︽ᠰᠢᠷᠠᠮᠦᠷᠦᠨ ᠎ ᠤ  ᠬᠦᠭᠦᠷᠭᠡ  ︾ ᠎ ᠶᠢᠨ ᠲᠤᠬᠠᠢ  ᠦᠭᠦᠯᠡᠬᠦ ᠨᠢ
ᠨᠡᠶᠢᠲᠡᠯᠡᠭᠰᠡᠨ ᠴᠠᠭ᠄
2020-07-28
︽ᠰᠢᠷᠠᠮᠦᠷᠦᠨ  ᠎ ᠤ  ᠬᠦᠭᠦᠷᠭᠡ  ︾  ᠎ ᠶᠢᠨ ᠲᠤᠬᠠᠢ  ᠦᠭᠦᠯᠡᠬᠦ ᠨᠢ           ᠤᠳᠤᠬᠠᠨ ᠤ ᠯᠢᠨᠰᠢ ᠰᠢᠶᠠᠨ ᠤ   ᠬᠢᠵᠠᠭᠠᠷ  ᠎ ᠢ  ᠪᠠᠭᠳᠠᠭᠠᠭᠰᠠᠨ  ᠪᠠᠭᠠᠷᠢᠨ  ᠂ ᠤᠩᠨᠢᠭᠤᠳ  ᠎ ᠤᠨ  ᠬᠢᠯᠢ  ᠲᠡᠭᠡᠷᠡᠬᠢ  ᠰᠢᠷᠠᠮᠦᠷᠦᠨ   ᠭᠤᠤᠯ  ᠲᠡᠭᠡᠷ᠎ᠡ   ᠯᠢᠶᠤᠤ  ᠤᠯᠤᠰ ᠤᠨ  ᠦᠶ᠎ᠡ ᠶᠢᠨ  ᠰᠢᠷᠠᠮᠦᠷᠦᠨ ᠤ  ᠴᠢᠯᠠᠭᠤᠨ ᠬᠦᠭᠦᠷᠭᠡ  ᠂  ᠴᠢᠩ ᠤᠯᠤᠰ  ᠎ ᠤᠨ  ᠦᠶ᠎ᠡ ᠭᠦᠩᠵᠦ ᠶᠢᠨ  ᠬᠦᠬᠦᠷᠭᠡ  ——  ᠪᠠᠭᠠᠷᠢᠨ  ᠬᠦᠭᠦᠷᠭᠡ  ᠂     ᠬᠠᠭᠤᠷᠮᠠᠭ  ᠮᠠᠨᠵᠦ  ᠎ ᠶᠢᠨ  ᠶᠠᠫᠤᠨ ᠬᠦᠭᠦᠷᠭᠡ  ᠂ ᠰᠢᠨ᠎ᠡ ᠲᠤᠮᠳᠠᠳᠤ  ᠤᠯᠤᠰ  ᠎ ᠤᠨ   ᠪᠠᠭᠠᠷᠢᠨ  ᠬᠦᠭᠦᠷᠭᠡ  ᠂ ᠪᠤᠰᠢᠭᠤ ᠵᠠᠮ  ᠎ ᠤᠨ  ᠬᠦᠭᠦᠷᠭᠡ  ᠂  ᠲᠡᠮᠦᠷ ᠵᠠᠮ ᠤᠨ  ᠬᠦᠭᠦᠷᠭᠡ   ᠵᠡᠷᠭᠡ ᠤᠷᠢᠳ  ᠬᠤᠵᠢᠳ  ᠪᠠᠶᠢᠭᠤᠯᠭᠳᠠᠵᠠᠢ  ᠃   ᠨᠢᠭᠡ  ᠄    ︽ᠭᠦᠩᠵᠦ  ᠎ ᠶᠢᠨ  ᠬᠦᠭᠦᠷᠭᠡ  ︾᠎ ᠠᠴᠠ  ᠡᠮᠦᠨᠡᠬᠢ   ᠰᠢᠷᠠᠮᠦᠷᠦᠨ  ᠎ ᠤ ᠬᠦᠭᠦᠷᠭᠡ  ᠎ ᠶᠢᠨ   ᠲᠤᠬᠠᠢ ︽ᠰᠢᠷ᠎ᠠ   ᠮᠦᠷᠡᠨ ᠤ  ᠴᠢᠯᠠᠭᠤᠨ  ᠬᠦᠭᠦᠷᠭᠡ  ︾  ᠬᠡᠮᠡᠬᠦ  ᠦᠭᠡ  ᠬᠠᠮᠤᠭ ᠠᠩᠬᠠᠨ  ᠎ ᠳᠤ  ︽ᠯᠢᠶᠤᠤ  ᠤᠯᠤᠰ  ᠎ ᠤᠨ  ᠲᠡᠦᠭᠡ︾  ᠭᠠᠵᠠᠷ ᠵᠦᠢ ᠶᠢᠨ  ᠤᠶᠢᠯᠠᠯᠭ᠎ᠠ  ᠎ ᠳᠤ  ᠢᠯᠡᠷᠡᠵᠠᠢ  ᠃ ᠯᠢᠶᠤᠤ ᠤᠯᠤᠰ ᠤᠨ    ᠱᠧᠩᠽᠦ᠋ᠩ ᠬᠠᠭᠠᠨ ᠶᠧ  ᠯᠢᠦᠢ  ᠯᠦᠩ  ᠱᠦᠢ  ᠎ ᠶᠢᠨ  ᠺᠠᠢ ᠲᠠᠢ  ᠲᠠᠪᠤᠳᠤᠭᠠᠷ ᠤᠨ  ︵1016︶  ᠎ ᠤ  ᠰᠦᠩ  ᠤᠯᠤᠰ  ᠎ ᠤᠨ  ᠡᠯᠴᠢ   ᠱᠢᠦᠸᠠᠢ  ᠶᠠᠩ  ᠎ ᠤᠨ  ᠲᠡᠮᠳᠡᠭᠡᠯᠡᠯ  ︽ᠲᠡᠭᠡᠳᠦ ᠨᠡᠶᠢᠰᠯᠡᠯ  ︵ᠤᠳᠤᠬᠠᠨ ᠤ  ᠯᠢᠨᠳᠦᠩ  ᠪᠠᠯᠭᠠᠰᠤᠨ  ᠎ ᠤ  ᠡᠮᠦᠨᠡᠬᠢ ᠬᠤᠳᠠ  ᠎ ᠶᠢᠨ  ᠪᠠᠭᠤᠷᠠᠢ︶  ᠃ ᠲᠤᠮᠳᠠ  ᠨᠡᠶᠢᠰᠯᠡᠯ  ︵ᠤᠳᠤᠬᠠᠨ ᠤ   ᠨᠢᠩᠴᠧᠩ  ᠰᠢᠶᠠᠨ ᠤ  ᠳ᠋ᠠ  ᠮᠢᠩ ᠬᠤᠳᠠ  ᠎ ᠶᠢᠨ  ᠪᠠᠭᠤᠷᠠᠢ︶   ᠠᠰ   ᠬᠤᠶᠢᠨ᠎ᠠ  80 ᠭᠠᠵᠠᠷ  ᠎ ᠤᠨ  ᠵᠠᠢ ᠎ ᠳᠤ  ᠰᠦᠩ ᠱᠠᠨ ᠭᠤᠸᠠᠨ   ᠦᠷᠳᠡᠭᠡ᠂ ᠲᠠᠯᠠᠨ ᠭᠠᠵᠠᠷ  ᠎ ᠤᠨ   ᠵᠠᠢ  ᠎ ᠳᠤ  ᠴᠦᠩ  ᠰᠢᠨ  ᠭᠤᠸᠠᠨ   ᠦᠷᠳᠡᠭᠡ᠂ ᠶᠡᠷᠡᠨ ᠭᠠᠵᠠᠷ ᠤᠨ ᠵᠠᠢ  ᠎ ᠳᠤ  ᠭᠤᠸᠠᠩ ᠨᠢᠩ ᠭᠤᠸᠠᠨ  ᠦᠷᠳᠡᠭᠡ᠂ ᠲᠠᠪᠢᠨ ᠭᠠᠵᠠᠷ ᠤᠨ  ᠵᠠᠢ  ᠎ ᠳᠤ  ᠶᠤᠤ ᠵᠢᠶᠠ  ᠵᠠᠢ  ᠭᠤᠸᠠᠨ   ᠦᠷᠳᠡᠭᠡ᠂  ᠲᠠᠪᠢᠨ ᠭᠠᠵᠠᠷ ᠤᠨ  ᠵᠠᠢ ᠳᠤ  ᠰᠢᠶᠠᠨ ᠨᠢᠩ ᠭᠤᠸᠠᠨ ᠦᠷᠳᠡᠭᠡ᠂  ᠭᠤᠴᠢᠨ ᠭᠠᠵᠠᠷ ᠤᠨ  ᠦᠵᠦᠭᠦᠷ ᠲᠤ   ᠰᠢᠷ᠎ᠠ  ᠮᠦᠷᠡᠨ  ᠎ ᠢ  ᠭᠡᠳᠦᠯᠬᠦ   ᠴᠢᠯᠠᠭᠤᠨ ᠬᠦᠭᠦᠷᠭᠡ ᠠᠵᠦ   ᠤᠷᠴᠢᠮ  ᠎ ᠳᠤᠨᠢ  ᠿᠤᠤ  ᠵᠧᠦ  ᠪᠠᠶᠢᠵᠦ᠂ ᠲᠠᠩ  ᠤᠯᠤᠰ  ᠬᠢᠭᠡᠳ   ᠯᠢᠶᠤᠤ ᠤᠯᠤᠰ  ᠤᠷᠢᠳ   ᠬᠤᠵᠢᠳ  ᠿᠤᠤ  ᠯᠧ   ᠶᠠᠮᠦᠨ   ᠪᠠᠶᠢᠭᠤᠯᠬᠤ  ᠎ ᠪᠠᠷ  ᠲᠦᠯᠦᠪᠡᠯᠵᠠᠢ  ᠃ ᠤᠳᠤᠬᠠᠨ  ᠎ ᠳᠤ   ᠪᠦᠸᠧᠬᠠᠢ ᠶᠢᠨ  ᠬᠦᠮᠦᠨ ᠨᠤᠳᠤᠭᠰᠢᠮᠦᠢ ᠭᠡᠵᠢ᠃ ︵  ︽ᠯᠢᠶᠤᠤ  ᠤᠯᠤᠰ ᠤᠨ  ᠲᠡᠦᠭᠡ︾  ᠭᠠᠵᠠᠷ  ᠵᠦᠢ  ᠎ ᠶᠢᠨ  ᠤᠶᠢᠯᠠᠯᠭ᠎ᠠ ᠨᠢᠭᠡ  ᠎ ᠶᠢᠨ 44 1— —442  ᠨᠢᠭᠤᠷ    ᠂  ᠵᠦᠩᠬᠤᠸᠠ  ᠪᠢᠴᠩ  ᠎ ᠤᠨ  ᠲᠤᠪᠴᠢᠶ᠎ᠠ ᠶᠢᠨ  1924 ᠤᠨ  ᠎ ᠤ10 ᠰᠠᠷ᠎ᠠ  ᠎ ᠶᠢᠨ  ᠬᠡᠪᠯᠡᠯ  ︶    ᠃  ᠡᠨᠡᠬᠦ  ᠰᠢᠷᠠᠮᠦᠷᠦᠨ ᠤ ᠴᠢᠯᠠᠭᠤᠨ  ᠬᠦᠭᠦᠷᠭᠡ  ᠪᠠᠭᠤᠷᠠᠢ  ᠎ ᠨᠢ  ᠤᠳᠤᠬᠠᠨ  ᠎ ᠤ  ᠯᠢᠨᠰᠢ ᠰᠢᠶᠠᠨ ᠤ ᠰᠢᠨ  ᠴᠧᠩᠽᠢ  ᠪᠠᠯᠭᠠᠰᠦᠨ ᠤ   ᠪᠠᠷᠠᠭᠤᠨ  ᠢᠩᠭᠡᠳᠦ  ᠎ ᠶᠢᠨ  ᠲᠤᠰᠬᠤᠨ ᠤ  ᠰᠢᠷ᠎ᠠ ᠰᠢᠷᠦᠢ  ᠎ ᠶᠢᠨ  ᠨᠦᠭᠡ ︵ᠬᠤᠸᠠᠩ  ᠲᠧᠦ  ᠺᠧᠩ  ︶  ᠎ ᠶᠢᠨ  ᠡᠮᠦᠨ᠎ᠡ  1 ᠺᠢᠯᠤᠮᠧᠲ᠋ᠧᠷ ᠵᠠᠶᠢᠳᠠᠢ  ᠂  ᠫᠢᠩ  ᠱᠤᠸᠠᠩ  ᠵᠠᠰᠠᠮᠠᠯ  ᠵᠠᠮ  ᠎ ᠤᠨ  ᠴᠧᠨ  ᠵᠢᠶᠠ ᠢᠩᠽᠢ  ᠬᠦᠭᠦᠷᠭᠡ ᠶᠢᠨ  ᠪᠠᠷᠠᠭᠤᠨ ᠲᠠᠯ᠎ᠠ  ᠎ ᠳᠤ  ᠰᠢᠷᠠᠮᠦᠷᠤᠨ ᠭᠤᠤᠯ  ᠎ ᠤᠨ  ᠲᠡᠭᠡᠷ᠎ᠡ  ᠪᠠᠶᠢᠵᠠᠢ  ᠃ ᠲᠤᠰ  ᠬᠦᠭᠦᠷᠭᠡ ᠨᠢ  ᠲᠤᠬᠠᠢ ᠶᠢᠨ  ᠦᠶ᠎ᠡ  ᠎ ᠳᠠᠬᠢ ᠱᠠᠨ  ᠬᠠᠢ  ᠭᠤᠸᠠᠨ  ᠪᠤᠭᠤᠮᠳᠠ  ᠎ ᠠᠴᠠ  ᠭᠠᠳᠠᠨ᠎ᠠ   ᠵᠡᠭᠦᠨ ᠮᠤᠩᠭᠤᠯ  ᠎ ᠤᠨ  ᠤᠷᠤᠨ  ᠎ ᠳᠠᠬᠢ  ᠬᠠᠮᠤᠭ  ᠎ ᠤᠨ  ᠲᠤᠮᠦ  ᠴᠢᠯᠠᠭᠤᠨ  ᠬᠦᠭᠦᠷᠭᠡ   ᠮᠦᠨ᠃ 1972 ᠤᠨ  ᠎ ᠳᠤ  ᠴᠧᠨ ᠵᠢᠶᠠ  ᠢᠩᠽᠢ  ᠎ ᠶᠢᠨ  ᠬᠦᠭᠦᠷᠭᠡ ᠶᠢ  ᠪᠠᠶᠢᠭᠤᠯᠬᠤ  ᠦᠶᠡᠰ  ᠰᠢᠷᠠᠮᠦᠷᠦᠨ  ᠭᠤᠤᠯ  ᠎ ᠤᠨ  ᠪᠠᠷᠠᠭᠤᠨ  ᠬᠦᠪᠡᠭᠡ  ᠤᠷᠴᠢᠮ  ᠎ ᠢᠶᠠᠷ  ᠬᠤᠶᠠᠷ  ᠬᠦᠭᠦᠷᠭᠡ  ᠎ ᠶᠢᠨ  ᠲᠤᠯᠭᠠᠭᠤᠷᠢ  ᠤᠰᠤᠨ  ᠎ ᠠᠴᠠ  ᠴᠤᠬᠤᠶᠢᠵᠦ ᠬᠠᠷᠠᠭᠳᠠᠵᠠᠢ  ᠃  ᠬᠦᠭᠦᠷᠭᠡ  ᠎ ᠶᠢᠨ  ᠰᠠᠭᠤᠷᠢ ᠶᠢ  ᠴᠡᠪᠡᠷᠯᠡᠬᠦ  ᠦᠶᠡᠰ  ᠪᠠᠰᠠ  ᠬᠤᠶᠠᠷ  ᠮᠤᠳᠤᠨ    ᠮᠠᠲ᠋ᠧᠷᠢᠶᠠᠯ ᠢᠯᠡᠷᠡᠵᠠᠢ  ᠃ ᠲᠡᠭᠦᠨ ᠤ  ᠨᠢᠭᠡ ᠬᠦᠨᠳᠡᠯᠡᠨ  ᠎ ᠢᠶᠠᠷ  ᠬᠤᠭᠤᠷᠠᠭᠰᠠᠨ  ᠬᠡᠰᠡᠭ ᠨᠢ ᠱᠠᠳᠤᠯᠵᠢᠨ ᠬᠡᠯᠪᠡᠷᠢᠳᠠᠢ  ᠂  ᠬᠤᠭᠤᠷᠬᠠᠢ  ᠎ ᠶᠢᠨ  ᠤᠷᠳᠦ ᠨᠢ 1  ᠮᠧᠲ᠋ᠡᠷ  ᠢᠯᠡᠭᠦᠦ  ᠪᠠᠶᠢᠵᠠᠢ  ᠃ ᠨᠢᠭᠡ  ᠲᠠᠯ᠎ᠠ ᠳᠤᠨᠢ ᠤᠷᠳᠦ ᠲᠦᠷᠪᠡᠯᠵᠢᠨ ᠬᠡᠯᠪᠡᠷᠢᠳᠠᠢ  ᠴᠦᠴᠡᠯᠡᠭᠰᠡᠨ  ᠨᠦᠭᠡ ᠲᠠᠢ  ᠂ ᠴᠦᠴᠡ  ᠎ ᠶᠢᠨ  ᠨᠦᠭᠡ  ᠎ ᠶᠢᠨ ᠤᠷᠳᠦ ᠨᠢ 26 ᠰᠡᠨᠲ᠋ᠢᠮᠧᠲ᠋ᠧᠷ  ᠂ ᠦᠷᠭᠡᠨ ᠨᠢ 13 ᠰᠡᠨᠲ᠋ᠢᠮᠧᠲ᠋ᠡᠷ  ᠪᠠᠶᠢᠵᠠᠢ  ᠃  ᠡᠨᠡᠬᠦ  ᠬᠦᠭᠦᠷᠭᠡ  ᠎ ᠶᠢᠨ  ᠦᠯᠡᠳᠡᠭᠳᠡᠯ  ᠎ ᠨᠢ  ᠿᠤᠤᠵᠧᠦ  ᠬᠤᠳᠠ  ᠎ ᠶᠢᠨ  ᠪᠠᠭᠤᠷᠠᠢ    ᠎ ᠠᠴᠠ  ᠨᠢᠭᠡ ᠺᠢᠯᠤᠮᠧᠲ᠋ᠡᠷ  ᠵᠠᠶᠢᠳᠠᠢ  ᠪᠠᠶᠢᠵᠦ  ᠂  ᠯᠢᠶᠤᠤ᠂  ᠠᠯᠳᠠᠨ  ᠂  ᠶᠤᠸᠠᠨ  ᠂ ᠮᠢᠩ ᠲᠦᠷᠪᠡᠨ ᠭᠦᠷᠦᠨ ᠤ  ᠦᠶ᠎ᠡ  ᠎ ᠳᠤ ᠵᠠᠮ ᠬᠠᠷᠢᠯᠴᠠᠭᠠᠨ  ᠎ ᠤ  ᠴᠢᠬᠤᠯᠠ  ᠬᠤᠯᠪᠤᠭᠠᠰᠦ ᠶᠢᠨ  ᠦᠢᠯᠡᠳᠦᠯ  ᠦᠵᠭᠦᠯᠵᠠᠢ  ᠃  ᠶᠤᠸᠠᠨ  ᠤᠯᠤᠰ ᠤᠨ  ᠦᠶ᠎ᠡ ᠳᠤ  ᠰᠢᠷᠠᠮᠦᠷᠦᠨ  ᠎ ᠤ  ᠬᠦᠭᠦᠷᠭᠡ  ᠎ ᠨᠢ ᠢᠩ  ᠴᠠᠩ   ᠴᠦᠯᠭᠡ  ︵ ᠪᠠᠷᠰ ᠬᠤᠳᠠ︶  ᠎ ᠳᠤ   ᠬᠦᠷᠬᠦ  ᠎ ᠳᠤ  ᠡᠷᠬᠡᠪᠰᠢ  ᠦᠩᠭᠡᠷᠡᠬᠦ ᠵᠠᠮ ᠮᠦᠨ᠃   ᠮᠢᠩ ᠤᠯᠤᠰ ᠤᠨ  ᠡᠬᠢᠨ ᠳᠤ  ᠂ ᠮᠢᠩ ᠴᠧᠩᠽᠦ  ᠵᠦ ᠳ᠋ᠢ ᠤᠮᠠᠷᠠᠰᠢ ᠲᠠᠶᠢᠯᠠᠬᠤ  ᠎ ᠳᠠᠭᠠᠨ ᠶᠦᠩ  ᠯᠧ  ᠎ ᠶᠢᠨ  ᠨᠠᠶᠢᠮᠠᠳᠦᠭᠠᠷ ᠤᠨ  ︵1410︶ ᠤᠨ  ᠎ ᠤ  ᠵᠢᠷᠭᠤᠭᠠᠨ ᠰᠠᠷ᠎ᠠ 27᠎ ᠤ ᠡᠳᠦᠷ  ᠲᠤᠰ  ᠬᠦᠭᠦᠷᠭᠡ ᠪᠠᠷ ᠭᠠᠷᠴᠦ   ᠲᠦᠭᠡᠮᠡᠯ ᠲᠠᠯ᠎ᠠ  ︵ᠭᠦᠩᠭᠡᠷ  ᠎ ᠤᠨ  ᠲᠠᠯ᠎ᠠ︶  ᠎ ᠳᠤ  ᠬᠦᠷᠴᠠᠢ  ᠃  ︵ ︽ ᠤᠮᠠᠷᠰᠢ ᠲᠠᠶᠢᠯᠭᠰᠠᠨ ᠲᠡᠮᠳᠡᠭᠡᠯᠡᠯ  ︾  ᠎ ᠤᠨ ᠨᠢᠭᠡᠳᠦᠭᠡᠷ ᠪᠤᠳᠢ  ᠂ ᠮᠢᠩ ᠤᠯᠤᠰ ᠎ ᠤᠨ  ᠎ ᠶᠢᠨ ᠶᠢᠦ  ᠽᠢ  ᠲᠡᠮᠳᠡᠭᠡᠯᠡᠪᠡ︶  ᠃ ᠴᠢᠩ ᠤᠯᠤᠰ ᠤᠨ   ᠡᠶᠡᠪᠡᠷ  ᠵᠠᠰᠠᠭᠴᠢ  ᠎ ᠶᠢᠨ  ᠭᠤᠷᠪᠠᠨ  ︵1646︶ ᠤᠨ ᠳᠤ  8 ᠰᠠᠷ᠎ᠠ ᠳᠤ ᠴᠢᠩ ᠤᠯᠤᠰ ᠤᠨ  ᠲᠡᠭᠷᠢ  ᠰᠡᠴᠡᠨᠳᠦ ᠬᠠᠭᠠᠨ ᠤ  ᠲᠠᠪᠤᠳᠤᠭᠠᠷ ᠤᠬᠢᠨ ᠰᠡᠴᠡᠨ ᠲᠡᠭᠡᠳᠦ ᠬᠦᠷᠦᠨ  ᠭᠦᠩᠵᠦ  ᠪᠠᠭᠠᠷᠢᠨ ᠪᠠᠷᠠᠭᠤᠨ ᠭᠠᠷᠦᠨ  ᠬᠤᠰᠢᠭᠤᠨ  ᠎ ᠤ ᠰᠡᠪᠳᠠᠨ  ᠸᠠᠩ ᠳᠤ   ᠮᠤᠷᠳᠠᠬᠤ  ᠎ ᠳᠠᠭᠠᠨ  ᠪᠠᠰᠠᠴᠦ   ᠲᠤᠰ ᠬᠦᠭᠦᠷᠭᠡ ᠪᠠᠷ  ᠦᠩᠭᠡᠷᠡᠵᠦ ᠪᠠᠭᠠᠷᠢᠨ  ᠎ ᠤ  ᠬᠢᠵᠠᠭᠠᠷ  ᠎ ᠲᠤ  ᠤᠷᠤᠵᠠᠢ  ᠃ ᠬᠤᠶᠠᠷ  ᠄  ᠪᠠᠭᠠᠷᠢᠨ  ᠬᠦᠭᠦᠷᠭᠡ   —  ︽ᠭᠦᠩᠵᠦ  ᠎ ᠶᠢᠨ  ᠬᠦᠭᠦᠷᠭᠡ  ︾  ᠎ ᠶᠢᠨ  ᠲᠤᠬᠠᠢ ᠰᠤᠷᠪᠤᠯᠵᠢ ᠪᠢᠴᠩ  ᠎ ᠢ  ᠦᠨᠳᠦᠰᠦᠯᠡᠪᠡᠯ  ᠴᠢᠩ ᠤᠯᠤᠰ ᠤᠨ  ᠡᠶᠡᠪᠡᠷ ᠵᠠᠰᠠᠭᠴᠢ ᠶᠢᠨ  ᠠᠷᠪᠠᠨ ᠲᠤᠯᠤᠳᠤᠭᠠᠷ ᠤᠨ ︵1660︶  ᠎ ᠳᠤ  ᠰᠡᠪᠳᠡᠨ ᠸᠠᠩ ᠲᠡᠭᠦᠨ ᠤ ᠦᠶᠡᠯᠢᠳ ᠲᠡᠭᠦᠦ  ᠮᠠᠨᠵᠦᠤᠷ ᠰᠢᠯᠢ  ︵ᠪᠠᠭᠠᠷᠢᠨ ᠵᠡᠭᠦᠨ ᠬᠤᠰᠢᠭᠤᠨ ᠤ ᠸᠠᠩ︶  ᠎ ᠲᠠᠢ   ᠬᠠᠮᠰᠠᠵᠦ  ᠂ ᠶᠡᠭᠡ  ᠶᠤᠯᠤ  ᠎ ᠶᠢᠨ  ᠠᠭᠤᠯᠠ  ︵ ᠤᠳᠤᠬᠠᠨ ᠤ  ᠰᠢᠷᠠᠮᠦᠷᠦᠨ ᠭᠤᠤᠯ ᠤᠨ  ᠬᠤᠶᠢᠳᠦ ᠡᠷᠭᠢ ᠶᠢᠨ  ᠎ ᠪᠠᠨ ᠯᠠ ᠱᠠᠨ ᠠᠭᠤᠯᠠ︶  ᠬᠤᠶᠢᠳᠦ  ᠭᠤᠪᠢ  ᠎ ᠶᠢᠨ  ᠠᠮᠠ   ᠤᠯᠠᠭ᠎ᠠ ᠵᠠᠮ ᠲᠡᠭᠡᠷ᠎ᠡ   ᠲᠠᠪᠤᠨ  ᠤᠯᠠᠪᠳᠤᠷ  ᠤᠷᠭᠤᠭ᠎ᠠ  ᠬᠠᠳᠠᠨ  ︵  ︽ᠪᠠᠭᠠᠷᠢᠨ  ᠪᠠᠷᠠᠭᠤᠨ ᠬᠤᠰᠢᠭᠤᠨ ᠤ  ᠤᠶᠢᠯᠠᠯᠭ᠎ᠠ  ᠎ ᠳᠤ  ︽ᠭᠤᠤᠯ  ᠎ ᠤᠨ  ᠲᠤᠮᠳᠠᠬᠢ  ᠪᠤᠱᠤᠭ᠎ᠠ  ᠤᠯᠠᠨᠳᠠᠢ  ᠭᠠᠵᠠᠷ  ︾  ᠭᠡᠵᠦ ᠲᠡᠮᠳᠡᠭᠡᠯᠡᠵᠠᠢ 308 ᠨᠢᠭᠤᠷ   ᠬᠢᠳᠠᠳ  ᠬᠡᠪᠯᠡᠯ  ︶    ᠎ ᠶᠢ ᠰᠢᠷᠠᠮᠦᠷᠦᠨ ᠤ   ᠤᠬᠠᠭᠠᠯᠢᠭ  ᠠᠰᠢᠭᠯᠠᠵᠦ  ᠰᠢᠨ᠎ᠡ  ᠴᠢᠯᠠᠭᠤᠨ  ᠬᠦᠭᠦᠷᠭᠡ  ᠪᠤᠰᠬᠠᠵᠦ  ᠰᠢᠷ᠎ᠠ ᠮᠦᠷᠡᠨ  ᠎ ᠤ  ᠤᠷᠤᠰᠬᠠᠯ  ᠎ ᠢ  ᠬᠦᠮᠦᠨ  ᠎ ᠤ  ᠬᠦᠴᠦ ᠪᠠᠷ  ᠲᠠᠳᠠᠵᠦ   ᠤᠷᠤᠭᠤᠯᠠᠭᠠᠳ  ᠂  ᠬᠦᠭᠦᠷᠭᠡ  ᠎ ᠳᠡᠭᠡᠨ  ︽ᠭᠦᠩᠵᠦ  ᠎ ᠶᠢᠨ  ᠬᠦᠭᠦᠷᠭᠡ︾  ᠭᠡᠰᠨ ᠨᠡᠷ᠎ᠡ  ᠬᠠᠶᠢᠷᠯᠠᠵᠠᠢ  ᠂  ᠡᠭᠦᠨ ᠤ ᠬᠠᠮᠳᠦ  ᠭᠤᠤᠯ  ᠎ ᠤᠨ ᠬᠤᠶᠢᠳᠦ ᠬᠦᠪᠡᠭᠡ ᠳᠤ  ᠲᠠᠪᠢᠨ ᠤᠪᠤᠭ᠎ᠠ ᠦᠷᠳᠡᠭᠡ  ᠪᠠᠶᠢᠭᠤᠯᠵᠤ  ᠂  ᠭᠤᠴᠢᠨ ᠲᠠᠪᠤᠨ  ᠤᠯᠠᠭ᠎ᠠ ᠮᠤᠷᠢ  ᠂ ᠨᠢᠭᠡ ᠵᠠᠩᠭᠢ  ᠂ ᠨᠢᠭᠡ  ᠭᠦᠨᠳᠦ  ᠪᠤᠱᠤᠭ᠂     ᠨᠢᠭᠡ ᠪᠢᠴᠡᠭᠡᠴᠢ  ᠂   ᠲᠦᠷᠪᠡᠨ   ᠪᠤᠱᠤᠭ  ᠂   ᠶᠡᠷᠡᠨ  ᠨᠠᠢᠮᠠᠨ ᠤᠯᠭᠠᠴᠢ  ᠲᠤᠬᠢᠷᠠᠭᠤᠯᠵᠠᠢ  ᠂   ᠡᠭᠦᠨ ᠳᠤ  ᠪᠠᠭᠠᠷᠢᠨ  ᠪᠠᠷᠠᠭᠤᠨ ᠬᠤᠰᠢᠭᠤᠨ ᠤ 63 ᠬᠦᠮᠦᠨ  ᠂ ᠪᠠᠭᠠᠷᠢᠨ ᠵᠡᠭᠦᠨ ᠬᠤᠰᠢᠭᠤᠨ ᠤ  42 ᠬᠦᠮᠦᠨ  ︵  ︽ ᠭᠠᠳᠠᠭᠠᠳᠦ ᠮᠤᠩᠭᠤᠯ  ᠎ ᠢ  ᠶᠡᠷᠦᠩᠭᠡᠶᠢᠯᠡᠨ ᠵᠠᠰᠠᠬᠤ  ᠵᠤᠷᠪᠤᠰ  ︾  ᠎ ᠤᠨ ᠰᠢᠦᠳᠠᠨ ᠤ ᠵᠤᠷᠪᠤᠰ︶    ᠃   ᠰᠡᠴᠡᠨ ᠲᠡᠭᠡᠳᠦ  ᠭᠦᠷᠦᠨ  ᠭᠦᠩᠵᠦ ᠶᠢᠨ  ᠨᠡᠶᠢᠰᠯᠠᠯ ᠳᠤ ᠪᠤᠴᠠᠵᠦ  ᠲᠦᠷᠭᠦᠮ  ᠎ ᠢᠶᠠᠨ  ᠡᠷᠭᠢᠬᠦ  ᠎ ᠳᠤ ᠲᠦᠭᠦᠮ  ᠪᠤᠯᠭᠠᠵᠠᠢ  ᠃  ᠡᠩᠬᠡ ᠠᠮᠤᠭᠤᠯᠠᠩ   ᠬᠠᠭᠠᠨ 1701 ᠤᠨ  ᠎ ᠠᠴᠠ 1711 ᠤᠨ ᠪᠤᠯᠳᠠᠯ᠎ᠠ  ᠵᠢᠷᠭᠤᠭᠠᠨᠳᠠ   ᠪᠠᠭᠠᠷᠢᠨ ᠬᠤᠰᠢᠭᠤ ᠶᠢ  ᠴᠠᠭᠳᠠᠨ  ᠪᠠᠶᠢᠴᠠᠭᠠᠬᠤ ᠳᠠᠭᠠᠨ  ᠴᠦᠮ ᠡᠨᠡᠬᠦ  ᠬᠦᠭᠦᠷᠭᠡ ᠪᠠᠷ  ᠵᠠᠮᠨᠠᠵᠠᠢ  ᠃ ᠭᠦᠩᠵᠦ ᠶᠢᠨ  ᠬᠦᠭᠦᠷᠭᠡ ᠶᠢ  ᠪᠠᠭᠠᠷᠢᠨᠴᠤᠳ  ︽ ᠭᠦᠨᠵᠢ ᠶᠢᠨ  ᠭᠦᠭᠦᠷᠭᠡ︾ ᠭᠡᠵᠦ  ᠲᠠᠭᠤᠳᠠᠵᠦ  ᠂ ᠨᠡᠯᠢᠶᠡᠳ ᠤᠯᠠᠨ ᠨᠤᠮ ᠪᠢᠴᠢᠭ ᠲᠤ ᠴᠦ ︽ ᠭᠦᠨᠵᠢ ᠶᠢᠨ  ᠬᠦᠭᠦᠷᠭᠡ  ︾ ᠭᠡᠵᠦ  ᠲᠡᠮᠳᠡᠭᠡᠯᠡᠭᠰᠡᠨ ᠪᠠᠶᠢᠳᠠᠭ᠃  ︽ᠭᠦᠨᠵᠢ︾ ᠭᠡᠳᠡᠭ ᠨᠢ ᠲᠠᠷᠦᠢ ︽ᠭᠦᠩᠵᠦ︾ ᠭᠡᠳᠡᠭ ᠦᠭᠡ ᠶᠢᠨ  ᠠᠪᠢᠶᠠᠨ ᠤ ᠬᠤᠪᠢᠷᠠᠯ᠂  ᠪᠠᠭᠠᠷᠢᠨ ᠳᠤ ᠪᠠᠰᠠ ︽ᠭᠦᠨᠵᠢ ᠶᠢᠨ  ᠬᠤᠳᠤᠭᠤᠷ︾ ᠭᠡᠰᠡᠨ ᠭᠠᠵᠠᠷ ᠪᠠᠶᠢᠳᠠᠭ  ᠎ ᠨᠢ  ᠢᠨᠵᠢ ᠮᠠᠨᠵᠦ  ᠨᠠᠷ ᠤᠨ ᠤᠩᠭᠤᠨ ᠤ ᠭᠠᠵᠠᠷ ᠤᠨ  ᠨᠡᠷᠡᠶᠢᠳᠦᠯ ᠪᠤᠯᠬᠤ ᠶᠤᠮ᠃ ᠲᠦᠭᠡᠮᠡᠯ  ᠡᠯᠪᠡᠭᠳᠦ  ᠎ ᠶᠢᠨ ᠤᠨ  ᠎ ᠤ  ᠦᠶ᠎ᠡ ᠳᠤ ᠬᠦᠷᠦᠭᠡᠳ  ᠬᠦᠭᠦᠷᠭᠡ  ᠬᠠᠭᠤᠴᠠᠷᠠᠵᠦ  ᠬᠡᠷᠡᠭᠯᠡᠬᠦ ᠳᠤ  ᠠᠶᠤᠯᠳᠠᠢ ᠪᠤᠯᠵᠠᠢ  ᠃᠂  ᠢᠩᠭᠢᠬᠦᠯᠡᠷ  ᠲᠦᠭᠡᠮᠡᠯ ᠡᠯᠪᠡᠭᠳᠦ  ᠎ ᠶᠢᠨ   ᠵᠢᠷᠭᠤᠳᠤᠭᠠᠷ ︵1856︶  ᠤᠨ  ᠎ ᠤ ᠬᠠᠪᠤᠷ ᠂  ᠲᠤᠬᠠᠢ  ᠎ ᠶᠢᠨ  ᠦᠶ᠎ᠡ  ᠎ ᠳᠤ ᠵᠤᠤ  ᠤᠳᠠ ᠶᠢᠨ  ᠴᠢᠭᠤᠯᠭᠠᠨ ᠤ  ᠲᠠᠷᠤᠭ᠎ᠠ  ᠪᠠᠶᠢᠭᠰᠠᠨ  ᠪᠭᠠᠷᠢᠨ  ᠪᠠᠷᠠᠭᠤᠨ ᠬᠤᠰᠢᠭᠤᠨ  ᠎ ᠤ  ᠸᠠᠩ ᠨᠤᠶᠠᠨ  ᠨᠠᠮᠵᠢᠯᠸᠠᠩᠴᠤᠭ  ᠬᠦᠮᠦᠨ  ᠂ ᠪᠤᠳᠠᠰ   ᠴᠤᠭᠯᠠᠭᠤᠯᠵᠤ ᠰᠢᠨ᠎ᠡ  ᠬᠦᠭᠦᠷᠭᠡ    ᠪᠠᠶᠢᠭᠤᠯᠵᠦ  ︽ ᠪᠠᠭᠠᠷᠢᠨ   ᠬᠦᠭᠦᠷᠭᠡ ᠶᠢᠨ  ᠬᠦᠰᠢᠶᠡᠨ ᠪᠢᠴᠩ  ︾  ᠪᠤᠰᠬᠠᠵᠠᠢ᠃  ᠡᠨᠡᠬᠦ  ᠬᠦᠭᠦᠷᠭᠡ ᠨᠢ  ᠲᠠᠪᠤᠨ   ᠤᠯᠠᠭᠠᠪᠳᠤᠷ  ᠦᠩᠭᠳᠡᠠᠢ   ᠤᠷᠭᠤᠭ᠎ᠠ  ᠬᠠᠳᠠ  ᠎ ᠪᠠᠷ  ᠬᠦᠭᠦᠷᠭᠡ  ᠎ ᠶᠢᠨ    ᠲᠤᠯᠭᠠᠭᠤᠷᠢ  ᠪᠤᠯᠭᠠᠵᠦ   ︵ᠲᠡᠭᠦᠨ  ᠎ ᠤ  ᠬᠤᠶᠠᠷ  ᠬᠠᠵᠠᠭᠤ  ᠎ ᠶᠢᠨ  ᠬᠤᠶᠠᠷ   ᠤᠷᠭᠤᠭ᠎ᠠ ᠬᠠᠳᠠ ᠨᠢ  ᠬᠠᠰᠢᠯᠭ᠎ᠠ ᠰᠠᠭᠤᠷᠢ ᠶᠢᠨ  ᠦᠢᠯᠡᠳᠦᠯ  ᠦᠵᠡᠭᠦᠯᠦᠨ  ᠭᠠᠵᠠᠷ ᠲᠤ  ᠪᠤᠯᠠᠭᠳᠠᠰᠠᠨ  ᠎ ᠠᠴᠠ  ᠬᠠᠷᠠᠭᠳᠠᠬᠤ  ᠦᠭᠡᠢ  ᠪᠤᠯᠤᠭᠰᠠᠨ  ᠪᠠᠶᠢᠳᠠᠭ  ︶  ᠂ ᠭᠤᠤᠯ  ᠲᠤᠯᠭᠠᠭᠤᠷᠢ  ᠎ ᠶᠢᠨ  ᠬᠤᠶᠠᠷ  ᠬᠠᠵᠠᠭᠤ  ᠎ ᠳᠤ  ᠤᠰᠤ  ᠤᠷᠤᠰᠬᠠᠤ ᠴᠡᠭᠡᠯ  ᠭᠠᠷᠭᠠᠵᠠᠢ  ᠃ ᠪᠤᠷᠵᠢᠨ ᠴᠢᠯᠠᠭᠤ  ᠎ ᠪᠠᠷ ᠵᠡᠷᠭᠡᠯᠡᠨ  ᠪᠤᠰᠬᠠᠵᠦ ᠬᠤᠶᠠᠷ  ᠭᠤᠯᠳᠤᠩ ᠲᠠᠢ  ᠨᠤᠮᠦᠨ  ᠬᠦᠭᠦᠷᠭᠡ   ᠪᠤᠯᠭᠠᠵᠠᠢ  ︔  ᠡᠮᠦᠨᠡᠬᠢ  ᠭᠤᠯᠳᠤᠩ  ᠎ ᠤᠨ   ᠤᠷᠳᠦ ᠨᠢ   ᠵᠢᠷᠭᠤᠭᠠᠨ  ᠮᠧᠲ᠋ᠧᠷ  ᠂  ᠬᠤᠶᠢᠨᠠᠬᠢ  ᠭᠤᠯᠳᠤᠩ ᠤᠨ  ᠤᠷᠳᠦ ᠨᠢ  ᠨᠠᠶᠢᠮᠠᠨ  ᠮᠧᠲ᠋ᠡᠷ  ᠂ ᠬᠦᠭᠦᠷᠭᠡ  ᠎ ᠶᠢᠨ  ᠦᠨᠳᠦᠷ  ᠎ ᠨᠢ  ᠤᠰᠤᠨ ᠲᠦᠪᠰᠢᠨ  ᠎ ᠠᠴᠠ 3 ᠮᠧᠲ᠋ᠧᠷ  ᠦᠨᠳᠦᠷ  ᠂ ᠦᠷᠭᠡᠨ ᠨᠢ 4 ᠮᠧᠲ᠋ᠡᠷ  ᠂  ᠪᠦᠬᠦ  ᠤᠷᠳᠦ  ᠎ ᠨᠢ 25 ᠮᠧᠲ᠋ᠡᠷ   ᠪᠠᠶᠢᠵᠠᠢ  ᠃ ᠬᠦᠭᠦᠷᠭᠡ  ᠤᠷᠴᠢᠮ ᠤᠨ  ᠭᠤᠤᠯ  ᠎ ᠤᠨ  ᠬᠤᠶᠠᠷ  ᠡᠷᠭᠢ  ᠎ ᠶᠢ  ᠬᠠᠷᠠᠪᠳᠤᠷ ᠴᠢᠯᠠᠭᠤ ᠪᠠᠷ  ᠵᠡᠷᠭᠡᠯᠡᠨ   ᠪᠠᠬᠢᠯᠡᠵᠦ᠂ ᠬᠦᠭᠦᠷᠭᠡ  ᠎ ᠶᠢᠨ  ᠬᠤᠶᠠᠷ  ᠬᠦᠪᠡᠭᠡ  ᠎ ᠳᠤ  ᠪᠤᠷᠵᠢᠨ ᠴᠢᠯᠠᠭᠤᠨ  ᠲᠤᠯᠭᠠᠭᠤᠷᠢ ᠲᠠᠢ  ᠂   ᠪᠠᠷᠤᠭ  ᠲᠠᠪᠢᠨ  ᠰᠡᠨᠲ᠋ᠢᠮᠡᠲ᠋ᠡᠷ  ᠵᠤᠵᠠᠭᠠᠨ  ᠂ ᠲᠦᠴᠢᠨ  ᠰᠡᠨᠲ᠋ᠢᠮᠧᠲ᠋ᠧᠷ  ᠦᠷᠭᠡᠨ  ᠰᠡᠭᠡᠷᠯᠡᠭᠰᠡᠨ  ᠪᠤᠷᠵᠢᠨ ᠴᠢᠯᠠᠭᠤ  ᠎ ᠪᠠᠷ  ᠨᠢᠭᠤᠷᠯᠠᠨ  ᠬᠤᠯᠪᠤᠭᠰᠠᠨ  ᠴᠢᠯᠠᠭᠤᠨ   ᠬᠠᠰᠢᠯᠭ᠎ᠠ   ᠪᠠᠷᠢᠵᠦ  ᠂  ᠬᠤᠶᠠᠷ ᠡᠷᠭᠢ  ᠎ ᠲᠤᠨᠢ   ᠲᠦᠷᠪᠡᠨ  ᠫᠤᠤᠲ᠋ᠠᠢ  ᠪᠤᠰᠬᠠᠵᠦ   ᠰᠡᠷᠭᠡᠶᠢᠯᠡᠯᠳᠡ  ᠎ ᠶᠢᠨ  ᠪᠠᠷᠢᠯᠭ᠎ᠠ  ᠪᠤᠯᠭᠠᠵᠠᠢ    ᠃  ᠫᠤᠤᠲ᠋ᠠᠢ  ᠎ ᠶᠢᠨ  ᠦᠨᠳᠦᠷ  ᠎ ᠨᠢ  ᠭᠤᠷᠪᠠᠨ  ᠮᠧᠲ᠋ᠡᠷ  ᠂   ᠳ᠋ᠢᠶᠠᠮᠧᠲ᠋ᠡᠷ  ᠎ ᠨᠢ   ᠭᠤᠷᠪᠠᠨ  ᠮᠧᠲ᠋ᠡᠷ  ᠃   ᠪᠠᠭᠠᠷᠢᠨ  ᠮᠤᠩᠭᠤᠯᠴᠤᠳ  ᠡᠨᠡᠬᠦ ᠭᠦᠭᠦᠷᠭᠡ ᠨᠢ  ᠮᠦᠨᠴᠦ  ︽ᠭᠦᠩᠵᠦ ᠶᠢᠨ  ᠬᠦᠭᠦᠷᠭᠡ︾  ᠭᠡᠵᠦ  ᠨᠡᠷᠡᠶᠢᠳᠦᠳᠡᠭ᠃ ᠲᠡᠭᠷᠢ ᠲᠡᠳᠬᠦᠭᠴᠢ ᠶᠢᠨ  ᠭᠤᠴᠢᠨ  ᠬᠤᠶᠠᠳᠤᠭᠠᠷ ᠤᠨ  ︵1767  ︶᠎ ᠳᠤ  ᠬᠦᠭᠦᠷᠭᠡ ᠶᠢ ᠲᠠᠬᠢᠨᠳᠠ ᠰᠡᠯᠪᠢᠨ ᠵᠠᠰᠠᠵᠠᠢ  ᠃ ᠪᠦᠷᠢᠨᠳᠦ  ᠵᠠᠰᠠᠭᠴᠢ ᠶᠢᠨ  ᠲᠦᠷᠪᠡᠳᠦᠭᠡᠷ  ᠤᠨ  ︵1865︶  ᠤᠨ ᠤ  ᠨᠠᠮᠦᠷ   ᠪᠠᠭᠠᠷᠢᠨ  ᠪᠠᠷᠠᠭᠤᠨ ᠬᠤᠰᠢᠭᠤ ᠨᠢ  ᠵᠤᠭᠤᠰ  ᠮᠦᠩᠭᠦ  ᠬᠤᠷᠠᠮᠳᠠᠭᠤᠯᠤᠨ  ᠬᠦᠭᠦᠷᠭᠡ ᠶᠢ  ᠪᠠᠬᠢᠯᠡᠨ   ᠵᠠᠰᠠᠵᠦ  ᠲᠠᠭᠤᠰᠬᠠᠭᠠᠳ  ᠪᠠᠭᠠᠷᠢᠨ  ᠬᠦᠭᠦᠷᠭᠡ  ᠎ ᠶᠢᠨ  ᠬᠦᠰᠢᠶᠡᠨ  ᠲᠠᠩᠬᠢᠮ  ᠪᠤᠰᠬᠠᠵᠠᠢ  ᠃  ᠲᠤᠰ  ᠲᠠᠩᠬᠢᠮ ᠨᠢ 1930 ᠤᠨ  ᠎ ᠳᠤ  ᠦᠶᠡᠷ ᠲᠤ  ᠤᠷᠤᠰᠬᠠᠭᠳᠠᠵᠠᠢ᠃ ᠶᠠᠫᠦᠨ  ᠡᠵᠡᠷᠭᠡᠭ   ᠲᠦᠷᠢᠮᠬᠡᠶᠢᠳᠡᠨ  ᠤᠯᠠᠭᠠᠨᠬᠠᠳᠠ ᠠᠴᠠ  ᠯᠢᠨᠰᠢ  ᠬᠦᠷᠬᠦ  ᠵᠠᠰᠠᠮᠠᠯ  ᠵᠠᠮ  ᠎ ᠢ  ᠵᠠᠰᠠᠬᠤ  ᠎ ᠳᠠᠭᠠᠨ  ᠂ ᠮᠠᠰᠢᠨ ᠲᠡᠷᠭᠡ  ᠦᠩᠭᠷᠡᠬᠦ  ᠎ ᠳᠤ  ᠲᠦᠭᠦᠮ  ᠎ ᠢ  ᠪᠤᠳᠤᠯᠬᠢᠯᠠᠵᠦ  ᠬᠦᠭᠦᠷᠭᠡ ᠶᠢᠨ  ᠲᠤᠤᠷ᠎ᠠ ᠲᠠᠯ᠎ᠠ ᠎ ᠳᠤ  ᠨᠢᠭᠡ  ᠼᠧᠮᠨ᠋ᠲ  ᠭᠠᠵᠠᠷ  ᠬᠦᠭᠦᠷᠭᠡ  ᠲᠡᠪᠢᠰᠴᠦ  ᠂ ᠪᠠᠭᠠᠷᠢᠨ ᠬᠦᠭᠦᠷᠭᠡ ᠶᠢᠨ  ᠬᠤᠶᠠᠷ ᠬᠠᠵᠠᠭᠤ ᠶᠢᠨ  ᠭᠤᠤᠯ ᠤᠨ  ᠡᠷᠭᠢ ᠶᠢ  ᠨᠠᠯᠠᠭᠤ  ᠪᠤᠯᠭᠠᠨ  ᠂  ᠭᠤᠤᠯ  ᠎ ᠤᠨ  ᠭᠤᠤᠯ  ᠎ ᠤᠨ  ᠡᠮᠦᠨ᠎ᠡ ᠲᠠᠯ᠎ᠠ ᠶᠢᠨ  ᠵᠠᠮ  ᠎ ᠢ  ᠦᠨᠳᠦᠷᠬᠡᠭᠳᠡᠬᠦ  ᠎ ᠶᠢᠨ  ᠬᠠᠮᠳᠦ  ᠪᠠᠰᠨ ᠨᠢᠭᠡᠨ   ᠭᠤᠯᠳᠤᠩ ᠬᠦᠨᠳᠢ   ᠪᠠᠶᠢᠭᠤᠯᠵᠠᠢ᠃1945 ᠤᠨ ᠳᠤ  ᠵᠦᠪᠯᠡᠯᠳᠦ ᠶᠢᠨ  ᠴᠢᠷᠡᠭ  ᠯᠢᠨᠰᠢ  ᠎ ᠳᠤ  ᠤᠷᠤᠵᠦ  ᠢᠷᠡᠬᠦ  ᠎ ᠳᠤ  ᠯᠢᠨᠰᠢ  ᠎ ᠳᠤ  ᠡᠭᠦᠷᠯᠡᠭᠰᠡᠨ  ᠶᠠᠫᠤᠨᠴᠤᠤᠳ  ᠡᠮᠦᠨᠡᠰᠢ  ᠪᠤᠷᠤᠭᠤᠯᠬᠤ  ᠎ ᠳᠠᠭᠠᠨ  ᠵᠦᠪᠯᠡᠯᠡᠳᠦ  ᠎ ᠶᠢᠨ  ᠴᠢᠷᠡᠭ  ᠎ ᠢ  ᠬᠤᠷᠢᠭᠯᠠᠬᠤ ᠶᠢᠨ ᠲᠦᠯᠦᠭᠡ   ᠪᠠᠭᠠᠷᠢᠨ ᠬᠦᠭᠦᠷᠭᠡ ᠶᠢᠨ  ᠨᠢᠭᠡ  ᠭᠤᠯᠳᠦᠷᠢᠯ  ᠎ ᠢ  ᠲᠡᠯᠪᠡᠴᠢᠵᠦ  ᠤᠷᠬᠢᠭᠰᠠᠨ  ᠎ ᠳᠤ  ᠴᠢᠯᠦᠭᠡᠯᠡᠭᠳᠡᠭᠡᠰᠨ ᠤ  ᠲᠠᠷᠠᠭ᠎ᠠ  ᠮᠤᠳᠤᠨ  ᠮᠠᠲ᠋ᠡᠷᠢᠶᠠᠯ  ᠎ ᠢᠶᠠᠷ  ᠨᠦᠬᠦᠵᠦ  ᠵᠠᠰᠠᠵᠦ  ᠭᠡᠷᠡᠭᠯᠡᠵᠦ  ᠪᠠᠶᠢᠵᠠᠢ  ᠃1908 ᠤᠨ ᠶᠠᠫᠦᠨ ᠤ  ᠡᠷᠳᠡᠮᠳᠡᠨ  ᠲᠤᠤᠷᠢᠢᠢ  ᠭᠶᠦᠽᠤ  ᠬᠦᠭᠦᠷᠭᠡ  ᠎ ᠪᠠᠷ  ᠦᠩᠭᠷᠡᠬᠦ  ᠎ ᠳᠡᠭᠡᠨ  ᠬᠢᠳᠡᠨ  ᠦᠰᠦᠭᠳᠠᠢ  ᠴᠢᠯᠠᠭᠤᠨ   ᠬᠦᠰᠢᠶ᠎ᠡ  ᠢᠯᠡᠷᠡᠭᠦᠯᠵᠠᠢ  ᠃ ᠡᠨᠡᠬᠦ  ᠬᠦᠭᠦᠷᠭᠡ  ᠎ ᠨᠢ ᠰᠢᠨ᠎ᠡ ᠲᠤᠮᠳᠠᠳᠤ ᠤᠯᠤᠰ  ᠪᠠᠶᠢᠭᠤᠯᠤᠭᠳᠠᠬᠤ ᠪᠤᠯᠳᠠᠯ᠎ᠠ  ᠬᠡᠷᠡᠭᠯᠡᠭᠳᠡᠵᠦ ᠪᠠᠶᠢᠵᠠᠢ  ᠂1946 ᠤᠨ  ᠎ ᠳᠤ 10 ᠰᠠᠷ᠎ᠠ ᠳᠤ  ᠴᠧᠩ  ᠽᠢ  ᠬᠤᠸᠠ  ᠵᠡᠷᠭᠡ  ᠬᠦᠮᠦᠨ  ᠲᠤᠮᠳᠠᠳᠦ  ᠤᠯᠤᠰ ᠤᠨ  ᠬᠠᠯᠭᠤᠨ  ᠭᠤᠤᠯ  ᠮᠤᠵᠢ  ᠎ ᠶᠢᠨ  ᠬᠤᠪᠢᠶᠠᠷᠢ  ᠲᠤᠪᠴᠢᠶ᠎ᠠ  ᠂  ᠴᠢᠷᠡᠭ ᠤᠨ  ᠲᠤᠭᠤᠷᠢᠭ  ᠂  ᠡᠯ᠎ᠡ  ᠶᠠᠮᠦᠨ  ᠵᠢᠴᠢ  ᠬᠠᠯᠭᠠᠤᠨ  ᠭᠤᠤᠯ ᠮᠤᠵᠢ ᠶᠢᠨ  ᠵᠠᠰᠠᠭ ᠤᠨ    ᠤᠷᠳᠤᠨ  ᠂   ︵ ᠲᠠᠩᠬᠢᠮ  ᠂ ᠲᠤᠪᠴᠢᠶ᠎ᠠ᠂  ᠬᠦᠷᠢᠶᠠᠯᠭᠩ  ︶  ᠎ ᠤᠨ  ᠡᠯ᠎ᠡ  ᠪᠠᠶᠢᠭᠤᠯᠤᠯᠭ᠎ᠠ  ᠎ ᠶᠢ  ᠲᠠᠭᠠᠭᠤᠯᠵᠦ  ᠪᠠᠶᠢᠯᠳᠤᠬᠤ  ᠪᠤᠳᠤᠯᠭ᠎ᠠ  ᠎ ᠶᠢᠨ  ᠰᠢᠯᠵᠢᠯᠳᠡ  ᠬᠢᠬᠦ    ᠎ ᠳᠡᠭᠡᠨ  ᠲᠤᠰ  ᠬᠦᠭᠦᠷᠭᠡ ᠪᠠᠷ  ᠦᠩᠭᠡᠷᠡᠵᠦ  ᠯᠢᠨᠰᠢ ᠰᠢᠶᠠᠨ  ᠎ ᠳᠤ  ᠤᠷᠤᠵᠠᠢ  ᠃1951 ᠣᠨ ᠳᠤ  ᠵᠤᠤ  ᠤᠳᠠ  ᠠᠶᠢᠮᠠᠭ ᠠᠴᠠ  ᠵᠤᠬᠢᠶᠠᠨ ᠪᠠᠶᠢᠭᠤᠯᠵᠦ  ᠪᠡᠯᠨ ᠮᠦᠩᠭᠦ ᠬᠤᠷᠠᠮᠳᠠᠭᠤᠯᠠᠨ  ᠪᠠᠰᠨ ᠨᠢᠭᠡ  ᠤᠳᠠᠭ᠎ᠠ  ᠰᠢᠨᠡᠳᠬᠡᠨ   ᠵᠠᠰᠠᠵᠠᠢ  ᠃  ᠭᠤᠷᠪᠠ᠄  ᠰᠢᠨ᠎ᠡ ᠪᠠᠭᠠᠷᠢᠨ ᠬᠦᠭᠦᠷᠭᠡ ᠶᠢᠨ  ᠲᠤᠬᠠᠢ 1962 ᠤᠨ ᠠᠴᠠ 1963 ᠤᠨ  ᠎ ᠤ ᠬᠤᠭᠤᠷᠤᠨᠳᠦ  ᠪᠠᠭᠠᠷᠢᠨ ᠬᠦᠭᠦᠷᠭᠡ ᠶᠢᠨ  ᠲᠤᠤᠷ᠎ᠠ ᠲᠠᠯ᠎ᠠ ᠳᠤ   ᠨᠠᠶᠠᠨ  ᠮᠧᠲ᠋ᠧᠷ  ᠎ ᠤᠨ  ᠵᠠᠶᠢᠳᠠᠢ ᠭᠠᠵᠠᠷ  ᠰᠢᠨ᠎ᠡ ᠬᠦᠭᠦᠷᠭᠡ ᠪᠠᠷᠢᠵᠦ  ᠂ ᠬᠠᠭᠤᠴᠢᠨ ᠬᠦᠭᠦᠷᠭᠡ ᠶᠢ  ᠤᠷᠬᠢᠵᠠᠢ᠃   ᠲᠤᠰ  ᠪᠠᠭᠠᠷᠢᠨ ᠬᠦᠭᠦᠷᠭᠡ ᠶᠢᠨ  ᠪᠦᠬᠦ ᠤᠷᠳᠦ ᠨᠢ 145.3 ᠮᠧᠲ᠋ᠡᠷ  ᠂  ᠬᠤᠶᠠᠷ  ᠭᠤᠤᠯ   ᠭᠤᠯᠳᠤᠩ  ᠎ ᠨᠢ  ᠲᠤᠰᠪᠤᠷᠢ 30 ᠮᠧᠲ᠋ᠡᠷ  ᠤᠷᠳᠦ  ᠂  ᠬᠤᠶᠠᠷ  ᠬᠠᠵᠠᠭᠤ ᠶᠢᠨ  ᠲᠦᠷᠪᠡᠨ ᠵᠢᠵᠢᠭ  ᠭᠤᠯᠳᠤᠩ ᠨᠢ  ᠲᠤᠰᠪᠦᠷᠢ 15 ᠮᠧᠲ᠋ᠡᠷ  ᠂  ᠬᠦᠭᠦᠷᠭᠡ ᠶᠢᠨ  ᠴᠤᠯᠤ  ᠦᠷᠭᠡᠨ  ᠎ ᠨᠢ 7 ᠮᠧᠲ᠋ᠡᠷ  ᠂  ᠬᠤᠶᠠᠷ  ᠬᠠᠵᠠᠭᠤ ᠶᠢᠨ   ᠶᠠᠪᠠᠭᠠᠨ  ᠬᠦᠮᠦᠨ ᠤ  ᠵᠠᠮ ᠨᠢ 0.75 ᠮᠧᠲ᠋ᠧᠷ  ᠃ 15 — 80  ᠲᠤᠨ ᠤ ᠲᠠᠭᠠᠠᠴᠠ ᠲᠠᠢ  ᠃  ᠪᠠᠭᠠᠷᠢᠨ ᠪᠠᠷᠠᠭᠤᠨ  ᠬᠤᠰᠢᠭᠤ 1956 ᠤᠨ ᠳᠤ  ᠳ᠋ᠠᠪᠠᠨ ᠪᠠᠯᠭᠠᠰᠦ ᠠᠴᠠ  ᠪᠠᠭᠠᠷᠢᠨ ᠬᠦᠭᠦᠷᠭᠡ ᠬᠦᠷᠬᠦ  ᠵᠠᠰᠠᠮᠠᠯ ᠵᠠᠮ ᠢ  ᠠᠩᠬᠠᠨᠯᠠᠨ  ᠲᠡᠪᠢᠰᠴᠠᠢ  ᠃  ᠲᠡᠷᠡᠬᠦ ᠵᠠᠮ ᠤᠨ  ᠰᠠᠭᠤᠷᠢ  ᠎ ᠶᠢᠨ  ᠦᠷᠭᠡᠨ ᠨᠢ  5 ᠮᠧᠲ᠋ᠡᠷ  ᠂ ᠵᠡᠮ  ᠎ ᠤᠨ ᠨᠢᠭᠤᠷ  ᠎ ᠤᠨ ᠦᠷᠭᠡᠨ ᠨᠢ 4 ᠮᠧᠲ᠋ᠧᠷ   ᠪᠠᠶᠢᠵᠠᠢ  ᠃  1968  ᠣᠨ  ᠎ ᠳᠤ ᠰᠤᠶᠤᠯ  ᠎ ᠤᠨ  ᠬᠤᠪᠢᠰᠬᠠᠯ  ᠎ ᠤᠨ   ᠲᠤᠮᠳᠠ  ᠳ᠋ᠠᠪᠠᠨ  ᠎ ᠠᠴᠠ  ᠪᠠᠭᠠᠷᠢᠨ ᠬᠦᠭᠦᠷᠭᠡ ᠬᠦᠷᠬᠦ  ᠵᠠᠰᠠᠮᠠᠯ  ᠵᠠᠮ  ᠎ ᠶᠢᠨ  ᠲᠠᠬᠢᠨᠳᠠ  ᠦᠷᠭᠡᠳᠬᠡᠵᠦ  ᠰᠠᠭᠤᠷᠢ ᠶᠢᠨ  ᠦᠷᠭᠡᠨ  ᠎ ᠢ  8.5 ᠮᠧᠲ᠋ᠡᠷ  ᠪᠤᠯᠭᠠᠵᠦ᠂ 1973 ᠤᠨ   ᠪᠤᠯᠬᠤ  ᠎ ᠳᠤ    ᠵᠠᠮ  ᠎ ᠤᠨ  ᠨᠢᠭᠤᠷ  ᠎ ᠤᠨ  ᠦᠷᠭᠡᠨ ᠢ 8.5 ᠮᠧᠲ᠋ᠧᠷ  ᠪᠤᠯᠭᠠᠵᠠᠢ  ᠃᠂  ᠡᠨᠡᠬᠦ ᠵᠠᠮ ᠤᠨ  ᠪᠦᠬᠦ ᠤᠷᠳᠦ ᠨᠢ 36.7 ᠺᠢᠯᠤᠮᠧᠲ᠋ᠡᠷ  ᠪᠠᠶᠢᠵᠦ  ᠂  ᠵᠡᠭᠦᠨ  ᠂ ᠪᠠᠷᠠᠭᠤᠨ  ᠪᠠᠭᠠᠷᠢᠨ ᠵᠢᠴᠢ ᠠᠷᠦ ᠬᠤᠷᠴᠢᠨ ᠬᠤᠰᠢᠭᠤ  ᠎ ᠨᠢ  ᠤᠯᠠᠭᠠᠨᠬᠠᠳᠠ  ᠎ ᠳᠤ  ᠬᠦᠷᠬᠦ  ᠵᠠᠮ ᠢ   200 ᠭᠠᠷᠦᠢ  ᠭᠠᠵᠠᠷ    ᠪᠤᠭᠤᠨᠢᠰᠬᠠᠵᠠᠢ  ᠃ ᠲᠦᠷᠪᠡ  ᠄  ᠶᠠᠫᠦᠨ ᠬᠦᠭᠦᠷᠭᠡ ᠶᠢᠨ  ᠲᠤᠬᠠᠢ ᠶᠠᠫᠦᠨ ᠡᠵᠡᠷᠭᠡᠭ  ᠲᠦᠷᠢᠮᠬᠡᠶᠢᠳᠡᠨ  ᠵᠡᠭᠦᠨ ᠬᠤᠶᠢᠳᠦ  ᠤᠷᠤᠨ  ᠎ ᠢ  ᠡᠵᠡᠯᠡᠭᠰᠡᠨ ᠤ ᠲᠠᠷᠠᠭ᠎ᠠ  ᠂ ᠲᠤᠮᠦ ᠬᠡᠯᠪᠡᠷᠢ ᠎ ᠶᠢᠨ  ᠬᠦᠨᠳᠦ  ᠠᠴᠢᠶᠠᠨ ᠤ ᠮᠠᠰᠢᠨ  ᠂ ᠲᠠᠩᠺ  ᠵᠡᠷᠭᠡ  ᠶᠠᠪᠤᠭᠤᠯᠬᠤ ᠶᠢ  ᠪᠤᠳᠤᠯᠬᠢᠯᠠᠨ  ᠤᠤᠯ  ᠎ ᠤᠨ  ᠴᠢᠯᠠᠭᠤᠨ ᠬᠦᠭᠦᠷᠭᠡ  ᠎ ᠶᠢᠨ  ᠵᠡᠭᠦᠨ ᠲᠠᠯ᠎ᠠ  ᠪᠠᠷᠤᠭ  ᠵᠠᠭᠤᠨ  ᠮᠧᠲ᠋ᠡᠷ  ᠵᠠᠶᠢᠳᠠᠢ  ᠭᠠᠵᠠᠷ 16 ᠬᠦᠨᠳᠢ ᠲᠠᠢ  ᠂302 ᠮᠧᠲ᠋ᠡᠷ   ᠤᠷᠳᠦ  ᠂  ᠵᠠᠭᠤᠨ  ᠲᠤᠨ  ᠎ ᠤ ᠲᠠᠭᠠᠴᠠ ᠲᠠᠢ  ᠂ ᠪᠤᠯᠤᠳ  ᠰᠢᠷᠪᠤᠰᠳᠦ ᠽᠧᠮᠧᠨᠲ  ᠬᠦᠭᠦᠷᠭᠡ  ᠡᠬᠢᠯᠡᠨ  ᠪᠠᠶᠢᠭᠤᠯᠵᠦ  ᠂  ᠲᠤᠯᠭᠠᠭᠤᠷᠢ ᠶᠢ  ᠪᠤᠰᠬᠠᠵᠦ  ᠬᠦᠭᠦᠷᠭᠡ ᠶᠢᠨ  ᠨᠢᠭᠤᠷ  ᠎ ᠢ  ᠪᠠᠰᠠ  ᠲᠠᠯᠪᠢᠵᠦ ᠠᠮᠵᠢᠭ᠎ᠠ  ᠦᠭᠡᠢ  ᠎ ᠪᠠᠷ ᠲᠡᠯᠡᠬᠡᠢ  ᠎ ᠶᠢᠨ  ᠰᠢᠳᠦᠷᠭᠤ ᠬᠦᠴᠦᠨ ᠳᠤ  ᠪᠤᠳᠠ ᠴᠤᠬᠢᠭᠳᠠᠨ  ᠪᠤᠷᠤᠭᠤᠯᠬᠤ  ᠪᠤᠯᠵᠠᠢ  ᠃  ᠮᠡᠩᠳᠡᠭᠰᠡᠨ  ᠶᠠᠫᠤᠨᠴᠤᠤᠳ  ᠬᠦᠭᠦᠷᠭᠡ ᠶᠢᠨ  ᠲᠤᠯᠭᠠᠭᠤᠷᠢ ᠲᠡᠭᠡᠷ᠎ᠡ  ᠲᠡᠮᠦᠷ  ᠵᠠᠮ ᠤᠨ  ᠪᠤᠯᠤᠳ    ᠎ ᠤᠳ ᠢ ᠵᠡᠷᠭᠡᠴᠡᠭᠦᠯᠦᠨ    ᠲᠡᠪᠢᠰᠴᠦ  ᠪᠤᠷᠤᠭᠤᠯᠵᠦ  ᠭᠠᠷᠤᠭᠠᠳ  ᠬᠦᠭᠦᠷᠭᠡ ᠪᠠᠨ ᠲᠡᠯᠪᠡᠴᠢᠯ᠎ᠡ ᠭᠡᠳᠡᠭ  ᠂  ᠲᠡᠳᠡᠨ ᠤ  ᠲᠡᠯᠪᠡᠴᠢᠯᠳᠡ ᠳᠤ  ᠲᠡᠷᠡᠬᠦ  ᠬᠦᠭᠦᠷᠭᠡ  ᠎ ᠶᠢᠨ  ᠲᠤᠯᠭᠠᠭᠤᠷᠢ ᠠᠴᠠ  ᠠᠷᠠᠶᠢᠬᠠᠨ  ᠬᠤᠶᠠᠷᠬᠠᠨ  ᠰᠦᠢᠷᠡᠭᠰᠡᠨ  ᠪᠤᠯᠤᠯᠳᠠᠢ᠂   ᠦᠯᠡᠳᠡᠭᠰᠡᠨ   ᠲᠤᠯᠭᠠᠭᠤᠷᠢ  ᠎ ᠨᠤᠭᠤᠳ  ᠎ ᠨᠢ  ᠬᠠᠭᠠᠰ  ᠵᠠᠭᠤᠨ  ᠎ ᠤ ᠲᠤᠷᠰᠢ  ᠤᠰᠦ  ᠰᠠᠯᠬᠢ  ᠎ ᠶᠢᠨ  ᠲᠠᠪᠳᠠᠯᠳᠠ ᠎ ᠶᠢ  ᠦᠩᠭᠷᠡᠭᠡᠨ  ᠰᠡᠬᠦᠶᠢᠠᠨ  ᠵᠤᠭᠰᠤᠬᠤ  ᠎ ᠨᠢ ᠭᠠᠶᠢᠬᠠᠯᠳᠠᠢ  ᠪᠠᠶᠢᠳᠠᠭ  ᠃ ᠨᠤᠳᠤᠭ  ᠬᠦᠮᠦᠰ  ᠡᠨᠡᠬᠦ  ᠬᠦᠭᠦᠷᠭᠡ ᠎ ᠶᠢ  ︽ᠶᠠᠩ  ᠬᠤᠢ  ᠬᠦᠭᠦᠷᠭᠡ  ︾ ᠭᠡᠳᠡᠭ  ᠃  ᠶᠠᠩ  ᠬᠤᠢ  ︵ ᠶᠠᠩ  ᠫᠢ  ︶ ᠭᠡᠳᠡᠭ ᠨᠢ  ᠪᠠᠭᠠᠷᠢᠨ  ᠮᠤᠩᠭᠤᠯᠴᠤᠳ  ᠎ ᠤᠨ  ︽ᠽᠧᠮᠧᠨᠲ  ︾  ᠭᠡᠰᠡᠨ  ᠦᠭᠡ  ᠎ ᠶᠢ  ᠨᠡᠷᠯᠡᠳᠡᠭ  ︽ᠬᠠᠷᠢ  ᠎ ᠶᠢᠨ ᠴᠤᠬᠤᠢ  ︾ ᠭᠡᠰᠡᠨ  ᠤᠳᠬ᠎ᠠ ᠲᠠᠢ  ᠵᠢᠭᠡᠯᠡᠯᠭᠡ  ᠦᠭᠡ  ᠂  ᠲᠠᠷᠦᠢ  ︽ᠽᠧᠮᠧᠨᠲ  ᠬᠦᠭᠦᠷᠭᠡ  ︾ ᠭᠡᠰᠡᠨ  ᠦᠭᠡ  ᠃  ᠲᠠᠪᠤ᠄  ᠪᠠᠭᠠᠷᠢᠨ ᠬᠦᠭᠦᠷᠭᠡ ᠶᠢᠨ  ᠲᠤᠬᠠᠢ  ᠤᠯᠠᠮᠵᠢᠠᠯ ᠶᠠᠷᠢᠶ᠎ᠠ ᠬᠢᠭᠡᠳ ᠲᠡᠦᠬᠡ ᠶᠢᠨ ᠦᠨᠡᠨ ᠤ ᠲᠤᠬᠠᠢ ᠶᠠᠷᠢᠬᠤ ᠎ ᠨᠢ ᠡᠩᠬᠡ  ᠠᠮᠤᠭᠤᠯᠠᠩ  ᠬᠠᠭᠠᠨ  ᠂ ᠰᠡᠴᠡᠨ ᠲᠡᠭᠡᠳᠦ ᠭᠦᠷᠦᠨ ᠭᠦᠩᠵᠦ ᠶᠢ  ᠲᠠᠭᠠᠵᠦ   ᠪᠠᠭᠠᠷᠢᠨ ᠳᠤ  ᠢᠷᠡᠭᠰᠡᠨ  ᠬᠦᠸᠧ  ᠂  ᠶᠠᠨ  ᠂  ᠵᠠᠩ  ᠂  ᠸᠠᠩ  ᠂  ᠵᠤᠤ᠂  ᠯᠢ  ᠂  ᠲᠥᠩ᠂  ᠲᠢᠶᠠᠨ  ᠂  ᠮᠠ  ᠵᠡᠷᠭᠡ  ᠶᠢᠰᠤᠨ  ᠤᠪᠤᠭ  ᠎ ᠢᠶᠠᠷ ᠭᠤᠤᠯᠳᠠᠭᠰᠠᠨ ︵ᠤᠳᠤᠬᠠᠨ ᠤ  ᠤᠯᠵᠦ  ᠪᠦᠷᠢᠳᠬᠡᠭᠰᠡᠨ  ᠎ ᠢᠶᠠᠷ  ᠵᠢᠷᠠᠭᠠᠳ  ᠤᠪᠤᠭ  ᠪᠤᠯᠵᠠᠢ᠂ ᠡᠨᠡᠬᠦ  ᠪᠦᠷᠢᠳᠬᠡᠯ ᠳᠤ  ᠦᠯᠡᠮᠵᠢ ᠬᠡᠮᠵᠢᠶᠡᠳᠦ  ᠭᠦᠩᠵᠦ ᠶᠢ  ᠲᠠᠭᠠᠵᠦ  ᠢᠷᠡᠭᠰᠡᠨ240 ᠡᠷᠦᠬᠡ  ᠴᠦ  ᠪᠠᠭᠳᠠᠵᠦ ᠪᠠᠶᠢᠬᠤ  ᠶᠤᠰᠤᠳᠠᠢ︶    300 ᠡᠷᠦᠬᠡ  ᠲᠠᠭᠠᠯᠳᠠ  72   ᠤᠷᠠᠴᠤᠤᠯ‌ᠨᠠᠷ ᠲᠤ   ᠵᠦᠢᠯ ᠪᠦᠷᠢ  ᠎ ᠶᠢᠨ   ᠠᠪᠢᠶᠠᠰᠳᠠᠨ  ᠠᠵᠢᠯ  ᠲᠦᠷᠦᠯᠳᠡᠨ   ᠪᠠᠭᠳᠠᠵᠦ   ᠴᠢᠯᠠᠭᠤᠨ ᠲᠠᠷᠬᠠᠨ  ᠂    ᠲᠤᠭᠤᠰᠬᠠᠴᠢᠨ᠂   ᠮᠤᠳᠤᠴᠢᠨ  ᠂   ᠪᠠᠷᠢᠯᠭᠠᠴᠢᠨ᠂  ᠵᠡᠭᠡᠯᠢ  ᠭᠤᠳᠤᠮᠵᠢ   ᠵᠢᠷᠦᠵᠦ  ᠲᠦᠯᠦᠪᠡᠯᠭᠴᠢ  ᠎ ᠪᠠᠷ  ᠭᠤᠤᠯᠳᠠᠳᠠᠭ  ᠃   ᠶᠠᠨ  ᠤᠪᠤᠭᠳᠠᠨ ᠎ ᠨᠢ  ᠴᠢᠯᠠᠭᠤᠨ ᠲᠠᠷᠬᠠᠨ ᠪᠠᠶᠢᠵᠦ  ᠪᠠᠭᠠᠷᠢᠨ  ᠬᠦᠭᠦᠷᠭᠡ ᠶᠢ ᠰᠢᠨᠡᠳᠬᠡᠨ ᠪᠠᠶᠢᠭᠤᠯᠬᠤ ᠠᠵᠢᠯ ᠳᠤ  ᠤᠨᠤᠭᠳᠠᠭᠰᠠᠨ  ᠭᠡᠨ᠎ᠡ᠃   ᠲᠤᠬᠠᠢ ᠶᠢᠨ  ᠦᠶ᠎ᠡ ᠳᠤ  ᠰᠢᠷᠠᠮᠦᠷᠦᠨ ᠤ ᠤᠰᠤ  ᠭᠦᠷᠬᠢᠷᠡᠨ  ᠲᠠᠪᠠᠯᠭᠠᠯᠠᠵᠦ  ᠬᠡᠳᠦᠨ ᠵᠠᠩ  ᠎ ᠤᠨ  ᠭᠦᠨ ᠤᠷᠤᠰᠬᠠᠯ ᠲᠠᠢ ᠪᠠᠶᠢᠵᠦ   ︵1905 ᠤᠨ  ᠪᠤᠯᠳᠠᠯ᠎ᠠ  ᠤᠩᠭᠤᠴᠠ ᠰᠠᠯ  ᠬᠦᠪᠪᠦᠭᠦᠯᠵᠦ ᠲᠡᠶᠢᠯᠳᠡᠭ  ᠪᠠᠶᠢᠵᠠᠢ  ᠃   ᠯᠢᠨᠰᠢ ᠰᠢᠶᠠᠨ ᠤ ᠲᠠᠩᠰᠠᠨ ᠡᠪᠬᠡᠮᠡᠯ ᠤᠨ  ᠭᠠᠵᠠᠷ   ᠵᠠᠩ ᠸᠧᠨ ᠬᠤᠤ  ᠤᠩᠭᠤᠴᠠ ᠰᠠᠯ ᠢᠶᠠᠷ ᠭᠡᠳᠦᠯᠦᠭᠰᠡᠨ ᠲᠡᠮᠳᠡᠭᠯᠡᠯ  ᠪᠤᠢ  ︶  ᠃  ᠬᠡᠳᠦᠨ ᠵᠠᠩ ᠤᠨ  ᠭᠦᠨ  ᠤᠰᠤᠨ ᠤᠷᠤᠵᠤ  ᠎ ᠳᠤ  ᠭᠦᠭᠦᠷᠭᠡ ᠶᠢᠨ  ᠰᠠᠭᠤᠷᠢ ᠲᠤᠯᠭᠠᠭᠤᠷᠢ ᠲᠠᠯᠪᠢᠬᠤ  ᠪᠤᠯᠤᠯᠴᠠᠭ᠎ᠠ  ᠦᠭᠡᠢ  ᠪᠤᠯᠬᠤᠷ   ᠲᠤᠬᠢᠷᠠᠮᠵᠢᠳᠠᠢ  ᠭᠠᠵᠠᠷ  ᠰᠤᠩᠭᠤᠵᠦ  ᠬᠦᠮᠦᠨ  ᠎ ᠤ  ᠬᠦᠴᠦ ᠪᠠᠷ  ᠰᠢᠨ᠎ᠡ ᠬᠡᠪᠡᠯᠢ  ᠮᠠᠯᠳᠠᠵᠦ  ᠬᠦᠭᠦᠷᠭᠡ  ᠎ ᠶᠢ  ᠲᠠᠯᠪᠢᠵᠦ ᠲᠠᠭᠤᠰᠬᠠᠭᠰᠠᠨ ᠤ  ᠲᠠᠷᠠᠭ᠎ᠠ    ᠲᠦᠷᠦ  ᠎ ᠶᠢᠨ  ᠬᠠᠤᠯᠢ  ᠎ ᠶᠢᠨ  ᠪᠢᠴᠢᠭ  ᠎ ᠢ  ᠵᠠᠷᠯᠠᠬᠤ ᠶᠢᠨ  ᠬᠠᠮᠳᠦ  ᠡᠷᠳᠡᠮᠳᠦ  ᠯᠠᠮᠠ  ᠵᠠᠯᠠᠵᠦ   ᠨᠤᠮ  ᠤᠩᠰᠢᠭᠤᠯᠤᠨ  ᠂ ᠰᠢᠷᠠᠮᠦᠷᠦᠨ ᠤ ᠤᠷᠦᠰᠬᠠᠯ  ᠎ ᠢ   ᠰᠢᠨ᠎ᠡ   ᠬᠡᠪᠡᠯᠢ  ᠎ ᠳᠤ  ᠲᠠᠳᠠᠨ  ᠤᠷᠤᠭᠤᠯᠵᠠᠢ    ᠭᠡᠰᠡᠨ  ᠤᠯᠠᠮᠵᠢᠯᠠᠯ  ᠶᠠᠷᠢᠶ᠎ᠠ  ᠪᠠᠶᠢᠳᠠᠭ  ᠃ 1982 ᠤᠨ ᠤ  5 ᠰᠠᠷ᠎ᠠ ᠶᠢᠨ  4  ᠎ ᠳᠤ  ᠠᠪᠤ ᠨᠠᠳᠠ ᠶᠢ ᠲᠠᠭᠠᠭᠤᠯᠠᠨ  ᠤᠯᠠᠭᠠᠨᠬᠠᠳ᠋ᠨ  ᠎ ᠠᠴᠠ  ᠪᠠᠭᠠᠷᠢᠨ  ᠎ ᠳᠠᠭᠠᠨ ᠪᠤᠴᠠᠬᠤ ᠳᠠᠭᠠᠨ  ᠡᠨᠡᠬᠦ ᠬᠦᠭᠦᠷᠭᠡ ᠪᠠᠷ   ᠦᠩᠭᠡᠷᠡᠬᠦ  ᠎ ᠳᠡᠭᠡᠨ  ᠬᠦᠭᠦᠷᠭᠡ ᠶᠢᠨ  ᠬᠦᠭᠵᠢᠯ ᠪᠠᠳᠠᠷᠠᠯ  ᠎ ᠢ ᠶᠠᠷᠢᠬᠤ ᠶᠢᠨ  ᠬᠠᠮᠳᠦ  ᠲᠤᠮᠤᠭ ᠪᠠ  ᠦᠨᠡᠨ ᠢ  ᠶᠠᠷᠢᠵᠦ ᠪᠠᠶᠢᠭᠰᠠᠨ᠃   ᠲᠡᠭᠦᠨ ᠤ ᠶᠠᠷᠢᠬᠤ ᠪᠠᠷ  ︽ᠭᠤᠤᠯ ᠤᠨ   ᠬᠡᠪᠡᠯᠢ ᠶᠢ ᠰᠢᠯᠵᠢᠭᠦᠯᠦᠭᠰᠡᠨ ᠨᠢ ᠦᠨᠡᠨ  ᠂  ᠨᠤᠮ  ᠤᠩᠰᠢᠭᠤᠯᠵᠦ   ᠯᠠᠮᠠ  ᠵᠠᠯᠭᠰᠠᠨ ᠨᠢ ᠪᠠᠰᠠᠴᠦ ᠦᠨᠡᠨ᠂   ᠭᠡᠳᠡᠯ᠎ᠡ  ᠤᠷᠢᠳᠠ ᠪᠠᠷ  ᠬᠦᠮᠦᠨ ᠤ ᠭᠦᠴᠦ ᠪᠠᠷ   ᠭᠤᠤᠯ ᠤᠨ  ᠬᠡᠪᠡᠯᠢ  ᠮᠠᠯᠳᠠᠴᠢᠬᠠᠭᠠᠳ  ᠂ ᠲᠠᠷᠠᠭ᠎ᠠ ᠨᠢ ᠭᠤᠤᠯ ᠤᠨ  ᠰᠠᠬᠢᠭᠤᠰᠦ  ᠬᠢᠯᠢᠩᠨᠡᠬᠦ ᠠᠴᠠ  ᠪᠤᠯᠭᠤᠮᠵᠢᠯᠠᠨ  ᠯᠠᠮᠠ ᠵᠠᠯᠠᠵᠦ ᠨᠤᠮ  ᠤᠩᠰᠢᠭᠤᠯᠵᠦ ᠠᠪᠤᠷᠠᠯ   ᠭᠤᠶᠤᠭᠰᠠᠨ   ᠪᠠᠶᠢᠬᠤ ᠶᠤᠰᠤᠳᠠᠢ  ︾  ᠭᠡᠵᠦ ᠲᠠᠶᠢᠯᠪᠤᠷᠢᠯᠭᠰᠠᠨ  ᠃  ᠪᠠᠰᠠ ᠭᠤᠤᠯ ᠤᠨ  ᠬᠠᠭᠤᠴᠢᠨ ᠬᠡᠪᠡᠯᠢ ᠨᠢ ᠨᠢ  ᠲᠠᠪᠢᠭᠠᠳ  ᠤᠨ  ᠪᠤᠯᠳᠠᠯ᠎ᠠ  ᠦᠯᠡᠳᠡᠵᠦ  ᠪᠠᠶᠢᠭᠰᠠᠨ ᠭᠡᠵᠦ ᠬᠠᠭᠤᠴᠢᠯᠠᠭᠰᠠᠨ᠃  ᠡᠨᠡᠬᠦ ᠲᠤᠮᠤᠭ  ᠎ ᠨᠢ  ᠪᠠᠰᠠ  ᠪᠠᠭᠠᠷᠢᠨ ᠪᠠᠷᠠᠭᠤᠨ ᠬᠤᠰᠢᠭᠤᠨ ᠤ   ᠤᠶᠢᠯᠠᠯᠭ᠎ᠠ  ᠎ ᠳᠤ ᠲᠡᠮᠳᠡᠭᠡᠯᠡᠭᠰᠡᠨ   ︽ ᠭᠦᠩᠵᠦ ᠶᠢᠨ  ᠬᠦᠭᠦᠷᠭᠡ  ᠬᠠᠷᠠᠬᠨ  ᠪᠠᠶᠢᠭᠰᠠᠭᠠᠷ  ᠂ ᠭᠦᠩᠵᠦ ᠶᠢᠨ  ᠬᠠᠶᠢᠷ᠎ᠠ   ᠮᠦᠩᠬᠡᠷᠡᠭᠰᠡᠭᠡᠷ  ︾ ᠭᠡᠰᠡᠨ  ᠲᠤᠮᠤᠭ  ᠎ ᠲᠠᠢ   ᠶᠡᠭᠡ ᠲᠦᠯᠦᠪ  ᠵᠤᠬᠢᠴᠠᠯᠳᠤᠵᠤ ᠪᠤᠢ  ᠃  ︵︽ᠪᠠᠭᠠᠷᠢᠨ ᠪᠠᠷᠠᠭᠤᠨ  ᠎ ᠤ ᠤᠶᠢᠯᠠᠯᠠᠭ᠎ᠠ  ︾᠎ ᠶᠢᠨ  ᠬᠢᠳᠠᠳ ᠬᠡᠪᠯᠡᠯ  ᠎ ᠤᠨ ᠦᠷᠭᠦᠯᠵᠢᠯᠡᠯᠡᠯ  999 ᠨᠢᠭᠤᠷ  ︶᠎ ᠲᠠᠢ  ᠵᠤᠬᠢᠴᠠᠯᠳᠦᠵᠦ  ᠪᠤᠢ  ᠃     ᠲᠤᠮᠤᠭ  ᠎ ᠲᠤ ᠭᠠᠷᠳᠠᠭ  ᠶᠠᠨ ᠤᠪᠤᠭᠳᠦ  ᠴᠢᠯᠠᠭᠤᠨ ᠲᠠᠷᠬᠠᠨ ᠪᠤᠯᠪᠠᠯ ᠮᠠᠨ ᠤ ᠭᠡᠷ ᠎ ᠤᠨ  ᠲᠡᠭᠡᠳᠦᠰ  ᠮᠦᠨ  ᠪᠢᠯᠡ  ᠃  ᠮᠠᠨ  ᠎ ᠤ ᠬᠢᠨᠢ  ᠰᠢᠷᠠᠮᠦᠷᠦᠨ ᠤ ᠬᠦᠭᠦᠷᠭᠡ ᠪᠠᠷ  ᠭᠠᠷᠬᠤ ᠪᠦᠷᠢ  ᠲᠡᠷᠭᠡᠨ ᠎ ᠠᠴᠠ  ᠪᠠᠭᠤᠵᠦ  ᠮᠦᠷᠭᠦᠬᠦ ᠪᠠ  ᠵᠢᠯ  ᠪᠦᠷᠢ ᠶᠢᠨ  ᠲᠦᠷᠪᠡᠨ ᠴᠠᠭ ᠤᠨ  ᠲᠠᠬᠢᠯᠭ᠎ᠠ  ︵ ᠪᠢᠳᠡᠭᠦᠨ  ᠂   ᠬᠠᠩᠰᠢ  ᠂   ᠪᠢᠯᠢᠭ ᠤᠨ  ᠤᠯᠠᠷᠢᠯ  ᠎ ᠤᠨ ᠲᠤᠯᠤᠭᠠᠨ ᠰᠠᠷ᠎ᠠ ᠶᠢᠨ  ᠠᠷᠪᠠᠨ ᠲᠠᠪᠤᠨ  ᠂   ᠠᠷᠪᠠᠨ ᠰᠠᠷ᠎ᠠ ᠶᠢᠨ  ᠨᠢᠭᠡᠨ︶  ᠎ ᠳᠤ  ᠲᠤᠰ ᠬᠦᠭᠦᠷᠭᠡ  ᠎ ᠶᠢᠨ  ᠵᠦᠭ  ᠬᠠᠨᠳᠦᠵᠦ  ᠲᠠᠬᠢᠯ  ᠡᠷᠭᠦᠵᠦ ᠮᠦᠷᠭᠦᠳᠡᠭ  ᠵᠠᠩᠰᠢᠯ  ᠎ ᠲᠠᠢ  ᠪᠠᠶᠢᠭᠰᠠᠨ᠃  ᠬᠤᠵᠢᠮ  ᠎ ᠨᠢ ᠬᠡᠳᠦᠨ ᠰᠢᠯᠳᠠᠭᠠᠨ ᠠᠴᠠ  ᠪᠤᠯᠵᠦ  ᠲᠤᠰ  ᠵᠠᠩᠰᠢᠯ  ᠎ ᠢᠶᠠᠨ ᠤᠷᠬᠢᠵᠠᠢ᠃   ᠨᠢᠭᠡ ᠳ᠋ᠥ‌ᠢ 1963 ᠤᠨ  ᠎ ᠳᠤ  ᠲᠤᠰ  ᠬᠦᠭᠦᠷᠭᠡ  ᠎ ᠨᠢ ᠨᠤᠷᠠᠭᠠᠭᠰᠠᠨ  ᠄  ᠬᠤᠶᠠᠷ ᠲᠤ   ᠰᠤᠶᠤᠯ  ᠎ ᠤᠨ  ᠬᠤᠪᠢᠰᠬᠠᠯ  ᠎ ᠳᠤ  ᠲᠤᠬᠢᠶᠠᠯᠳᠤᠭᠰᠠᠨ  ᠄   ᠭᠤᠷᠪᠠ ᠳᠤ   ᠬᠦᠭᠦᠷᠭᠡ ᠪᠠᠷ ᠦᠩᠭᠡᠷᠡᠬᠦ ᠳᠡᠭᠡᠨ  ᠮᠠᠰᠢᠨ ᠲᠡᠷᠭᠡᠨ ᠳᠤ  ᠰᠠᠭᠤᠬᠤ  ᠪᠤᠯᠤᠭᠰᠠᠨ  ᠎ ᠠᠴᠠ ᠡᠳᠡᠭᠡᠷ  ᠵᠠᠩᠰᠢᠯ  ᠎ ᠢᠶᠠᠨ ᠤᠷᠬᠢᠵᠠᠢ᠃  ᠮᠤᠩᠭᠤᠯ  ᠭᠠᠵᠠᠷ ᠤᠳᠠᠭᠠᠨ ᠰᠠᠭᠤᠬᠤ ᠳᠠᠭᠠᠨ  ᠬᠢᠳᠠᠳ ᠤᠪᠤᠭ ᠢᠶᠠᠨ   ᠬᠡᠷᠬᠢᠨ ᠪᠢᠴᠢᠬᠦ ᠪᠠᠨ ᠮᠡᠳᠡᠬᠦ ᠦᠭᠡᠢ᠂  ᠭᠠᠭᠴᠠᠬᠦ   ᠮᠠᠩᠬᠠᠨ ᠲᠡᠭᠡᠷ᠎ᠡ (  嚴) ᠭᠡᠵᠦ   ᠪᠢᠴᠢᠵᠦ  ᠤᠯᠠᠮᠠᠮᠵᠢᠯᠠᠵᠤ   ᠢᠷᠡᠭᠰᠡᠨ  ᠎ ᠢ   ᠪᠠᠳᠤᠯᠠᠬᠤ ᠶᠢᠨ  ᠲᠦᠯᠦᠭᠡ    ᠠᠪᠦ  ᠮᠢᠨᠢ  ᠲᠤᠮᠳᠠᠳᠦ ᠤᠯᠤᠰ ᠤᠨ  ᠨᠡᠶᠢᠭᠡᠮ ᠰᠢᠨᠵᠢᠡᠯᠬᠦ ᠤᠬᠠᠭᠠᠨ ᠤ  ᠬᠦᠷᠢᠶᠠᠯᠡᠩ ᠳᠤ  ᠠᠵᠢᠯᠯᠠᠭ᠎ᠠ ᠦᠶᠡᠯᠢᠳ ᠠᠬ᠎ᠠ ᠦ᠊  ᠰᠡᠴᠡᠨᠮᠦᠩᠭᠡ ᠳᠤ ᠨᠠᠶᠢᠳᠠᠵᠦ  ᠤᠭ  ᠡᠪᠭᠡᠮᠡᠯ  ᠎ ᠢ  ᠎ ᠨᠢ  ᠬᠠᠶᠢᠭᠤᠯᠭᠤᠰᠠᠨ ᠳᠤ  ︽ᠬᠠᠷ᠎ᠠ ᠴᠢᠯᠠᠭᠤᠨ   ᠲᠡᠭᠡᠷ᠎ᠡ ︵嚴  ︶ ᠭᠡᠵᠦ ᠪᠢᠴᠢᠵᠦ ᠪᠠᠶᠢᠯ᠎ᠠ  ︾ᠭᠡᠵᠦ  ᠬᠠᠷᠢᠭᠤ  ᠦᠭᠭᠦᠭᠰᠡᠨ  ᠃    ᠢᠩᠭᠢᠭᠡᠳ  ᠦᠪᠡᠷ ᠤᠨ  ᠤᠪᠤᠭ ᠢᠶᠠᠨ  ᠬᠢᠳᠠᠳ  ᠎ ᠢᠶᠠᠷ ᠬᠡᠷᠬᠢᠨ  ᠪᠢᠴᠢᠬᠦ  ᠎ ᠪᠠᠨ  ᠨᠤᠳᠠᠯᠠᠭᠰᠠᠨ ᠤ ᠬᠠᠮᠳᠦ  ᠭᠦᠩᠵᠦ ᠶᠢᠨ  ᠲᠠᠭᠠᠯᠳᠠ ᠨᠠᠷ  ᠎ ᠲᠤ  ︽ᠶᠠᠨ  ︾  ᠤᠪᠤᠭᠳᠠᠨ  ᠯᠠᠪᠳᠠᠢ  ᠪᠠᠶᠢᠬᠤ  ᠭᠡᠰᠡᠨ  ᠎ ᠢ   ᠭᠡᠷᠡᠴᠢᠯᠠᠡᠨ  ᠭᠡᠷ ᠤᠨ  ᠤᠯᠠᠮᠵᠢᠯᠠᠯ  ᠶᠠᠷᠢᠶ᠎ᠠ  ᠎ ᠶᠢᠨ  ᠲᠡᠦᠬᠡᠨ   ᠢᠮ ᠲᠠᠮᠠᠭ᠎ᠠ  ᠎ ᠲᠠᠢ  ᠪᠠᠶᠢᠬᠤ  ᠎ ᠶᠢ   ᠪᠠᠳᠤᠯᠠᠵᠠᠢ᠃   ︽ᠰᠢᠷᠠᠮᠦᠷᠦᠨ ᠭᠤᠤᠯ  ︾᠎ ᠢ  ᠨᠢᠭᠡ ᠪᠦᠯᠦᠭ  ᠮᠤᠩᠭᠤᠯ ᠮᠠᠲ᠋ᠡᠷᠢᠶᠠᠯ ᠳᠤ   ︽ᠰᠢᠷ᠎ᠠ ᠤᠰᠤᠨ  ᠭᠤᠤᠯ︾ ᠭᠡᠵᠦ  ᠲᠡᠮᠳᠡᠭᠡᠯᠡᠭᠰᠡᠨ ᠨᠢ   ᠬᠢᠳᠡᠳ  ᠮᠠᠲ᠋ᠡᠷᠢᠶᠠᠯ ᠤᠨ   ︽湟水》《湟水桥》 ᠭᠡᠰᠡᠨ ᠦᠭᠡᠨ ᠳᠤ ᠪᠠᠷᠢᠭᠳᠠᠭᠰᠠᠨ ᠲᠦᠯᠦᠪᠳᠠᠢ  ᠃   ᠬᠢᠳᠠᠳ ᠬᠡᠯᠡᠨ ᠤ 《水》 ᠭᠡᠰᠡᠨ  ᠦᠭᠡ  ᠎ ᠶᠢ ︽ ᠤᠷᠴᠢᠨ ᠴᠠᠭ ᠤᠨ  ᠬᠢᠳᠠᠳ ᠬᠡᠯᠡᠨ ᠤ  ᠦᠭᠡᠰ  ᠎ ᠤᠨ  ᠲᠤᠯᠢ︾  ᠎ ᠳᠤ  ᠤᠯᠠᠨ   ᠤᠳᠬ᠎ᠠ  ᠎ ᠪᠠᠷ ᠲᠠᠶᠢᠯᠪᠤᠷᠢᠯᠠᠵᠦ  ᠂ ᠲᠡᠭᠦᠨ ᠤ  ᠭᠤᠷᠪᠠᠳᠤᠭᠠᠷ  ᠎ ᠲᠤ  ︽ᠮᠦᠷᠡᠨ  ᠂  ᠭᠤᠤᠯ  ᠂  ᠨᠠᠭᠤᠷ᠂   ᠲᠠᠩᠬᠢᠰ  ᠂   ᠲᠠᠯᠠᠢ ᠶᠢ  ᠵᠢᠭᠠᠨ᠎ᠠ  ᠭᠡᠵᠦ ᠲᠠᠶᠢᠯᠪᠦᠷᠢᠯᠠᠵᠠᠢ  ︾    ᠬᠢᠳᠠᠳ ᠰᠤᠷᠪᠤᠯᠵᠢ ᠪᠢᠴᠢᠭ ᠲᠤ  ᠴᠠᠭᠠᠨ ᠮᠦᠷᠡᠨ  ᠎ ᠢ  ᠴᠦ《黑水 》 ᠭᠡᠵᠦ ᠲᠡᠮᠳᠡᠭᠡᠯᠡᠭᠰᠡᠨ ᠪᠠᠶᠢᠳᠠᠭ  ᠃ ᠢᠨᠵᠠᠨᠠᠰᠢ ᠶᠢᠨ  ︽  ᠬᠦᠭᠡ ᠰᠤᠳᠤᠷ  ︾ 1363 ᠨᠢᠭᠤᠷ ᠤᠨ  ᠲᠦᠴᠢᠨ ᠲᠠᠪᠤᠳᠤᠭᠠᠷ ᠪᠦᠯᠦᠭ  ︽ᠪᠤᠭᠳᠠ ᠴᠢᠩᠭᠢᠰ  ᠭᠡᠨᠡᠳᠳᠡ  ᠬᠢᠯᠢᠩᠯᠡᠨ  ᠵᠢᠷᠠᠨ ᠵᠠᠩᠵᠣᠨ ᠢ  ᠠᠪᠴᠦ  ᠰᠢᠷ᠎ᠠ ᠮᠦᠷᠡᠨ  ᠎ ᠳᠤᠷ  ᠲᠤᠯᠪᠠᠢ  ︾  ᠂  ᠦᠪᠦᠷ ᠮᠤᠩᠭᠤᠯ ᠤᠨ  ᠠᠷᠠᠳ  ᠎ ᠤᠨ  ᠬᠡᠪᠯᠡᠯ  ᠎ ᠤᠨ  ᠬᠤᠷᠢᠶ᠎ᠠ  ︶᠎ ᠲᠤ    ︽ᠰᠢᠷᠠᠮᠦᠷᠦᠨ  ︾  ᠭᠡᠵᠦ  ᠲᠡᠮᠳᠡᠭᠡᠯᠡᠭᠰᠡᠨ ᠪᠠᠶᠢᠳᠠᠭ    ᠃   ᠪᠢ  ᠢᠨᠵᠠᠨᠠᠰᠢ ᠶᠢᠨ  ︽ᠬᠦᠭᠡ   ᠰᠤᠳᠤᠷ︾  ᠎ ᠢ  ᠦᠨᠳᠦᠰᠦᠯᠡᠵᠦ   ᠰᠢᠭᠤᠳ  ︽ ᠰᠢᠷᠠᠮᠦᠷᠦᠨ  ︾ ᠭᠡᠵᠦ ᠲᠠᠮᠳᠡᠭᠡᠯᠡᠯ᠎ᠡ  ᠃     ᠬᠦᠮᠦᠨ  ᠲᠦᠷᠦᠯᠬᠢᠳᠡᠨ ᠲᠡᠦᠬᠡᠨ  ᠎ ᠶᠢᠨ  ᠬᠦᠷᠳᠦ  ᠎ ᠶᠢᠨ  ᠠᠤᠭ᠎ᠠ ᠬᠦᠴᠦᠨ    ᠎ ᠢ  ᠲᠠᠭᠠᠯᠳᠦᠨ  ᠬᠢᠳᠠᠳ  ︵ ᠮᠤᠩᠭᠤᠯ  ᠂  ᠮᠠᠨᠵᠦ︶  ᠎ ᠠᠴᠠ  ᠎ ᠪᠠᠨ  ᠪᠤᠰᠤᠳ   ᠦᠨᠳᠦᠰᠦᠳᠡᠨ  ᠪᠤᠯᠵᠦ  ᠠᠭᠤᠰᠴᠦ  ᠂ ᠲᠠᠬᠢᠵᠦ  ᠬᠢᠳᠠᠳ  ᠬᠡᠯᠡᠳᠡᠨ  ᠪᠤᠯᠵᠦ  ᠤᠯᠠᠷᠢᠨ ᠬᠤᠪᠢᠷᠠᠬᠤ  ᠎ ᠶᠢ  ᠬᠤᠷᠢᠭᠯᠠᠨ ᠡᠰᠡ ᠴᠢᠳᠠᠪᠠᠴᠦ  ᠦᠪᠦᠷ  ᠮᠤᠩᠭᠤᠯ  ᠎ ᠤᠨ   ᠮᠢᠨᠢ  ᠠᠭᠤᠯᠠ   ᠤᠰᠤ  ᠎ ᠶᠢᠨ  ᠨᠡᠷ᠎ᠡ  ᠎ ᠨᠢ  ᠮᠤᠩᠭᠤᠯ  ᠎ ᠢᠶᠠᠷ  ᠎ ᠢᠶᠠᠨ  ᠪᠠᠶᠢᠭ  ᠃ ᠭᠤᠤᠯ ᠠᠰᠢᠭᠯᠠᠰᠠᠨ ᠮᠠᠲ᠋ᠧᠷᠢᠶᠠᠯ ᠡᠦ  ᠶᠦᠩ  ᠱᠠᠨ ᠤ  ︽ ᠰᠢᠷᠠᠮᠦᠷᠦᠨ ᠤ ᠬᠦᠭᠦᠷᠭᠡ ᠶᠢᠨ  ᠬᠡᠳᠦᠨᠳᠡ ᠰᠢᠯᠵᠢᠭᠰᠡᠨ  ᠭᠤᠤᠯ  ᠲᠤᠶᠢᠮᠦ  ︾  ᠲᠠᠭᠠᠯᠳᠤᠭᠤᠯᠤᠨ  ᠠᠰᠢᠭᠯᠠᠭᠰᠠᠨ  ᠮᠠᠲ᠋ᠡᠷᠢᠶᠠᠯ   ︽ᠪᠠᠭᠠᠷᠢᠨ  ᠪᠠᠷᠠᠭᠤᠨ  ᠬᠤᠰᠢᠭᠤᠨ ᠤ  ᠤᠶᠢᠯᠠᠯᠠᠭ᠎ᠠ  ︾ ᠮᠦᠩᠬᠡ ᠶᠢᠨ  ︽ᠪᠠᠭᠠᠷᠢᠨ ᠬᠦᠭᠦᠷᠭᠡ ᠶᠢᠨ  ᠡᠷᠳᠡ ᠡᠳᠦᠭᠡ  ︾ ᠭᠠ᠊ ᠰᠢᠷᠠᠪᠵᠠᠮᠰᠦ ᠶᠢᠨ  ︽ᠪᠠᠭᠠᠷᠢᠨ ᠬᠦᠭᠦᠷᠭᠡ  ︾ ᠲ᠊ ᠪᠤᠶᠠᠨᠴᠤᠭᠯᠠ  ᠎ ᠶᠢᠨ  ︽ ᠪᠠᠭᠠᠷᠢᠨ ᠬᠦᠭᠦᠷᠭᠡ ᠶᠢᠨ  ᠲᠤᠬᠠᠢ ᠲᠤᠮᠤᠭ  ︵ᠡᠭᠡ ᠨᠤᠤᠷᠠᠭ︶︾
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号