ᠶᠢᠰᠦᠨ ᠰᠠᠷ᠎ᠠ ᠶᠢᠨ ᠨᠢᠭᠡᠨ
ᠨᠡᠶᠢᠲᠡᠯᠡᠭᠰᠡᠨ ᠴᠠᠭ᠄
2020-07-29
                   — ᠦᠢᠯᠡᠰ        ᠦᠨᠦᠳᠦᠷ ᠲᠡᠭᠷᠢ ᠲᠠᠯᠪᠢᠭᠤᠷᠠᠵᠤ ᠡᠬᠦᠯᠡᠰ ᠬᠦᠪᠪᠦᠯᠵᠡᠭᠰᠡᠨ ᠰᠠᠶᠢᠬᠠᠨ ᠡᠳᠦᠷ᠃ ᠬᠦᠮᠦᠰ ᠵᠦᠭ ᠪᠦᠷᠢ ᠠᠴᠠ ᠬᠤᠳᠠ ᠶᠢᠨ ᠮᠤᠩᠭᠤᠯ ᠴᠡᠴᠡᠷᠯᠢᠭ ᠲᠤ ᠬᠡᠦᠬᠡᠳ ᠢᠶᠠᠨ ᠬᠦᠷᠭᠡᠨ ᠢᠷᠡᠵᠦ ᠪᠠᠶᠢᠯ᠎ᠠ᠃    ᠭᠠᠨᠳᠢᠭᠪᠦ᠋ᠷᠬᠦᠳ ᠪᠤᠯᠤᠨ ᠨᠠᠷᠠᠨᠰᠠᠶᠢᠬᠠᠨ ᠬᠤᠶᠠᠷ ᠴᠤ ᠰᠠᠨᠠᠵᠤ ᠤᠳᠠᠭᠰᠠᠨ ᠲᠦᠯᠦᠪᠯᠡᠭᠡ ᠶᠤᠰᠤᠭᠠᠷ ᠭᠤᠷᠪᠠᠨ ᠨᠠᠰᠤᠳᠠᠢ ᠤᠮᠪᠤᠯᠤ ᠪᠠᠨ ᠴᠤᠯ ᠮᠤᠩᠭᠤᠯ ᠠᠩᠬᠢ ᠳᠤ ᠨᠢ ᠬᠦᠷᠭᠡᠵᠦ ᠦᠭᠭᠦᠭᠡᠳ ᠪᠤᠴᠠᠬᠤ ᠳᠠᠭᠠᠨ ᠠᠮᠢᠳᠤ ᠶᠠᠪᠤᠬᠤ ᠡᠨᠡ ᠨᠠᠰᠤᠨ ᠤ ᠬᠠᠮᠤᠭ ᠵᠠᠩᠬᠢᠯᠭ᠎ᠠ ᠶᠢᠨ ᠨᠢᠭᠡ ᠠᠰᠠᠭᠤᠳᠠᠯ ᠢ ᠦᠭᠡᠳᠡ ᠮᠦᠷ ᠲᠠᠢ ᠬᠦᠢᠴᠡᠳ ᠰᠠᠶᠢᠬᠠᠨ ᠪᠡᠶᠡᠯᠡᠬᠦᠯᠦᠭᠰᠡᠨ ᠪᠤᠯᠵᠤ ᠬᠤᠭᠤᠷᠤᠨᠳᠤ ᠪᠠᠨ ᠦᠬᠡ ᠵᠤᠭᠤᠭ ᠲᠠᠢ ᠶᠠᠪᠤᠨ᠎ᠠ᠃   — ᠮᠤᠩᠭᠤᠯᠰᠠᠨᠠᠭ᠎ᠠ ᠮᠢᠨᠢ ᠦᠨᠦᠳᠦᠷ ᠠᠴᠠ ᠡᠬᠢᠯᠡᠵᠦ ᠴᠡᠴᠡᠷᠯᠢᠭ ᠤᠨ ᠬᠡᠦᠬᠡᠳ ᠪᠤᠯᠴᠢᠬᠠᠯ᠎ᠠ᠃ ᠬᠤᠵᠢᠮ ᠳᠤ ᠨᠢᠭᠡ ᠦᠪᠡᠷ ᠤᠨ ᠢᠶᠠᠨ ᠦᠬᠡ ᠬᠡᠯᠡ ᠲᠠᠢ ᠬᠦᠮᠦᠨ ᠪᠤᠯᠤᠨ᠎ᠠ ᠳ᠋ᠡ︕ ᠬᠦᠭᠡᠷᠦᠬᠦᠢ ᠮᠢᠨᠢ ᠭᠡᠭᠰᠡᠭᠡᠷ ᠭᠠᠨᠳᠢᠭᠪᠦ᠋ᠷᠬᠦᠳ ᠨᠢᠭᠡ ᠤᠳᠠᠭᠠᠨ ᠤ ᠢᠯᠡᠵᠦ ᠢᠯᠠᠭᠳᠠᠬᠤ ᠶᠢᠨ ᠪᠠᠴᠢᠮ ᠲᠤᠯᠤᠯᠲᠤᠭᠠᠨ ᠳᠤ ᠠᠩᠬᠠᠨ ᠤ ᠰᠢᠪᠲᠤᠯᠤᠯᠲᠠ ᠬᠢᠭᠰᠡᠨ ᠬᠤᠰᠢᠭᠤᠴᠢ ᠪᠠᠶᠢᠯᠳᠤᠭᠴᠢ ᠶᠤᠮᠰᠢᠭ ᠬᠦᠭᠰᠢᠨ ᠵᠦᠭ ᠢᠶᠠᠨ ᠬᠦᠭᠵᠢᠯᠳᠡᠢ ᠬᠠᠷᠠᠵᠤ ᠮᠡᠯᠮᠡᠯᠵᠡᠳᠡᠯ᠎ᠡ ᠢᠨᠢᠶᠠᠮᠰᠦᠭᠯᠡᠵᠦ ᠭᠠᠷᠪᠠ᠃   — ᠴᠢ ᠭᠡᠵᠢ ᠳ᠋ᠡ︕ ᠠᠮᠠᠷ ᠴᠤ ᠦᠬᠡᠢ ᠶᠢᠨ ᠨᠢᠭᠡᠨ ᠶᠤᠮ ᠡ᠃ ᠲᠦᠷᠦᠭᠰᠡᠨ ᠬᠦᠦ ᠲᠠᠢ ᠪᠠᠨ ᠤᠮᠪᠤᠯᠤ ᠪᠠᠨ ᠪᠤᠯᠢᠶᠠᠯᠳᠤᠵᠤ ᠦᠬᠦᠬᠦ ᠢᠶᠠᠷ ᠢᠶᠠᠨ ᠰᠢᠬᠠᠮᠳᠠᠭᠤᠯᠵᠤ ᠪᠠᠶᠢᠭᠠᠳ ᠵᠠᠪᠠᠯ ᠮᠤᠩᠭᠤᠯ ᠢᠶᠠᠷ ᠰᠤᠷᠭᠠᠨ᠎ᠠ ᠭᠡᠳᠡᠭ ᠴᠢᠨᠢ ᠡᠨᠡ ᠶᠢᠷᠳᠢᠨᠴᠦ ᠳᠤ ᠪᠠᠷᠤᠭ ᠴᠢ ᠯᠡ ᠭᠠᠭᠴᠠᠭᠠᠷ ᠪᠠᠶᠢᠯᠭᠤᠢ ᠭᠡᠳ ᠦᠪᠡᠷ ᠤᠨ ᠡᠷᠬᠡ ᠦᠬᠡᠢ ᠦᠷ᠎ᠡ ᠶᠢᠨ ᠭᠠᠭᠴᠠ ᠬᠦᠦ ᠎ ᠪᠠᠨ ᠦᠷᠦᠪᠳᠦᠨ ᠡᠬᠢᠯᠡᠵᠦ ᠰᠠᠨᠠᠭ᠎ᠠ ᠠᠯᠲᠠᠭᠰᠠᠨ ᠪᠤᠯᠪᠠᠴᠤ ᠴᠠᠭᠠᠨ᠎ᠠ ᠪᠠᠨ ᠪᠠᠰᠠ ᠡᠪᠦᠭᠡᠨ ᠠᠴᠠ ᠪᠠᠨ ᠲᠤᠲᠠᠭᠤ ᠦᠬᠡᠢ ᠪᠠᠶᠠᠰᠤᠯ ᠬᠦᠷᠴᠦ ᠪᠠᠶᠢᠭᠰᠠᠨ ᠨᠢ ᠢᠯᠡᠷᠬᠡᠢ᠃   ᠡᠪᠦᠭᠡᠨ ᠬᠦᠭᠰᠢᠨ ᠬᠤᠶᠠᠷ ᠲᠤ ᠠᠷᠠᠭᠠᠮᠵᠢᠶ᠎ᠠ ᠭᠡᠳᠡᠭ ᠭᠠᠭᠴᠠᠬᠠᠨ ᠬᠦᠦ ᠲᠠᠢ᠃ ᠬᠤᠳᠠ ᠭᠠᠵᠠᠷ ᠦᠰᠴᠦ ᠬᠢᠳᠠᠳ ᠬᠡᠯᠡ ᠲᠠᠢ ᠮᠤᠩᠭᠤᠯ ᠬᠦᠮᠦᠨ ᠤ ᠨᠢᠭᠡᠨ ᠪᠤᠯᠵᠠᠢ᠃ ᠪᠠᠭ᠎ᠠ ᠳᠠᠭᠠᠨ ᠭᠡᠷ ᠵᠠᠭᠤᠷ᠎ᠠ ᠳᠠᠭᠠᠨ ᠠᠪᠤ ᠡᠵᠢ ᠲᠠᠢ ᠎ ᠪᠠᠨ ᠮᠤᠩᠭᠤᠯ ᠢᠶᠠᠷ ᠢᠶᠠᠨ ᠬᠡᠯᠡᠯᠴᠡᠵᠦ ᠶᠠᠷᠢᠳᠠᠭ ᠪᠠᠶᠢᠭᠰᠠᠨ ᠪᠤᠯᠪᠠᠴᠤ ᠰᠡᠬᠦᠯ ᠰᠡᠬᠦᠯ ᠳᠡᠭᠡᠨ ᠦᠪᠡᠷ ᠤᠨ ᠨᠡᠷ᠎ᠡ ᠎ ᠳᠡᠭᠡᠨ ᠬᠦᠷᠳᠡᠯ᠎ᠡ ᠶᠠᠷᠰᠢᠭᠯᠠᠬᠤ ᠪᠤᠯᠤᠭᠰᠠᠨ ᠨᠢ ᠡᠪᠦᠭᠡᠨ ᠬᠦᠭᠰᠢᠨ ᠬᠤᠶᠠᠭᠤᠯᠠ ᠶᠢᠨ ᠶᠠᠭᠠᠬᠢᠭᠰᠠᠨ ᠴᠤ ᠵᠠᠰᠠᠭᠤᠯᠬᠤ ᠠᠪᠬᠤ ᠤᠴᠢᠷᠳᠠᠢ ᠰᠡᠳᠬᠢᠯ ᠤᠨ ᠬᠦᠨᠳᠦ ᠭᠡᠮ ᠪᠤᠯᠪᠠ᠃     ᠡᠬᠦᠨ ᠢ ᠴᠤ ᠪᠠᠰᠠ ᠶᠠᠭᠠᠬᠢᠯᠳᠠᠢ ᠶᠤᠮ ᠪᠢᠯᠡ᠃ ᠲᠡᠷᠡᠬᠦ ᠰᠢᠷᠦᠶᠢᠨ ᠲᠦᠮᠡ ᠪᠠᠷ ᠭᠠᠭᠴᠠ ᠬᠡᠯᠡᠨ ᠳᠤ ᠬᠠᠵᠠᠶᠢᠭᠰᠠᠨ ᠶᠡᠭᠡ ᠨᠡᠶᠢᠭᠡᠮ ᠢ ᠡᠪᠦᠭᠡᠨ ᠬᠦᠭᠰᠢᠨ ᠡᠨᠡ ᠬᠤᠶᠠᠷ ᠬᠦᠮᠦᠨ ᠬᠦᠰᠢᠭᠡᠳ ᠲᠡᠶᠢᠯᠳᠡᠭ ᠶᠠᠭᠤᠮ᠎ᠠ ᠪᠢᠰᠢ᠂  ᠬᠤᠵᠢᠮ ᠰᠡᠬᠦᠯᠡᠷ ᠨᠠᠰᠤᠨ ᠳᠤ ᠬᠦᠷᠴᠦ ᠪᠡᠷᠢ ᠬᠡᠯᠡᠯᠴᠡᠬᠦ ᠦᠶ᠎ᠡ ᠳᠤ ᠨᠢ ᠶᠠᠭᠠᠬᠢᠵᠤ ᠪᠠᠶᠢᠭᠠᠳ ᠴᠤ  ᠵᠠᠪᠠᠯ ᠨᠢᠭᠡ ᠦᠪᠡᠷ ᠤᠨ ᠢᠶᠠᠨ ᠦᠬᠡ ᠬᠡᠯᠡ ᠲᠠᠢ ᠮᠤᠩᠭᠤᠯ ᠬᠡᠦᠬᠡᠨ ᠢᠶᠠᠨ ᠡᠷᠢᠵᠦ ᠦᠭᠭᠦ ᠲᠤᠬᠠᠢ ᠪᠤᠳᠤᠯᠭ᠎ᠠ ᠲᠤᠭᠲᠠᠵᠤ ᠬᠦᠦ ᠎ ᠲᠠᠢ ᠪᠠᠨ ᠬᠡᠷ᠎ᠡ ᠪᠢᠴᠢᠭ ᠤᠨ ᠪᠠᠳᠤᠯᠭ᠎ᠠ ᠬᠢᠵᠦ ᠠᠪᠤᠭᠰᠠᠨ ᠶᠤᠮ᠃     ᠲᠡᠭᠷᠢ ᠳᠤ ᠡᠬᠦᠯᠡ ᠭᠠᠷᠬᠤ ᠨᠢ ᠨᠢᠭᠡ ᠵᠦᠢ᠃ ᠲᠤᠤᠷ᠎ᠠ ᠨᠢ ᠠᠮᠢᠲᠤᠷᠠᠭᠰᠠᠨ ᠬᠦᠮᠦᠨ ᠴᠤ ᠬᠦᠳᠡᠯᠭᠡᠭᠡᠨ ᠲᠤᠮᠲᠠ ᠤᠷᠤᠰᠢᠳᠠᠭ ᠪᠤᠯᠬᠤᠷ ᠶᠠᠭᠤ ᠪᠦᠬᠦᠨ ᠰᠠᠨᠠᠭᠰᠠᠨ ᠢᠶᠠᠷ ᠪᠤᠯᠵᠤ ᠦᠭᠳᠡᠭ ᠦᠬᠡᠢ ᠨᠢ ᠵᠦᠩᠳᠡᠭᠡᠨ᠃ ᠬᠦᠦ ᠎ ᠨᠢ ᠬᠤᠳᠠ ᠭᠠᠵᠠᠷ ᠰᠡᠳᠬᠢᠯ ᠳᠤ ᠪᠠᠭᠤᠭᠰᠠᠨ ᠮᠤᠩᠭᠤᠯ ᠬᠡᠦᠬᠡᠨ ᠤᠯᠳᠠᠬᠤ ᠨᠢ ᠪᠡᠷᠭᠡ  ᠭᠡᠵᠦ ᠰᠢᠯᠲᠠᠭ ᠪᠢᠰᠢ ᠨᠦᠭᠦᠴᠡᠯ ᠲᠤᠷᠠᠳᠤᠭᠰᠠᠭᠠᠷ ᠪᠠᠶᠢᠵᠤ ᠡᠴᠦᠰ ᠲᠡᠭᠡᠨ ᠬᠠᠰᠢᠯ᠎ᠠ ᠡᠪᠦᠭᠡᠨ ᠬᠦᠭᠰᠢᠨ  ᠬᠤᠶᠠᠷ ᠢ ᠠᠷᠤ ᠪᠠᠷ ᠨᠢ ᠰᠠᠭᠤᠯᠭᠠᠵᠤ ᠨᠢᠭᠡᠨ ᠨᠠᠷᠢᠨ ᠨᠢᠷᠤᠭᠤ ᠲᠠᠢ ᠦᠨᠳᠦᠷ ᠰᠢᠷ᠎ᠠ ᠬᠡᠦᠬᠡᠨ ᠲᠠᠢ ᠨᠢᠭᠤᠴᠠ ᠪᠠᠷ ᠤᠷᠤᠭ ᠤᠨ ᠪᠠᠳᠤᠯᠠᠪᠤᠷᠢ ᠠᠪᠴᠤ ᠲᠠᠷᠠᠭ᠎ᠠ ᠵᠢᠯ ᠳᠤ ᠨᠢ ᠠᠰᠢᠬᠦᠢ ᠪᠤᠬᠠᠨ ᠴᠠᠭᠠᠨ ᠬᠦᠦ ᠲᠠᠢ ᠪᠤᠯᠤᠭᠰᠠᠨ ᠨᠢ ᠶᠠᠭᠤ ᠴᠤ ᠭᠡᠰᠡᠨ ᠡᠪᠦᠬᠡᠨ ᠬᠦᠭᠰᠢᠨ ᠤ ᠵᠢᠷᠦᠬᠡᠨ ᠡᠭᠡᠳᠡᠷᠡᠭᠡ ᠢ ᠨᠢᠭᠡ ᠬᠡᠮᠵᠢᠶᠡᠨ ᠳᠤ ᠨᠠᠮᠵᠢᠷᠠᠭᠤᠯᠤᠭᠠᠳ ᠵᠤᠯ ᠵᠢᠷᠭᠠᠯ ᠭᠡᠭᠴᠢ ᠶᠠᠭᠤ ᠪᠤᠯᠬᠤ ᠶᠢ ᠮᠡᠳᠡᠬᠦᠯᠵᠡᠢ᠃    ᠬᠦᠦ ᠳᠡᠭᠡᠨ ᠨᠢᠭᠡᠯ᠎ᠡ ᠢᠳᠡᠭᠡᠵᠦ᠂ ᠪᠠᠰᠠ ᠲᠤᠭᠲᠠᠭᠠᠭᠰᠠᠨ ᠬᠡᠷ᠎ᠡ ᠪᠢᠴᠢᠭ ᠲᠡᠭᠡᠨ ᠪᠠᠷᠳᠠᠮ ᠢᠳᠡᠭᠡᠵᠦ ᠪᠠᠶᠢᠭᠠᠳ ᠠᠷᠤ ᠲᠤᠬᠤ ᠪᠠᠷ ᠢᠶᠠᠨ ᠲᠠᠯᠪᠢᠭᠳᠠᠭᠰᠠᠨ ᠡᠪᠦᠭᠡᠨ ᠮᠠᠨᠢ ᠤᠮᠪᠤᠯᠤ ᠲᠠᠢ ᠪᠤᠯᠤᠭᠰᠠᠨ ᠬᠤᠶᠢᠨ᠎ᠠ ᠰᠢᠨ᠎ᠡ ᠨᠢᠭᠡ ᠰᠠᠨᠠᠭ᠎ᠠ ᠲᠦᠷᠦᠭᠳᠡᠵᠦ ᠤᠢ ᠲᠤᠯᠤᠭᠰᠠᠨ ᠡᠳᠦᠷ ᠨᠢ ᠤᠮᠪᠤᠯᠤ ᠪᠠᠨ ᠦᠪᠡᠷ ᠤᠨ ᠲᠠᠯ᠎ᠠ ᠳᠠᠭᠠᠨ ᠲᠤᠰᠴᠤ ᠠᠪᠴᠢᠷᠠᠪᠠ᠃ ᠦᠵᠡᠵᠦ ᠪᠠᠶᠢᠲᠠᠯ᠎ᠠ ᠤᠮᠪᠤᠯᠤ ᠨᠢ ᠭᠤᠷᠪᠠᠨ ᠤᠢ ᠲᠤᠯᠵᠤ ᠴᠡᠴᠡᠷᠯᠢᠭ ᠲᠤ ᠤᠷᠤᠬᠤ ᠪᠤᠯᠤᠭᠰᠠᠨ ᠳᠤ ᠬᠦᠦ ᠪᠤᠯᠤᠨ ᠪᠡᠷᠢ ᠬᠤᠶᠠᠭᠤᠯᠠ ᠨᠢ ᠵᠠᠪᠳᠠᠨ ᠢᠷᠡᠵᠦ ᠬᠢᠳᠡᠳ ᠴᠡᠴᠡᠷᠯᠢᠭ ᠲᠤ ᠬᠦᠷᠭᠡᠨ᠎ᠡ ᠭᠡᠵᠦ ᠬᠡᠳᠦᠨ ᠡᠳᠦᠷ ᠠᠭᠠᠰᠢ ᠠᠯᠳᠠᠭᠰᠠᠨ ᠪᠤᠯᠪᠠᠴᠤ ᠡᠪᠦᠭᠡᠨ ᠨᠢᠭᠡᠯᠭᠡᠨ ᠬᠦᠨᠳᠡᠯᠡᠨ ᠬᠦᠰᠢᠵᠦ ᠵᠦᠪᠰᠢᠶᠡᠷᠡᠨ᠎ᠡ ᠭᠡᠳᠡᠭ ᠦᠬᠡ ᠶᠢ ᠠᠮᠠᠨ ᠲᠤᠲᠤᠷ᠎ᠠ ᠎ ᠪᠠᠨ ᠲᠠᠰᠤ ᠵᠠᠭᠤᠭᠠᠳ ᠰᠢᠭᠤᠷᠬᠠᠢ ᠲᠤᠳᠤᠭᠰᠢᠪᠠᠨ ᠵᠠᠯᠬᠢᠪᠠ᠃    ᠡᠪᠦᠭᠡᠨ ᠤᠮᠪᠤᠯᠤ ᠶᠢ ᠮᠢᠨᠢ ᠬᠡᠷᠪᠡ ᠮᠠᠨ ᠤ ᠲᠠᠯ᠎ᠠ ᠠᠴᠠ ᠠᠪᠴᠤ ᠶᠠᠪᠤᠪᠠᠯ ᠪᠢ ᠲᠡᠨ ᠤ ᠬᠤᠶᠠᠷ ᠤᠨ ᠡᠮᠦᠨ᠎ᠡ ᠪᠠᠷᠢᠨ ᠲᠤᠯᠤᠭᠠᠢ ᠪᠠᠷ ᠢᠶᠠᠨ ᠬᠠᠨ᠎ᠠ ᠮᠦᠷᠬᠦᠵᠦ ᠦᠬᠦᠨ᠎ᠡ ᠬᠡᠮᠡᠨ ᠰᠦᠷᠳᠡᠬᠦᠯᠬᠦ ᠨᠢ ᠮᠡᠳᠦ᠂ ᠦᠨᠡᠨ ᠲᠡᠭᠡᠨ ᠴᠤ ᠪᠠᠰᠠ ᠲᠡᠶᠢᠮᠦ ᠶᠤᠮᠰᠢᠭ ᠬᠡᠳᠦ ᠤᠳᠠᠭ᠎ᠠ ᠵᠠᠭᠤᠳᠠᠯ ᠬᠠᠳᠠᠭᠤ ᠤᠷᠤᠯᠳᠤᠭᠰᠠᠨ ᠪᠠ ᠨᠢᠭᠡ ᠡᠳᠦᠷ ᠵᠤᠷᠢᠭᠤᠳᠠ ᠤᠨᠲᠠᠭᠤᠯᠬᠤ ᠡᠮ ᠪᠠᠨ ᠢᠯᠡᠬᠦᠦ ᠢᠳᠡᠵᠦ ᠵᠢᠷᠦᠬᠡᠨ ᠬᠠᠳᠬᠤᠭ᠎ᠠ ᠨᠢ ᠲᠠᠬᠢᠭᠠᠳ ᠡᠮᠨᠡᠯᠭᠡ ᠳᠤ ᠰᠠᠭᠤᠭᠰᠠᠨ ᠠᠴᠠ ᠬᠤᠶᠢᠰᠢ ᠬᠦᠦ ᠪᠤᠯᠤᠨ ᠪᠡᠷᠢ ᠬᠤᠶᠠᠷ ᠨᠢ ᠡᠪᠦᠭᠡᠨ ᠤ ᠰᠠᠨᠠᠭ᠎ᠠ ᠠᠴᠠ ᠵᠦᠷᠢᠴᠡᠵᠦ ᠲᠡᠶᠢᠯᠬᠦ ᠦᠬᠡᠢ ᠪᠤᠯᠤᠭᠰᠠᠨ ᠪᠠᠶᠢᠯ᠎ᠠ᠃   — ᠠᠷᠭᠠᠮᠵᠢᠶ᠎ᠠ ᠭᠡᠵᠦ ᠬᠠᠶᠢᠷ᠎ᠠ ᠪᠦᠬᠡᠷ᠎ᠡ ᠲᠠᠢ ᠨᠡᠷ᠎ᠡ ᠦᠭᠭᠦᠭᠡᠳ ᠠᠷᠭᠠᠮᠵᠢᠵᠤ ᠲᠡᠶᠢᠯᠦᠭᠰᠡᠨ ᠦᠬᠡᠢ ᠪᠤᠯᠪᠠᠴᠤ ᠤᠮᠪᠤᠯᠤ ᠪᠠᠨ ᠶᠠᠭᠠᠬᠢᠭᠰᠠᠨ ᠴᠤ ᠦᠪᠡᠷ ᠤᠨ ᠬᠢᠨ ᠦᠬᠡ ᠬᠡᠯᠡ ᠲᠠᠢ ᠪᠤᠯᠭᠠᠨ ᠠᠷᠭᠠᠮᠵᠢᠵᠤ ᠠᠪᠤᠨ᠎ᠠ᠃ ᠬᠡᠯᠡ ᠪᠠᠨ ᠠᠯᠳᠠᠪᠠᠯ ᠬᠦᠯ ᠢᠶᠠᠨ ᠠᠯᠲᠠᠭᠰᠠᠨ ᠭᠡᠵᠦ ᠮᠡᠳᠡ᠂ ᠬᠡᠯᠡ ᠦᠬᠡᠢ ᠬᠦᠮᠦᠨ ᠳᠤ ᠡᠬᠡ ᠨᠤᠳᠤᠭ ᠭᠡᠵᠦ ᠬᠠᠮᠢᠭ᠎ᠠ ᠪᠠᠶᠢᠳᠠᠭ ᠶᠤᠮ ᠪᠤᠢ︖ ᠡᠬᠡ ᠨᠤᠳᠤᠭ ᠪᠠᠰᠠ ᠦᠬᠡᠢ ᠬᠦᠮᠦᠨ ᠳᠤ ᠡᠪᠦᠭᠡ ᠲᠡᠭᠡᠳᠦᠰ ᠭᠡᠵᠦ ᠬᠠᠮᠢᠭ᠎ᠠ ᠪᠠᠶᠢᠬᠤ ᠶᠤᠮ ᠪᠤᠢ︖ ᠲᠡᠷᠡ ᠴᠢᠨᠢ ᠮᠠᠰᠢ ᠠᠶᠤᠯᠳᠠᠢ ᠶᠠᠪᠤᠳᠠᠯ ᠶᠤᠮ︕  ᠭᠠᠨᠳᠢᠭᠪᠦ᠋ᠷᠬᠦᠳ ᠤᠨ ᠦᠬᠡ ᠢᠩᠬᠢᠵᠤ ᠵᠠᠯᠭᠠᠪᠠ᠃     —  ᠲᠡᠶᠢᠮᠦ ᠦᠬᠡᠢ ᠨᠢ ᠶᠠᠭᠠᠬᠢᠬᠤ ᠪᠤᠢ᠃ ᠮᠠᠨ ᠤ ᠤᠮᠪᠤᠯᠤ ᠭᠡᠵᠦ ᠡᠪᠦᠭᠡ ᠲᠡᠭᠡᠳᠦᠰ ᠤᠨ ᠢᠶᠠᠨ ᠤᠢ ᠪᠢᠯᠢᠭ ᠢ ᠠᠪᠴᠤ ᠲᠦᠷᠦᠭᠰᠡᠨ  ᠠᠪᠬᠠᠯᠵᠢ ᠰᠡᠷᠬᠦᠯᠡᠩ ᠬᠡᠦᠬᠡᠳ ᠶᠤᠮ᠃ ᠲᠡᠭᠡᠷ᠎ᠡ ᠨᠢ ᠮᠠᠨ ᠲᠠᠢ ᠵᠠᠢ ᠦᠬᠡᠢ ᠲᠠᠰᠤᠭᠰᠠᠨ ᠲᠡᠳᠦᠢ ᠦᠬᠡᠢ ᠮᠤᠩᠭᠤᠯ ᠦᠬᠡ ᠬᠡᠯᠡ ᠲᠠᠢ ᠪᠠᠨ ᠴᠤᠭᠠᠷ ᠦᠰᠴᠦ ᠲᠤᠮᠤᠭᠤᠵᠢᠭᠰᠠᠨ ᠨᠢ ᠦᠨᠡᠭᠡᠷ ᠨᠢᠭᠡ ᠵᠢᠷᠭᠠᠯ ᠤᠨ ᠲᠤᠲᠤᠷᠠᠬᠢ ᠵᠢᠷᠭᠠᠯ ᠶᠤᠮ ᠡ︕ ᠨᠠᠷᠠᠨᠰᠠᠶᠢᠬᠠᠨ ᠡᠶᠢᠨᠬᠦ ᠨᠡᠮᠡᠵᠦ ᠬᠡᠯᠡᠨ᠎ᠡ᠃     ᠨᠠᠷᠠ ᠪᠠᠷᠠᠭᠤᠨᠰᠢ ᠬᠡᠯᠪᠡᠶᠢᠵᠦ ᠴᠠᠭ ᠤᠨ ᠵᠡᠬᠦᠦ ᠲᠦᠷᠪᠡ ᠬᠠᠭᠠᠰ ᠲᠡᠭᠡᠷ᠎ᠡ ᠵᠢᠭᠠᠵᠤ ᠪᠠᠶᠢᠯ᠎ᠠ᠃ ᠭᠠᠨᠳᠢᠭᠪᠦ᠋ᠷᠬᠦᠳ᠂ ᠨᠠᠷᠠᠨᠰᠠᠶᠢᠬᠠᠨ ᠬᠤᠶᠠᠭᠤᠯᠠ ᠠᠳᠬᠤᠨ ᠳᠠᠭᠠᠨ ᠪᠠᠶᠢᠭᠰᠠᠨ ᠪᠦᠬᠦ ᠶᠠᠭᠤᠮ᠎ᠠ ᠪᠠᠨ ᠠᠵᠢᠭ ᠦᠬᠡᠢ ᠴᠠᠰᠢ ᠲᠦᠯᠬᠢᠭᠡᠳ ᠤᠮᠪᠤᠯᠤ ᠳᠠᠭᠠᠨ ᠲᠠᠪᠬᠤᠷᠯᠠᠨ ᠡᠮᠦᠰᠭᠡᠬᠦ ᠬᠦᠬᠡ ᠲᠤᠷᠭᠠᠨ ᠲᠡᠷᠯᠢᠭ ᠢ ᠨᠢ ᠪᠠᠭᠯᠠᠵᠤ ᠠᠪᠤᠭᠰᠠᠨ ᠎ ᠢᠶᠠᠨ ᠶᠠᠭ ᠵᠠᠯᠠᠭᠤ ᠽᠠᠨᠳᠠᠨ ᠨᠠᠰᠤᠨ ᠳᠠᠭᠠᠨ ᠵᠢᠯᠤᠭᠤ ᠨᠡᠶᠢᠯᠡᠬᠦᠯᠦᠨ ᠬᠠᠮᠳᠤ ᠳᠠᠭᠠᠨ ᠲᠠᠪᠬᠢᠭᠤᠯᠳᠠᠭ ᠲᠠᠢ ᠪᠠᠨ ᠠᠳᠠᠯᠢ ᠦᠷᠢᠶ᠎ᠡ ᠮᠤᠷᠢᠨ ᠲᠤᠪᠲᠤᠯᠤᠭ᠎ᠠ ᠪᠠᠷ ᠦᠭᠡᠳᠡᠯᠡᠬᠦ ᠵᠠᠶᠠᠭ᠎ᠠ ᠨᠢ ᠮᠠᠨᠳᠤᠭᠰᠠᠨ ᠮᠤᠩᠭᠤᠯ ᠴᠡᠴᠡᠷᠯᠢᠭ ᠵᠦᠭ ᠲᠤ  ᠭᠠᠷᠴᠤ ᠬᠦᠶᠦᠯᠭᠡᠪᠡ᠃            ᠬᠠᠶ᠋ᠢᠭ᠄  内蒙古赤峰市图书馆  ︔  伟丽嗣                   赤峰学院环境与资源科学学院:                     金 翠 叶 ︵᠎ ᠳᠤ ᠲᠠᠮᠵᠢᠭᠤᠯᠤᠨ᠎ᠠ︶                            ᠰᠢᠦᠳᠠᠨ᠄ 024000                            ᠤᠳᠠᠰᠤ᠄ 15848999841      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号