᠭᠡᠵᠦ ᠪᠤᠢ   ᠦᠭᠡ  ᠴᠦᠭᠡᠨᠲᠡᠢ  ᠲᠡᠮᠦᠷ᠎ᠡ  ᠂  ᠦᠪᠡᠷ  ᠤᠨ  ᠡᠬᠡᠨᠠᠷ ᠶᠢᠨ  ᠬᠤᠸᠠ  ᠭᠡᠵᠦ  ᠪᠤᠢᠤᠯᠠᠨ  ᠤᠯᠠᠨ  ᠨᠦᠬᠦᠳ  ᠎ ᠢᠶᠠᠨ ᠠᠯᠢ  ᠎ ᠶᠢ  ᠎ ᠨᠢ  ᠬᠤᠯᠪᠤᠭᠠᠳ  ᠪᠠᠷᠠᠨ᠎ᠠ  ᠪᠤᠢ  ︖ ᠤᠷᠬᠢᠭᠳᠠᠵᠤ  ᠬᠤᠴᠤᠷᠤᠭᠰᠠᠨ  ᠮᠠᠭᠠᠳ  ᠦᠭᠡᠢ  ᠤᠨᠳᠤᠭᠤᠴᠠᠵᠤ ᠪᠢᠲᠡᠭᠡᠢ  ᠠᠭᠤᠷᠯᠠᠭᠠᠷᠠᠢᠤᠭᠤᠰᠤᠷ  ᠪᠥᠴᠡ  ᠦᠭᠡᠢ  ᠤᠷᠴᠢᠯᠠᠩ ᠳᠤ  ᠮᠠᠷᠭᠠᠰᠢ  ᠪᠠᠰᠠ  ᠢᠷᠡᠳᠡᠭ  ᠲᠤᠯᠠ ᠤᠷᠤᠶᠢᠲᠠᠵᠤ   ᠬᠤᠵᠢᠮ  ᠵᠠᠯᠭᠠᠬᠤ  ᠎ ᠶᠢ  ᠠᠳᠡ  ᠴᠤᠬᠤᠰ  ᠳᠤᠷᠠᠳᠤᠶ᠎ᠠ ᠬᠢᠵᠢᠭ  ᠲᠠᠬᠤᠯ  ᠤᠨ  ᠨᠥᠯᠥᠭᠡ  ᠎ ᠎ ᠪᠠᠷ  ᠬᠢᠳᠡᠯ  ᠠᠯᠳᠠᠨ  ᠰᠠᠭᠤᠬᠤ  ᠎ ᠳᠤ  ᠪᠠᠨ ᠬᠡᠷᠡᠭ ᠴᠤ ᠦᠭᠡᠢ  ᠶᠠᠭᠤᠮ᠎ᠠ  ᠭᠡᠮᠡᠷ  ᠂ ᠬᠡᠳᠦᠨ ᠪᠠᠳᠠᠭ  ᠬᠡᠯᠬᠢᠭᠰᠡᠨ  ᠶᠤᠮᠬᠡᠷᠡᠭ  ᠲᠤ  ᠲᠤᠷᠠᠲᠠᠢ  ᠨᠠᠶᠢᠵᠠ  ᠶᠢᠨ  ᠬᠢᠨᠢ  ᠰᠤᠶᠤᠯ  ᠭᠦᠢᠬᠡᠨ  ᠎ ᠤ  ᠬᠠᠷᠠᠭ᠎ᠠ  ᠎ ᠎ ᠪᠠᠷ ᠬᠡᠳᠥᠷᠡᠭᠦᠯᠵᠥ  ᠪᠠᠭᠠᠳᠠᠭᠤᠯᠤᠭᠰᠠᠨ  ᠤᠴᠢᠷ  ᠪᠤᠢ  ᠂  ᠬᠢᠴᠢᠶᠡᠨ  ᠪᠤᠯᠭᠤᠮᠵᠢᠯᠠᠵᠤ  ᠤᠩᠰᠢᠮᠤ ᠦ  ᠰᠡᠪ  ᠦᠭᠡᠢ  ᠤᠴᠢᠷ  ᠭᠡᠵᠦ   ᠤᠤᠯ  ᠠᠴᠠ  ᠪᠠᠨ  ᠶᠡᠷᠦ  ᠪᠠᠶᠢᠳᠠᠭ  ᠦᠭᠡᠢᠦᠵᠡᠬᠦ  ᠤᠯᠠᠨ  ᠮᠡᠷᠭᠡᠳ ᠮᠢᠨᠢ  ᠡᠷᠢᠶᠡᠯᠡᠯ  ᠦᠭᠡᠢ  ᠰᠢᠭᠦᠮᠵᠢᠯᠡ ᠡᠷᠬᠢᠮ  ᠲᠠᠨ  ᠎ ᠤ  ᠬᠠᠷᠠᠭᠠᠨ  ᠎ ᠳᠤ  ᠂ ᠦᠷᠲᠦᠵᠤ  ᠬᠡᠷᠪᠡ  ᠪᠠᠭᠲᠠᠪᠠᠰᠤ ᠦᠪᠡᠷ  ᠪᠡᠶ᠎ᠡ  ᠳᠤ   ᠮᠢᠨᠢ  ᠬᠠᠷᠢᠨ  ᠤᠮᠤᠭᠰᠢᠯ  ᠪᠤᠯᠬᠤ  ᠪᠢᠵᠡ  ︖︕                          
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号