ᠪᠠ᠊ · ᠤᠳᠽᠠᠷ | ᠨᠡᠷ᠎ᠠ ᠪᠠᠷ ᠢᠶᠠᠨ ᠪᠢᠳᠡ ᠪᠤᠰᠤᠭ᠎ᠠ | ᠡᠷ᠎ᠠ ᠪᠠᠷ ᠢᠶᠠᠨ ᠪᠢᠳᠡ ᠪᠤᠰᠤᠭ᠎ᠠ | ᠨᠠᠷᠠ ᠨᠢ ᠲᠡᠭᠷᠢ ᠳᠤ ᠪᠤᠰᠤᠭ᠎ᠠ | ᠨᠠᠮᠳᠠᠷ ᠨᠢ ᠲᠡᠥᠭᠡᠨ ᠳᠤ ᠪᠤᠰᠤᠭ᠎ᠠ | ᠮᠤᠷᠢᠨ ᠳᠠᠭᠠᠨ ᠮᠤᠷᠳᠠᠬᠤ ᠳᠤ | ᠢᠰᠬᠦᠯᠬᠦ ᠲᠦᠷᠦᠭᠡ ᠨᠢ ᠪᠤᠰᠤᠭ᠎ᠠ | ᠮᠤᠩᠭᠤᠯ ᠢᠶᠠᠷ ᠢᠶᠠᠨ ᠶᠠᠷᠢᠯᠴᠠᠬᠤ ᠳᠤ | ᠡᠭᠡᠰᠢᠭ ᠦᠰᠦᠭ ᠨᠢ ᠪᠤᠰᠤᠭ᠎ᠠ | ᠮᠤᠩᠭᠤᠯ ᠤᠨ ᠰᠦᠯᠳᠡ ᠪᠠᠨ ᠬᠠᠷᠠᠬᠤ ᠳᠤ | ᠬᠡᠶᠢᠮᠤᠷᠢ ᠨᠢ ᠪᠤᠰᠤᠭ᠎ᠠ | ᠬᠦᠮᠦᠨ ᠲᠠᠢ ᠤᠴᠠᠷᠠᠵᠤ ᠮᠡᠨᠳᠦᠯᠴᠡᠬᠦ ᠳᠤ | ᠬᠦᠨᠳᠦ ᠶᠤᠰᠤ ᠨᠢ ᠪᠤᠰᠤᠭ᠎ᠠ︕ | | | ᠴᠠᠭᠠᠰᠤᠨ ᠲᠡᠭᠡᠷ᠎ᠠ ᠪᠢᠴᠢᠳᠡᠭ ᠦᠰᠦᠭ ᠨᠢ ᠪᠤᠰᠤᠭ᠎ᠠ | ᠴᠠᠭ ᠴᠠᠭ ᠤᠨ ᠰᠤᠯᠢᠬᠳᠠᠯ ᠳᠤ ᠰᠦᠰᠦᠭ ᠨᠢ ᠪᠤᠰᠤᠭ᠎ᠠ | ᠬᠤᠷᠳᠤᠨ ᠬᠦᠯᠦᠭ ᠤᠨ ᠬᠢᠨᠢ | ᠲᠠᠪᠬᠢᠬᠤ ᠲᠤᠭᠤᠰᠤ ᠨᠢ ᠪᠤᠰᠤᠭ᠎ᠠ | ᠬᠤᠷᠤᠮᠰᠠᠭ᠎ᠠ ᠰᠠᠭᠠᠳᠠᠭ ᠤᠨ ᠬᠢᠨᠢ | ᠰᠤᠮᠤ ᠨᠢ ᠪᠤᠰᠤᠭ᠎ᠠ | ᠲᠤᠯᠵᠤ ᠮᠤᠷᠳᠠᠬᠤ ᠳᠤ ᠤᠷᠭ᠎ᠠ ᠨᠢ ᠪᠤᠰᠤᠭ᠎ᠠ | ᠲᠤᠯᠭ᠎ᠠ ᠶᠢᠨ ᠭᠠᠯ ᠤᠨ ᠬᠢᠨᠢ ᠰᠤᠷ ᠨᠢ ᠪᠤᠰᠤᠭ᠎ᠠ | ᠲᠤᠭᠤᠷᠭᠠᠳᠤ ᠭᠡᠷ ᠤᠨ ᠬᠢᠨᠢ ᠤᠨᠢ ᠨᠢ ᠪᠤᠰᠤᠭ᠎ᠠ | ᠲᠤᠭᠤᠨᠤ ᠪᠠᠷ ᠰᠤᠪᠤᠷᠠᠬᠤ ᠤᠳᠤᠭ᠎ᠠ ᠨᠢ ᠪᠤᠰᠤᠭ᠎ᠠ | ᠲᠠᠯᠠᠩᠳᠦ ᠮᠠᠯ ᠤᠨ ᠬᠢᠨᠢ ᠬᠦᠬᠦ ᠨᠢ ᠪᠤᠰᠤᠭ᠎ᠠ | ᠤᠷᠢᠳᠤ ᠶᠢᠨ ᠲᠠᠭᠤᠤ ᠶᠢᠨ ᠬᠢᠨᠢ ᠴᠤᠤᠷᠢᠶ᠎ᠠ ᠨᠢ ᠪᠤᠰᠤᠭ᠎ᠠ︕ | | | ᠮᠤᠩᠭᠤᠯ ᠭᠡᠷ ᠤᠨ ᠡᠮᠦᠨᠡᠬᠢ ᠰᠦᠯᠳᠡ ᠨᠢ ᠪᠤᠰᠤᠭ᠎ᠠ | ᠦᠯᠢᠭᠡᠷ ᠲᠤᠤᠯᠢ ᠶᠢᠨ ᠲᠤᠮᠤᠭ ᠨᠢ ᠪᠤᠰᠤᠭ᠎ᠠ | ᠬᠦᠭᠡᠷᠦᠬᠦᠯᠦᠭᠡᠳ ᠰᠠᠮᠤᠷᠠᠬᠤ ᠰᠦ ᠨᠢ ᠪᠤᠰᠤᠭ᠎ᠠ | ᠲᠡᠯᠡᠭᠡᠢ ᠳᠤ ᠨᠡᠷ᠎ᠠ ᠲᠠᠢ ᠪᠦᠭᠡ ᠨᠢ ᠪᠤᠰᠤᠭ᠎ᠠ | ᠬᠦᠳᠡᠭᠡ ᠲᠠᠯ᠎ᠠ ᠳᠤ ᠬᠦᠭᠡ ᠡᠪᠡᠰᠦ ᠨᠢ ᠪᠤᠰᠤᠭ᠎ᠠ | ᠬᠦᠭᠡ ᠤᠬᠳᠠᠷᠭᠤᠢ ᠳᠤ ᠨᠠᠮᠢᠷᠠᠬᠤ ᠬᠦᠭᠡ ᠲᠤᠭ ᠨᠢ ᠪᠤᠰᠤᠭ᠎ᠠ | ᠮᠢᠨᠦ ᠮᠤᠩᠭᠤᠯ ᠤᠨ ᠶᠠᠭᠤ ᠪᠦᠬᠦᠨ ᠨᠢ ᠪᠤᠰᠤᠭ᠎ᠠ | ᠮᠢᠩᠭ᠎ᠠ ᠲᠦᠮᠡᠨ ᠵᠠᠭᠤᠨ ᠢᠶᠠᠷ | ᠮᠦᠡᠭᠭᠡᠷᠡᠵᠦ ᠶᠠᠪᠤᠬᠤ ᠪᠤᠰᠤᠭ᠎ᠠ ᠦᠨᠳᠦᠰᠦᠳᠡᠨ ᠶᠤᠮ ᠡ︕ | | | ᠲᠦᠡᠭᠯᠢᠶᠤᠤ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ | ᠶᠢᠨ ᠮᠤᠩᠭᠤᠯ ᠬᠡᠯᠡᠨ ᠤ ᠵᠢᠭᠠᠨ ᠰᠤᠳᠤᠯᠬᠤ ᠲᠤᠭᠤᠢᠢᠯᠠᠩ | 姓名:敖斯尔 | |