ᠡᠬᠡ ᠬᠡᠯᠡ | ᠤᠷᠢᠬᠠᠨ ᠬᠠᠪᠤᠷ ᠤᠨ ᠬᠠᠷᠢᠶᠠᠴᠠᠢ ᠶᠢᠨ ᠳᠠᠭᠤᠨ ᠰᠢᠭ᠋ | ᠤᠷᠠᠨ ᠳᠤᠳᠤ ᠳᠤᠭᠤᠯᠳᠠᠳᠠᠭ ᠬᠡᠯᠡ | ᠤᠶᠠᠬᠠᠨ ᠪᠦᠰᠡᠬᠦᠢ ᠶᠢᠨ ᠬᠠᠶᠢᠷ᠎ᠠ ᠶᠢᠨ ᠨᠢᠳᠦ ᠰᠢᠭ | ᠤᠶᠠᠨ ᠳᠤᠯᠠᠭᠠᠬᠠᠨ ᠰᠠᠨᠠᠭᠳᠠᠳᠠᠭ ᠬᠡᠯᠡ | ᠠᠳᠤᠭᠤᠨ ᠰᠤᠶᠤᠯ ᠤᠨ ᠳᠠᠮᠠᠭᠠᠨ ᠤ ᠮᠦᠷ ᠲᠠᠢ | ᠠᠯᠠᠭ ᠬᠤᠷᠸ᠎ᠠ ᠳᠤ ᠪᠠᠭ᠋ᠠᠷᠬᠠᠯ ᠲᠠᠢ ᠬᠡᠯᠡ | ᠠᠯᠳᠠᠨ ᠶᠠᠰᠤᠳᠠᠨ ᠤ ᠪᠠᠳᠤ ᠳᠠᠩᠭᠠᠷᠢᠭ ᠲᠠᠢ | ᠠᠮᠢᠨ ᠬᠠᠶᠢᠷᠠᠳᠠᠢ ᠡᠷᠳᠡᠨᠢ ᠶᠢᠨ ᠬᠡᠯᠡ | ᠨᠡᠬᠦᠳᠡᠯ ᠮᠠᠯᠵᠢᠯ ᠤᠨ ᠪᠠᠭᠤᠷᠢ ᠶᠢ ᠮᠠᠨᠠᠭᠰᠠᠨ | ᠬᠦᠬᠡ ᠳᠤᠯᠪᠤ ᠲᠠᠢ ᠤᠤᠭᠠᠯ ᠬᠡᠯᠡ | ᠨᠠᠢᠮᠠᠨ ᠬᠠᠨᠠᠳᠤ ᠶᠢᠨ ᠳᠤᠭᠤᠨᠤ ᠪᠠᠷ ᠳᠤᠭᠯᠠᠭᠰᠠᠨ | ᠬᠦᠬᠡ ᠠᠷᠭᠠᠯ ᠤᠨ ᠤᠳᠤᠭ᠎ᠠ ᠲᠠᠢ ᠬᠡᠯᠡ | ᠨᠤᠮᠢᠨ ᠪᠠᠶᠢᠭᠠᠯᠢ ᠶᠢᠨ ᠬᠦᠳᠦᠰᠤᠨ ᠳᠤ ᠠᠩᠬᠢᠯᠤᠭᠰᠠᠨ | ᠠᠭᠠᠭ ᠤᠨ ᠦᠨᠦᠷ ᠲᠠᠢ ᠠᠷᠢᠭᠤᠨ ᠬᠡᠯᠡ | ᠨᠠᠭᠤᠷ ᠤᠨ ᠰᠢᠪᠠᠭᠤᠳ ᠤᠨ ᠬᠡᠯᠡ ᠪᠠᠷ ᠳᠠᠭᠤᠯᠠᠭᠰᠠ | ᠡᠬᠡᠰᠢᠭ ᠤᠶᠠᠩᠭ᠎ᠠ ᠲᠠᠢ ᠢᠷᠠᠭᠤ ᠬᠡᠯᠡ | ᠳᠡᠤᠬᠡ ᠪᠤᠯᠪᠠᠰᠤᠨ ᠢ ᠴᠠᠶᠢᠯᠭᠠᠨ ᠢᠶᠠᠷ ᠴᠠᠳᠢᠭᠯᠠᠭᠰᠠᠨ | ᠲᠦᠷᠦᠯᠬᠢ ᠤᠬᠠᠭᠠᠨ ᠲᠠᠢ ᠮᠦᠩᠬᠡ ᠬᠡᠯᠡ | ᠳᠡᠭᠷᠢ ᠶᠢᠨ ᠪᠤᠳᠤᠭᠤ ᠰᠢᠭ᠋ ᠬᠤᠯᠠ ᠶᠢ ᠴᠢᠩᠨᠠᠭᠰᠠᠨ | ᠳᠡᠬᠡᠳᠤᠰ ᠤᠨ ᠵᠠᠶᠠᠭ᠎ᠠ ᠲᠠᠢ ᠳᠡᠭᠷᠢ ᠶᠢᠨ ᠬᠡᠯᠡ | ᠵᠤᠬᠢᠶᠠᠭᠴᠢ᠄ ᠲᠤᠭᠴᠢ ᠯᠤᠪᠰᠠᠩ鲁布森 ︵ᠪᠢᠴᠢᠭ ᠤᠨ ᠨᠡᠷ᠎ᠡ ᠨᠢ ᠴᠢ᠊᠂ ᠨᠠᠴᠢᠨ︶᠂ ᠬᠠᠷᠢᠯᠴᠠᠬᠤ | ᠤᠳᠠᠰᠤ᠄ 136 1487 6979᠃ | ᠬᠠᠶ᠋ᠢᠭ᠄ ᠤᠷᠳᠤᠰ ᠬᠤᠳᠠ ᠶᠢᠨ ᠦᠤᠰᠢᠨ ᠬᠤᠰᠢᠭᠤᠨ ᠤ ᠮᠤᠩᠭᠤᠯ ᠳᠤᠷᠰᠢᠯᠳᠠ ᠶᠢᠨ ᠪᠠᠭ᠎ᠠ | ᠰᠤᠷᠭᠠᠭᠤᠯᠢ ︵鄂尔多斯市乌审旗蒙古族实验小学︶᠃ | |