ᠶᠦᠩ ᠱᠧᠩ ᠬᠤᠤ
ᠨᠡᠶᠢᠲᠡᠯᠡᠭᠰᠡᠨ ᠴᠠᠭ᠄
2020-08-05
        ᠴᠢᠩ ᠤᠯᠤᠰ ᠤᠨ ᠰᠡᠭᠦᠯᠴᠢ ᠢᠷᠭᠡᠨ ᠤᠯᠤᠰ ᠤᠨ ᠡᠬᠢᠨ ᠢᠶᠠᠷ  ᠲᠤᠳᠤᠷ᠎ᠠ ᠭᠠᠵᠠᠷ ᠠᠴᠠ  ᠦᠪᠦᠷ ᠮᠤᠩᠭᠤᠯ ᠳᠤ ᠢᠷᠡᠭᠰᠡᠨ  ︽ᠮᠤᠩᠭᠤᠯ  ᠎ ᠳᠤ  ᠠᠶᠠᠯᠭᠰᠠᠨ︾  ᠠᠷᠠᠯᠵᠢᠶᠠᠴᠢᠳ  ᠮᠤᠩᠭᠤᠯ ᠤᠨ  ᠠᠳᠠᠷ  ᠎ ᠢ ᠬᠠᠭᠠᠯᠪᠤᠷᠢᠯᠠᠬᠤ ᠲᠤᠬᠢᠶᠠᠯ ᠶᠢᠨ  ᠲᠠᠯᠢᠮᠳᠠᠭᠤᠯᠤᠨ ᠯᠢᠨᠰᠢ ᠶᠢᠨ ᠬᠢᠵᠠᠭᠠᠷ ᠲᠤ ᠨᠡᠭᠦᠨ ᠢᠷᠡᠵᠤ  ᠲᠡᠯᠭᠡᠭᠦᠷ ᠬᠤᠳᠠᠯᠳᠤᠭ᠎ᠠ  ᠪᠤᠰᠬᠠᠵᠤ ᠵᠡᠭᠡᠯᠢ ᠭᠤᠳᠤᠮᠵᠢ ᠭᠠᠷᠭᠠᠨ  ᠵᠠᠬ᠎ᠠ ᠲᠡᠯᠭᠡᠭᠦᠷ ᠶᠢᠨ  ᠬᠦᠭᠵᠢᠶᠡᠨᠳᠠᠢ  ᠪᠤᠯᠭᠠᠵᠤ ᠨᠢᠭᠡ ᠬᠤᠭᠤᠴᠠᠭᠠᠨ᠎ᠠ  ᠯᠢᠨᠰᠢ ᠶᠢᠨ  ᠡᠯ᠎ᠡ ᠭᠠᠵᠠᠷ ᠲᠤ  ︽ᠠᠷᠠᠯᠵᠢᠶ᠎ᠠ ᠬᠤᠳᠠᠯᠳᠤᠭ᠎ᠠ   ᠡᠭᠦᠯᠡ ᠮᠡᠳᠦ ᠬᠤᠷᠠᠨ᠂   ᠬᠢᠵᠠᠭᠠᠷ ᠠᠮᠠ  ᠶᠢᠨ ᠬᠤᠳᠠ ᠪᠤᠯᠤᠭᠰᠠᠨ︾ ᠪᠠᠶᠢᠳᠠᠯ ᠶᠢᠨ  ᠪᠤᠢ ᠪᠤᠯᠭᠠᠵᠠᠢ᠃  ᠤᠯᠠᠨ ᠭᠠᠵᠠᠷ ᠲᠤ  ᠠᠷᠢᠬᠢ ᠨᠡᠷᠡᠬᠦ᠂ ᠪᠤᠳᠠᠭ᠎ᠠ ᠲᠤᠨᠤᠭᠳᠠᠬᠤ᠂  ᠲᠠᠨᠵᠢ ᠶᠢᠨ  ᠪᠦᠰᠡ  ᠭᠠᠷᠭᠠᠬᠤ᠂   ᠵᠤᠭᠤᠰ  ᠮᠦᠩᠭᠦ  ᠲᠠᠯᠪᠢᠬᠤ᠂  ᠡᠯᠳᠡᠪ ᠪᠠᠷᠠᠭ᠎ᠠ ᠬᠤᠳᠠᠯᠳᠤᠬᠤ ᠵᠡᠷᠭᠡ ᠤᠯᠠᠨ ᠠᠷᠪᠢᠨ  ᠬᠤᠳᠠᠯᠳᠤᠭᠠᠨ  ᠎ ᠤ ᠴᠢᠭ᠋  ᠲᠡᠯᠭᠡᠭᠦᠷ  ᠭᠠᠷᠴᠦ  ᠠᠭᠠᠵᠢᠮ ᠢᠶᠠᠷ  ᠵᠢᠵᠡᠭ   ᠪᠠᠯᠭᠠᠳ ᠪᠤᠯᠵᠤ  ᠭᠦᠭᠵᠢᠵᠠᠢ  ᠂  ᠦᠨᠦᠳᠦᠷ ᠤᠨ   ᠰᠢᠨ ᠯᠢᠨ ᠵᠧᠨ  ᠎ ᠤ  ︽ᠶᠦᠩ ᠱᠧᠩ ᠬᠤᠤ  ︾  ᠎ ᠨᠢ ᠲᠡᠭᠦᠨ ᠤ ᠲᠤᠮᠳᠠᠬᠢ ᠨᠢᠭᠡ ᠨᠢ ᠮᠦᠨ᠃  ᠭᠤᠴᠢᠭᠠᠳ ᠤᠨ ᠪᠤᠯᠬᠤ ᠳᠤ  ᠯᠢᠨᠰᠢ ᠰᠢᠶᠠᠨ ᠤ  ᠬᠤᠶᠢᠳᠤ ᠬᠡᠰᠡᠭ ᠤᠨ  ᠨᠢᠭᠡ ᠭᠦᠭᠵᠢᠶᠡᠨᠳᠠᠢ  ᠪᠠᠯᠭᠠᠰᠤᠨ ᠪᠤᠯᠵᠠᠢ᠃  ︽ᠶᠦᠩ ᠱᠧᠩ ᠬᠤᠤ  ︾᠎ ᠶᠢ ᠶᠠᠮᠠᠷ ᠬᠦᠮᠦᠨ  ᠡᠬᠢᠯᠡᠵᠦ ᠭᠡᠷᠡᠭᠯᠡᠭᠰᠡᠨ ᠪᠤᠢ  ︖ ᠭᠡᠨ ᠡᠵᠡᠩᠨᠡᠪᠡ  ︖  ᠡᠭᠦᠨ ᠳᠤ ᠭᠤᠷᠪᠠᠨ ᠵᠦᠢᠯ ᠤᠨ  ᠬᠡᠯᠡᠯᠭᠡ ᠤᠷᠤᠰᠢᠵᠤ ᠪᠠᠶᠢᠨ᠎ᠠ᠃  ᠨᠢᠭᠡ ᠨᠢ ᠯᠢᠦᠢ ᠤᠪᠤᠭᠳᠤ ᠶᠢᠨ  ᠶᠡᠭᠡ  ᠭᠦᠷᠢᠶ᠎ᠡ ᠭᠡᠰᠡᠨ ᠬᠡᠯᠡᠯᠭᠡ  ᠃ ᠬᠤᠶᠠᠷ ᠲᠤ ᠡᠦ ᠤᠪᠤᠭᠳᠤ ᠡᠷᠬᠢᠯᠡᠪᠡ ᠭᠡᠰᠡᠨ ᠬᠡᠯᠡᠯᠭᠡ  ᠃  ᠭᠤᠷᠪᠠ ᠳᠤ ᠸᠠᠩ ᠤᠪᠤᠭᠳᠤ ᠭᠡᠰᠡᠨ ᠬᠡᠯᠡᠯᠭᠡ  ᠃  ᠲᠠᠷᠦᠢ  ᠢᠷᠭᠡᠨ ᠤᠯᠤᠰ ᠤᠨ  ᠦᠶ᠎ᠡ ᠨᠢᠭᠡᠨ ᠸᠠᠩ ᠵᠧᠩ ᠭᠡᠰᠡᠨ ᠬᠦᠮᠦᠨ  ᠰᠢᠨ ᠯᠢᠨ ᠵᠧᠨ ᠪᠠᠯᠭᠠᠰᠤᠨ ᠤ ᠲᠤᠮᠳᠠ ᠭᠡᠰᠡᠭ  ᠎ ᠤᠨ ᠡᠮᠦᠨ᠎ᠡ ᠵᠡᠭᠡᠯᠢ  ︵ᠤᠤᠯ  ᠤᠨ ᠬᠠᠩᠭᠠᠨ ᠪᠤᠷᠤᠯᠠᠭᠤᠯᠬᠤ ᠬᠤᠷᠰᠢᠶ᠎ᠡ  ᠎ ᠶᠢᠨ ᠤᠷᠴᠢᠮ  ᠠᠷᠢᠬᠢ ᠨᠡᠷᠡᠬᠦ ᠭᠠᠵᠠᠷ ᠡᠵᠡᠩᠨᠡᠵᠦ᠂ ᠨᠡᠷᠡᠮᠡᠯ ᠎ ᠤᠨ  ᠨᠡᠷ᠎ᠡ  ᠎ ᠪᠠᠨ  ︽ᠶᠦᠩ ᠱᠧᠩ ᠬᠤᠤ  ︾ ᠭᠡᠵᠠᠢ  ᠃ ᠺᠠᠩ ᠳ᠋ᠧ ᠶᠢᠨ ᠲᠠᠪᠤᠳᠤᠭᠠᠷ ᠤᠨ  ︵1938︶ ᠤᠨ ᠎ ᠳᠤ   ᠲᠤᠰᠬᠤ ᠶᠢᠨ  ᠨᠤᠶᠠᠨ  ᠡᠦ ᠽᠢ ᠰᠢᠶᠠᠨ  ᠎ ᠤ ᠪᠢᠴᠢᠭᠰᠡᠨ ᠬᠡᠷᠦᠭᠡ  ᠢᠯᠡᠷᠭᠡᠶᠢᠯᠠᠯ  ᠪᠤᠯᠤᠨ᠎ᠠ᠃  ᠡᠭᠦᠨᠴᠨ ᠡᠨᠡᠬᠦ  ᠬᠤᠳᠠᠯᠳᠤᠭ᠎ᠠ  ᠲᠤᠰ ᠪᠠᠯᠭᠠᠰᠤᠨ ᠤ  ᠲᠦᠯᠦᠭᠡᠯᠡᠬᠦ ᠨᠡᠷ᠎ᠡ ᠪᠤᠯᠵᠠᠢ᠃  ᠸᠠᠩ ᠵᠧᠩ  ᠠᠷᠢᠬᠢ ᠨᠡᠷᠡᠬᠦ ᠪᠠᠷ   ᠭᠤᠤᠯ ᠡᠵᠡᠩᠨᠡᠯᠳᠡ ᠪᠤᠯᠭᠠᠨ ᠠᠳᠠᠯ ᠪᠤᠰᠬᠠᠬᠵᠤ  ᠭᠤᠴᠢᠭᠠᠳ ᠤᠨ  ᠦᠶᠡᠰ ᠡᠨᠡᠬᠦ ᠤᠷᠤᠨ  ᠎ ᠳᠤ  ᠯᠢᠦᠢ ᠤᠪᠤᠭᠳᠤ ᠶᠢ ᠯᠡ ᠠᠷᠠᠢ ᠬᠦᠷᠬᠦ ᠦᠭᠡᠢ ᠲᠤᠮᠤ ᠪᠠᠶᠠᠨ ᠪᠤᠯᠵᠠᠢ᠃   ᠪᠤᠰᠤᠳ ᠤᠨ  ᠶᠠᠷᠢᠬᠤ ᠪᠠᠷ  ᠡᠳᠦᠷ ᠲᠤ 450----50 ᠺᠢᠯᠤᠭᠢᠷᠠᠮ  ᠠᠷᠠᠬᠢ   ᠪᠤᠷᠤᠯᠠᠭᠤᠯᠵᠤ  ᠂ ᠯᠢᠨᠰᠢ ᠶᠢᠨ  ᠤᠮᠠᠷᠠᠳᠤ ᠭᠡᠰᠡᠭ ᠤᠨ  ᠬᠦᠮᠦᠰ ᠤᠨ  ᠭᠡᠷᠡᠭᠴᠡᠭᠡ ᠶᠢ ᠬᠠᠩᠭᠠᠬᠤ ᠪᠠᠷ ᠪᠠᠷᠠᠬᠤ ᠦᠭᠡᠢ  ᠂ ᠲᠠᠪᠠᠭᠠᠨ ᠤ ᠠᠷᠤ᠂  ᠭᠤᠤᠯ ᠤᠨ ᠵᠡᠭᠦᠨ ᠤ ᠬᠦᠮᠦᠰ ᠴᠦ ᠦᠷᠭᠦᠯᠵᠢ ᠢᠷᠡᠵᠤ ᠠᠷᠢᠬᠢ ᠠᠪᠳᠠᠭ ᠭᠡᠨ᠎ᠡ᠃  ᠬᠦᠮᠦᠰ ᠲᠡᠭᠦᠨ  ᠎ ᠢ  ︽ ᠭᠡᠷ ᠬᠤᠷᠤᠭ᠎ᠠ ᠨᠢ  ᠬᠤᠳᠠ  ᠮᠡᠳᠦ᠂  ᠡᠳ᠋ ᠮᠦᠩᠬᠦ ᠨᠢ  ᠬᠦᠮᠦᠷᠭᠡ  ᠲᠦᠭᠦᠷᠡᠩ  ︾  ᠭᠡᠵᠦ ᠪᠤᠯᠤᠨ᠎ᠠ᠃  ᠲᠡᠭᠦᠨ ᠤ  ᠠᠷᠢᠬᠢ ᠨᠢ ᠭᠠᠳᠠᠷ ᠤᠷᠤᠨ  ᠎ ᠠᠴᠠ ᠠᠪᠴᠢᠷᠠᠭᠰᠠᠨ ᠰᠢᠰᠢ ᠪᠠᠷ  ᠮᠠᠲ᠋ᠧᠷᠢᠶᠠᠯ ᠪᠤᠯᠭᠠᠵᠤ ᠢᠰᠭᠡᠨ‌ᠨᠡᠷᠡᠵᠤ ᠭᠠᠷᠭᠠᠭᠰᠠᠨ ᠪᠠᠶᠢᠨ᠎ᠠ᠃  ᠲᠡᠭᠦᠨ ᠤ ᠠᠷᠢᠬᠢ ᠨᠢ ᠪᠤᠯᠠᠩᠬᠢᠷ ᠦᠭᠡᠢ  ᠂ ᠠᠩᠬᠢᠯᠤᠮ᠎ᠠ ᠦᠨᠦᠷ ᠲᠠᠢ  ᠂  ᠤᠬᠢ ᠰᠠᠶᠢᠨ ᠠᠮᠳᠠ ᠲᠠᠢ  ᠃ ᠠᠷᠢᠬᠢᠨ ᠤ ᠭᠷᠠᠳᠦ᠋ᠰ ᠨᠢ  ᠨᠡᠯᠢᠶᠡᠳ ᠦᠨᠳᠤᠷ  ᠂ ᠬᠢᠯᠪᠠᠷᠬᠠᠨ ᠨᠤᠴᠤᠳᠠᠭ  ᠪᠤᠯᠬᠤᠷ  ᠤᠮᠠᠷᠠᠳᠤ ᠶᠢᠨ  ᠨᠡᠭᠦᠳᠡᠯᠴᠢᠨ ᠦᠨᠳᠤᠰᠤᠳᠡᠨ ᠤ  ᠪᠠᠭ᠋ᠠᠷᠤᠯ ᠶᠢᠨ  ᠲᠠᠳᠠᠭᠰᠠᠨ ᠤᠮᠳᠠᠭᠠᠨ ᠪᠤᠯᠵᠠᠢ᠃ ᠵᠢᠯ ᠴᠠᠭᠠᠨ ᠰᠠᠷ᠎ᠠ  ᠪᠠᠶᠠᠷ ᠲᠤᠷᠠᠰᠬᠠᠯ ᠤᠨ ᠡᠳᠦᠷ ᠪᠤᠯᠬᠤ ᠳᠤ  ᠲᠠᠪᠠᠭᠠᠨ ᠤ ᠠᠷᠤ᠂ ᠭᠤᠤᠯ ᠤᠨ ᠵᠡᠭᠦᠨ ᠤ ᠮᠠᠯᠴᠢᠳ   ᠶᠦᠩ ᠱᠧᠩ ᠬᠤᠤ ᠳᠤ ᠢᠷᠡᠵᠤ   ᠲᠤᠰᠬᠠᠢ  ᠸᠠᠩ ᠵᠧᠩ ᠤᠨ  ᠨᠡᠷᠡᠭᠰᠡᠨ ᠠᠷᠢᠬᠢ ᠶᠢ ᠠᠪᠴᠦ ᠬᠠᠷᠢᠭᠠᠳ    ᠰᠠᠷ᠎ᠠ ᠵᠢᠯ  ᠎ ᠳᠡᠭᠡᠨ  ᠪᠦᠬᠦᠯᠢ ᠬᠤᠨᠢᠨ ᠎ ᠤ ᠲᠠᠶᠢᠯᠯᠠᠭ᠎ᠠ ᠲᠠᠢ ᠪᠠᠨ  ᠬᠠᠮᠳᠤᠷᠠᠭᠤᠯᠵᠤ   ᠶᠦᠩ ᠱᠧᠩ ᠬᠤᠤ ᠶᠢᠨ  ᠠᠷᠢᠬᠢ ᠪᠠᠷ  ᠲᠠᠶᠢᠯᠠᠵᠤ  ᠲᠡᠭᠦᠨ ᠤ ᠠᠮᠳᠠ ᠶᠢ ︽ᠰᠢᠭᠦᠳᠡᠷᠢ ᠶᠢᠨ ᠷᠠᠰᠢᠶᠠᠨ ᠮᠡᠳᠦ  ᠂  ᠰᠦ  ᠰᠢᠭ ᠠᠮᠳᠠ ᠲᠠᠢ︾ ᠭᠡᠵᠦ  ᠮᠠᠭᠳᠠᠨ  ᠰᠢᠷᠡᠭᠡ ᠲᠦᠭᠦᠷᠡᠩ  ᠬᠦᠭᠵᠢᠯᠳᠤᠵᠤ  ︽ᠬᠠᠷᠢᠯᠴᠠᠨ ᠠᠷᠢᠬᠢ ᠱᠠᠯᠠᠵᠤ  ᠨᠠᠶᠢᠷ ᠵᠢᠷᠦᠮ ᠢᠶᠠᠨ ᠭᠦᠢᠴᠡᠳᠭᠡᠳᠡᠭ ᠪᠠᠶᠢᠪᠠ  ᠃  ᠲᠤᠰᠬᠤᠨ  ᠎ ᠤ ᠳ᠋ᠦᠩ ᠬᠦᠢ  ᠬᠡᠯᠡᠬᠦ ᠳᠡᠭᠡᠨ  ᠨᠢᠭᠡ ᠵᠢᠯ ᠤᠨ  ᠬᠠᠩᠰᠢ ᠶᠢᠨ  ᠡᠳᠦᠷ ᠲᠤᠰᠬᠤ  ᠎ ᠶᠢᠨ ᠨᠤᠶᠠᠨ  ᠡᠦ ᠽᠢ ᠰᠢᠦᠸᠠᠨ  ᠶᠦᠩ ᠱᠧᠩ ᠬᠤᠤ ᠶᠢᠨ  ᠠᠷᠢᠬᠢ ᠶᠢ ᠠᠮᠳᠠᠯᠠᠭᠰᠠᠨ ᠤ ᠲᠠᠷᠠᠭ᠎ᠠ  ᠲᠠᠩ ᠤᠯᠤᠰ ᠤᠨ ᠰᠡᠭᠦᠯᠴᠢ ᠎ ᠶᠢᠨ ᠦᠶ᠎ᠡ ᠶᠢᠨ  ᠰᠢᠯᠦᠭᠴᠢ ᠳ᠋ᠦ᠋ ᠮᠤ᠋ ᠶᠢᠨ    ᠮᠢᠩᠭᠠᠨ ᠤᠨ ᠳᠤ  ᠤᠯᠠᠮᠵᠢᠯᠠᠭᠳᠠᠨ ᠬᠦᠭᠰᠢᠨ ᠵᠠᠯᠠᠭᠤ ᠬᠡᠦᠭᠡᠳ ᠨᠢᠯᠭ᠎ᠠ ᠪᠦᠬᠦᠨ ᠢᠶᠠᠷ ᠮᠡᠳᠡᠳᠡᠭ  ︽ᠬᠠᠩᠰᠢ  ︾  ᠎ ᠶᠢᠨ ︽ᠬᠦᠢᠯᠡᠰᠦᠨ ᠬᠤᠸᠠᠷ  ︾  ᠎ ᠢ  ︽ᠶᠦᠩ ᠱᠧᠩ︾ ᠪᠤᠯᠭᠠᠨ ᠭᠡᠩᠰᠢᠷᠦᠨ  ︽ ᠬᠠᠩᠰᠢ ᠡᠳᠦᠷ ᠨᠠᠮᠢᠷᠠᠭ᠎ᠠ ᠬᠤᠷ᠎ᠠ  ᠱᠠᠭᠠᠬᠢᠨ  ᠪᠠᠭᠤᠬᠤᠶ᠎ᠠ  ᠂ ᠬᠤᠯᠠ ᠶᠢᠨ  ᠠᠶ᠋ᠨᠨᠴᠢᠨ  ᠎ ᠤ  ᠰᠡᠳᠬᠢᠯ  ᠵᠢᠷᠦᠭᠡ  ᠲᠤᠭᠳᠤᠯᠤᠨ  ᠂   ᠬᠠᠮᠢᠭ᠎ᠠ ᠨᠢᠭᠡᠨ  ᠠᠷᠠᠵᠠ ᠶᠢᠨ  ᠲᠡᠯᠭᠡᠭᠦᠷ ᠠᠮᠤᠢ ᠬᠡᠮᠡᠨ ᠠᠰᠠᠬᠤᠯ᠎ᠠ᠂  ᠬᠤᠨᠢᠴᠢᠨ ᠬᠡᠦᠭᠡᠳ  ᠬᠤᠷᠤᠭᠤ ᠪᠠᠷ  ᠎ ᠢᠶᠠᠨ ᠶᠦᠩ ᠱᠧᠩ  ᠲᠤᠰᠬᠤᠨ ᠢ  ᠵᠢᠭᠠᠪᠠ᠃︾᠃        ᠭᠠᠵᠠᠷ ᠰᠢᠷᠦᠢ ᠶᠢᠨ ᠦᠭᠡᠷᠡᠴᠢᠯᠡᠯᠳᠡ ᠶᠢᠨ  ᠲᠠᠷᠠᠭ᠎ᠠ᠂  ᠶᠦᠩ ᠱᠧᠩ  ᠬᠤᠤ ᠨᠢ  ᠠᠷᠢᠬᠢ ᠨᠡᠷᠡᠬᠦ ᠪᠠᠨ ᠵᠤᠭᠰᠤᠵᠤ ᠲᠤᠰ ᠪᠠᠯᠭᠠᠳ ᠨᠢ  ᠰᠢᠨ ᠯᠢᠨ ᠵᠧᠨ ᠭᠡᠮᠡᠵᠠᠢ᠃  ᠴᠠᠭ ᠤᠨ  ᠵᠡᠭᠦᠦ  ᠦᠭᠡᠷᠴᠢᠯᠡᠯᠳᠡ ᠬᠢᠵᠤ ᠴᠢᠯᠤᠭᠡᠳᠠᠢ ᠶᠠᠪᠤᠯᠴᠠᠬᠤ  ᠦᠶ᠎ᠡ ᠳᠤ ᠤᠷᠤᠵᠤ᠂ 1992 ᠤᠨ ᠳᠤ  ᠰᠢᠨ ᠯᠢᠨ ᠵᠧᠨ  ᠎ ᠤ ᠨᠠᠮ ᠤᠨ  ᠬᠤᠷᠢᠶ᠎ᠠ ᠵᠠᠰᠠᠭ ᠤᠨ  ᠤᠷᠳᠤᠨ ᠨᠢ  ︽ᠶᠦᠩ ᠱᠧᠩ ᠬᠤᠤ︾᠎ ᠶᠢ ᠰᠡᠷᠭᠦᠭᠡᠨ  ᠂ ᠰᠢᠶᠠᠩ ᠤᠨ  ᠠᠵᠤ ᠠᠬᠤᠶᠢᠯᠠᠯ ᠪᠤᠯᠬᠤ  ᠶᠦᠩ ᠱᠧᠩ ᠠᠷᠢᠬᠢᠨ ᠤ ᠦᠢᠯᠡᠳᠪᠤᠷᠢ ᠶᠢ ᠪᠠᠶᠢᠭᠤᠯᠵᠤ  ᠡᠳᠦᠷ ᠲᠤ2000 ᠺᠢᠯᠤᠭᠢᠷᠠᠮ ᠰᠢᠰᠢ  ᠵᠠᠷᠤᠴᠠᠭᠤᠯᠵᠤ 900 ᠺᠢᠯᠤᠭᠢᠷᠠᠮ  ᠠᠷᠢᠬᠢ ᠨᠠᠷᠡᠵᠤ  ᠭᠠᠷᠭᠠᠨ 60 ᠭᠢᠷᠠᠳᠦ᠋ᠰ ᠤᠨ  ︽ᠶᠦᠩ ᠱᠧᠩ︾ ᠬᠠᠷ᠎ᠠ ᠠᠷᠢᠬᠢ ᠶᠢ ᠦᠢᠯᠡᠳᠦᠨ  ᠂38 ᠭᠢᠷᠠᠳᠦ᠋ᠰ ᠤᠨ  ᠶᠦᠩ ᠱᠧᠩ  ᠨᠡᠷᠡᠮᠵᠢᠳᠤ ᠬᠦᠷᠦᠩᠭᠡᠨ ᠠᠷᠢᠬᠢ   ᠰᠢᠷᠢᠰ ᠪᠦᠳᠦᠭᠡᠭᠳᠡᠭᠦᠨ ᠢ  ᠦᠢᠯᠡᠳᠴᠦ  ᠰᠠᠷ᠎ᠠ ᠶᠢᠨ  ᠪᠤᠷᠤᠭᠤᠯᠠᠯᠳᠠ ᠶᠢᠨ  ᠨᠤᠷᠮ᠎ᠠ ᠨᠢ 16 ᠲᠦᠮᠡᠨ ᠲᠦᠭᠦᠷᠢᠭ ᠲᠤ ᠬᠦᠷᠴᠠᠢ᠃  ᠤᠷᠴᠢᠮ ᠵᠢᠯ ᠠᠴᠠ  ᠪᠠᠰᠠ ᠭᠤᠯᠢᠷ ᠤᠨ  ᠦᠢᠯᠡᠳᠪᠤᠷᠢ  ᠭᠠᠷᠭᠠᠵᠤ᠂ ᠵᠢᠯ ᠳᠤ 150---170 ᠲᠦᠮᠡᠨ ᠲᠦᠭᠦᠷᠢᠭ ᠤᠨ  ᠦᠷᠳᠡᠭ ᠪᠦᠬᠦᠢ ᠶᠦᠩ ᠱᠧᠩ  ᠨᠡᠷᠡᠮᠵᠢᠳᠤ  ᠰᠢᠯᠢᠳᠡᠭ ᠭᠤᠯᠢᠷ  ᠪᠤᠷᠤᠯᠠᠭᠤᠯᠵᠤ  ᠭᠠᠷᠭᠠᠨ ᠵᠢᠯ ᠎ ᠤᠨ  ᠪᠤᠷᠤᠯᠠᠭᠤᠯᠠᠯᠳᠠ ᠨᠢ 75 ᠲᠦᠮᠡᠨ ᠲᠦᠭᠦᠷᠢᠭ ᠤᠨ  ︽ᠶᠦᠩ ᠱᠧᠩ ᠨᠡᠷᠡᠮᠵᠢᠳᠤ  ︾  ᠵᠢᠶᠠᠩ ᠦᠢᠯᠡᠳᠴᠦ ᠬᠤᠯᠠ ᠤᠶᠢᠷ᠎ᠠ ᠳᠤ ᠪᠤᠷᠤᠯᠠᠭᠤᠯᠬᠤ ᠪᠤᠯᠵᠠᠢ᠃           ᠢᠷᠭᠡᠨ ᠤᠯᠤᠰ ᠤᠨ  ᠦᠶ᠎ᠡ ᠳᠤ  ︽ᠶᠦᠩ ᠱᠧᠩ ᠬᠤᠤ︾᠎ ᠶᠢᠨ  ᠨᠡᠷᠡᠮᠡᠯ ᠤᠨ  ᠪᠠᠳᠠᠷᠠᠨ ᠭᠦᠭᠵᠢᠭᠰᠡᠨ ᠠᠴᠠ  ᠬᠤᠳᠠᠯᠳᠤᠭᠠᠴᠢᠨ   ᠲᠠᠰᠤᠷᠠᠰᠢ ᠦᠭᠡᠢ  ᠎ ᠲᠠᠭᠠᠨ ᠢᠷᠡᠵᠦ  ᠵᠡᠭᠡᠯᠢ ᠶᠢᠨ  ᠬᠤᠶᠠᠷ ᠵᠠᠬ᠎ᠠ ᠳᠤ  ᠡᠯᠳᠡᠪ ᠪᠠᠷᠠᠭ᠎ᠠ  ᠂ ᠡᠮ ᠤᠨ ᠲᠡᠯᠭᠡᠭᠦᠷ᠂  ᠲᠡᠭᠡᠷᠮ᠎ᠡ ᠶᠢᠨ ᠭᠡᠷ  ᠂  ᠬᠤᠭᠤᠯᠠᠨ ᠭᠡᠷ  ᠪᠦᠯᠦᠭ ᠪᠦᠯᠦᠭ ᠢᠶᠠᠷ  ᠠᠳᠠᠯ ᠪᠤᠰᠬᠠᠵᠤ  ᠨᠢᠭᠡ ᠬᠤᠭᠤᠴᠠᠭᠠᠨ ᠲᠡᠷᠭᠡ ᠮᠤᠷᠢᠨ ᠵᠦᠷᠢᠴᠡᠯᠳᠤᠵᠤ  ᠬᠦᠭᠵᠢᠯ ᠪᠠᠳᠠᠷᠠᠯ ᠤᠨ  ᠰᠢᠨᠵᠢ ᠢᠯᠡᠷᠡᠵᠠᠢ᠃  ᠳ᠋ᠦᠭ ᠬᠦᠢ ᠶᠢᠨ  ᠶᠠᠷᠢᠬᠤ ᠪᠠᠷ ᠲᠤᠬᠠᠢ ᠶᠢᠨ  ᠦᠶ᠎ᠡ ᠶᠢᠨ  ᠶᠦᠩ ᠱᠧᠩ ᠬᠤᠤ ᠶᠢᠨ  ᠵᠡᠭᠡᠯᠢ ᠶᠢᠨ  ᠬᠤᠶᠠᠷ ᠲᠠᠯ᠎ᠠ ᠶᠢᠨ  ᠲᠡᠯᠭᠡᠭᠦᠷ  ᠫᠦᠰᠡ ᠪᠤᠯᠪᠠᠯ ᠭᠤᠤᠯᠳᠠᠭᠤ  ᠄ ᠵᠡᠭᠡᠯᠢ ᠶᠢᠨ  ᠡᠮᠦᠨ᠎ᠡ ᠲᠠᠯ᠎ᠠ ᠳᠤ  ᠾᠧ ᠰᠢᠶᠠᠨ ᠵᠧᠦ  ᠡᠯᠳᠡᠪ ᠪᠠᠷᠠᠭᠠᠨ ᠤ ᠲᠡᠯᠭᠡᠭᠦᠷ᠂  ᠸᠠᠩ ᠱᠤᠤ ᠪᠠᠢ  ᠲᠡᠭᠡᠷᠡᠮ᠎ᠡ  ᠎ ᠶᠢᠨ ᠭᠡᠷ᠂  ᠸᠠᠩ ᠬᠠᠨ ᠴᠧᠨ  ᠡᠯᠳᠡᠪ ᠪᠠᠷᠠᠭ᠎ᠠ ᠶᠢᠨ  ᠲᠡᠯᠭᠡᠭᠦᠷ᠂  ᠳ᠋ᠢᠩ ᠶᠢᠦ  ᠴᠦᠨ  ᠎ ᠤ  ᠡᠯᠳᠡᠪ ᠪᠠᠷᠠᠭᠠᠨ ᠤ ᠲᠡᠯᠭᠡᠭᠦᠷ᠂  ᠃ ᠡᠭᠦᠨ ᠤ ᠲᠤᠮᠳᠠ ᠪᠠᠰᠠ  ᠬᠡᠳᠦᠨ  ᠦᠰᠦᠭ ᠤᠨ  ᠨᠡᠷ᠎ᠡ ᠪᠠᠶᠢᠨ᠎ᠠ᠃  ᠵᠢᠱᠢᠶᠡᠯᠡᠪᠡᠯ  ᠢᠥᠢ ᠲᠠᠢ ᠴᠠᠩ ᠤᠨ  ︵ᠶᠠᠩ ᠢᠦᠢ ᠰᠢᠶᠠᠩ︶  ᠂  ᠬᠤᠩ ᠱᠧᠩ  ᠴᠧᠩ  ︵ᠮᠠ ᠴᠢ ᠯᠢᠨ︶᠂ ᠰᠠᠨ ᠢ ᠶᠤᠸᠠᠨ  ︵ᠯᠢᠦ ᠰᠢᠶᠠᠩ ᠬᠤᠭᠤᠯᠠᠨ ᠭᠡᠷ︶  ᠃ ᠵᠡᠭᠡᠯᠢ ᠶᠢᠨ  ᠬᠤᠶᠢᠳᠤ ᠲᠠᠯ᠎ᠠ ᠳᠤ  ᠴᠢ ᠱᠧᠦ  ᠡᠯᠳᠡᠪ ᠪᠠᠷᠠᠭᠠᠨ ᠤ ᠲᠡᠯᠭᠡᠭᠦᠷ᠂  ᠮᠢᠨ ᠱᠧᠩ  ᠡᠮ ᠤᠨ ᠲᠡᠯᠭᠡᠭᠦᠷ  ︵ᠯᠤ᠋  ᠳ᠋ᠠ ᠱᠢᠶᠠᠨᠱᠧᠩ︶  ᠂ ᠴᠢᠩ  ᠹᠠ  ᠲᠡᠯᠭᠡᠰᠢ  ︵ᠶᠢᠨ ᠤᠪᠤᠭᠳᠤ︶᠂  ᠲᠠᠨ ᠤᠪᠤᠭᠳᠤ ᠶᠢᠨ   ᠲᠡᠭᠡᠷᠡᠮ᠎ᠡ ᠶᠢᠨ  ᠭᠡᠷ ︵ ᠲᠠᠨ ᠽᠢ  ᠮᠢᠩ︶  ᠂  ᠰᠥᠩ  ᠱᠦᠨ  ᠽᠠᠢ  ᠎ ᠤᠨ ᠡᠯᠳᠡᠪ ᠪᠠᠷᠠᠭᠠᠨ ᠤ ᠲᠡᠯᠭᠡᠭᠦᠷ᠂  ᠵᠠᠩ ᠢᠦᠢ ᠱᠢ ᠶᠢᠨ  ᠡᠯᠳᠡᠪ ᠪᠠᠷᠠᠭᠠᠨ ᠤ ᠲᠡᠯᠭᠡᠭᠦᠷ᠂  ᠯᠢ ᠤᠪᠤᠭᠳᠤ ᠶᠢᠨ  ᠡᠮ ᠤᠨ  ᠫᠦᠰᠡ᠂  ᠵᠠᠩ ᠸᠧᠨ ᠲᠤᠤ ᠶᠢᠨ  ᠡᠯᠳᠡᠪ ᠪᠠᠷᠠᠭᠠᠨ ᠤ ᠲᠡᠯᠭᠡᠭᠦᠷ᠂  ᠎ ᠶᠢᠨ ᠹᠧᠩ ᡂᠢ ᠶᠢᠨ  ᠡᠮ ᠤᠨ ᠲᠡᠯᠭᠡᠭᠦᠷ᠂  ᠭᠦᠸᠧ ᠤᠪᠤᠭᠳᠤ ᠎ ᠶᠢᠨ ᠡᠮ ᠤᠨ ᠲᠡᠯᠭᠡᠭᠦᠷ  ᠂ ᠹᠦ᠋ ᠱᠦᠨ ᠴᠧᠩ  ︵ᠯᠢᠦ ᠤᠪᠤᠭᠳᠤ  ︶  ᠃90 ᠤᠨ ᠳᠤ ᠤᠷᠤᠭᠰᠠᠨ ᠤ ᠲᠠᠷᠠᠭ᠎ᠠ ᠬᠠᠭᠤᠴᠢᠨ ᠴᠠᠭ ᠤᠨ  ᠶᠦᠩ ᠱᠧᠩ ᠬᠤᠤ  ᠎ ᠶᠢᠨ ᠰᠢᠷᠦᠢ ᠶᠢᠨ ᠵᠠᠮ  ᠨᠢᠭᠡᠨᠳᠡ ᠲᠤᠰᠤᠨ ᠵᠠᠮ ᠢᠶᠠᠷ ᠰᠤᠯᠢᠭᠳᠠᠵᠤ  ᠂ ᠲᠡᠯᠭᠡᠭᠦᠷ ᠫᠦᠰᠡ  ᠰᠢᠭᠤᠶᠢᠷᠠᠵᠤ᠂  ᠬᠤᠳᠠᠯᠳᠤᠭᠠᠴᠢᠨ  ᠠᠷᠠᠯᠵᠢᠴᠢᠨ ᠰᠦᠯᠵᠢᠯᠳᠤᠨ  ᠂ ᠨᠢᠭᠡᠨ  ᠬᠦᠭᠵᠢᠨ ᠮᠠᠨᠳᠤᠭᠰᠠᠨ ᠪᠠᠶᠢᠳᠠᠯ ᠢᠯᠡᠷᠡᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号