ᠴᠦᠨ ᠴᠢᠦ ᠶᠢᠨ  ᠰᠡᠭᠦᠯᠴᠢ ᠶᠢᠨ  ᠦᠶ᠎ᠡ᠂  ᠪᠠᠶᠢᠯᠳᠤᠭᠠᠳᠤ ᠤᠯᠤᠰ ᠤᠨ  ᠡᠬᠢᠨ ᠎ ᠤ ᠦᠶ᠎ᠡ ᠶᠢᠨ  ᠰᠢᠷ᠎ᠠ ᠦᠨᠳᠤᠷ ᠤᠨ  ᠡᠷᠳᠡᠨ  ᠬᠦᠮᠦᠨ  ᠰᠦᠷᠦᠭ  ︵    ᠲᠥᠷᠪᠡ ︶
ᠨᠡᠶᠢᠲᠡᠯᠡᠭᠰᠡᠨ ᠴᠠᠭ᠄
2020/8/11
ᠲᠥᠷᠪᠡ  ᠂ ᠤᠩᠭᠤᠨ ᠢ  ᠲᠦᠢᠪᠡᠭᠡᠭᠰᠡᠨ  ᠪᠠᠶᠢᠳᠠᠯ ᠤᠨ  ᠲᠤᠬᠠᠢ ᠡᠮᠦᠨ᠎ᠡ ᠶᠠᠷᠢᠭᠰᠨ ᠰᠢᠭ᠋ ᠪᠠᠷ  ᠵᠢᠩ ᠭᠧᠦ  ᠽᠢ ᠶᠢᠨ  ᠪᠠᠷᠠᠭᠤᠨ ᠲᠤᠭᠤᠷᠢᠭ ᠤᠨ  ᠤᠩᠭᠤᠨ ᠤ  ᠤᠯᠠᠩᠬᠢ ᠨᠢ  ᠬᠦᠮᠦᠨ ᠳᠤ ᠬᠦᠳᠡᠯᠭᠡᠭᠳᠡᠵᠦ ᠦᠩᠭᠡᠷᠡᠭᠰᠡᠨ  ᠢᠮ ᠤᠷᠤᠮ ᠲᠠᠢ᠃  ᠲᠡᠭᠦᠨ ᠳᠤ ᠪᠠᠰᠠ  ᠪᠦᠷᠢᠮᠦᠰᠤᠨ ᠡᠪᠳᠡᠭᠳᠡᠭᠰᠡᠨ  ᠂ ᠬᠡᠰᠡᠭ ᠪᠦᠯᠦᠭ  ᠲᠦᠢᠪᠡᠭᠡᠭᠳᠡᠭᠰᠡᠨ  ᠪᠠᠶᠢᠳᠠᠯ ᠲᠠᠢ᠃  ᠤᠨᠴᠠᠭᠠᠶᠢᠯᠠᠨ  ᠬᠡᠭᠦᠷ  ᠎ ᠤᠨ ᠲᠡᠭᠡᠷ᠎ᠡ ᠬᠠᠭᠠᠰ ᠪᠡᠶ᠎ᠡ  ᠎ ᠲᠠᠢ ᠨᠢ ᠤᠷᠤᠯᠳᠤᠭᠰᠠᠨ ᠪᠠᠶᠢᠳᠠᠯ ᠨᠢ ᠲᠤᠤᠷ᠎ᠠ ᠬᠠᠭᠠᠰ ᠪᠡᠶ᠎ᠡ  ᠎ ᠶᠢ ᠨᠢ ᠬᠦᠳᠡᠯᠭᠡᠭᠰᠡᠨ ᠪᠠᠶᠢᠳᠠᠯ ᠎ ᠠᠴᠠ  ᠢᠯᠡᠷᠡᠭᠡᠢ ᠤᠯᠠᠨ᠃  ᠪᠠᠰᠠ ᠲᠤᠯᠤᠭᠠᠢ  ᠎ ᠶᠢᠨ ᠶᠠᠰᠤ ᠶᠢ  ᠰᠢᠯᠵᠢᠭᠦᠯᠵᠤ  ᠰᠢᠷᠦᠢ ᠲᠤᠮᠳᠠ ᠬᠠᠶᠠᠭᠰᠠᠨ ᠪᠠᠶᠢᠳᠠᠯ ᠴᠦ ᠪᠤᠢ  ᠃ ᠭᠡᠰᠡᠭ ᠪᠦᠯᠦᠭ  ᠲᠦᠢᠪᠡᠭᠡᠭᠰᠡᠨ ᠪᠠᠶᠢᠳᠠᠯ ᠨᠢ  ᠵᠠᠷᠢᠮ ᠤᠩᠭᠤᠨ ᠤ ᠠᠮᠰᠠᠷ  ᠎ ᠤᠨ  ᠰᠢᠷᠦᠢ ᠬᠢᠭᠡᠳ  ᠤᠤᠯ ᠤᠨ  ᠪᠤᠯᠠᠭᠰᠠᠨ ᠰᠢᠷᠦᠢ ᠲᠠᠢ ᠨᠢ ᠢᠯᠭᠠᠭᠳᠠᠨ᠎ᠠ᠃  ᠲᠦᠢᠪᠡᠭᠡᠭᠳᠡᠭᠰᠡᠨ ᠤᠩᠭᠤᠨ ᠤ  ᠠᠮᠰᠠᠷ  ᠂  ᠬᠠᠨ᠎ᠠ᠂  ᠬᠠᠩᠵᠤ  ᠵᠡᠷᠭᠡ ᠨᠢ ᠨᠢᠭᠡᠨᠳᠡ  ᠡᠷᠦᠢ ᠬᠤᠷᠦᠢ ᠦᠭᠡᠢ  ᠪᠤᠯᠵᠤ  ᠂ ᠬᠦᠳᠡᠯᠭᠡᠵᠦ ᠦᠩᠭᠡᠷᠡᠭᠰᠡᠨ ᠰᠢᠷᠦᠢ ᠲᠤᠮᠳᠠ  ᠶᠠᠰᠤᠨ ᠬᠡᠯᠳᠡᠷᠭᠡᠢ   ᠪᠠ  ᠰᠠᠳᠠᠭᠠᠯᠠᠭᠰᠠᠨ ᠪᠤᠳᠠᠰ  ᠰᠠᠴᠤᠭᠳᠠᠵᠤ  ᠂ ᠤᠯᠠᠩᠬᠢ ᠶᠢᠨ ᠬᠢᠨᠢ  ᠲᠤᠯᠤᠭᠠᠢ ᠎ ᠶᠢᠨ  ᠶᠠᠰᠤ ᠪᠡ ᠡᠷᠡᠦ ᠨᠢ ᠰᠠᠯᠤᠩᠬᠢᠷᠠᠵᠠᠢ᠃  ᠵᠠᠷᠢᠮ  ᠤᠩᠭᠤᠨ ᠤ  ᠭᠡᠭᠦᠷ ᠶᠠᠰᠤ ᠨᠢ ᠲᠤᠳᠠᠭᠤ᠂  ᠵᠠᠷᠢᠮ ᠤᠩᠭᠤᠨ  ᠎ ᠨᠢ  ᠪᠤᠰᠤᠳ ᠬᠦᠮᠦᠨ ᠶᠠᠰᠤ ᠤᠷᠤᠵᠤ ᠢᠷᠡᠭᠰᠡᠨ  ᠪᠠᠶᠢᠳᠠᠯ ᠤᠯᠠᠨ᠃  ᠪᠠᠰᠠ ᠵᠠᠷᠢᠮ ᠲᠦᠢᠪᠡᠭᠡᠭᠳᠡᠵᠦ ᠦᠩᠭᠡᠷᠡᠭᠰᠡᠨ ᠬᠤᠶᠠᠷ ᠠᠳᠠᠯᠢ ᠪᠤᠰᠤ ᠤᠩᠭᠤᠨ ᠠᠴᠠ ᠢᠯᠡᠷᠡᠭᠰᠡᠨ  ᠱᠠᠭᠠᠵᠠᠩ ᠤᠨ    ᠭᠡᠯᠳᠡᠷᠭᠡᠢ ᠨᠢ  ᠬᠠᠷᠢᠨ ᠨᠢᠭᠡᠨ ᠪᠦᠷᠢᠨ ᠪᠦᠳᠦᠨ ᠱᠠᠭᠠᠵᠠᠩ ᠰᠠᠪᠠ  ᠎ ᠶᠢ  ᠵᠦᠢᠵᠤ ᠪᠤᠯᠭᠠᠵᠤ ᠪᠤᠯᠳᠠᠭ᠃  ᠵᠠᠷᠢᠮ ᠤᠩᠭᠤᠨ  ᠎ ᠤ ᠭᠡᠭᠦᠷ  ᠶᠠᠰᠤᠨ   ᠮᠦᠴᠨ ᠦᠶ᠎ᠡ ᠳᠤ ᠭᠦᠨ ᠭᠡᠭᠴᠢ  ᠬᠦᠷᠡᠯ ᠤᠨ  ᠵᠢᠪᠡ  ᠎ ᠶᠢᠨ ᠤᠷᠤᠮ ᠲᠠᠢ  ᠂ ᠭᠡᠳᠡᠯ᠎ᠡ ᠴᠡᠪᠡᠷᠡᠯᠡᠵᠦ ᠪᠠᠷᠠᠭᠰᠠᠨ ᠤ ᠲᠠᠷᠠᠭ᠎ᠠ  ᠬᠠᠷᠢᠯᠴᠠᠨ ᠲᠤᠬᠢᠷᠠᠬᠤ  ᠬᠦᠷᠡᠯ  ᠪᠠᠭᠠᠵᠢ  ᠬᠠᠷᠠᠭᠳᠠᠭᠰᠠᠨ ᠦᠭᠡᠢ  ᠃ ᠨᠢᠭᠡᠨᠳᠡ  ᠢᠯᠡᠷᠡᠭᠰᠡᠨ  ᠬᠦᠷᠡᠯ  ᠰᠡᠯᠡᠮ᠎ᠡ  ᠎ ᠨᠢ ᠨᠡᠯᠢᠶᠡᠳ ᠤᠷᠳᠤ  ᠬᠦᠷᠡᠯ ᠪᠠᠭᠠᠵᠢ ᠮᠦᠨ  ᠃ ᠨᠢᠭᠡ ᠨᠢ ᠬᠠᠨ᠎ᠠ  ᠲᠦᠰᠢᠭᠦᠯᠦᠨ ᠲᠠᠯᠪᠢᠭᠰᠠᠨ ᠭᠡᠭᠦᠷ ᠤᠨ  ᠨᠢᠷᠤᠭᠤᠨ  ᠎ ᠳᠤ  ᠲᠠᠯᠪᠢᠵᠤ ᠪᠠᠶᠢᠵᠠᠢ᠃  ᠨᠦᠭᠦᠭᠡ ᠨᠢ  ᠪᠠᠰᠠ  ᠬᠠᠨ᠎ᠠ ᠎ ᠲᠠᠢ  ᠢᠪ ᠨᠠᠭᠠᠯᠳᠤᠵᠤ  ᠪᠠᠶᠢᠵᠠᠢ᠃  ᠲᠡᠳᠡᠨᠡᠷ ᠤᠨ  ᠦᠯᠡᠳᠡᠭᠳᠡᠭᠰᠡᠨ  ᠎ ᠨᠢ ᠭᠡᠨᠡᠳᠳᠡ ᠶᠢᠨ  ᠪᠠᠶᠢᠳᠠᠯ ᠲᠠᠢ  ᠃ ᠭᠡᠳᠡᠯ᠎ᠡ  ᠵᠦᠢᠯ ᠵᠦᠢᠯ  ᠎ ᠤᠨ  ᠢᠮ ᠤᠷᠤᠮ ᠤᠨ  ᠬᠡᠷᠡᠴᠢᠯᠡᠭᠰᠡᠨ ᠢᠶᠠᠷ  ᠡᠨᠡᠬᠦ  ᠤᠩᠭᠤᠨ  ᠎ ᠤ ᠲᠦᠢᠪᠡᠭᠡᠭᠳᠡᠭᠰᠡᠨ  ᠦᠵᠡᠭᠳᠡᠯ ᠨᠢ  ᠬᠤᠵᠢᠮ ᠤᠨ  ᠶᠠᠪᠤᠳᠠᠯ  ᠪᠢᠰᠢ  ᠂ ᠪᠠᠷᠤᠭ  ᠎ ᠲᠠᠭᠠᠨ  ᠭᠠᠵᠠᠷ ᠤᠨ  ᠨᠢᠭᠤᠷ ᠲᠡᠭᠡᠷ᠎ᠡ ᠠᠴᠠ  ᠤᠩᠭᠤᠨ  ᠎ ᠤ  ᠤᠷᠤ ᠪᠠᠶᠢᠷᠢ ᠶᠢ ᠤᠨᠤᠪᠴᠢᠳᠠᠢ  ᠨᠤᠳᠠᠯᠠᠵᠤ ᠴᠢᠳᠠᠬᠤ ᠴᠠᠭ ᠬᠤᠭᠤᠴᠠᠭᠠᠨ ᠳᠤ ᠲᠦᠢᠪᠡᠭᠡᠭᠳᠡᠭᠰᠡᠨ ᠲᠦᠯᠦᠪᠳᠠᠢ᠃  ᠤᠷᠤᠰᠢᠭᠤᠯᠤᠭᠰᠠᠨ  ᠴᠠᠭ ᠬᠤᠭᠤᠴᠠᠭ᠎ᠠ ᠠᠴᠠ  ᠨᠡᠯᠢᠶᠡᠳ ᠤᠶᠢᠷ᠎ᠠ  ᠃  ᠤᠯᠠᠨ ᠤᠩᠭᠤᠨ  ᠠᠳᠠᠯᠢ ᠬᠤᠭᠤᠴᠠᠭᠠᠨ ᠳᠤ ᠵᠡᠷᠭᠡᠪᠡᠷ ᠲᠦᠢᠪᠡᠭᠡᠭᠳᠡᠵᠠᠢ  ᠃  ᠡᠶᠢᠮᠦ ᠪᠠᠶᠢᠳᠠᠯ ᠤᠨ  ᠤᠩᠭᠤᠨ ᠲᠠᠢ ᠤᠷᠤᠯᠳᠤᠬᠤ ᠪᠠᠶᠢᠳᠠᠯ ᠨᠢ ᠭᠠᠨᠰᠤ᠂ ᠬᠦᠭᠡᠨᠠᠭᠤᠷ ᠤᠷᠤᠨ ᠤ ᠬᠦᠷᠡᠯ ᠰᠤᠶᠤᠯ  ᠂ ᠤᠨᠴᠠᠭᠠᠶᠢᠯᠠᠨ  ᠬᠦᠭᠡᠨᠠᠭᠤᠷ ᠤᠨ  ᠺᠠᠶᠤᠸᠠᠢ   ᠰᠤᠶᠤᠯ  ᠎ ᠳᠤ ᠦᠷᠭᠦᠯᠵᠢ ᠲᠤᠬᠢᠶᠠᠯᠳᠤᠳᠠᠭ᠃  ᠰᠤᠨᠤᠰᠤᠬᠤᠯᠠᠷ  ᠺᠠᠶᠤᠸᠠᠢ ᠰᠤᠶᠤᠯ ᠤᠨ   ᠤᠩᠭᠤᠨ ᠤ ᠡᠪᠳᠡᠭᠳᠡᠯ  ᠎ ᠳᠤ  ︽ᠰᠠᠳᠠᠭᠠᠯᠠᠭᠰᠠᠨ ᠪᠤᠳᠠᠰ  ᠎ ᠢ ᠨᠢ  ᠪᠠᠷᠤᠭ  ᠬᠦᠳᠡᠯᠭᠡᠵᠦ  ᠡᠪᠳᠡᠳᠡᠭ  ᠦᠭᠡᠢ︾ ᠭᠡᠳᠡᠯ᠎ᠡ    ︽ᠲᠦᠢᠪᠡᠭᠡᠭᠳᠡᠭᠰᠡᠨ ᠤᠩᠭᠤᠨ ᠤ ᠤᠯᠠᠩᠬᠢ ᠨᠢ  ᠭᠡᠭᠦᠷ ᠶᠠᠰᠤ ᠨᠢ ᠡᠷᠦᠢ ᠬᠤᠷᠤᠢ ᠦᠭᠡᠢ ᠪᠤᠯᠵᠤ  ᠂ ᠤᠯᠠᠨ ᠲᠤᠭᠠᠨ ᠎ ᠤ  ᠲᠡᠷᠢᠭᠦᠨ ᠤ ᠶᠠᠰᠤ ᠶᠢ ᠬᠡᠮᠭᠡᠯᠡᠵᠦ ᠤᠷᠬᠢᠳᠠᠭ  ︾᠃ ᠡᠨᠡᠬᠦ ᠪᠠᠶᠢᠳᠠᠯ ᠳᠤ ᠴᠢᠭᠯᠡᠭᠦᠯᠦᠨ  ᠬᠦᠭᠡᠨᠠᠭᠤᠷ ᠤᠨ  ᠰᠢᠨᠵᠢᠯᠡᠬᠦ ᠤᠬᠠᠭᠠᠨᠳᠠᠨ ᠨᠠᠷ ᠨᠡᠶᠢᠳᠡᠮ  ᠎ ᠲᠡᠭᠡᠨ  ︽ᠡᠨᠡ ᠪᠤᠯᠪᠠᠯ ᠡᠷᠳᠡᠨ ᠤ ᠬᠦᠮᠦᠨ ᠤ  ᠪᠠᠯᠠᠷ ᠡᠷᠳᠡᠨ ᠤ ᠱᠠᠰᠢᠨ ᠰᠢᠳᠦᠯᠭᠡ ᠶᠢᠨ  ᠶᠠᠮᠠᠷ ᠨᠢᠭᠡ ᠵᠤᠷᠢᠯᠭ᠎ᠠ ᠠᠴᠠ  ᠡᠭᠦᠰᠴᠦ  ᠠᠪᠤᠭᠰᠠᠨ ᠨᠢᠭᠡ ᠵᠦᠢᠯ ᠤᠨ  ᠤᠷᠤᠰᠢᠭᠤᠯᠭ᠎ᠠ ᠠᠴᠠ  ᠪᠤᠢ ᠪᠤᠯᠵᠠᠢ  ︾ ᠭᠡᠵᠦ ᠦᠵᠡᠵᠦ  ︽ᠬᠤᠶᠠᠳᠤᠭᠠᠷ ᠤᠳᠠᠭᠠᠨ ᠤ  ᠲᠦᠢᠪᠡᠭᠡᠯᠭᠡ  ︾ ᠭᠡᠵᠦ  ᠨᠡᠷᠡᠯᠡᠵᠠᠢ᠃  ᠦᠨᠡᠨ ᠎ ᠲᠡᠭᠡᠨ  ᠵᠡᠭᠦᠨ ᠬᠤᠶᠢᠳᠤ ᠶᠢᠨ  ᠡᠯ᠎ᠡ ᠭᠠᠵᠠᠷ᠂  ᠬᠠᠷᠠᠮᠦ᠋ᠷᠡᠨ ᠤ ᠵᠢᠶᠠᠩ ᠲᠠᠢ ᠫᠢᠩ ᠶᠠᠩ  ᠂ ᠨᠧ ᠺᠧ  ᠡᠯ ᠺᠧ ᠴᠢᠶᠠᠨ᠂  ᠦᠪᠦᠷ ᠮᠤᠩᠭᠤᠯ ᠤᠨ  ᠠᠤᠬᠠᠨ  ᠎ ᠤ  ᠵᠧᠦ ᠵᠢᠶᠠ ᠳ᠋ᠢ ᠵᠡᠷᠭᠡ ᠭᠠᠵᠠᠷ ᠤᠨ  ᠤᠩᠭᠤᠨ ᠳᠤ ᠴᠦ  ᠡᠶᠢᠮᠦ ᠪᠠᠶᠢᠳᠠᠯᠳᠠᠢ   ᠲᠦᠢᠪᠡᠭᠡᠭᠳᠡᠭᠰᠡᠨ  ᠤᠩᠭᠤᠨ ᠢᠯᠡᠷᠡᠭᠰᠡᠨ᠂  ᠭᠡᠳᠡᠯ᠎ᠡ  ᠠᠭᠤᠳᠠᠯᠯᠠᠭᠴᠢ ᠨᠠᠷ  ᠤᠯᠠᠩᠬᠢ ᠳᠠᠭᠠᠨ  ᠡᠨᠡ ᠪᠤᠯᠪᠠᠯ ᠬᠤᠶᠠᠳᠤᠭᠠᠷ ᠤᠳᠠᠭᠠᠨ ᠤ ᠤᠷᠤᠰᠢᠭᠤᠯᠭ᠎ᠠ ᠪᠤᠶᠤ ᠬᠤᠯᠤᠭᠠᠨ᠎ᠠ ᠵᠤᠷᠮ᠎ᠠ  ᠬᠦᠳᠡᠯᠭᠡᠭᠰᠡᠨ ᠠᠴᠠ  ᠪᠤᠯᠵᠠᠢ ᠭᠡᠵᠦ ᠦᠵᠡᠳᠡᠭ᠃  ᠵᠢᠩ ᠭᠧᠦ ᠽᠢ ᠶᠢᠨ ᠠᠭᠤᠳᠠᠯᠠᠨ ᠢᠯᠡᠷᠡᠭᠦᠯᠦᠯᠳᠡ ᠠᠴᠠ  ᠦᠵᠡᠪᠡᠯ  ᠡᠨᠡᠬᠦ ᠤᠩᠭᠤᠨ ᠎ ᠢ  ᠡᠪᠳᠡᠬᠦ  ᠪᠠᠶᠢᠳᠠᠯ ᠨᠢ  ᠭᠡᠪ ᠤᠨ  ᠪᠤᠰᠤ ᠪᠠᠶᠢᠳᠠᠯ  ᠎ ᠤᠨ ᠤᠷᠤᠰᠢᠭᠤᠯᠭ᠎ᠠ ᠠᠴᠠ  ᠪᠤᠢ ᠪᠤᠯᠤᠭᠰᠠᠨ  ᠪᠢᠰᠢ᠂  ᠨᠡᠩ ᠴᠦ ᠬᠤᠯᠤᠭᠠᠨ᠎ᠠ ᠵᠤᠷᠮ᠎ᠠ  ᠎ ᠤᠨ  ᠬᠦᠳᠡᠯᠭᠡᠭᠰᠡᠨ ᠵᠦᠢᠯ ᠪᠢᠰᠢ  ᠃ ᠴᠢᠨᠠᠭᠰᠢᠯᠡᠪᠠᠯ ᠵᠠᠷᠢᠮ ᠬᠦᠮᠦᠨ  ᠡᠨᠡ ᠪᠤᠯᠪᠠᠯ ᠨᠢᠭᠡ ᠵᠦᠢᠯ ᠤᠨ  ︽ᠤᠨᠴᠠᠭᠠᠢ ᠤᠷᠤᠰᠢᠭᠤᠯᠠᠭ᠎ᠠ  ᠎ ᠶᠢᠨ ᠶᠤᠰᠤ  ︾  ᠂ ᠡᠰᠡᠭᠦᠯ᠎ᠡ ᠬᠡᠷᠬᠢᠨ  ᠨᠢᠭᠡᠯᠭᠡᠨ  ᠪᠦᠯᠦᠭ ᠤᠩᠭᠤᠨ ᠤ ᠲᠤᠳᠤᠷ᠎ᠠ  ᠪᠠᠰᠠ 4 ᠤᠩᠭᠤᠨ ᠨᠢ  ᠶᠠᠭᠠᠬᠢᠭᠠᠳ ᠡᠶᠢᠮᠦ  ︽ᠤᠷᠤᠰᠢᠭᠤᠯᠠᠭ᠎ᠠ  ︾᠎ ᠶᠢᠨ ᠶᠤᠰᠤ  ᠎ ᠪᠠᠷ ᠶᠠᠪᠤᠭᠳᠠᠭᠰᠠᠨ ᠦᠭᠡᠢ ᠪᠤᠢ  ︖ ᠤᠳᠤᠬᠠᠨ ᠤ  ᠠᠵᠢᠭᠯᠠᠵᠤ ᠤᠯᠤᠭᠰᠠᠨ ᠠᠯᠢᠪᠠ  ᠢᠮ ᠵᠢᠷᠤᠭ ᠎ ᠠᠴᠠ  ᠦᠵᠡᠪᠡᠯ  ᠂ ᠡᠨᠡᠬᠦ  ᠤᠩᠭᠤᠨ ᠲᠦᠢᠪᠡᠭᠡᠬᠦ ᠬᠡᠯᠪᠡᠷᠢ ᠨᠢ ᠡᠷᠳᠡᠨ  ᠎ ᠤ  ᠤᠩᠭᠤᠨ  ᠬᠤᠯᠠᠭᠠᠶᠢᠯᠠᠭᠴᠢ  ᠨᠠᠷ  ᠪᠤᠢ ᠪᠤᠯᠭᠠᠵᠠᠢ  ᠃  ᠤᠯᠠᠩᠬᠢ ᠤᠩᠭᠤᠨ ᠤ  ᠲᠡᠭᠡᠷ᠎ᠡ ᠬᠠᠭᠠᠰ ᠪᠡᠶ᠎ᠡ ᠨᠢ  ᠲᠦᠢᠪᠡᠭᠡᠭᠳᠡᠵᠦ  ᠡᠪᠳᠡᠭᠳᠡᠰᠡᠨ  ᠭᠤᠤᠯ ᠰᠢᠯᠳᠠᠭᠠᠨ ᠨᠢ ᠰᠠᠳᠠᠭᠠᠯᠠᠨ ᠤᠷᠤᠰᠢᠭᠤᠯᠤᠭᠰᠠᠨ  ᠪᠤᠳᠠᠰ ᠤᠨ   ᠤᠯᠠᠩᠬᠢ ᠨᠢ ᠲᠡᠭᠡᠷ᠎ᠡ ᠬᠠᠭᠠᠰ ᠪᠡᠶ᠎ᠡ ᠳᠤ ᠨᠢ  ᠲᠠᠷᠦᠢ  ᠲᠤᠯᠤᠭᠠᠢ᠂  ᠨᠢᠷᠤᠭᠤ  ᠎ ᠶᠢᠨ  ᠬᠡᠰᠡᠭ ᠲᠤ ᠨᠢ ᠲᠦᠪᠯᠡᠷᠡᠵᠦ  ᠪᠠᠶᠢᠳᠠᠭ ᠲᠠᠢ ᠬᠤᠯᠪᠤᠭ᠎ᠠ ᠲᠠᠢ᠃  ᠡᠭᠦᠨ ᠎ ᠢᠶᠠᠷ ᠪᠠᠷᠠᠬᠤ ᠦᠭᠡᠢ ᠡᠶᠢᠮᠦᠷᠭᠦᠨ ᠤᠩᠭᠤᠨ ᠲᠦᠢᠪᠡᠭᠡᠬᠦ ᠪᠠᠶᠢᠳᠠᠯ  ᠵᠦᠪᠭᠡᠨ ᠲᠤᠮᠳᠠᠳᠤ  ᠤᠯᠤᠰ ᠤᠨ  ᠤᠮᠠᠷᠠᠳᠤ ᠬᠢᠵᠠᠭᠠᠷ ᠤᠨ  ᠦᠷᠭᠡᠨ ᠠᠭᠤᠳᠠᠮ ᠨᠤᠳᠤᠭ ᠲᠡᠪᠢᠰᠭᠡᠷ  ᠯᠡ ᠭᠠᠷᠤᠭᠰᠠᠨ ᠪᠢᠰᠢ  ᠂ ᠬᠠᠷᠢᠨ  ᠧᠦ᠋ᠷᠦᠫᠡ  ᠂ ᠠᠽᠢᠶ᠎ᠠ ᠶᠢᠨ  ᠦᠷᠭᠡᠨ ᠠᠭᠤᠳᠠᠮ  ᠲᠠᠯ᠎ᠠ ᠨᠤᠳᠤᠭ ᠤᠨ ᠵᠡᠭᠦᠨ ᠬᠡᠰᠡᠭ ᠤᠨ  ᠭᠤᠤᠯ  ᠭᠡᠰᠡᠭ ᠢᠶᠠᠷ ᠦᠷᠭᠡᠨ ᠢᠶᠠᠷ  ᠲᠠᠯᠭᠡᠷᠡᠵᠦ  ᠂  ᠴᠠᠭ ᠬᠤᠭᠤᠴᠠᠭ᠎ᠠ ᠨᠢ ᠶᠡᠭᠡ ᠲᠦᠯᠦᠪ  ᠤᠩᠭᠤᠨ ᠲᠤᠳᠤᠷ᠎ᠠ ᠶᠡᠭᠡ  ᠭᠡᠮᠵᠢᠶ᠎ᠡ ᠪᠠᠷ  ᠲᠡᠮᠦᠷᠯᠢᠭ  ᠪᠤᠳᠠᠰ ᠲᠠᠭᠠᠭᠤᠯᠤᠨ ᠤᠷᠤᠰᠢᠭᠤᠯᠵᠤ ᠪᠠᠶᠢᠭᠰᠠᠨ ᠬᠦᠷᠡᠯ ᠵᠡᠪᠰᠡᠭ ᠤᠨ ᠰᠡᠭᠦᠯᠴᠢ ᠶᠢᠨ  ᠬᠤᠭᠤᠴᠠᠭ᠎ᠠ ᠪᠤᠶᠤ ᠲᠡᠮᠦᠷ ᠵᠡᠪᠰᠡᠭ ᠤᠨ  ᠠᠩᠬᠠᠨ ᠤ ᠬᠤᠭᠤᠴᠠᠭ᠎ᠠ  ᠪᠠᠶᠢᠵᠤ  ᠂ ᠲᠦᠢᠪᠡᠭᠡᠭᠳᠡᠭᠰᠡᠨ ᠬᠡᠭᠦᠷ ᠢᠵᠠᠭᠤᠷ  ᠎ ᠨᠢ  ᠮᠠᠯ ᠮᠠᠯᠵᠢᠬᠤ  ᠪᠤᠶᠤ ᠵᠢᠭᠠᠰᠤ ᠠᠩᠨᠠᠵᠤ  ᠠᠵᠤ ᠠᠬᠤᠢ ᠪᠡ ᠭᠤᠤᠯ  ᠎ ᠪᠠᠷ ᠭᠤᠤᠯ ᠦᠢᠯᠡᠳᠪᠤᠷᠢᠯᠡᠯ ᠪᠤᠯᠭᠠᠵᠤ ᠪᠠᠶᠢᠭᠰᠠᠨ  ᠬᠦᠮᠦᠰ ᠪᠠᠶᠢᠵᠤ  ᠂ ᠬᠦᠮᠦᠰ ᠤᠨ  ᠭᠤᠤᠯ ᠬᠦᠳᠡᠯᠮᠦᠷᠢ ᠶᠢᠨ  ᠪᠠᠭᠠᠵᠢ ᠨᠢ  ᠨᠡᠯᠢᠶᠡᠳ ᠶᠡᠭᠡ ᠬᠦᠳᠡᠯᠭᠡᠨᠳᠤ  ᠴᠢᠨᠠᠷᠳᠠᠢ  ᠃ ᠡᠨᠡ  ᠪᠤᠯᠪᠠᠯ  ᠦᠨᠡᠩᠬᠦ    ᠠᠩᠬᠠᠷᠤᠪᠠᠰᠤ  ᠵᠤᠬᠢᠬᠤ   ᠦᠵᠡᠭᠳᠡᠯ ᠮᠦᠨ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号