ᠯᠢᠨᠰᠢ ᠰᠢᠶᠠᠨ  ᠤ ᠬᠢᠵᠠᠭᠠᠷ ᠲᠦ  ᠬᠢ ᠠᠯᠳᠠᠨ ᠤᠯᠤᠰ  ᠤᠨ  ᠪᠤᠷᠦ ᠬᠡᠷᠡᠮ
ᠨᠡᠶᠢᠲᠡᠯᠡᠭᠰᠡᠨ ᠴᠠᠭ᠄
2020-07-16
ᠠᠯᠳᠠᠨ ᠤᠯᠤᠰ  ᠎ ᠤᠨ  ᠬᠢᠯᠢ ᠶᠢᠨ  ᠴᠠᠶᠢᠵᠠ ᠪᠤᠯ ᠮᠤᠩᠭᠤᠯ ᠴᠡᠷᠢᠭ ᠢ ᠡᠮᠦᠨᠡᠰᠢ  ᠤᠷᠤᠬᠤ ᠶᠢ ᠬᠤᠷᠢᠭᠯᠠᠬᠤ ᠶᠢᠨ  ᠲᠦᠯᠦᠭᠡ  ᠴᠤᠭᠴᠠᠯᠠᠭᠰᠠᠨ ᠰᠢᠷᠦᠢ ᠶᠢᠨ ᠭᠡᠷᠡᠮ ᠮᠦᠨ  ᠂ ᠪᠠᠰᠠ ᠠᠯᠳᠠᠨ ᠤᠯᠤᠰ ᠤᠨ ᠪᠤᠷᠤ ᠭᠡᠷᠡᠮ ᠭᠡᠳᠡᠭ  ᠃ ᠠᠯᠳᠠᠨ ᠤᠯᠤᠰ ᠤᠨ   ᠲᠡᠦᠭᠡᠨ ᠲᠡᠮᠳᠡᠭᠯᠡᠯ ᠢ ᠦᠨᠳᠤᠰᠤᠯᠡᠪᠡᠯ  ᠄ ᠠᠯᠳᠠᠨ ᠤᠯᠤᠰ ᠤᠨ  ᠬᠢᠯᠢ ᠶᠢᠨ  ᠴᠠᠶᠢᠵᠠ ᠨᠢ ᠵᠡᠭᠦᠨᠰᠢ  ᠮᠤᠷᠢᠨ ᠲᠠᠪᠠᠭ᠎ᠠ  ᠎ ᠶᠢᠨ ᠡᠯ ᠵᠢᠢ   ᠪᠠᠯᠭᠠᠰᠤ  ᠎ ᠠᠴᠠ ᠡᠬᠢᠯᠡᠵᠦ  ᠂ ᠵᠠᠯᠠᠶᠢᠳ ᠤᠨ  ᠬᠤᠶᠢᠳᠤ ᠬᠤᠰᠢᠭᠤ  ᠎ ᠶᠢᠨ  ᠦᠩᠭᠡᠷᠡᠭᠰᠡᠨ ᠤ ᠰᠡᠭᠦᠯᠡᠷ  ᠡᠮᠦᠨ᠎ᠡ  ᠬᠤᠶᠢᠨ᠎ᠠ  ᠬᠤᠶᠠᠷ ᠰᠠᠯᠪᠦᠷᠢᠯᠡᠵᠤ  ᠲᠦᠷᠪᠡᠳ ᠬᠤᠰᠢᠭᠤᠨ ᠤ  ᠴᠠᠭᠠᠨ  ᠤᠪᠤᠭ᠎ᠠ  ᠬᠦᠷᠴᠦ  ᠲᠠᠬᠢᠨᠳᠠ ᠨᠡᠶᠢᠯᠡᠵᠦ  ᠮᠤᠨᠢ ᠠᠭᠤᠯᠠ  ᠎ ᠶᠢᠨ ᠠᠭᠤᠯᠠ ᠨᠢᠷᠤᠭᠤᠳ ᠢ  ᠦᠩᠭᠡᠷᠡᠵᠦ  ᠪᠤᠷᠤᠲᠤᠬᠤᠢ  ᠬᠦᠷᠴᠦ  ᠪᠠᠷᠠᠭᠤᠨᠰᠢ  ᠮᠤᠷᠤᠶᠢᠨ᠎ᠠ  ᠂ ᠵᠡᠭᠦᠨ ᠠᠴᠠ ᠪᠠᠷᠠᠭᠤᠨᠰᠢ 1000 ᠺᠢᠯᠤᠮᠧᠲᠷ  ᠤᠷᠳᠤ  ᠂ ᠮᠤᠷᠦᠢ  ᠎ ᠶᠢ ᠰᠤᠩᠭᠠᠵᠤ ᠪᠤᠳᠤᠪᠠᠯ 15000 ᠺᠢᠯᠤᠮᠧᠲᠷ  ᠤᠷᠳᠤ  ᠂ ᠴᠢᠨ ᠬᠠᠨ ᠤ ᠤᠷᠳᠤ ᠴᠠᠭᠠᠨ ᠭᠡᠷᠡᠮ ᠠᠴᠠ  ᠪᠠᠰᠠ ᠤᠷᠳᠤ  ᠃ ᠲᠡᠭᠦᠨ ᠢ  ᠳ᠋ᠦᠩ ᠪᠧᠢ ᠯᠤ᠋  ᠂ ᠯᠢᠨ ᠬᠤᠸᠠᠩ ᠯᠤ᠋ ᠵᠠᠮ  ᠂  ᠰᠢ ᠪᠧᠢ ᠯᠤ᠋ ᠵᠠᠮ᠂   ᠰᠢ ᠨᠠᠨ ᠯᠤ᠋ ᠵᠠᠮ ᠭᠡᠵᠦ ᠲᠦᠷᠪᠡᠨ ᠬᠡᠰᠡᠭ ᠲᠤ ᠬᠤᠪᠢᠶᠠᠨ᠎ᠠ᠃  ᠯᠢᠨᠰᠢ ᠶᠢᠨ  ᠬᠢᠵᠠᠭᠠᠷ ᠲᠠᠬᠢ  ᠠᠯᠳᠠᠨ ᠤᠯᠤᠰ ᠤᠨ  ᠬᠢᠯᠢ ᠎ ᠶᠢᠨ ᠴᠠᠶᠢᠵᠠ ᠨᠢ   ᠯᠢᠨ ᠬᠤᠸᠠᠩ ᠯᠤ᠋ ᠴᠠᠶᠢᠵᠠ ᠳᠤ ᠪᠠᠭᠳᠠᠨ᠎ᠠ᠃ ᠡᠨᠡᠬᠦ ᠭᠡᠰᠡᠭ  ᠎ ᠤᠨ  ᠬᠢᠯᠢ ᠶᠢᠨ  ᠴᠠᠶᠢᠵᠠ ᠨᠢ  ᠵᠡᠭᠦᠨᠰᠢ  ᠬᠤᠤᠯᠢᠨ ᠭᠤᠤᠯ  ᠎ ᠠᠴᠠ ᠡᠬᠢᠯᠡᠵᠦ  ᠪᠠᠷᠠᠭᠤᠨᠰᠢ  ᠭᠡᠰᠢᠭᠳᠡ ᠬᠤᠰᠢᠭᠤᠨ ᠤ ᠲᠠᠷᠬᠠᠨ ᠠᠭᠤᠯᠠ  ᠬᠦᠷᠴᠦ᠂ ᠪᠦᠬᠦ ᠤᠷᠳᠤ ᠨᠢ 550 ᠺᠢᠯᠤᠮᠧᠲᠷ  ᠃ ᠯᠢᠨᠰᠢ ᠶᠢᠨ  ᠬᠢᠵᠠᠭᠠᠷ ᠲᠠᠬᠢ ᠠᠯᠳᠠᠨ ᠤᠯᠤᠰ ᠤᠨ  ᠬᠢᠯᠢ  ᠎ ᠶᠢᠨ  ᠭᠡᠷᠡᠮ ᠢ  ᠡᠮᠤᠨ᠎ᠡ ᠤᠮᠠᠷ᠎ᠠ ᠬᠤᠶᠠᠷ ᠵᠠᠮ ᠬᠤᠪᠢᠶᠠᠵᠤ  ᠂ ᠪᠤᠳᠠᠳᠠᠢ  ᠤᠷᠤᠨ ᠳᠤ ᠨᠢ ᠪᠠᠶᠢᠴᠠᠭᠠᠨ  ᠲᠤᠳᠤᠯᠠᠭᠰᠠᠨ ᠎ ᠢᠶᠠᠷ  ᠡᠮᠦᠨ᠎ᠡ  ᠵᠠᠮ ᠤᠨ  ᠬᠢᠯᠢ ᠶᠢᠨ  ᠴᠠᠶᠢᠵᠠ ᠨᠢ  ᠳ᠋ᠠ ᠢᠩᠽᠢ ᠠᠴᠠ  ᠳ᠋ᠦᠩ ᠬᠤᠸᠠᠩ  ᠂  ᠾᠧ ᠫᠢᠩ᠂  ᠭᠤᠷᠪᠠᠨ ᠰᠡᠷᠡᠩ᠂  ᠬᠤᠸᠠᠩ ᠵᠢᠶᠠ  ᠳ᠋ᠢᠶᠠᠨ᠂  ᠭᠠᠢ ᠵᠢᠶᠠ  ᠳ᠋ᠢᠶᠠᠨ᠂   ᠴᠦᠩᠭᠦᠭ ᠠᠭᠤᠯᠠᠨ ᠤ  ᠵᠡᠭᠦᠨ ᠬᠢᠷ᠎ᠡ ᠎ ᠠᠴᠠ  ᠪᠢᠶᠠᠨ ᠴᠢᠶᠠᠩ ᠯᠢᠶᠠᠩ  ᠎ ᠪᠠᠷ ᠦᠩᠭᠡᠷᠡᠵᠦ  ᠲᠥᠩ ᠪᠦ᠋ ᠪᠠᠯᠭᠠᠰᠤᠨ  ᠎ ᠤ  ᠬᠤ᠋ ᠵᠢᠶᠠ ᠳ᠋ᠢᠶᠠᠨ  ᠎ ᠤ ᠪᠠᠷᠠᠭᠤᠨ ᠠᠭᠤᠯᠠᠨ ᠳᠤ  ᠬᠦᠷᠴᠦ  ᠽᠤᠤ ᠵᠢᠶᠠ ᠲᠦᠨ  ᠂ ᠭᠠᠴᠠᠭ᠎ᠠ᠂  ᠬᠠᠷ᠎ᠠ ᠲᠤᠯᠤᠭᠠᠢ  ᠬᠦᠷᠴᠦ  ᠤᠮᠠᠷᠠᠰᠢ ᠯᠢᠩ ᠵᠢᠶᠠ ᠢᠩᠽᠢ ᠳᠤ ᠬᠦᠷᠴᠦ ᠠᠷᠤ ᠵᠠᠮ ᠤᠨ  ᠬᠢᠯᠢ ᠶᠢᠨ  ᠴᠠᠶᠢᠵᠠ ᠲᠠᠢ  ᠨᠡᠶᠢᠯᠡᠨ᠎ᠡ᠃  ᠠᠷᠤ ᠵᠠᠮ ᠤᠨ ᠬᠢᠯᠢ ᠶᠢᠨ  ᠭᠡᠷᠡᠮ ᠨᠢ ᠪᠠᠶᠢᠰᠢᠩᠳᠤ  ᠬᠦᠷᠴᠦ ᠤᠪᠤᠭ᠎ᠠ ᠭᠤᠤᠯ  ᠂ ᠤᠯᠠᠭᠠᠨ  ᠭᠤᠤ ᠶᠢᠨ ᠠᠮᠠ  ᠂ ᠪᠢᠯᠢᠭᠦᠳᠠᠢ᠂  ᠲᠥᠩ ᠪᠦ᠋ ᠪᠠᠯᠭᠠᠰᠤ  ᠎ ᠶᠢᠨ  ᠱᠦᠢ ᠴᠢᠦᠸᠠᠨ᠂ ᠮᠠ ᠵᠢᠶᠠ ᠢᠩᠽᠢ  ᠂  ᠠᠷᠤ ᠠᠭᠤᠯᠠ ᠶᠢᠨ  ᠬᠤᠳᠤᠭᠤᠷ ᠬᠦᠷᠴᠦ  ᠯᠢᠩ ᠵᠢᠶᠠ ᠢᠩᠽᠢ  ᠎ ᠳᠤ  ᠡᠮᠤᠨ᠎ᠡ ᠵᠠᠮ ᠤᠨ  ᠎ ᠲᠠᠢ ᠨᠡᠶᠢᠯᠡᠵᠦ  ᠂ ᠰᠢᠨ ᠯᠢᠨ ᠵᠧᠨ ᠪᠠᠯᠭᠠᠰᠤᠨ ᠤ  ᠳ᠋ᠦᠩ  ᠭᠤᠸᠠᠩ ᠴᠧᠩ  ᠬᠦᠷᠴᠦ  ᠂  ᠵᠢᠷᠭᠤᠭᠠᠨ ᠭᠡᠷ᠂  ᠲᠤᠮᠳᠠ ᠤᠯᠠᠭᠠᠨ᠂  ᠶᠡᠭᠡ ᠤᠯᠠᠭᠠᠨ᠂  ᠪᠠᠶᠢᠰᠢᠩᠳᠤ᠂  ᠰᠢ ᠨᠠᠨ ᠭᠧᠦ  ᠂  ᠹᠠᠨ ᠵᠢᠶᠠ ᠭᠧᠤ  ᠂  ᠰᠢ ᠪᠢᠶᠠᠨ ᠴᠢᠶᠠᠩ  ᠎ ᠢᠶᠠᠷ  ᠲᠠᠪᠢᠨᠭᠡᠷ  ᠎ ᠤᠨ    ᠳ᠋ᠦᠩ ᠪᠢᠶᠠᠨ ᠴᠢᠶᠠᠩ  ᠂ ᠪᠠᠷᠠᠭᠤᠨ ᠴᠢᠬᠢᠳᠤ ᠪᠠᠷ  ᠪᠠᠭᠠᠷᠢᠨ ᠪᠠᠷᠠᠭᠤᠨ ᠬᠤᠰᠢᠭᠤᠨ  ᠎ ᠤ ᠬᠢᠯᠢ ᠳᠤ  ᠤᠷᠤᠵᠤ  ᠂ ᠪᠦᠬᠦ ᠤᠷᠳᠤ ᠨᠢ 100 ᠺᠢᠯᠤᠮᠧᠲᠷ  ᠃ ᠯᠢᠨᠰᠢ ᠶᠢᠨ  ᠬᠢᠵᠠᠭᠠᠷ  ᠎ ᠲᠠᠬᠢ  ᠴᠠᠶᠢᠵᠠ ᠶᠢᠨ  ᠭᠡᠷᠡᠮ ᠠᠴᠠ  ᠦᠵᠡᠪᠡᠯ ᠬᠡᠳᠦᠶᠢᠪᠡᠷ ᠨᠢᠭᠡᠨᠳᠡ 800 ᠵᠢᠯ ᠤᠨ  ᠰᠠᠯᠬᠢᠨ ᠪᠤᠷᠤᠭᠠᠨ ᠬᠠᠯᠠᠭᠤᠨ ᠬᠦᠢᠳᠡᠨ  ᠎ ᠢ ᠡᠯᠭᠡᠭᠰᠡᠨ ᠪᠤᠯᠪᠠᠴᠦ  ᠬᠦᠷᠢᠶ᠎ᠡ ᠬᠡᠪᠴᠢᠶ᠎ᠡ ᠨᠢ  ᠠᠤᠭ᠎ᠠ ᠰᠦᠷᠯᠢᠭ  ᠭᠡᠷᠡᠮ ᠪᠠᠷᠢᠯᠭ᠎ᠠ ᠨᠢ ᠵᠢᠪᠬᠤᠭ᠎ᠠ ᠲᠡᠭᠦᠯᠳᠡᠷ᠂᠂ ᠪᠦᠬᠦ  ᠪᠤᠷᠤ ᠬᠡᠷᠡᠮ ᠨᠢ  ᠭᠡᠷᠡᠮ ᠬᠠᠮᠠᠭᠠᠯᠠᠬᠤ  ᠭᠤᠤ᠂  ᠬᠠᠵᠠᠭᠤ ᠎ ᠶᠢᠨ  ᠴᠠᠶᠢᠵᠠ᠂  ᠪᠤᠭᠤᠮᠳᠠ ᠶᠢᠨ  ᠭᠡᠷᠡᠮ ᠮᠥᠨ ᠬᠠᠪᠴᠢᠯ ᠠᠮᠠ᠂  ᠤᠳᠤᠭ᠎ᠠ ᠲᠠᠯᠪᠢᠬᠤ  ᠲᠠᠶᠢᠰᠠ ᠵᠡᠷᠭᠡ ᠵᠢᠷᠭᠤᠭᠠᠨ ᠭᠡᠰᠡᠭ ᠢᠶᠠᠷ ᠪᠦᠷᠢᠯᠳᠤᠵᠠᠢ᠃ ᠡᠭᠦᠨ ᠳᠤ  ᠬᠢᠯᠢ ᠶᠢᠨ  ᠭᠡᠷᠡᠮ ᠨᠢ ᠰᠢᠷᠦᠢ ᠪᠠᠷ ᠬᠠᠩᠳᠠᠭᠰᠨᠨ ᠭᠡᠷᠡᠮ ᠪᠠᠶᠢᠵᠤ  ᠂  ᠰᠠᠭᠤᠷᠢ ᠶᠢᠨ  ᠦᠷᠭᠡᠨ ᠨᠢ 7 ᠮᠧᠲᠷ  ᠂  ᠡᠪᠳᠡᠷᠭᠡᠢ  ᠦᠨᠳᠤᠷ ᠨᠢ 2---4 ᠮᠧᠲᠷ  ᠪᠠᠶᠢᠵᠤ᠂  ᠦᠨᠳᠤᠷ ᠪᠤᠭᠤᠨᠢ  ᠎ ᠨᠢ ᠲᠡᠭᠰᠢ ᠦᠭᠡᠢ ᠪᠤᠯᠵᠠᠢ᠃ 250 ᠮᠧᠲᠷ   ᠪᠦᠷᠢ   ᠨᠢᠭᠡᠨ  ᠳ᠋ᠢᠶᠠᠮᠧᠲᠷ  ᠎ ᠨᠢ 20 ᠮᠧᠲᠷ ᠎ ᠤᠨ  ᠰᠢᠷᠦᠢ  ᠎ ᠪᠠᠷ  ᠪᠤᠰᠬᠠᠭᠰᠠᠨ    ᠮᠤᠷᠢᠨ  ᠲᠠᠯᠠᠪᠠᠢ ᠲᠠᠢ  ᠪᠠᠶᠢᠵᠤ ᠨᠢᠭᠡ ᠰᠤᠮᠤᠨ ᠤ ᠭᠠᠵᠠᠷ ᠠᠴᠠ  ᠬᠠᠷᠠᠭᠤᠯ ᠲᠠᠯᠪᠢᠬᠤ ᠪᠠᠷ ᠪᠡᠯᠡᠳᠭᠡᠵᠠᠢ᠃  ᠨᠤᠮᠤ ᠰᠤᠮᠤ ᠪᠠᠷ  ᠰᠡᠷᠭᠡᠶᠢᠯᠡᠬᠦ ᠪᠠ ᠰᠡᠷᠡᠮᠵᠢ ᠮᠡᠳᠡᠭᠦᠯᠬᠦ ᠦᠢᠯᠡᠳᠦᠯ ᠲᠠᠢ᠃   ᠭᠡᠷᠡᠮ ᠬᠠᠮᠠᠭᠠᠯᠠᠬᠤ ᠭᠤᠤ ᠶᠢᠨ  ᠦᠷᠭᠡᠨ ᠨᠢ 50 ᠮᠧᠲᠷ  ᠂ ᠬᠦᠨ ᠨᠢ 3---5 ᠮᠧᠲᠷ  ᠃ ᠭᠡᠷᠡᠮ ᠢ  ᠬᠠᠮᠠᠭᠠᠯᠠᠵᠤ  ᠮᠤᠷᠢᠳᠤ ᠴᠡᠷᠢᠭ  ᠴᠠᠶᠢᠵᠠ ᠶᠢ  ᠡᠪᠳᠡᠬᠦ  ᠎ ᠳᠤ  ᠬᠠᠰᠢᠬᠤ ᠤᠶᠢᠯᠡᠳᠦᠯ ᠲᠠᠢ  ᠃   ᠬᠠᠵᠠᠭᠤ ᠶᠢᠨ  ᠴᠠᠶᠢᠵᠠ ᠨᠢ ᠴᠡᠷᠢᠭ ᠰᠠᠭᠤᠬᠤ ᠭᠠᠵᠠᠷ  ᠂ ᠯᠢᠨᠰᠢ  ᠰᠢᠶᠠᠨ  ᠎ ᠤ ᠬᠢᠵᠠᠭᠠᠷ ᠲᠤ  ᠨᠡᠶᠢᠳᠡ 7 ᠪᠠᠶᠢᠨ᠎ᠠ᠃ ᠲᠤᠰ ᠲᠤᠰ  ᠭᠤᠷᠪᠠᠨ ᠰᠡᠷᠡᠩ ᠠᠶᠢᠯ  ᠎ ᠤᠨ ᠠᠷᠦ᠂  ᠡᠯ ᠳ᠋ᠤᠤ ᠴᠧᠩᠽᠢ᠂  ᠰᠠᠨ ᠳ᠋ᠤᠤ ᠴᠧᠩᠽᠢ᠂  ᠳ᠋ᠦᠩ ᠭᠤᠸᠠᠩ ᠴᠧᠩ ᠎ ᠤᠨ  ᠵᠡᠭᠦᠨ ᠡᠮᠦᠨ᠎ᠡ᠂  ᠲᠤᠮᠳᠠ ᠤᠯᠠᠭᠠᠨ ᠲᠤᠰᠬᠤᠨ ᠤ  ᠵᠡᠭᠦᠨ᠂  ᠳ᠋ᠥᠩ ᠪᠢᠶᠠᠨ ᠴᠢᠶᠠᠩ᠂  ᠪᠠᠷᠠᠭᠤᠨ ᠴᠢᠬᠢ ᠲᠤᠰᠬᠤᠨ ᠤ ᠵᠡᠭᠦᠨ᠂  ᠬᠠᠵᠠᠭᠤ ᠶᠢᠨ  ᠴᠠᠶᠢᠵᠠ  ᠎ ᠶᠢᠨ ᠦᠨᠳᠤᠷ ᠨᠢ 3 ᠮᠧᠲᠷ  ᠂  ᠰᠠᠭᠤᠷᠢ ᠶᠢᠨ ᠦᠷᠭᠡᠨ ᠨᠢ8 ᠮᠧᠲᠷ  ᠂  ᠵᠡᠭᠦᠨ ᠠᠴᠠ  ᠪᠠᠷᠠᠭᠤᠨᠰᠢ ᠤᠷᠳᠤ ᠨᠢ 170 ᠮᠧᠲᠷ  ᠃ ᠴᠠᠶᠢᠵᠠ ᠬᠠᠮᠠᠭᠠᠯᠠᠬᠤ  ᠭᠤᠤ ᠶᠢᠨ  ᠦᠷᠭᠡᠨ ᠨᠢ 6 ᠮᠧᠲᠷ  ᠂  ᠴᠠᠶᠢᠵᠠ ᠶᠢᠨ ᠲᠦᠷᠪᠡᠨ  ᠲᠠᠯ᠎ᠠ ᠳᠤ ᠪᠦᠬᠦᠨ ᠢᠶᠠᠷ  ᠎ ᠢᠶᠠᠨ  ᠮᠤᠷᠢᠨ  ᠡᠪᠡᠷ ᠲᠠᠶᠢᠵᠠ ᠎ ᠲᠠᠢ᠂   ᠬᠠᠷᠠᠭᠤᠯ ᠤᠨ ᠭᠠᠵᠠᠷ  ᠮᠦᠨ  ᠃ ᠪᠤᠭᠤᠮᠳᠠ ᠶᠢᠨ  ᠬᠤᠳᠠ  ᠎ ᠨᠢ ᠲᠤᠬᠠᠢ ᠦᠶ᠎ᠡ ᠶᠢᠨ  ᠴᠡᠷᠢᠭ ᠵᠢᠯᠤᠭᠤᠳᠬᠤ  ᠭᠠᠵᠠᠷ  ᠪᠠᠶᠢᠵᠤ  ᠂   ᠯᠢᠨᠰᠢ  ᠎ ᠶᠢᠨ  ᠬᠢᠵᠠᠭᠠᠷ ᠲᠤ ᠬᠤᠶᠠᠷ ᠪᠠᠶᠢᠨ᠎ᠠ᠃  ᠨᠢᠭᠡ ᠨᠢ ᠪᠤᠭᠤᠳᠤ  ᠠᠭᠤᠯᠠ ᠶᠢᠨ  ᠲᠦᠷᠪᠡᠯᠵᠢᠨ ᠬᠤᠳᠠ᠂  ᠨᠢᠭᠡ  ᠯᠦᠩ ᠲᠧᠦ  ᠱᠠᠨ ᠲᠤᠰᠬᠤᠨ ᠤ  ᠠᠶᠢᠯ  ᠎ ᠤᠨ ᠠᠷᠤ  ᠎ ᠳᠤ ᠪᠠᠶᠢᠷᠰᠢᠨ᠎ᠡ  ᠃ ᠪᠤᠭᠤᠳᠤ ᠠᠭᠤᠯᠠ  ᠎ ᠶᠢᠨ  ᠲᠦᠷᠪᠡᠯᠵᠢᠨ ᠬᠤᠳᠠ ᠶᠢ ᠪᠠᠶᠢᠴᠠᠭᠠᠨ ᠲᠤᠳᠤᠯᠠᠭᠰᠠᠨ  ᠎ ᠳᠤ   ᠤᠷᠳᠤ  ᠦᠷᠭᠡᠨ  ᠎ ᠨᠢ   ᠲᠤᠰ  ᠲᠤᠰ  400 ᠲᠦᠷᠪᠡᠯᠵᠢᠨ ᠮᠧᠲᠷ  ᠂ ᠬᠦᠷᠢᠶᠡᠨ ᠤ ᠤᠷᠳᠤ ᠨᠢ 1600 ᠮᠧᠲᠷ  ᠂  ᠬᠤᠳᠠᠨ ᠳᠤ ᠬᠢ ᠦᠯᠡᠳᠡᠭᠳᠡᠭᠰᠡᠨ  ᠪᠤᠳᠠᠰ ᠤᠨ  ᠤᠯᠠᠩᠬᠢ ᠨᠢ ᠠᠯᠳᠠᠨ ᠤᠯᠤᠰ ᠤᠨ  ᠦᠶ᠎ᠡ ᠶᠢᠨ  ᠪᠤᠳᠠᠰ  ᠪᠠᠶᠢᠵᠤ᠂ ᠠᠶᠠᠭ᠎ᠠ᠂  ᠫᠢᠯᠠ  ᠂  ᠬᠤᠤ᠂  ᠪᠦᠸᠧ᠂  ᠭᠠᠦᠯᠢᠨ ᠵᠤᠭᠤᠰ  ᠵᠡᠷᠭᠡ  ᠂   ᠪᠤᠭᠤᠮᠳᠠ ᠠᠮᠠ  ᠃  ᠪᠡᠷᠭᠡ  ᠪᠠᠷᠳᠠᠭ᠎ᠠ ᠲᠠᠢ ᠭᠠᠵᠠᠷ  ᠴᠢᠬᠤᠯᠠ ᠭᠠᠵᠠᠷ ᠪᠠᠶᠢᠭᠤᠯᠵᠠᠢ  ᠃ ᠵᠢᠱᠢᠶᠡᠯᠡᠪᠡᠯ  ᠭᠤᠤᠯ ᠤᠨ ᠬᠤᠶᠠᠷ ᠬᠦᠪᠡᠭᠡ᠂  ᠠᠭᠤᠯᠠᠨ ᠠᠮᠠ  ᠎ ᠶᠢᠨ  ᠬᠠᠪᠴᠢᠯ ᠪᠡᠷᠭᠡ ᠭᠠᠵᠠᠷ  ᠂ ᠲᠡᠭᠦᠨ ᠤ  ᠬᠤᠶᠠᠷ ᠲᠠᠯ᠎ᠠ ᠳᠤ  ᠎ ᠨᠢ  ᠲᠠᠪᠬᠤᠷ  ᠬᠡᠷᠡᠮ ᠴᠠᠶᠢᠵᠠ ᠪᠠᠶᠢᠭᠤᠯᠵᠤ  ᠲᠤᠮᠳᠠ ᠨᠢ  ᠨᠡᠪᠳᠡᠷᠡᠬᠦ ᠵᠠᠮ ᠲᠠᠢ᠂  ᠡᠩ ᠤᠨ ᠪᠠᠶᠢᠳᠠᠯ ᠳᠤ ᠦᠷᠭᠡᠨ ᠨᠢ 3-5 ᠮᠧᠲᠷ  ᠂  ᠤᠷᠳᠤ ᠨᠢ 35 ᠮᠧᠲᠷ  ᠂  ᠃ ᠤᠳᠤᠭ᠎ᠠ ᠲᠠᠯᠪᠢᠬᠤ ᠲᠠᠶᠢᠵᠠ  ᠄ ᠲᠠᠶᠢᠰᠤᠨ ᠲᠤᠪᠳᠤᠯᠤᠨ  ᠤᠷᠤᠵᠤ ᠢᠷᠡᠬᠦ ᠶᠢ  ᠮᠡᠳᠡᠮᠡᠭᠴᠨ  ᠨᠢᠭᠡᠨ ᠲᠠᠶᠢᠵᠠ ᠨᠢ  ᠴᠢᠨ᠋ᠸ᠎ᠠ ᠶᠢᠨ ᠪᠠᠭᠠᠰᠤ ᠪᠠᠷ  ᠤᠳᠤᠭ᠎ᠠ ᠲᠠᠯᠪᠢᠮᠠᠭᠴᠨ  ᠵᠡᠷᠭᠡᠯᠳᠡᠭᠡ ᠲᠠᠶᠢᠵᠠ ᠨᠢ  ᠲᠠᠷᠦᠢ ᠤᠳᠤᠭ᠎ᠠ ᠲᠠᠯᠪᠢᠵᠤ  ᠪᠦᠬᠦᠶᠢᠯᠡ  ᠱᠤᠭᠤᠮ ᠨᠢ  ᠴᠡᠷᠢᠭ ᠠᠷᠠᠳ  ᠲᠠᠶᠢᠨ ᠳᠤ ᠤᠷᠤᠬᠤ ᠪᠡᠯᠡᠳᠭᠡᠯ ᠬᠢᠨ᠎ᠡ᠃ ᠴᠢᠨ᠋ᠸ᠎ᠠ  ᠎ ᠶᠢᠨ ᠪᠠᠭᠠᠰᠤ ᠪᠡ ᠤᠳᠤᠭ᠎ᠠ ᠲᠠᠯᠪᠢᠳᠠᠭ ᠠᠴᠠ  ᠪᠠᠰᠠ  ︽ᠴᠢᠨ᠋ᠸ᠎ᠠ ᠶᠢᠨ  ᠤᠳᠤᠭ᠎ᠠ ᠶᠢᠨ  ᠪᠤᠯᠠᠰᠢ  ︾  ᠭᠡᠨ᠎ᠡ᠃  ᠯᠢᠨᠰᠢ ᠰᠢᠶᠠᠨ ᠤ ᠶᠡᠭᠡ ᠤᠯᠠᠭᠠᠨ ᠤ  ᠠᠭᠤᠯᠠᠨ ᠤᠷᠬᠢᠯ ᠳᠤ  ᠤᠳᠤᠭ᠎ᠠ ᠲᠠᠯᠪᠢᠬᠤ  ᠲᠠᠶᠢᠵᠠ ᠪᠠᠶᠢᠵᠤ    ᠂  ᠡᠪᠳᠡᠷᠭᠡᠢ ᠦᠨᠳᠤᠷ ᠨᠢ 1 ᠮᠧᠲᠷ  ᠂ ᠳ᠋ᠢᠶᠠᠮᠧᠲᠷ  ᠎ ᠨᠢ  8  ᠮᠧᠲᠷ  ᠤᠷᠴᠢᠮ᠃ ᠠᠯᠳᠠᠨ‌ᠤᠯᠤᠰ  ᠤᠨ ᠲᠡᠦᠭᠡ ᠶᠢᠨ  ᠲᠡᠮᠳᠡᠭᠯᠡᠯ  ᠎ ᠢ  ᠦᠨᠳᠤᠰᠤᠯᠡᠪᠡᠯ  ᠵᠢᠩ  ᠰᠢᠽᠦᠩ  ᠸᠠᠨ ᠶᠠᠨ  ᠶᠥᠩ ᡁᠢ  ᠮᠤᠩᠭᠤᠯ ᠤᠨ  ᠴᠡᠷᠢᠭ ᠨᠢᠭᠡᠨᠳᠡ  ᠠᠯᠳᠠᠨ ᠤᠯᠤᠰ ᠤᠨ  ᠬᠢᠯᠢ ᠶᠢ ᠲᠦᠢᠪᠡᠭᠡᠵᠦ ᠡᠬᠢᠯᠡᠵᠠᠢ᠃  ᠳ᠋ᠠ ᠳ᠋ᠢᠩ  ᠎ ᠤᠨ  ᠲᠠᠪᠤᠳᠤᠭᠠᠷ   ︵1165) ᠤᠨ  ᠎ ᠤ ᠴᠠᠭᠠᠨ ᠰᠠᠷ᠎ᠠ ᠳᠤ  ᠎ ᠶᠢᠨ ᠰᠢ ᠽᠦᠩ  ᠬᠢᠵᠠᠭᠠᠷ  ᠎ ᠤᠨ ᠠᠶᠤᠯ  ᠎ ᠤᠨ  ᠲᠤᠬᠠᠢ ᠰᠤᠨᠤᠰᠤᠭᠠᠳ  ᠎ ᠲᠠᠢ ᠵᠧᠦ  ︵ᠲᠤᠤ ᠠᠨ ᠤ ᠵᠡᠭᠦᠨ  ᠯᠧ ᠺᠠᠩ  ︶᠂  ᠯᠢᠨ ᠬᠤᠸᠠᠩ  ︵ ᠬᠤᠤᠯᠢᠨ ᠭᠤᠤᠯ  ᠎ ᠠᠴᠠ   ᠲᠠᠷᠬᠠᠨ ᠠᠭᠤᠯᠠ  ᠬᠦᠷᠬᠦ ᠬᠡᠰᠡᠭ︶  ᠬᠢᠯᠢ ᠶᠢᠨ  ᠴᠠᠶᠢᠵᠠ 70᠎ ᠶᠢ ᠪᠠᠶᠢᠭᠤᠯᠵᠤ  ᠂ 13000 ᠴᠡᠷᠢᠭ ᠰᠠᠭᠤᠯᠭᠠᠵᠠᠢ᠃   ᠳ᠋ᠠ ᠳ᠋ᠢᠩ ᠤᠨ  ᠬᠤᠷᠢᠨ ᠨᠢᠭᠡᠨ ᠤᠨ  ᠎ ᠤ ᠭᠤᠷᠪᠠᠨ ᠰᠠᠷ᠎ᠠ ᠳᠤ  ᠎ ᠶᠢᠨ ᠰᠢᠽᠦ᠋ᠩ ᠤᠨ  ᠵᠠᠷᠯᠢᠭ ᠢᠶᠠᠷ  ᠯᠢᠨ ᠬᠤᠸᠠᠩ ᠯᠤ᠋  ᠬᠤᠤᠯᠢᠨ ᠭᠤᠤᠯ  ᠎ ᠠᠴᠠ  ᠬᠡᠰᠢᠭᠳᠡᠨ ᠬᠤᠰᠢᠭᠤᠨ ᠤ  ᠲᠠᠷᠬᠠᠨ ᠠᠭᠤᠯᠠ ᠬᠦᠷᠬᠦ  ᠪᠤᠷᠦ ᠭᠡᠷᠡᠮ  ᠎ ᠤᠨ  ᠦᠨᠳᠤᠷ ᠪᠤᠭᠤᠨᠢ ᠨᠢ ᠲᠡᠭᠰᠢ ᠦᠭᠡᠢ ᠪᠤᠯᠤᠭᠰᠠᠨ 24 ᠴᠠᠶᠢᠵᠠ  ᠎ ᠶᠢ  ᠰᠠᠯᠪᠢᠨ ᠰᠢᠨᠡᠳᠭᠡᠵᠤ  ᠂ ᠴᠠᠶᠢᠵᠠ ᠪᠦᠬᠦᠨ ᠳᠤ 30 ᠡᠷᠦᠭᠡ ᠰᠠᠭᠤᠯᠭᠠᠵᠤ  ᠂ ᠨᠡᠶᠢᠳᠡ 720 ᠡᠷᠦᠭᠡ   ᠲᠤᠬᠢᠷᠠᠭᠤᠯᠤᠨ ᠠᠯᠪᠠᠨ  ᠶᠠᠮᠤᠨ ᠎ ᠠᠴᠠ  ᠤᠨ ᠤ  ᠬᠦᠨᠡᠰᠦ ᠬᠠᠩᠭᠠᠵᠠᠢ᠃ ᠸᠠᠩ ᠭᠦᠸᠧ ᠸᠧᠢ ᠶᠢᠨ  ︽ᠭᠤᠸᠠᠨ ᠲᠠᠩ ᠵᠢᠢ ᠯᠢᠨ  ︾᠎ ᠤ  ︽ᠠᠯᠳᠠᠨ ᠤᠯᠤᠰ ᠤᠨ  ᠪᠤᠷᠤ ᠭᠡᠷᠡᠮ ᠤᠨ  ᠲᠡᠮᠳᠡᠭᠯᠡᠯ  ︽᠎ ᠢ ᠦᠨᠳᠤᠰᠤᠯᠡᠪᠡᠯ  ᠄ ᠶᠢᠨ  ᠵᠠᠩᠽᠦ᠋ᠩ  ᠸᠠᠨ ᠶᠠᠨ  ᠵᠢᠩ ᠤᠨ  ᠤᠨ ᠳᠤ ᠬᠦᠷᠬᠦ ᠳᠤ  ᠬᠢᠯᠢ ᠬᠢᠵᠭᠠᠷ ᠨᠡᠩᠳᠡ ᠲᠦᠪᠰᠢᠨ ᠦᠭᠡᠢ ᠪᠤᠯᠵᠤ  ᠽᠦ  ᠂ ᠴᠢᠩ᠂  ᠿᠤᠤ  ᠂  ᠬᠤᠸᠠᠢ᠂  ᠴᠠᠩ  ᠵᠡᠷᠭᠡ  ᠵᠧᠦ ᠪᠠ   ᠲᠠᠯᠤ ᠨᠠᠭᠤᠷ  ᠮᠤᠩᠭᠤᠯ ᠴᠡᠷᠢᠭ ᠤᠨ ᠰᠦᠷᠳᠡᠭᠦᠯᠦᠯ ᠳᠤ ᠤᠴᠠᠷᠠᠵᠠᠢ᠃  ᠎ ᠶᠢᠨ ᠵᠠᠩᠽᠦ᠋ᠩ ᠯᠢᠨ ᠬᠤᠸᠠᠩ ᠯᠤ᠋  ᠭᠡᠰᠡᠭ  ᠎ ᠲᠤ  ᠲᠤᠰᠬᠤᠨ  ᠪᠠᠶᠢᠭᠤᠯᠵᠤ ᠴᠡᠷᠢᠭ ᠰᠠᠭᠤᠯᠭᠠᠬᠤ ᠪᠠᠷ  ᠰᠡᠢᠳᠴᠠᠢ ᠃  ᠴᠧᠩ ᠠᠨ ᠤ ᠬᠤᠶᠠᠷ ᠤᠨ  ︵1197︶ ᠤᠨ ᠳᠤ  ᠎ ᠶᠢᠨ ᠵᠠᠩᠽᠦ᠋ᠩ ᠬᠠᠭᠠᠨ  ᠵᠢᠷᠭᠤᠳᠤᠭᠠᠷ  ᠲᠡᠰ ᠠᠴᠠ ᠲᠡᠭᠡᠭᠰᠢᠬᠢ ᠨᠤᠶᠠᠨ  ᠲᠦᠰᠢᠮᠡᠯ84 ᠬᠦᠮᠦᠨ ᠢ  ᠴᠤᠭᠯᠠᠭᠤᠯᠵᠤ ᠤᠮᠠᠷᠠᠳᠤ ᠬᠢᠯᠢ ᠶᠢ ᠰᠠᠬᠢᠬᠤ ᠲᠤᠬᠠᠢ ᠪᠤᠳᠤᠯᠭ᠎ᠠ  ᠵᠦᠪᠯᠡᠵᠠᠢ᠃  ᠡᠭᠦᠨ ᠳᠤ 5 ᠬᠦᠮᠦᠨ  ᠲᠤᠪᠳᠤᠯᠤᠨ ᠴᠤᠬᠢᠬᠤ  ᠎ ᠶᠢ   ᠪᠠᠷᠢᠮᠳᠠᠯᠠᠵᠤ᠂ 33 ᠬᠦᠮᠦᠨ  ᠲᠠᠭᠠᠷᠢᠨ   ᠰᠠᠬᠢᠬᠤ ᠶᠢ ᠤᠶᠠᠯᠳᠠᠭᠤᠯᠬᠤ ᠶᠢ ᠪᠠᠷᠢᠮᠳᠠᠯᠠᠵᠤ᠂ 46  ᠬᠦᠮᠦᠨ  ᠠᠯᠳᠠᠨ ᠤᠯᠤᠰ ᠤᠨ  ᠪᠤᠷᠤ ᠭᠡᠷᠡᠮ  ᠎ ᠤᠨ ᠲᠦᠰᠢᠭᠯᠡᠨ  ᠪᠠᠳᠤ ᠰᠠᠬᠢᠬᠤ ᠶᠢ ᠵᠤᠷᠢᠵᠠᠢ  ᠃ ᠠᠯᠳᠠᠨ ᠤᠯᠤᠰ ᠤᠨ  ᠮᠤᠩᠭᠤᠯ ᠴᠡᠷᠢᠭ ᠡᠮᠦᠨᠡᠰᠢ  ᠤᠷᠤᠬᠤ ᠳᠤ ᠶᠡᠷᠦᠨᠢ ᠡᠷᠭᠡᠯᠵᠡᠨ ᠪᠠᠶᠢᠵᠠᠢ᠃  ᠴᠧᠩ ᠠᠨ  ᠎ ᠤ  ᠲᠠᠪᠤᠨ ᠤᠨ (1200)᠎ ᠳᠤ  ᠯᠢᠨ ᠬᠤᠸᠠᠩ ᠯᠤ᠋  ᠭᠡᠰᠡᠭ ᠤᠨ 600 ᠭᠠᠵᠠᠷ  ᠎ ᠲᠤ  ᠢᠷᠭᠡᠨ  ᠎ ᠤ ᠠᠵᠢᠯᠴᠢᠨ 75 ᠲᠦᠮᠡᠨ  ᠬᠦᠮᠦᠨ ᠴᠤᠭᠯᠠᠭᠤᠯᠵᠤ  ᠂ ᠨᠢᠦᠢ ᠡᠯ ᠴᠢᠶᠠᠩ ᠤᠨ  ᠲᠡᠳ᠋ ᠬᠠᠰᠢᠯᠭ᠎ᠠ ᠶᠢ  ᠵᠠᠰᠠᠵᠤ ᠰᠡᠯᠪᠢᠵᠠᠢ᠃ ᠢᠩᠬᠢᠵᠤ  ᠵᠢᠩ ᠰᠢᠽᠦ᠋ᠩ ᠤᠨ  ᠲᠠᠪᠤᠨ ᠤᠨ ᠠᠴᠠ  ᠵᠢᠩ ᠵᠠᠩᠽᠦ᠋ᠩ ᠤᠨ  ᠴᠧᠩ ᠠᠨ ᠤ  ᠲᠠᠪᠤᠨ ᠤᠨ ᠤ  ᠬᠤᠭᠤᠷᠤᠨᠳᠤ 37 ᠵᠢᠯ ᠤᠨ  ᠰᠢᠷᠭᠠᠭᠤ  ᠡᠵᠡᠩᠨᠡᠵᠤ  ᠶᠡᠭᠡ ᠬᠡᠪᠴᠢᠶᠡᠨ  ᠎ ᠤ  ᠪᠤᠳᠠᠰ  ᠎ ᠤᠨ  ᠬᠦᠴᠦᠨ ᠢ  ᠰᠦᠢᠳᠭᠡᠵᠤ   ᠮᠤᠩᠭᠤᠯ ᠤᠨ  ᠮᠤᠷᠢᠳᠤ ᠴᠡᠷᠢᠭ ᠢ  ᠰᠡᠷᠭᠡᠶᠢᠯᠡᠬᠦ  ᠪᠠᠳᠤ ᠪᠠᠬᠢ  ᠠᠯᠳᠠᠨ ᠤᠯᠤᠰ ᠤᠨ  ᠬᠢᠯᠢ ᠶᠢᠨ  ᠴᠠᠶᠢᠵᠠ ᠶᠢ  ᠪᠠᠶᠢᠭᠤᠯᠵᠠᠢ᠃  ᠠᠯᠳᠠᠨ ᠤᠯᠤᠰ ᠤᠨ  ᠸᠠᠨ  ᠶᠠᠨ  ᠶᠦᠩ  ᠵᠢᠢ  ᠎ ᠶᠢᠨ  ᠳ᠋ᠠ ᠠᠨ ᠤ ᠭᠤᠷᠪᠠᠳᠤᠭᠠᠷ ᠤᠨ  ︵1211) ᠤᠨ ᠳᠤ ᠴᠢᠩᠬᠢᠰ ᠬᠠᠭᠠᠨ  ᠮᠤᠩᠭᠤᠯ  ᠮᠤᠷᠢᠳᠤ  ᠶᠡᠭᠡ ᠴᠡᠷᠢᠭ ᠢ ᠲᠠᠭᠠᠭᠤᠯᠤᠨ  ᠯᠢᠨ ᠬᠤᠸᠠᠩ ᠯᠤ᠋  ᠪᠠᠷᠠᠭᠤᠨ ᠭᠡᠰᠡᠭ ᠤᠨ  ᠲᠠᠷᠬᠠᠨ ᠠᠭᠤᠯᠠ  ᠎ ᠠᠴᠠ  ᠪᠠᠷᠠᠭᠤᠨ ᠬᠤᠶᠢᠳᠤ ᠵᠠᠮ ᠤᠨ  ᠾᠧᠩᠵᠸᠦ  ︵ᠰᠢᠯᠤᠭᠤᠨ  ᠬᠦᠭᠡ ᠬᠤᠰᠢᠭᠤᠨ ᠤ ᠬᠢᠵᠠᠭᠠᠷ︶᠎ ᠤᠨ  ᠬᠡᠰᠡᠭ ᠲᠤ  ᠠᠯᠳᠠᠨ ᠤᠯᠤᠰ ᠤᠨ  ᠪᠤᠷᠤ ᠭᠡᠷᠡᠮ ᠢ  ᠰᠢᠪᠳᠤᠯᠤᠨ  ᠡᠪᠳᠡᠵᠦ ᠠᠯᠳᠠᠨ ᠤᠯᠤᠰ ᠤᠨ  ᠬᠢᠯᠢ ᠳᠤ ᠴᠦᠮᠦᠷᠡᠨ ᠤᠷᠤᠵᠤ  ᠶᠧ  ᠬᠤ᠋  ᠯᠢᠩ  ︵ᠾᠧᠪᠧᠢ ᠮᠤᠵᠢ ᠶᠢᠨ  ᠸᠠᠨ ᠴᠢᠦᠸᠠᠨ  ᠰᠢᠶᠠᠨ  ᠎ ᠤ ᠪᠠᠷᠠᠭᠤᠨ  ᠬᠤᠶᠢᠨ᠎ᠠ︶  ᠠᠯᠳᠠ ᠤᠯᠤᠰ ᠤᠨ  ᠬᠤᠯᠪᠤᠭᠠᠳᠤ ᠴᠡᠷᠢᠭ 30 ᠲᠦᠮᠡᠨ ᠬᠦᠮᠦᠨ ᠢ  ᠤᠰᠠᠳᠬᠠᠵᠤ  ᠂ ᠴᠦᠩ  ᠴᠢᠩ ᠤᠨ  ᠬᠤᠶᠠᠷ ᠤᠨ  ︵1213︶ ᠤᠨ ᠳᠤ  ᠮᠤᠩᠭᠤᠯ ᠴᠡᠷᠢᠭ  ᠬᠤᠸᠠᠢ ᠯᠠᠢ ᠳᠤ   ᠠᠯᠳᠠᠨ ᠤᠯᠤᠰ ᠤᠨ ᠰᠢᠯᠢᠳᠡᠭ ᠴᠡᠷᠢᠭ 40 ᠬᠦᠮᠦᠨ ᠢ  ᠤᠰᠠᠳᠬᠠᠵᠤ  ᠽᠢ ᠵᠢᠩ ᠺᠧᠦ  ᠎ ᠶᠢ ᠲᠤᠭᠤᠷᠢᠨ ᠭᠠᠷᠴᠦ  ᠪᠤᠭᠤᠮᠳᠠ ᠤᠷᠤᠵᠤ ᠠᠯᠳᠠᠨ ᠤᠯᠤᠰ ᠤᠨ  ᠵᠦᠩᠳᠦ ︵ᠤᠳᠤᠬᠠᠨ ᠤ ᠪᠡᠭᠡᠵᠢᠩ  ︶᠎ ᠶᠢ ᠪᠦᠰᠡᠯᠡᠵᠠᠢ  ᠃  ᠲᠠᠷᠠᠭ᠎ᠠ ᠨᠢ ᠭᠤᠷᠪᠠᠨ ᠵᠠᠮ ᠪᠠᠷ ᠴᠡᠷᠢᠭ ᠬᠤᠪᠢᠶᠠᠨ  ᠬᠠᠳᠤᠨ ᠭᠤᠤᠯ ᠤᠨ  ᠬᠤᠶᠢᠳᠤ ᠬᠢ ᠭᠡᠳᠦᠨ ᠠᠷᠪᠠᠨ ᠵᠧᠤ  ᠎ ᠶᠢ ᠡᠵᠡᠯᠡᠵᠦ᠂  ᠲᠠᠷᠠᠭ᠎ᠠ ᠵᠢᠯ ᠨᠢ ︵1214) ᠤᠨ ᠳᠤ  ᠎ ᠶᠢᠨ  ᠰᠢᠤᠸᠠᠨᠽᠦ᠋ᠩ ᠬᠠᠭᠠᠨ   ᠸᠠᠨ ᠶᠠᠨ  ᠰᠢᠦ᠋ᠨ  ᠬᠦᠩᠵᠦ  ᠎ ᠪᠠᠨ ᠡᠷᠭᠦᠵᠤ  ᠲᠤᠷᠭ᠎ᠠ ᠲᠤᠷᠳᠤᠩ ᠭᠦᠷᠭᠡᠨ  ᠨᠠᠶᠢᠷᠠᠮᠳᠠᠬᠤ  ᠎ ᠶᠢ ᠬᠦᠰᠡᠭᠰᠡᠨ ᠳᠤ ᠴᠢᠩᠬᠢᠰ ᠬᠠᠭᠠᠨ  ᠵᠦᠪᠰᠢᠶᠡᠷᠡᠵᠦ  ᠲᠠᠯᠤ ᠨᠠᠭᠤᠷ ᠤᠨ  ᠬᠦᠪᠡᠭᠡᠨ ᠵᠦᠭ ᠴᠡᠷᠢᠭ  ᠤᠬᠤᠷᠢᠵᠠᠢ᠃  ᠎ ᠶᠢᠨ ᠠᠶᠢᠽᠦ᠋ᠩ  ᠸᠠᠨ ᠶᠠᠨ ᠱᠧᠦ  ᠱᠢᠦᠢ  ᠎ ᠶᠢᠨ   ᠲᠢᠶᠠᠨ ᠱᠢᠩ ᠤᠨ  ᠭᠤᠷᠪᠠᠨ ᠤᠨ  ︵1234)  ᠎ ᠤ ᠴᠠᠭᠠᠨ ᠰᠠᠷ᠎ᠠ  ᠎ ᠶᠢᠨ ᠰᠢᠷ᠎ᠠ ᠲᠠᠬᠢᠶ᠎ᠡ ᠡᠳᠦᠷ  ᠮᠤᠩᠭᠤᠯ ᠴᠡᠷᠢᠭ ᠨᠡᠶᠢᠰᠯᠡᠯ ᠳᠤ ᠎ ᠨᠢ ᠤᠷᠤᠵᠤ   ᠠᠶᠢᠽᠦ᠋ᠩ ᠬᠠᠭᠠᠨ ᠶᠢᠦ ᠯᠠᠨ ᠰᠢᠦᠸᠠᠨ ᠳᠤ  ᠪᠤᠭᠤᠮᠢᠯᠠᠨ ᠦᠬᠦᠵᠤ ᠠᠯᠳᠠᠨ  ᠤᠯᠤᠰ ᠮᠦᠬᠦᠵᠦ  ᠠᠯᠳᠠᠨ ᠤᠯᠤᠰ ᠤᠨ  ᠪᠤᠷᠦ ᠬᠡᠷᠡᠮ  ᠲᠡᠦᠭᠡ ᠪᠤᠯᠵᠤ ᠬᠤᠴᠤᠷᠠᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号