|
 |
|
ᠨᠡᠶᠢᠲᠡᠯᠡᠭᠰᠡᠨ ᠴᠠᠭ᠄
2020-08-05
|
|
︵ᠬᠡᠤᠬᠡᠳ ᠤᠨ ᠰᠢᠯᠦᠭ︶ | ᠱᠠᠩᠰᠢ ᠮᠤᠳᠤᠨ ᠳᠤ | ᠱᠠᠭᠠᠵᠠᠭᠠᠢ ᠱᠠᠭᠰᠢᠪᠠ | ᠨᠠᠭᠠᠰᠢ ᠪᠠᠨ ᠬᠡᠵᠤ | ᠨᠠᠮ᠎ᠠ ᠶᠢ ᠳᠠᠭᠤᠳᠠᠪᠠ | | | ᠬᠠᠳᠠᠭᠠᠭᠰᠠᠨ ᠠᠭᠠᠷᠤᠤᠯ ᠠᠴᠠ | ᠬᠤᠶᠠᠷ ᠠᠳᠬᠤ | ᠡᠯᠬᠦᠭᠰᠡᠨ ᠪᠣᠷᠴᠠ ᠠᠴᠠ | ᠬᠤᠶᠠᠷ ᠵᠦᠰᠦᠮᠡᠭ | | | ᠠᠪᠤᠭᠠᠳ ᠢᠷᠡᠬᠦ ᠶᠢ | ᠪᠤᠤ ᠮᠠᠷᠳᠠ ᠬᠡᠵᠤ | ᠠᠬᠢᠨ ᠳᠠᠬᠢᠨ | ᠰᠠᠨᠠᠭᠤᠯᠵᠤ ᠪᠠᠶᠢᠬᠤ ᠰᠢᠭ᠋ | | | ᠠᠪᠤᠶ᠎ᠠ ᠭᠡᠰᠡᠨ ᠢ ᠨᠢ | ᠠᠪᠠᠴᠢᠶ᠎ᠠ ᠭᠡᠭᠦ ᠳᠤ | ᠠᠪᠤ ᠡᠵᠢ ᠠᠴᠠ ᠪᠠᠨ | ᠠᠰᠠᠭᠤᠬᠤ ᠤᠴᠢᠷ ᠲᠠᠢ | | | ᠡᠵᠢ ᠡ᠂ ᠡᠵᠢ ᠡ | ᠠᠯᠢᠶ᠎ᠠ ᠱᠠᠭᠠᠵᠠᠭᠠᠢ | ᠠᠭᠠᠷᠤᠤᠯ ᠢᠳᠡᠨ᠎ᠡ ᠭᠡᠳ | ᠠᠷᠭ᠎ᠠ ᠦᠬᠡᠢ ᠪᠠᠶᠢᠨ᠎ᠠ | | | ᠠᠪᠤ ᠡ᠂ ᠠᠪᠤ ᠡ | ᠠᠯᠠᠭ ᠱᠠᠭᠠᠵᠠᠭᠠᠢ | ᠪᠤᠷᠴᠠ ᠢᠳᠡᠨ᠎ᠡ ᠭᠡᠳ | ᠪᠤᠯᠬᠤ ᠦᠬᠡᠢ ᠪᠠᠶᠢᠨ᠎ᠠ | | | ᠡᠨᠡ ᠦᠬᠡᠨ ᠳᠤ | ᠡᠵᠢ ᠠᠪᠤ ᠢᠨᠢᠶᠡᠭᠡᠳ | ᠠᠩᠭ᠎ᠠ ᠬᠦᠤ ᠮᠢᠨᠢ | ᠠᠩᠬᠠᠷᠴᠤ ᠪᠠᠶᠢᠭᠠᠷᠠᠢ | | | ᠱᠠᠭᠠᠵᠠᠭᠠᠢ ᠴᠢᠮ᠎ᠠ ᠶᠢ | ᠡᠷᠳᠡ ᠪᠤᠰᠤᠭᠰᠠᠨ ᠪᠤᠯ | ᠡᠯᠡᠰᠤᠨ ᠳᠤ ᠨᠠᠭᠠᠳᠬᠤ ᠪᠠᠷ | ᠡᠷᠢᠵᠤ ᠢᠷᠡᠭᠰᠡᠨ ᠰᠢᠤ | | | ᠴᠠᠢ ᠪᠠᠨ ᠤᠤᠭᠤᠭᠰᠠᠨ ᠪᠤᠯ | ᠴᠠᠭᠠᠰᠢ ᠪᠠᠨ ᠶᠠᠪᠤᠨ | ᠴᠠᠭᠠᠨ ᠳᠤᠯᠤᠭᠠᠢ ᠪᠠᠨ | ᠴᠡᠬᠡᠵᠢᠯᠡᠬᠦ ᠪᠠᠷ ᠳᠠᠭᠤᠳᠠᠭᠰᠠᠨ ᠰᠢᠤ | | | ᠣᠳᠣ ᠮᠡᠳᠡᠯ᠎ᠡ ᠭᠡᠳ | ᠤᠷᠤᠨ ᠠᠴᠠ ᠪᠠᠨ ᠬᠦᠶᠦᠯ᠎ᠠ | ᠱᠠᠭᠠᠵᠠᠭᠠᠢ ᠨᠠᠳᠠ ᠳᠤ | ᠱᠠᠭᠰᠢᠬᠤ ᠪᠠᠨ ᠪᠤᠯᠢᠯ᠎ᠠ | | ᠵᠤᠬᠢᠶᠠᠭᠴᠢ᠄ ᠲᠤᠭᠴᠢ ᠯᠤᠪᠰᠠᠩ鲁布森 ︵ᠪᠢᠴᠢᠭ ᠤᠨ ᠨᠡᠷ᠎ᠡ ᠨᠢ ᠴᠢ᠊᠂ ᠨᠠᠴᠢᠨ︶᠂ ᠬᠠᠷᠢᠯᠴᠠᠬᠤ | ᠤᠳᠠᠰᠤ᠄ 136 1487 6979᠃ | ᠬᠠᠶ᠋ᠢᠭ᠄ ᠤᠷᠳᠤᠰ ᠬᠤᠳᠠ ᠶᠢᠨ ᠦᠤᠰᠢᠨ ᠬᠤᠰᠢᠭᠤᠨ ᠤ ᠮᠤᠩᠭᠤᠯ ᠳᠤᠷᠰᠢᠯᠳᠠ ᠶᠢᠨ ᠪᠠᠭ᠎ᠠ | ᠰᠤᠷᠭᠠᠭᠤᠯᠢ ︵鄂尔多斯市乌审旗蒙古族实验小学︶᠃ | | |
|
|
 |
|
ᠢᠷᠡᠯᠲᠡ᠄
ᠲᠣᠲᠣᠷᠬᠠᠢ ᠦᠭᠡᠢ
|
|
|
|
|
ᠬᠠᠮᠢᠶ᠎ᠡ ᠪᠦᠬᠦᠢ ᠰᠣᠨᠢᠨ
|
|
 |
|
 |
|