ᠲᠠᠶᠢᠴᠢᠩ ᠭᠦᠷᠦᠨ ᠤ  ᠦᠶ᠎ᠡ ᠶᠢᠨ  ᠪᠠᠭᠠᠷᠢᠨ ᠨᠤᠳᠤᠭ ᠤᠨ  ᠴᠠᠭᠠᠨ ᠮᠦᠷᠡᠨ ᠤ  ᠰᠠᠪᠠ ᠭᠠᠵᠠᠷ  ᠠᠭᠤᠷ ᠠᠮᠢᠰᠬᠤᠯ ᠤᠨ  ᠲᠤᠬᠠᠢ ᠦᠬᠦᠯᠡᠭ᠊
ᠨᠡᠶᠢᠲᠡᠯᠡᠭᠰᠡᠨ ᠴᠠᠭ᠄
2020/7/13
                                       ᠡᠦ ᠶᠦᠩ ᠱᠠᠨ    ᠲᠤᠭᠳᠠᠬᠤ   ᠲᠤᠪᠴᠢ ᠠᠭᠤᠯᠠᠭ᠎ᠠ  ᠄  ᠡᠷᠳᠡᠨ  ᠎ ᠤ ᠵᠦᠩ ᠶᠤᠸᠠᠨ ᠤᠷᠤᠨ ᠤ  ᠶᠤᠰᠤᠯᠠᠯᠳᠤ ᠨᠤᠮ  ︽ᠠᠭᠤᠷ ᠠᠮᠢᠰᠬᠤᠯ  ︾  ᠎ ᠢ  ᠦᠨᠳᠤᠰᠦ ᠪᠤᠯᠭᠠᠨ  ᠪᠠᠭᠠᠷᠢᠨ ᠤ ᠴᠠᠭᠠᠨᠮᠦᠷᠡᠨ  ᠎ ᠤ ᠰᠠᠪᠠ ᠭᠠᠵᠠᠷ ᠢ  ᠤᠶᠠᠯᠳᠠᠭᠤᠯᠵᠤ  ᠨᠢᠭᠡ ᠵᠢᠯ ᠤᠨ  ᠲᠦᠷᠪᠡᠨ ᠤᠯᠠᠷᠢᠯ ᠤᠨ 12 ᠰᠠᠷ᠎ᠠ ᠶᠢᠨ  ᠲᠤᠳᠤᠷ᠎ᠠ  ᠴᠠᠭ ᠠᠭᠤᠷ᠂  ᠠᠮᠢ ᠠᠬᠤᠢ᠂  ᠨᠡᠶᠢᠭᠡᠮ ᠭᠤᠷᠪᠠ ᠶᠢᠨ  ᠬᠠᠷᠢᠴᠠᠭ᠎ᠠ︔  ᠲᠡᠭᠷᠢ᠂ ᠠᠭᠠᠷ᠂  ᠨᠡᠶᠢᠭᠡᠮ ᠭᠤᠷᠪᠠ ᠶᠢᠨ  ᠬᠤᠪᠢᠷᠠᠯᠳᠠ  ᠎ ᠢ  ᠲᠠᠷᠢᠶᠠᠯᠠᠩ᠂ ᠤᠢ ᠰᠢᠭᠤᠢ᠂  ᠮᠠᠯ  ᠮᠠᠯᠵᠢᠯ  ᠂ ᠤᠰᠤᠨ ᠠᠰᠢᠭᠯᠠᠯᠳᠠ ᠵᠡᠷᠭᠡ ᠶᠢᠨ  ᠬᠦᠵᠢᠭᠦ ᠵᠢᠮ᠎ᠡ ᠶᠤᠰᠤ︔  ᠪᠠᠶᠢᠭᠠᠯᠢ ᠶᠢᠨ  ᠦᠵᠡᠭᠳᠡᠯ᠂  ᠬᠦᠮᠦᠨ ᠲᠦᠷᠦᠯᠬᠢᠳᠠᠨ ᠤ ᠦᠢᠯᠡ ᠠᠵᠢᠯᠯᠠᠭ᠎ᠠ᠂  ᠪᠠᠶᠢᠭᠠᠯᠢ ᠶᠢ ᠦᠭᠡᠷᠴᠢᠯᠡᠬᠦ᠂  ᠨᠡᠶᠢᠭᠡᠮ ᠤᠨ  ᠬᠦᠭᠵᠢᠯᠳᠡ ᠶᠢ ᠠᠬᠢᠭᠤᠯᠬᠤ  ᠎ ᠶᠢ ᠦᠭᠦᠯᠡᠪᠡ  ᠃ ᠲᠦᠯᠬᠢᠬᠦᠷ ᠦᠭᠡ᠄   ᠨᠠᠷᠠᠨ ᠤ ᠡᠷᠬᠢᠯᠳᠡ  ᠂ ᠴᠠᠭ ᠠᠭᠤᠷ  ᠂ ᠲᠦᠷᠪᠡᠨ ᠤᠯᠠᠷᠢᠯ᠂  ᠬᠦᠮᠦᠨ ᠲᠦᠷᠦᠯᠬᠢᠳᠡᠨ ᠤ ᠦᠢᠯᠡ ᠠᠵᠢᠯᠯᠠᠭ᠎ᠠ᠂  ᠨᠡᠶᠢᠭᠡᠮ ᠤᠨ  ᠬᠦᠭᠵᠢᠯᠳᠡ᠃  ᠲᠤᠰ ᠵᠤᠬᠢᠶᠠᠯ ᠳᠤ  ᠶᠠᠷᠢᠭᠳᠠᠬᠤ ᠴᠭᠠᠨ ᠮᠦᠷᠡᠨ ᠤ ᠰᠠᠪᠠ ᠭᠠᠵᠠᠷ ᠬᠡᠮᠡᠭᠴᠢ  ᠭᠤᠤᠯᠳᠠᠬᠤ  ᠲᠦᠪ ᠡᠷᠬᠡᠳᠦ  ᠵᠤᠤ 〔1〕᠂  ᠰᠦᠷᠦᠭ ᠤᠨ  ᠲᠠᠯ᠎ᠠ  ᠂ ᠠᠭᠤᠢ ᠲᠠᠯ᠎ᠠ ᠶᠢ ᠵᠢᠭᠠᠵᠦ  ᠪᠠᠷᠤᠭ 620 ᠲᠦᠷᠪᠡᠯᠵᠢᠨ  ᠺᠢᠯᠤᠮᠧᠲ᠋ᠠᠷ  ᠲᠠᠯᠠᠪᠠᠢ ᠲᠠᠢ  ᠃  ᠡᠷᠳᠡᠨ  ᠎ ᠤ  ᠵᠦᠩ ᠶᠤᠸᠠᠨ ᠤᠷᠤᠨ  ᠎ ᠤ  ᠶᠤᠰᠤᠯᠠᠯᠳᠤ ᠨᠤᠮ ᠤᠨ  ᠠᠷᠪᠠᠳᠤᠭᠠᠷ ᠡᠪᠭᠡᠮᠡᠯ 49 ᠳ᠋ᠤᠭᠡᠷ ᠵᠤᠷᠪᠤᠰ  ᠎ ᠤᠨ  ︽ᠠᠭᠤᠷ ᠠᠮᠢᠰᠬᠤᠯ  ︾  ᠎ ᠤᠨ 3 ᠳ᠋ᠤᠭᠠᠷ ᠡᠪᠬᠡᠮᠡᠯ  ᠎ ᠤᠨ 6  ᠳ᠋ᠤᠭᠠᠷ  ᠵᠤᠷᠪᠤᠰ  ᠎ ᠲᠤ  ᠴᠠᠭ ᠠᠭᠤᠷ  ᠂  ᠠᠮᠢ ᠠᠬᠤᠢ  ᠂   ᠨᠡᠶᠢᠭᠡᠮ ᠭᠤᠷᠪᠠ ᠶᠢᠨ  ᠬᠠᠷᠢᠴᠠᠭ᠎ᠠ᠂  ᠲᠡᠭᠷᠢ  ᠂   ᠠᠭᠠᠷ  ᠂ ᠨᠡᠶᠢᠭᠡᠮ ᠭᠤᠷᠪᠠ ᠶᠢᠨ  ᠬᠤᠪᠢᠷᠯᠳᠠ᠂  ᠲᠠᠷᠢᠶᠠᠯᠠᠩ᠂ ᠤᠢ ᠰᠢᠭᠤᠢ᠂  ᠮᠠᠯ ᠮᠠᠯᠵᠢᠯ  ᠂ ᠤᠰᠤᠨ ᠠᠰᠢᠭᠯᠠᠯᠳᠠ ᠵᠡᠷᠭᠡ ᠶᠢᠨ  ᠵᠤᠬᠢᠴᠠᠩᠭᠤᠢ  ᠭᠦᠭᠵᠢᠬᠦ ᠵᠢᠮ᠎ᠡ ᠶᠤᠰᠤ  ᠎ ᠶᠢ ᠬᠦᠨ ᠬᠦᠨᠵᠠᠬᠡᠢ ᠰᠤᠳᠤᠯᠵᠦ  ᠂  ᠨᠢᠭᠡ ᠵᠢᠯ ᠤᠨ  ᠠᠭᠤᠷ ᠠᠮᠢᠰᠬᠤᠯ  ᠎ ᠢ 12 ᠰᠠᠷ᠎ᠠ ᠎ ᠢᠶᠠᠷ  ᠬᠤᠪᠢᠶᠠᠵᠦ 〔2〕᠂ ᠨᠢᠭᠡ ᠰᠠᠷ᠎ᠠ ᠳᠤ  ᠨᠢᠭᠡ ᠦᠵᠡᠭᠳᠡᠯ  ᠎ ᠲᠠᠢ  ᠂  ᠬᠦᠮᠦᠨ ᠲᠦᠷᠦᠯᠬᠢᠳᠡᠨ ᠤ  ᠦᠢᠯᠡ  ᠠᠵᠢᠯᠯᠠᠭ᠎ᠠ  ᠎ ᠶᠢ ᠠᠷᠪᠠᠨ ᠬᠤᠶᠠᠷ  ᠦᠶ᠎ᠡ  ᠎ ᠪᠠᠷ ᠵᠤᠬᠢᠰᠳᠠᠢ  ᠬᠦᠳᠡᠯᠡᠯᠡᠴᠡᠵᠦ  ᠪᠠᠶᠢᠭᠠᠯᠢ ᠲᠠᠢ ᠵᠤᠬᠢᠴᠠᠬᠤ  ᠂ ᠪᠠᠶᠢᠭᠠᠯᠢ  ᠎ ᠶᠢ ᠦᠭᠡᠷᠴᠢᠯᠡᠬᠦ  ᠂ ᠨᠡᠶᠢᠭᠡᠮ  ᠬᠦᠭᠵᠢᠯᠳᠡ ᠶᠢ  ᠠᠭᠢᠭᠤᠯᠬᠤ ᠶᠢ  ᠰᠠᠶᠢᠳᠦᠷ ᠦᠭᠦᠯᠡᠪᠡ  ᠃ ᠠᠳᠡ ᠪᠢᠳᠡ  ᠲᠠᠶᠢᠴᠢᠩ ᠬᠦᠷᠦᠨ ᠤ  ᠪᠠᠳᠠᠷᠠᠭᠤᠯᠳᠦ ᠲᠦᠷᠦ ᠶᠢᠨ  ᠠᠷᠪᠠᠨ ᠨᠠᠢᠮᠠᠨ ᠤᠨ  ︵1892︶  ᠎ ᠠᠴᠠ  ᠬᠤᠷᠢᠨ ᠨᠠᠢᠮᠠᠨ ᠤᠨ  ︵1902︶᠎ ᠤ ᠴᠠᠭ ᠠᠭᠤᠷ  ᠎ ᠤᠨ  ᠲᠡᠮᠳᠡᠭᠡᠯᠡᠯ  ᠎ ᠢᠶᠠᠷ  ᠦᠨᠳᠦᠰᠦ  ᠪᠤᠯᠭᠠᠨ  ᠪᠭᠠᠷᠢᠨ ᠤ ᠴᠠᠭᠠᠨ ᠮᠦᠷᠡᠨ ᠤ ᠰᠠᠪᠠ ᠭᠠᠵᠠᠷ ᠳᠠᠬᠢ  ᠨᠢᠭᠡ ᠵᠤᠤ  ᠂ ᠬᠤᠶᠠᠷ ᠲᠠᠯ᠎ᠠ  ᠎ ᠶᠢᠨ  ᠠᠭᠤᠷ ᠠᠮᠢᠰᠬᠤᠯ  ᠎ ᠤᠨ  ᠲᠤᠬᠠᠢ  ᠶᠠᠷᠢᠶ᠎ᠠ᠃ ︽ᠶᠤᠰᠤᠯᠠᠯᠳᠤ ᠨᠤᠮ  ︾  ᠎ ᠤᠨ  ︽ᠠᠭᠤᠷ ᠠᠮᠢᠰᠬᠤᠯ  ︾᠎ ᠤᠨ  ᠵᠤᠷᠪᠤᠰ  ᠎ ᠲᠤ   ᠨᠢᠭᠡ ᠵᠢᠯ ᠤᠨ  ᠠᠷᠪᠠᠨ ᠬᠤᠶᠠᠷ ᠰᠠᠷ᠎ᠠ ᠶᠢ  ᠲᠦᠷᠪᠡ  ᠬᠤᠪᠢᠶᠠᠵᠦ  ᠂ ᠶᠡᠷᠦ ᠨᠢ ᠲᠦᠷᠪᠡᠨ ᠤᠯᠠᠷᠢᠯ ᠭᠡᠵᠦ  ᠲᠠᠭᠤᠳᠠᠳᠠᠭ  ᠂ ᠨᠢᠭᠡᠨ  ᠤᠯᠠᠷᠢᠯ ᠳᠤ  ᠭᠤᠷᠪᠠᠨ ᠰᠠᠷ᠎ᠠ  ᠎ ᠲᠠᠢ  ᠪᠦᠭᠡᠳ  ᠲᠤᠰ ᠲᠤᠰ   ᠡᠬᠢ᠂  ᠲᠤᠮᠳᠠ  ᠂ ᠰᠡᠭᠦᠯᠴᠢ  ᠭᠡᠵᠦ ᠭᠤᠷᠪᠠᠨ ᠰᠠᠷ᠎ᠠ ᠬᠤᠪᠢᠶᠠᠨ᠎ᠠ᠂  ︽ᠶᠤᠰᠤᠯᠠᠯᠳᠤ ᠨᠤᠮ︾  ᠬᠠᠳᠤᠨ ᠭᠤᠤᠯ ᠤᠨ  ᠠᠭᠤᠷ ᠠᠮᠢᠰᠬᠤᠯ ᠢ  ᠦᠨᠳᠦᠰᠦᠯᠡᠵᠦ  ᠪᠢᠯᠢᠭ ᠤᠨ  ᠤᠯᠠᠷᠢᠯ ᠤᠨ 1᠂2᠂3 ᠰᠠᠷ᠎ᠠ ᠶᠢ ᠬᠠᠪᠤᠷ ᠤᠨ  ᠤᠯᠠᠷᠢᠯ ᠤᠨ  ᠡᠬᠢ  ᠂  ᠲᠤᠮᠳᠠ  ᠂ ᠰᠡᠭᠦᠯᠴᠢ  ᠎ ᠶᠢᠨ  ᠭᠤᠷᠪᠠᠨ ᠰᠠᠷ᠎ᠠ ᠭᠡᠳᠡᠭ᠃ 4᠂5᠂6 ᠰᠠᠷ᠎ᠠ ᠶᠢ ᠲᠤᠰ ᠲᠤᠰ  ᠵᠤᠨ ᠤ ᠤᠯᠠᠷᠢᠯ ᠤᠨ   ᠡᠬᠢ᠂  ᠲᠤᠮᠳᠠ᠂  ᠰᠡᠭᠦᠯᠴᠢ  ᠎ ᠶᠢᠨ  ᠭᠤᠷᠪᠠᠨ‌‍ᠰᠠᠷ᠎ᠠ ᠭᠡᠵᠦ  ᠂ 7᠂8᠂9 ᠰᠠᠷ᠎ᠠ ᠶᠢ ᠲᠤᠰ ᠲᠤᠰ ᠨᠠᠮᠦᠷ ᠤᠨ  ᠤᠯᠠᠷᠢᠯ ᠤᠨ  ᠡᠬᠢ᠂   ᠲᠤᠮᠳᠠ᠂  ᠰᠡᠭᠦᠯᠴᠢ ᠶᠢᠨ  ᠭᠤᠷᠪᠠᠨ ᠰᠠᠷ᠎ᠠ  ᠭᠡᠵᠦ  ᠂10᠂11᠂12 ᠰᠠᠷ᠎ᠠ ᠶᠢ  ᠲᠤᠰ ᠲᠤᠰ  ᠡᠪᠦᠯ ᠤᠨ  ᠡᠬᠢ᠂  ᠲᠤᠮᠳᠠ᠂  ᠰᠡᠭᠦᠯᠴᠢ  ᠎ ᠶᠢᠨ  ᠭᠤᠷᠪᠠᠨ ᠰᠠᠷ᠎ᠠ ᠭᠡᠳᠡᠭ᠃  ᠪᠠᠭᠠᠷᠢᠨ ᠤ ᠴᠠᠭᠠᠨ ᠮᠦᠷᠡᠨ ᠤ ᠰᠠᠪᠠ  ᠭᠠᠵᠠᠷ ᠎ ᠤᠨ  ᠭᠤᠷᠪᠠᠨ ᠵᠤᠤ  ᠲᠠᠯ᠎ᠠ  ᠎ ᠶᠢᠨ  ᠴᠠᠭ ᠠᠭᠤᠷ ᠤᠨ   ᠬᠠᠯᠠᠭᠤᠨ ᠬᠦᠢᠳᠡᠨ ᠢ  ᠲᠠᠶᠢᠴᠢᠩ  ᠬᠦᠷᠦᠨ ᠤ  ᠲᠡᠮᠳᠡᠭᠡᠯᠡᠯ ᠲᠠᠢ ᠬᠠᠷᠢᠴᠠᠭᠤᠯᠠᠨ  ᠦᠭᠦᠯᠡᠪᠡᠯ  ᠬᠠᠪᠤᠷ ᠤᠨ  ᠤᠯᠠᠷᠢᠯ  ᠪᠤᠯᠪᠠᠯ 3᠂4᠂5 ᠰᠠᠷ᠎ᠠ  ︔  ᠵᠤᠨ ᠤ  ᠤᠯᠠᠷᠢᠯ 6᠂7᠂8 ᠰᠠᠷ᠎ᠠ  ︔ ᠨᠠᠮᠦᠷ ᠤᠨ  ᠤᠯᠠᠷᠢᠯ 9᠂10᠂ 11 ᠰᠠᠷ᠎ᠠ  ︔  ᠡᠪᠦᠯ ᠤᠨ  ᠤᠯᠠᠷᠢᠯ 12᠂1 ᠂2 ᠰᠠᠷ᠎ᠠ〔3〕᠎ ᠶᠢ  ᠲᠤᠰ ᠲᠤᠰ ᠪᠠᠭᠳᠠᠭᠠᠨ᠎ᠠ᠃  ᠰᠠᠷ᠎ᠠ ᠪᠦᠷᠢ ᠶᠢᠨ  ᠠᠭᠤᠷ ᠠᠮᠢᠰᠬᠤᠯ ᠢ  ᠲᠡᠭᠷᠢ ᠶᠢᠨ   ᠲᠦᠷᠢ᠂   ᠠᠭᠠᠷ ᠤᠨ  ᠮᠠᠶ᠋ᠢᠭ᠂  ᠪᠤᠳᠠᠰ ᠤᠨ  ᠦᠵᠡᠭᠳᠡᠯ ᠭᠡᠵᠦ ᠲᠤᠰ ᠲᠤᠰ  ᠎ ᠲᠤᠨᠢ ᠢᠯᠭᠠᠨ  ᠲᠤᠭᠳᠠᠭᠠᠵᠠᠢ᠃  ᠡᠭᠦᠨ ᠳᠤ ᠲᠡᠭᠷᠢ ᠶᠢᠨ  ᠲᠦᠷᠢ  ᠂  ᠠᠭᠠᠷ ᠤᠨ  ᠮᠠᠶ᠋ᠢᠭ ᠢᠶᠠᠷ ᠭᠤᠤᠯ ᠪᠤᠯᠭᠠᠵᠤ᠂    ᠨᠢᠭᠡ ᠰᠠᠷ᠎ᠠ ᠶᠢᠨ  ᠲᠤᠳᠤᠷ᠎ᠠ ᠪᠠᠰᠠ  ᠨᠠᠷᠠᠨ ᠤ ᠡᠷᠳᠡ  ᠤᠷᠦᠢ ᠬᠤᠶᠠᠷ  ᠴᠠᠭ ᠮᠡᠴᠢᠳ  ᠎ ᠲᠤ  ᠲᠡᠭᠷᠢ ᠶᠢᠨ  ᠤᠳᠤᠳ  ᠵᠦᠭ ᠰᠢᠯᠵᠢᠨ ᠬᠠᠨᠳᠦᠬᠤ ᠲᠤᠬᠠᠢ  ᠵᠢᠴᠢ  ᠲᠤᠬᠠᠢ ᠶᠢᠨ  ᠦᠶ᠎ᠡ ᠶᠢᠨ  ᠠᠭᠤᠷ ᠠᠮᠢᠰᠬᠤᠯ  ᠎ ᠤᠨ  ᠬᠠᠯᠠᠭᠤᠨ ᠬᠦᠢᠳᠡᠨ᠂  ᠠᠷᠭ᠎ᠠ ᠪᠢᠯᠢᠭ ᠤᠨ  ᠬᠤᠭᠤᠷᠤᠨᠳᠦᠬᠢ  ᠬᠤᠪᠢᠷᠠᠯᠳᠠ ᠶᠢ ᠢᠯᠭᠠᠨ ᠲᠤᠭᠳᠠᠭᠠᠵᠦ  ᠪᠠᠰᠠ ᠠᠮᠢᠳᠠᠨ  ᠤᠷᠭᠤᠮᠠᠯ  ᠂ ᠭᠠᠵᠠᠷ ᠵᠦᠢ᠂  ᠤᠰᠤᠨ  ᠎ ᠤ   ᠬᠦᠳᠡᠯᠬᠦ  ᠵᠡᠷᠭᠡ ᠶᠢᠨ  ᠬᠤᠪᠢᠷᠠᠯᠳᠠ  ᠪᠠ ᠪᠠᠶᠢᠭᠠᠯᠢ᠂  ᠪᠤᠳᠠᠰ ᠤᠨ   ᠰᠢᠨᠵᠢ ᠶᠢ ᠵᠤᠬᠢᠴᠠᠩᠭᠤᠢ  ᠲᠡᠮᠳᠡᠭ ᠪᠤᠯᠭᠠᠨ  ᠵᠤᠬᠢᠰ ᠲᠠᠢ  ᠲᠤᠬᠢᠷᠠᠭᠤᠯᠵᠠᠢ  ᠃   ᠠᠳᠡ ᠪᠢᠳᠠ  ᠪᠠᠭᠠᠷᠢᠨ ᠤ ᠴᠠᠭᠠᠨ ᠮᠦᠷᠨᠨ ᠤ ᠰᠠᠪᠠ ᠭᠠᠵᠠᠷ ᠤᠨ  ᠭᠤᠷᠪᠠᠨ ᠵᠤᠤ  ᠲᠠᠯ᠎ᠠ ᠪᠠᠷ  ᠭᠤᠤᠯ ᠰᠡᠳᠦᠪ ᠪᠤᠯᠭᠠᠨ  ᠨᠠᠷᠠᠨ ᠤ ᠡᠷᠭᠢᠯᠳᠡ ︵ᠨᠠᠷᠠ  ᠶᠢᠰᠦᠨ ᠭᠠᠷᠠᠭ  ᠎ ᠢᠶᠠᠨ ᠲᠠᠭᠠᠭᠤᠯᠤᠨ  ᠨᠢᠭᠡ ᠮᠢᠨᠦ᠋ᠲ ᠳᠤ 16 ᠲᠦᠮᠨᠨ ᠺᠢᠯᠤᠮᠧᠲ᠋ᠠᠷ ᠤᠨ  ᠬᠤᠷᠳᠤᠴᠠ ᠪᠠᠷ ᠲᠡᠭᠷᠢ ᠶᠢᠨ  ᠤᠶᠤᠳᠠᠯ ᠤᠨ  ᠪᠠᠭᠠᠳᠤᠷ   ᠠᠷᠰᠢ  ᠤᠳᠤ ᠵᠦᠭ ᠰᠢᠯᠵᠢᠨ᠎ᠡ᠃ ᠡᠭᠦᠨ ᠳᠤ  ᠲᠡᠯᠡᠬᠡᠢ ᠶᠢᠨ ᠪᠦᠮᠪᠦᠷᠴᠡᠭ  ᠬᠤᠷᠢᠨ ᠲᠠᠪᠤᠨ ᠡᠳᠦᠷ ᠪᠤᠯᠬᠤ ᠳᠤ ᠨᠠᠷᠠ  ᠦᠪᠡᠷ ᠢᠶᠠᠨ ᠨᠢᠭᠡ ᠡᠷᠬᠢᠨ᠎ᠡ︶  ᠪᠠᠷᠢᠮᠵᠢᠶ᠎ᠠ ᠪᠤᠯᠭᠠᠵᠤ  ᠠᠭᠤᠷ ᠠᠮᠢᠰᠬᠤᠯ ᠤᠨ  ᠪᠠᠶᠢᠳᠠᠯ ᠢ  ᠲᠤᠳᠤᠷᠬᠠᠶᠢᠯᠠᠨ ᠦᠭᠦᠯᠡᠬᠦ ᠨᠢ 1᠂  ᠬᠠᠪᠤᠷ ᠤᠨ  ᠭᠤᠷᠪᠠᠨ ᠰᠠᠷ᠎ᠠ ᠬᠠᠪᠤᠷ ᠤᠨ  ᠭᠤᠷᠪᠠᠨ ᠰᠠᠷ᠎ᠠ ᠶᠢᠨ  ᠡᠬᠢᠨ ᠤ ᠰᠠᠷ᠎ᠠ ᠳᠤ  ᠨᠠᠷᠠ  ᠭᠡᠷ ᠬᠠᠨ᠎ᠠ  ᠲᠦᠷᠪᠡᠨ ᠤᠳᠤ  ᠵᠦᠭ  ᠬᠠᠨᠳᠦᠵᠦ  ᠂ ᠨᠠᠷᠠ ᠰᠢᠩᠭᠡᠬᠦ ᠳᠤ   ᠠᠪᠠᠨ  ᠭᠡᠷ ᠤᠨ  ᠭᠤᠷᠪᠠᠨ ᠤᠳᠤ ᠵᠦᠭ ᠰᠢᠯᠵᠢᠵᠦ  ᠦᠷ ᠴᠠᠶᠢᠬᠤ ᠳᠤ   ᠲᠡᠭᠷᠢ ᠶᠢᠨ  ᠲᠠᠬᠢᠶ᠎ᠠ  ᠎ ᠶᠢᠨ  ᠭᠤᠷᠪᠠᠨ ᠤᠳᠤ ᠵᠦᠭ ᠰᠢᠯᠵᠢᠵᠦ  ᠂ ᠡᠨᠡ  ᠬᠠᠪᠤᠷᠤᠨ ᠡᠬᠢᠨ ᠰᠠᠷ᠎ᠠ ᠶᠢᠨ  ᠲᠦᠯᠦᠭᠡᠯᠡᠭᠴᠢ ᠤᠳᠤ ᠪᠤᠯᠪᠠᠯ  ᠭᠡᠷ  ᠬᠠᠨ᠎ᠠ  ᠤᠳᠤ ᠶᠢᠨ  ᠨᠢᠰᠬᠦ  ᠮᠤᠷᠢᠨ  ᠰᠠᠭᠤᠳᠠᠯ ᠤᠨ  ᠠᠷᠰᠢ ᠶᠢᠨ  ᠰᠠᠭᠤᠳᠠᠯ ᠤᠨ 2 ᠤᠷᠦᠢ ᠲᠤᠬᠢᠭᠤᠷ ᠲᠤᠯᠤᠭᠠᠨ ᠤᠳᠤ  ᠵᠦᠭ  ᠬᠠᠨᠳᠦᠨ᠎ᠠ  ᠂ ᠦᠷᠯᠦᠭᠡ  ᠬᠢᠯᠢᠨᠴᠢᠳᠦ  ᠶᠢᠰᠦᠨ ᠰᠠᠭᠤᠳᠠᠯ ᠵᠦᠭ ᠬᠠᠨᠳᠦᠨ᠎ᠠ᠃   ᠡᠨᠡᠬᠦ  ᠬᠠᠪᠤᠷ  ᠲᠡᠭᠷᠢ ᠶᠢᠨ  ᠲᠦᠷᠢ   ᠪᠤᠯ  ᠠᠭᠤᠷ ᠠᠮᠢᠰᠬᠤᠯ   ᠲᠤᠷᠤᠭᠰᠢ  ᠪᠠᠭᠤᠷᠠᠵᠦ  ᠂  ᠭᠠᠵᠠᠷ ᠤᠨ  ᠠᠭᠤᠷ ᠲᠡᠭᠡᠭᠰᠢ  ᠮᠠᠨᠳᠤᠵᠦ  ᠂ ᠲᠡᠭᠷᠢ ᠭᠠᠵᠠᠷ  ᠲᠡᠭᠰᠢ ᠵᠤᠬᠢᠴᠠᠨ᠎ᠠ  ᠂ ᠠᠭᠠᠷ ᠤᠨ  ᠮᠠᠶ᠋ᠢᠭ ᠨᠢ  ᠵᠡᠭᠦᠨ  ᠎ ᠤ ᠰᠠᠯᠬᠢᠨ  ᠬᠦᠢᠳᠡᠨ ᠠᠭᠤᠷ  ᠎ ᠢ    ᠲᠠᠷᠤᠵᠦ  ᠲᠦᠮᠡᠨ ᠪᠤᠳᠠᠰ ᠰᠡᠷᠡᠨ᠎ᠡ᠃  ᠪᠤᠳᠠᠰ ᠤᠨ  ᠦᠵᠡᠭᠳᠡᠯ ᠪᠤᠯᠪᠠᠯ  ᠡᠪᠡᠰᠦ ᠮᠤᠳᠤ ᠨᠠᠬᠢᠶᠠᠯᠵᠦ  ᠂ ᠭᠠᠯᠠᠭᠤ ᠰᠢᠪᠠᠭᠤᠨ  ᠤᠮᠠᠷᠠᠰᠢ  ᠨᠡᠭᠦᠵᠦ  ᠂ ᠲᠠᠷᠢᠶᠠᠨ  ᠎ ᠤ ᠠᠵᠢᠯ  ᠡᠬᠢᠯᠡᠨ᠎ᠡ  ᠃  ᠬᠠᠪᠤᠷ ᠤᠨ  ᠡᠬᠢᠨ ᠰᠠᠷ᠎ᠠ ᠳᠤ ᠵᠠᠰᠠᠭ ᠲᠦᠷᠦ ᠶᠢᠨ  ᠵᠢᠶᠦ᠋ᠨ ᠸᠠᠩ  ᠪᠡᠶ᠎ᠡ  ᠎ ᠪᠠᠷ ᠢᠶᠠᠨ  ᠲᠠᠯ᠎ᠠ ᠭᠠᠵᠠᠷ ᠬᠦᠷᠴᠦ ᠲᠡᠭᠷᠢ ᠳᠤ ᠲᠠᠭᠠᠳᠬᠠᠨ᠂ ᠬᠠᠭᠠᠨ ᠡᠵᠡᠨ ᠤ ᠬᠠᠶᠢᠷ᠎ᠠ ᠬᠠᠯᠠᠮᠵᠢ ᠬᠦᠷᠳᠡᠬᠦ ᠶᠢ ᠬᠦᠰᠡᠵᠦ  ᠂ ᠮᠠᠯ ᠲᠠᠷᠢᠶᠠᠯᠠᠩ ᠬᠦᠭᠵᠢᠬᠦᠯᠬᠦ  ᠬᠤᠷᠠᠯ ᠴᠤᠭᠯᠠᠭᠠᠨ ᠪᠤᠯᠵᠦ ᠰᠢᠨ᠎ᠡ ᠨᠢᠭᠡᠨ ᠵᠢᠯ ᠡᠬᠢᠯᠡᠬᠦ ᠶᠢ  ᠲᠤᠩᠬᠠᠯᠠᠨ᠎ᠠ᠃  ᠵᠢᠶᠦ᠋ᠨ ᠸᠠᠩ ᠤᠨ  ᠵᠠᠷᠯᠢᠭ ᠢᠶᠠᠷ  ᠡᠯ᠎ᠡ ᠱᠠᠳᠦ ᠶᠢᠨ  ᠨᠤᠶᠠᠳ  ᠬᠦᠳᠡᠭᠡ ᠪᠠᠭᠤᠵᠦ  ᠮᠠᠯᠴᠢᠨ ᠲᠠᠷᠢᠶᠠᠴᠢᠨ ᠳᠤ  ᠡᠪᠡᠰᠦ ᠪᠡᠯᠴᠢᠭᠡᠷ ᠲᠠᠷᠢᠶᠠᠨ ᠤ ᠠᠵᠢᠯ ᠤᠨ  ᠮᠡᠷᠭᠡᠵᠢᠯ ᠶᠢ ᠵᠢᠭᠠᠨ  ᠦᠭᠭᠦᠨ᠎ᠡ᠃  ᠬᠠᠪᠤᠷ ᠤᠨ  ᠡᠬᠢᠨ  ᠰᠠᠷ᠎ᠠ ᠳᠤ  ᠪᠠᠭᠠᠷᠢᠨ ᠤ ᠴᠠᠭᠠᠨᠮᠦᠷᠡᠨ  ᠲᠠᠭᠠᠤ ᠵᠤᠤ ᠲᠠᠯ᠎ᠠ ᠭᠠᠵᠠᠷ ᠲᠤ  ᠬᠠᠯᠠᠭᠤᠨ ᠬᠦᠢᠳᠡᠨ ᠲᠤᠭᠳᠠᠪᠤᠷᠢ ᠦᠭᠡᠢ᠂  ᠠᠭᠤᠷ ᠠᠮᠢᠰᠬᠤᠯ ᠎ ᠤᠨ  ᠬᠤᠪᠢᠷᠠᠯᠳᠠ ᠶᠡᠭᠡ  ᠃ ᠲᠠᠪᠤᠨ ᠡᠳᠦᠷ ᠤᠨ  ᠬᠠᠯᠠᠭᠤᠨ ᠬᠦᠢᠳᠡᠨ ᠤ  ᠲᠤᠮᠳᠠᠴᠢ  ᠎ ᠪᠠᠷ —2.6 — —6.5℃᠂ ᠬᠦᠷᠦᠰᠦ ᠰᠢᠷᠦᠢ  ᠡᠳᠦᠷ  ᠭᠡᠰᠴᠦ  ᠰᠦᠨᠢ  ᠬᠦᠯᠳᠡᠬᠦ ᠴᠠᠭ ᠦᠶ᠎ᠡ ᠪᠤᠯᠵᠦ ᠬᠠᠪᠤᠷ ᠤᠨ  ᠪᠤᠷᠤᠭᠠᠨ ᠪᠠᠭ᠎ᠠ ᠪᠠᠭ᠎ᠠ ᠪᠠᠷ  ᠱᠠᠭᠠᠬᠢᠨ᠎ᠠ᠃   ᠭᠠᠵᠠᠷ  ᠎ ᠤᠨ  ᠠᠭᠤᠷ   ᠲᠡᠭᠡᠭᠰᠢ ᠮᠠᠨᠳᠤᠨ  ᠵᠡᠷᠭᠡᠯᠭᠡᠨᠰᠢᠨ᠎ᠡ᠃  ᠡᠨᠡ  ᠡᠬᠢᠨ  ᠎ ᠤ ᠬᠠᠪᠤᠷ ᠳᠤ ᠵᠤᠨ ᠤ  ᠠᠭᠠᠷ  ᠲᠡᠭᠳᠡᠪᠡᠯ ᠪᠤᠷᠤᠭᠠᠨ ᠤᠰᠤ  ᠲᠤᠬᠢᠷᠠᠮᠵᠢ ᠦᠭᠡᠢ  ᠂ ᠨᠠᠮᠦᠷ ᠤᠨ  ᠠᠭᠠᠷ ᠲᠡᠭᠳᠡᠪᠡᠯ   ᠲᠤᠭᠰᠢᠨ ᠰᠠᠯᠬᠢᠨ  ᠰᠢᠷᠦᠭᠦᠨ ᠪᠤᠷᠤᠭᠠᠨ  ᠎ ᠲᠠᠢ᠂ ᠡᠪᠦᠯ ᠤᠨ  ᠠᠭᠠᠷ ᠲᠡᠭᠳᠡᠪᠡᠯ ᠴᠠᠰᠤ ᠬᠢᠷᠠᠭᠤ ᠶᠢᠨ  ᠭᠠᠮᠰᠢᠭ  ᠪᠤᠯᠵᠤ ᠡᠪᠡᠰᠦ ᠪᠡᠯᠴᠢᠭᠡᠷ ᠳᠤ ᠬᠤᠬᠢᠷᠠᠯ ᠲᠠᠢ᠃ ᠬᠠᠪᠤᠷ ᠤᠨ  ᠲᠤᠮᠳᠠᠴᠢ  ᠰᠠᠷ᠎ᠠ ᠳᠤ  ᠨᠠᠷᠠ  ᠲᠡᠭᠷᠢ ᠶᠢᠨ  ᠭᠠᠭ᠋ᠠᠢ  ᠎ ᠶᠢᠨ 16 ᠣᠳᠤ ᠵᠦᠭ ᠬᠠᠨᠳᠦᠵᠦ  ᠂ ᠨᠠᠷᠠ  ᠰᠢᠩᠭᠡᠬᠦᠢ ᠳᠤ  ᠴᠢᠨ᠋ᠸ᠎ᠠ   ᠤᠳᠤ  ᠎ ᠶᠢᠨ  ᠵᠡᠭᠦᠨ ᠡᠮᠦᠨ᠎ᠡ  ᠲᠡᠭᠷᠢ  ᠎ ᠶᠢᠨ  ᠨᠤᠮᠦ ᠵᠦᠭ ᠰᠢᠯᠵᠢᠵᠦ  ᠂ ᠬᠠᠪᠤᠷ ᠤᠨ  ᠲᠤᠮᠳᠠᠴᠢ ᠰᠠᠷ᠎ᠠ ᠶᠢᠨ  ᠲᠦᠯᠦᠭᠡᠯᠡᠭᠴᠢ ᠤᠳᠤ ᠪᠤᠯᠪᠠᠯ  ᠲᠡᠭᠷᠢ ᠶᠢᠨ  ᠲᠠᠬᠢᠨᠢ ᠪᠠ  ᠬᠤᠤᠰ ᠵᠢᠭᠠᠰᠦ 76᠂ ᠤᠷᠦᠢ ᠶᠢᠨ  ᠦᠶ᠎ᠡ ᠶᠢᠨ  ᠬᠤᠤᠰ ᠰᠠᠭᠤᠳᠠᠯ 8 ᠤᠳᠤ ᠵᠦᠭ ᠬᠠᠨᠳᠦᠵᠦ  ᠂ ᠦᠷᠯᠦᠭᠡ ᠶᠢᠨ  ᠦᠶ᠎ᠡ ᠳᠤ  ᠬᠦᠮᠦᠨ ᠰᠠᠭᠤᠳᠠᠯ ᠳᠤ 6 ᠤᠳᠤ ︵ᠡᠮᠦᠨ᠎ᠡ ᠲᠤᠬᠢᠭᠤᠷ  ︶ ᠵᠦᠭ ᠬᠠᠨᠳᠦᠨ᠎ᠠ᠃   ᠬᠠᠪᠤᠷ ᠤᠨ  ᠲᠤᠮᠳᠠᠴᠢ  ᠰᠠᠷ᠎ᠠ ᠳᠤ   ᠭᠠᠵᠠᠷ ᠤᠨ  ᠠᠭᠤᠷ ᠲᠡᠭᠡᠭᠰᠢ ᠮᠠᠨᠳᠦᠵᠦ  ᠲᠡᠭᠷᠢ ᠭᠠᠵᠠᠷ ᠵᠤᠬᠢᠴᠠᠬᠤ ᠴᠠᠭ ᠪᠤᠯᠤᠨ᠎ᠠ᠃  ᠠᠭᠠᠷ  ᠎ ᠤᠨ  ᠮᠠᠶ᠋ᠢᠭ ᠠᠨᠤ  ᠠᠶᠤᠩᠭ᠎ᠠ ᠨᠢᠵᠢᠬᠢᠨᠡᠵᠦ ᠪᠤᠷᠤᠭᠠᠨ  ᠡᠬᠢᠯᠡᠨ᠎ᠡ᠃  ᠪᠤᠳᠠᠰ ᠤᠨ  ᠦᠵᠡᠭᠳᠡᠯ ᠠᠨᠤ  ᠬᠤᠷᠤᠬᠠᠢ ᠰᠢᠪᠠᠵᠢ ᠢᠴᠡᠭᠡᠨ  ᠎ ᠠᠴᠠ  ᠭᠠᠷᠴᠦ  ᠬᠠᠷᠢᠶᠠᠴᠢ  ᠨᠢᠰᠬᠦ ᠨᠢ ᠬᠠᠷᠠᠭᠳᠠᠨ᠎ᠠ᠃  ᠲᠤᠭᠤᠷ ᠤᠨ  ᠴᠡᠴᠡᠭ  ᠲᠡᠯᠭᠡᠷᠡᠨ᠎ᠡ ᠃  ᠮᠠᠯᠴᠢᠨ ᠲᠠᠷᠢᠶᠠᠴᠢᠨ ᠭᠡᠷ ᠡᠷᠦᠭᠡ ᠰᠦᠮ᠎ᠡ ᠭᠡᠶᠢᠳ ᠢᠶᠠᠨ  ᠰᠢᠨᠡᠳᠭᠡᠨ᠎ᠡ᠃  ᠃ ᠵᠠᠰᠠᠭ ᠲᠦᠷᠦ ᠶᠢᠨ  ᠵᠢᠶᠦ᠋ᠨ ᠸᠠᠩ ᠲᠡᠷᠢᠭᠦᠳᠠᠢ ᠮᠠᠯᠴᠢᠨ ᠠᠷᠠᠳ ᠬᠤᠷᠠᠵᠦ  ᠠᠭᠤᠯᠠ  ᠲᠠᠯ᠎ᠠ ᠪᠠᠷ ᠶᠡᠭᠡ ᠪᠠᠷ ᠤᠳᠤᠷᠯᠠᠨ᠎ᠠ᠃ 〔4〕᠃ ᠡᠨᠡᠬᠦ ᠦᠶᠡᠰ  ᠡᠨᠡ ᠰᠠᠷ᠎ᠠ ᠶᠢᠨ  ᠠᠷᠪᠠᠨ ᠭᠤᠷᠪᠠᠨ ᠳᠤ  ᠪᠠᠶᠢᠰᠠ ᠸᠠᠩ ᠲᠦᠰᠢᠮᠡᠳ ᠲᠠᠢ ᠪᠠᠨ  ᠰᠤᠪᠠᠢ ᠬᠠᠨ ᠠᠭᠤᠯᠠ  ᠎ ᠶᠢ ᠲᠠᠬᠢᠨ᠎ᠠ᠂ ᠪᠠᠭᠠᠷᠢᠨ ᠤ ᠴᠠᠭᠠᠨ ᠮᠦᠷᠡᠨ ᠤ  ᠲᠠᠭᠠᠤ ᠭᠠᠵᠠᠷ  ᠲᠠᠪᠤᠨ ᠡᠳᠦᠷ ᠤᠨ   ᠲᠤᠮᠳᠠᠴᠢ  ᠲᠤᠯᠠᠭᠠᠨ ᠨᠢ 6.5 —12.5℃  ᠪᠤᠯᠵᠦ ᠲᠠᠷᠢᠶᠠᠯᠠᠬᠤ ᠤᠷᠤᠨ ᠳᠤ ᠪᠤᠭᠤᠳᠠᠢ ᠴᠢᠬᠢᠯᠡᠵᠦ  ᠂ ᠰᠢᠰᠢ ᠨᠠᠷᠢᠮᠦ ᠡᠬᠢᠯᠡᠵᠦ ᠲᠠᠷᠢᠨ᠎ᠠ ᠃   ᠬᠠᠪᠤᠷ ᠤᠨ  ᠲᠤᠮᠳᠠᠴᠢ ᠪᠠᠷ ᠬᠡᠷᠪᠡ ᠵᠤᠨ ᠤ ᠠᠭᠠᠷ  ᠲᠡᠭᠳᠡᠪᠡᠯ ᠶᠡᠭᠡ ᠭᠠᠩ  ᠭᠠᠮᠰᠢᠭ ᠲᠠᠢ᠃  ᠨᠠᠮᠦᠷ ᠤᠨ  ᠠᠭᠠᠷ ᠲᠡᠭᠳᠡᠪᠡᠯ  ᠶᠡᠭᠡ  ᠪᠤᠷᠤᠭᠠᠨ  ᠪᠤᠯᠵᠦ ᠬᠦᠢᠳᠡᠨ  ᠠᠭᠤᠷ ᠲᠡᠭᠳᠡᠨ᠎ᠡ᠃  ᠡᠪᠦᠯ ᠤᠨ  ᠠᠭᠠᠷ ᠲᠡᠭᠳᠡᠪᠡᠯ  ᠠᠷᠭ᠎ᠠ ᠶᠢᠨ  ᠠᠮᠢᠰᠬᠤᠯ  ᠪᠠᠭᠤᠷᠠᠵᠦ  ᠪᠤᠭᠤᠳᠠᠢ  ᠵᠡᠷᠭᠡ ᠵᠤᠨ ᠤ ᠲᠠᠷᠢᠶ᠎ᠡ ᠪᠤᠯᠪᠠᠰᠤᠷᠠᠬᠤ ᠳᠤ ᠮᠠᠭᠤ᠃ ᠬᠠᠪᠤᠷ ᠤᠨ  ᠰᠡᠭᠦᠯᠴᠢ ᠰᠠᠷ᠎ᠠ  ᠎ ᠳᠤ ᠨᠠᠷᠠ ᠴᠠᠭᠠᠨ ᠢᠮᠠᠭ᠎ᠠ 3 ᠤᠳᠤ ᠵᠦᠭ ᠬᠠᠨᠳᠦᠵᠦ  ᠂ ᠨᠠᠷᠠ ᠰᠢᠩᠭᠡᠬᠦᠢ ᠳᠤ  ᠲᠤᠬᠢᠭᠤᠷ ᠲᠤᠯᠤᠭᠠᠨ ᠤᠳᠦ ᠵᠦᠭ  ᠰᠢᠯᠵᠢᠵᠦ᠂ ᠦᠷ ᠴᠠᠶᠢᠬᠤ ᠳᠤ  ᠬᠡᠩᠭᠡᠷᠭᠡ ᠤᠳᠤ ᠵᠦᠭ  ᠰᠢᠯᠵᠢᠵᠦ  ᠂ ᠬᠠᠪᠤᠷ ᠤᠨ  ᠬᠦᠢᠳᠡᠨ ᠠᠮᠢᠰᠬᠤᠯ  ᠮᠦᠨ  ᠠᠷᠢᠯᠤᠭ᠎ᠠ ᠦᠭᠡᠢ  ᠃  ᠲᠡᠭᠷᠢ ᠶᠢᠨ  ᠲᠦᠷᠢ  ᠠᠨᠤ  ᠠᠷᠭ᠎ᠠ  ᠎ ᠶᠢᠨ  ᠠᠭᠤᠷ ᠪᠠᠰᠠ ᠮᠠᠨᠳᠤᠬᠤ ᠦᠭᠡᠢ᠃  ᠰᠤᠯᠤᠩᠭ᠎ᠠ ᠦᠵᠡᠭᠳᠡᠵᠦ  ᠂ ᠠᠭᠠᠷ ᠤᠨ  ᠮᠠᠶ᠋ᠢᠭ ᠨᠢ ᠪᠤᠷᠤᠭᠠᠨ ᠲᠠᠢ   ᠪᠦᠭᠡᠳ ᠤᠰᠤᠨ ᠤ ᠠᠭᠤᠷ  ᠲᠡᠭᠡᠭᠰᠢ ᠲᠡᠭᠳᠡᠨ᠎ᠡ᠃  ᠪᠤᠳᠠᠰ ᠤᠨ  ᠦᠵᠡᠭᠳᠡᠯ ᠠᠨᠤ  ᠪᠦᠪᠡᠭᠡᠯᠵᠢ  ︵ᠦᠪᠦᠭᠡᠯᠵᠢ︶  ᠰᠢᠪᠠᠭᠤ ᠮᠤᠳᠤ ᠲᠦᠩ ᠳᠤ  ᠢᠨᠠᠭᠰᠢ‌‍ᠴᠢᠨᠠᠭᠰᠢ  ᠨᠢᠰᠴᠦ  ᠲᠦᠮᠡᠨ ᠪᠤᠳᠠᠰ ᠠᠮᠢᠯᠠᠨ᠎ᠠ᠃  ᠪᠠᠭᠠᠷᠢᠨ ᠤ ᠴᠠᠭᠠᠮᠦᠷᠡᠨ   ᠲᠠᠭᠠᠤ  ᠵᠤᠤ  ᠭᠠᠵᠠᠷ ᠤᠷᠤᠨ   ᠲᠠᠪᠤᠨ ᠡᠳᠦᠷ ᠤᠨ  ᠲᠤᠮᠳᠠᠴᠢ  ᠲᠤᠯᠭᠠᠨ ᠤ  ᠬᠡᠮᠵᠢᠶ᠎ᠡ ᠨᠢ15.1 —16.5℃ ᠪᠤᠯᠵᠦ᠂ ᠰᠢᠵᠢᠷᠭᠡᠨ᠎ᠡ ᠡᠪᠡᠰᠦ  ᠴᠡᠴᠡᠭᠯᠡᠵᠦ  ᠬᠤᠷᠤᠬᠠᠢ ᠰᠢᠪᠠᠵᠢ ᠡᠪᠡᠰᠦ ᠮᠤᠳᠤ ᠶᠢ   ᠰᠦᠢᠳᠬᠡᠵᠦ ᠡᠬᠢᠯᠡᠨ᠎ᠡ᠃  ᠮᠦᠨ ᠬᠠᠪᠤᠷ  ᠵᠤᠨ ᠤ  ᠠᠭᠠᠷ   ᠲᠡᠭᠳᠡᠪᠡᠯ  ᠠᠷᠠᠳ  ᠢᠷᠭᠡᠳ ᠡᠪᠡᠳᠴᠢᠨ ᠲᠠᠬᠤᠯ  ᠎ ᠳᠤ ᠨᠡᠷᠪᠡᠭᠳᠡᠵᠦ  ᠂ ᠪᠤᠷᠤᠭᠠᠨ ᠬᠤᠷ᠎ᠠ ᠴᠠᠭ ᠲᠠᠭᠠᠨ   ᠪᠤᠷᠤᠭᠠᠯᠠᠬᠤ ᠦᠭᠡᠢ᠂  ᠤᠢ ᠮᠤᠳᠤ ᠬᠤᠪᠬᠠᠶᠢᠷᠠᠨ᠎ᠠ  ᠂ ᠨᠠᠮᠦᠷ ᠤᠨ  ᠠᠭᠠᠷ ᠲᠡᠭᠳᠡᠪᠡᠯ  ᠡᠳᠦᠷ ᠲᠤᠳᠤᠮ  ᠡᠭᠦᠯᠡ  ᠪᠦᠷᠬᠦᠶᠢᠵᠦ  ᠮᠠᠭᠤ ᠪᠤᠷᠤᠭᠠᠨ  ᠰᠢᠪᠰᠢᠨ᠎ᠡ᠃ ᠡᠪᠦᠯ ᠎ ᠤᠨ  ᠠᠭᠠᠷ ᠲᠡᠭᠳᠡᠪᠡᠯ  ᠬᠦᠢᠳᠡᠨ ᠠᠮᠢᠰᠬᠤᠯ  ᠬᠦᠭᠵᠢᠨ  ᠡᠪᠡᠰᠦ ᠮᠤᠳᠤ ᠰᠢᠷᠠᠯᠠᠨ ᠬᠤᠪᠬᠠᠶᠢᠷᠠᠨ᠎ᠠ᠃ ᠬᠠᠪᠤᠷ ᠤᠨ  ᠰᠡᠭᠦᠯᠴᠢ ᠶᠢᠨ  ᠰᠠᠷ᠎ᠠ ᠳᠤ   ᠵᠠᠰᠠᠭ ᠲᠦᠷᠦ ᠶᠢᠨ  ᠵᠢᠶᠦ᠋ᠨ  ᠸᠠᠩ  ᠲᠦᠰᠢᠮᠡᠯ  ᠢᠷᠭᠡᠳ  ᠎ ᠢᠶᠠᠨ ᠲᠠᠭᠠᠭᠤᠯᠠᠨ  ᠪᠠᠭᠠᠷᠢᠨ ᠤ ᠭᠤᠤᠯ ᠬᠠᠶᠢᠷᠬᠠᠨ  ᠮᠠᠷᠴᠢᠨ ᠰᠦᠮᠪᠤᠷ  ︵ᠪᠠᠰᠠ ᠵᠠᠯᠰᠠᠩ ᠰᠦᠮᠪᠤᠷ ᠭᠡᠨ᠎ᠡ᠂  ᠦᠨᠳᠦᠷ ᠤᠯᠠᠭᠠᠨ ᠭᠡᠰᠡᠨ ᠤᠳᠬᠠᠳᠠᠢ︶  ᠠᠭᠤᠯᠠᠨ ᠳᠤ ᠭᠠᠷᠴᠦ ᠦᠬᠢᠨ ᠲᠡᠭᠷᠢ ᠶᠢ ᠲᠠᠬᠢᠵᠦ  ᠂ ᠰᠦᠯᠳᠡ ᠰᠢᠳᠦᠭᠡᠨ  ᠬᠦᠭᠡ ᠴᠢᠨ᠋ᠸ᠎ᠠ ︵1997 ᠤᠨ ᠳᠤ  ᠪᠢᠳᠡ  ᠪᠡᠶᠡᠪᠡᠷ ᠪᠠᠨ ᠲᠤᠰ ᠴᠢᠨ᠋ᠸ᠎ᠠ ᠶᠢ ᠬᠠᠷᠠᠪᠠ︶  ᠎ ᠳᠤ ᠮᠦᠷᠭᠦᠨ ᠲᠠᠬᠢᠯ ᠲᠠᠯᠪᠢᠨ᠎ᠠ᠃2. ᠵᠤᠨ ᠤ ᠭᠤᠷᠪᠠᠨ ᠰᠠᠷ᠎ᠠ   ᠵᠤᠨ  ᠎ ᠤ  ᠡᠬᠢᠨ  ᠰᠠᠷ᠎ᠠ ᠳᠤ   ᠨᠠᠷᠠ  ᠲᠡᠭᠷᠢ ᠶᠢᠨ  ᠪᠤᠯᠠᠩᠬᠢᠷ 8 ᠤᠳᠤ ᠵᠦᠭ ᠬᠠᠨᠳᠦᠨ᠎ᠠ᠂  ᠨᠠᠷᠠ ᠰᠢᠩᠭᠡᠬᠦ ᠎ ᠶᠢᠨ  ᠦᠶ᠎ᠡ ᠳᠤ   ᠠᠯᠳᠠᠨ ᠦᠭᠡᠷ ᠰᠠᠭᠤᠳᠠᠯ 8 ᠤᠳᠤ ᠵᠦᠭ ᠰᠢᠯᠵᠢᠵᠦ  ᠂ ᠦᠷ ᠴᠠᠶᠢᠬᠤ ᠳᠤ ᠪᠤᠯᠤᠷ  ᠯᠤᠩᠬᠤ ᠤᠳᠤ  ᠵᠦᠭ ᠰᠢᠯᠵᠢᠵᠦ  ᠂  ᠮᠦᠨ ᠵᠤᠨ ᠲᠦᠯᠦᠭᠡᠯᠡᠭᠴᠢ  ᠤᠳᠤ ᠬᠡᠩᠭᠡᠷᠭᠡ  ᠤᠳᠤ  ᠂   ᠤᠷᠦᠢ ᠶᠢᠨ  ᠦᠶ᠎ᠡ ᠎ ᠳᠤ  ᠤᠷᠳᠤ ᠮᠤᠭᠠᠢ  ᠰᠠᠭᠤᠳᠠᠯ 22 ᠤᠳᠤ ᠵᠦᠭ ᠬᠠᠨᠳᠦᠨ᠎ᠠ᠃ ᠦᠷᠯᠦᠭᠡ ᠶᠢᠨ  ᠦᠶ᠎ᠡ ᠳᠤ  ᠪᠤᠯᠤᠷ  ᠯᠤᠩᠬᠤ  ᠬᠤᠨᠤᠭ ᠤᠨ 4 ᠤᠳᠤ ᠵᠦᠭ ᠬᠠᠨᠳᠦᠨ᠎ᠠ  ᠃ ᠲᠡᠭᠷᠢ ᠶᠢᠨ  ᠲᠦᠷᠢ ᠠᠨᠤ  ᠠᠷᠭ᠎ᠠ ᠪᠠᠳᠠᠷᠩᠭᠤᠢ  ᠪᠢᠯᠢᠭ ᠨᠢᠭᠤᠭᠳᠠᠨ᠎ᠠ᠂ ᠠᠭᠠᠷ ᠤᠨ  ᠮᠠᠶ᠋ᠢᠭ ᠠᠨᠤ  ᠠᠭᠤᠷ ᠠᠮᠢᠰᠬᠤᠯ ᠲᠤᠭᠳᠠᠩᠭᠤᠢ  ᠪᠤᠯᠵᠦ ᠰᠠᠯᠬᠢ ᠲᠤᠭᠤᠰᠤ ᠲᠡᠭᠳᠡᠬᠦ ᠦᠭᠡᠢ  ᠂ ᠪᠤᠳᠠᠰ ᠤᠨ  ᠦᠵᠡᠭᠳᠡᠯ ᠨᠢ ᠨᠡᠭᠦᠳᠡᠯ ᠤᠨ  ᠰᠢᠪᠠᠭᠤ  ᠪᠤᠴᠠᠵᠦ  ᠢᠷᠡᠵᠦ᠂ ᠯᠠᠭᠤ ᠭᠤᠯᠢᠶ᠎ᠡ ᠶᠢᠨ  ᠲᠠᠭᠤᠨ ᠰᠤᠨᠤᠰᠳᠠᠵᠦ  ᠂ ᠦᠮᠡᠬᠢ ᠡᠪᠡᠰᠦ  ᠲᠦᠷᠭᠡᠨ  ᠤᠷᠭᠤᠨ᠎ᠠ᠃  ᠮᠦᠨ ᠵᠤᠨ ᠵᠠᠰᠭ ᠲᠦᠷᠦ ᠶᠢᠨ  ᠵᠢᠶᠦ᠋ᠨ ᠸᠠᠩ  ᠵᠠᠷᠯᠢᠭ  ᠪᠠᠭᠤᠯᠭᠠᠵᠦ  ᠂ ᠮᠠᠯᠴᠢᠨ ᠲᠠᠷᠢᠶᠠᠴᠢᠨ ᠡᠷᠭᠡᠪᠰᠢ  ᠮᠠᠯ ᠠᠳᠤᠭᠤ ᠪᠠᠨ  ᠰᠠᠶᠢᠳᠦᠷ ᠠᠷᠠᠴᠢᠯᠠᠵᠦ  ᠂ ᠲᠠᠪᠤᠨ ᠲᠠᠷᠢᠶ᠎ᠠ ᠪᠠᠨ  ᠠᠷᠴᠢᠵᠦ ᠴᠢᠬᠢ ᠲᠠᠯᠪᠢᠬᠤ ᠬᠡᠷᠡᠭᠳᠠᠢ  ᠂  ᠸᠠᠩ  ᠎ ᠤᠨ ᠤᠷᠳᠤᠨ ᠤ  ᠨᠤᠶᠠᠳ  ᠲᠦᠰᠢᠮᠡᠳ ᠮᠠᠯᠴᠢᠨ ᠲᠠᠷᠢᠶᠠᠴᠢᠨ ᠤ  ᠲᠤᠮᠳᠠ ᠤᠴᠢᠵᠦ ᠦᠢᠯᠡᠴᠢᠯᠡᠬᠦ  ᠠᠵᠢᠯ ᠬᠢᠬᠦ ᠬᠡᠷᠡᠭᠳᠡᠢ᠃  ᠪᠠᠰᠠ ᠡᠨᠡ ᠵᠤᠨ ᠤ 13 ︵ᠭᠤᠸᠠᠨ ᠯᠤᠤᠶᠧ ᠭᠠᠩ ᠴᠢᠳᠬᠦᠷ  ᠎ ᠢ  ᠲᠠᠷᠤᠵᠤ  ᠲᠠᠶᠢᠯᠤᠭᠰᠠᠨ  ᠡᠳᠦᠷ︶  ᠎ ᠤ ᠡᠳᠦᠷ  ᠪᠠᠭᠠᠷᠢᠨ  ᠵᠢᠶᠦ᠋ᠨ ᠸᠠᠩ  ᠪᠠᠶᠢᠰᠠ  ᠸᠠᠩ ᠬᠤᠶᠠᠭᠤᠯᠠ  ᠠᠷᠠᠳ ᠢᠷᠭᠡᠳ ᠲᠠᠢ ᠪᠠᠨ  ᠪᠠᠭᠠᠷᠢᠨ ᠤ ᠲᠠᠪᠤᠨ ᠶᠡᠭᠡ ᠬᠠᠶᠢᠷᠬᠠᠨ ᠤ  ᠨᠢᠭᠡ ᠪᠤᠯᠬᠤ  ᠠᠷᠦ ᠬᠠᠶᠢᠷᠬᠠᠨ  ᠠᠭᠤᠯᠠ  ᠎ ᠶᠢᠨ   ᠤᠷᠬᠢᠯ  ︵1897.2 ᠮᠧᠲ᠋ᠠᠷ︶ ᠲᠡᠭᠡᠷ᠎ᠡ ᠭᠠᠷᠴᠦ  ᠭᠤᠤᠯ ᠤᠪᠤᠭ᠎ᠠ ᠪᠠ  ᠡᠮᠦᠨ᠎ᠡ  ᠭᠤᠷᠪᠠᠨ ᠤᠪᠤᠭ᠎ᠠ  ᠂ ᠵᠡᠭᠦᠨ ᠭᠤᠷᠪᠠᠨ ᠤᠪᠤᠭ᠎ᠠ  ᠎ ᠶᠢ ᠲᠠᠬᠢᠵᠦ 〔5〕 ᠪᠠᠰᠠ ᠶᠡᠭᠡ  ᠦᠯᠦᠭᠡ ᠲᠠᠷᠤᠨ᠎ᠠ〔6〕᠃ ᠵᠤᠨ  ᠎ ᠤ  ᠡᠬᠢᠨ ᠰᠠᠷ᠎ᠠ ᠳᠤ  ᠪᠠᠭᠠᠷᠢᠨ ᠤ ᠴᠠᠭᠠᠨ ᠮᠦᠷᠡᠨ  ᠲᠠᠭᠤ ᠵᠤᠤ ᠭᠠᠵᠠᠷ ᠎ ᠤᠨ  ᠲᠤᠯᠠᠭᠠᠨ ᠬᠦᠢᠳᠡᠨ  ᠎ ᠤ ᠲᠤᠮᠳᠠᠴᠢ  ᠬᠡᠮᠵᠢᠶ᠎ᠡ ᠨᠢ 17.1 — —18.4℃᠃  ᠡᠨᠡᠬᠦ ᠰᠠᠷ᠎ᠠ ᠳᠤ ᠬᠡᠷᠪᠡ ᠬᠠᠪᠤᠷ ᠤᠨ  ᠠᠭᠤᠷ ᠲᠡᠭᠳᠡᠪᠡᠯ  ᠴᠠᠷᠴᠠᠬᠠᠢ ᠶᠢᠨ  ᠠᠶᠤᠯ ᠲᠠᠢ  ᠮᠦᠷᠳᠡᠭᠡᠨ  ᠲᠤᠭᠰᠢᠨ ᠪᠤᠷᠤᠭᠠᠨ ᠲᠠᠢ  ᠃ ᠨᠠᠮᠦᠷ ᠎ ᠤᠨ  ᠠᠭᠠᠷ ᠲᠡᠭᠳᠡᠪᠡᠯ  ᠪᠤᠷᠤᠭᠠᠨ ᠵᠦᠰᠡᠷᠡᠵᠦ ᠲᠠᠪᠤᠨ ᠲᠠᠷᠢᠶ᠎ᠡ  ᠦᠯᠦ ᠪᠤᠯᠪᠠᠰᠤᠷᠠᠨ᠎ᠠ᠃  ᠡᠪᠦᠯ ᠤᠨ  ᠠᠭᠠᠷ ᠲᠡᠭᠳᠡᠪᠡᠯ  ᠡᠪᠡᠰᠦ ᠬᠤᠪᠬᠠᠶᠢᠷᠠᠬᠤ   ᠪᠦᠭᠡᠳ ᠶᠡᠭᠡ ᠦᠶᠡᠷ ᠤᠨ  ᠭᠠᠮᠰᠢᠭ ᠲᠠᠢ᠃ ᠵᠤᠨ ᠤ ᠲᠤᠮᠳᠠᠴᠢ ᠰᠠᠷ᠎ᠠ ᠳᠤ   ᠨᠠᠷᠠ  ᠤᠯᠠᠭᠠᠨ ᠰᠢᠪᠠᠭᠤ 7ᠰᠠᠭᠤᠳᠠᠯ 8 ᠤᠳᠤ ᠵᠦᠭ  ᠬᠠᠨᠳᠦᠨ᠎ᠠ   ᠨᠠᠷᠠ  ᠰᠢᠩᠭᠡᠬᠦ  ᠎ ᠳᠤ ᠬᠦᠭᠡ ᠯᠤᠤ 7 ᠰᠠᠭᠤᠳᠠᠯ  ᠎ ᠤᠨ 4 ᠤᠳᠤ ᠵᠦᠭ  ᠰᠢᠯᠵᠢᠵᠦ  ᠂ ᠦᠷ ᠴᠠᠶᠢᠬᠤ  ᠎ ᠳᠤ ᠲᠤᠬᠢᠭᠤᠷ ᠲᠤᠯᠤᠭᠠᠨ ᠤᠳᠤ  ᠎ ᠶᠢᠨ   ᠪᠠᠷᠢᠭᠤᠯ  ᠤᠳᠤ ᠵᠦᠭ ᠰᠢᠯᠵᠢᠨ᠎ᠡ  ᠃  ᠲᠤᠰ ᠰᠠᠷ᠎ᠠ ᠳᠤ  ᠲᠦᠯᠦᠭᠡᠯᠡᠭᠴᠢ ᠤᠳᠤ  ᠠᠨᠤ  ᠤᠳᠠ ᠬᠤᠨᠤᠭ ᠤᠳᠤ  ᠂ ᠤᠷᠦᠢ ᠦᠬᠢᠨ  ᠭᠡᠷ 4  ᠤᠳᠤ ᠵᠦᠭ  ᠬᠠᠨᠳᠦᠵᠦ  ᠦᠷᠯᠦᠭᠡ   ᠪᠤᠯᠤᠷ  ᠯᠤᠩᠬᠤ ᠰᠠᠭᠤᠳᠠᠯ  ᠂ ᠨᠢᠰᠬᠦ ᠮᠤᠷᠢᠨ   ᠰᠠᠭᠤᠳᠠᠯ QW ︵ᠲᠡᠯᠡᠬᠡᠢ ᠶᠢᠨ  ᠪᠦᠰᠡᠯᠡᠭᠦᠷ︶  ᠵᠦᠭ ᠬᠠᠨᠳᠦᠨ᠎ᠠ᠃   ᠡᠨᠡ‌‍ᠰᠠᠷ᠎ᠠ  ᠎ ᠶᠢᠨ  ᠲᠡᠭᠷᠢ ᠶᠢᠨ  ᠲᠦᠷᠢ  ᠠᠨᠤ ᠠᠷᠭ᠎ᠠ ᠪᠢᠯᠢᠭ  ᠬᠤᠶᠠᠷ ᠲᠡᠮᠡᠴᠡᠯᠳᠦᠨ  ᠮᠦᠬᠦᠵᠦ ᠰᠦᠨᠦᠬᠦ ᠨᠢ  ᠲᠦᠯᠦᠪᠰᠢᠷᠡᠨ᠎ᠡ᠃  ᠠᠭᠠᠷ ᠤᠨ  ᠮᠠᠶ᠋ᠢᠭ ᠨᠢ  ᠨᠡᠯᠢᠶᠡᠳ ᠬᠠᠯᠠᠭᠤᠨ  ᠴᠠᠭ ᠪᠤᠯᠵᠦ  ᠪᠤᠷᠤᠭᠠᠨ ᠡᠯᠪᠡᠭᠰᠢᠨ᠎ᠡ᠃  ᠪᠤᠳᠠᠰ ᠤᠨ  ᠦᠵᠡᠭᠳᠡᠯ ᠨᠢ  ᠲᠡᠮᠵᠢᠯᠭᠡᠨ᠎ᠡ ᠬᠤᠷᠤᠬᠠᠢ ᠦᠷᠡᠵᠢᠵᠦ  ᠂ ᠡᠪᠡᠰᠦ ᠮᠤᠳᠤ  ᠲᠦᠷᠭᠡᠨ ᠤᠷᠭᠤᠨ᠎ᠠ᠃  ᠮᠦᠨ ᠰᠠᠷ᠎ᠠ ᠳᠤ ᠵᠠᠰᠠᠭ ᠲᠦᠷᠦ ᠶᠢᠨ  ᠵᠢᠶᠦ᠋ᠨ ᠸᠠᠩ    ᠲᠤᠰ ᠤᠨ ᠤ ᠰᠢᠨ᠎ᠡ ᠪᠤᠭᠤᠳᠠᠢ ᠶᠢ ᠠᠮᠳᠠᠯᠠᠨ᠎ᠠ  ᠃  ᠪᠠᠰᠠ ᠪᠠᠶᠢᠰᠠ ᠸᠠᠩ   ᠬᠠᠳᠤᠨ ᠲᠠᠢ ᠪᠠᠨ  ᠬᠦᠢᠳᠡᠨ ᠨᠠᠭᠤᠷ ᠤᠨ  ᠲᠠᠯ᠎ᠠ ᠳᠤ  ᠬᠡᠳᠦᠨ ᠭᠠᠷᠠᠭ  ᠵᠤᠰᠠᠯᠠᠩ ᠢᠶᠠᠷ  ᠰᠠᠭᠤᠨ᠎ᠠ〔7〕᠃   ᠡᠨᠡ ᠴᠠᠭ ᠲᠤ  ᠪᠠᠭᠠᠷᠢᠨᠴᠤᠳ   ᠠᠳᠤᠭᠤ ᠮᠠᠯ ᠢᠶᠠᠨ  ᠬᠦᠢᠰᠦ ᠢᠯᠭᠠᠨ  ᠰᠦᠷᠦᠭ ᠲᠠᠯᠪᠢᠨ᠎ᠠ᠃  ᠪᠠᠭᠠᠷᠢᠨ ᠤ ᠴᠠᠭᠠᠨ ᠮᠦᠷᠡᠨ  ᠲᠠᠭᠠᠤ  ᠤᠷᠤᠨ  ᠎ ᠤ ᠲᠠᠪᠤᠨ ᠡᠳᠦᠷ ᠤᠨ  ᠲᠤᠮᠳᠠᠴᠢ ᠲᠤᠯᠠᠭᠠᠨ  ᠬᠦᠢᠳᠡᠨ  ᠎ ᠨᠢ 21.4 —22.3℃᠃  ᠲᠤᠰ ᠤᠷᠤᠨ ᠳᠤ  ᠬᠠᠯᠠᠭᠤᠨ ᠤ  ᠤᠷᠬᠢᠯ ᠪᠤᠯᠵᠦ  ᠪᠤᠷᠤᠭᠠᠨ ᠤ  ᠬᠤᠭᠤᠴᠠᠭ᠎ᠠ ᠢᠷᠡᠨ᠎ᠡ᠃   ᠲᠤᠰ ᠰᠠᠷ᠎ᠠ ᠬᠡᠷᠪᠡ  ᠬᠠᠪᠤᠷ ᠤᠨ  ᠠᠭᠠᠷ ᠲᠡᠭᠳᠡᠪᠡᠯ  ᠲᠠᠪᠤᠨ ᠲᠠᠷᠢᠶ᠎ᠠ ᠪᠤᠯᠪᠠᠰᠤᠷᠠᠬᠤ ᠎ ᠨᠢ ᠤᠳᠠᠭᠠᠰᠢᠷᠠᠨ᠎ᠠ᠃   ᠨᠠᠮᠦᠷ ᠤᠨ  ᠠᠭᠠᠷ ᠲᠡᠭᠳᠡᠪᠡᠯ  ᠡᠪᠡᠰᠦ ᠮᠤᠳᠤ ᠡᠷᠳᠡ ᠬᠤᠪᠬᠠᠶᠢᠷᠠᠵᠦ  ᠦᠷ᠎ᠡ ᠵᠢᠮᠢᠰ ᠤᠷᠢᠳᠴᠢᠯᠠᠨ  ᠪᠤᠯᠪᠠᠰᠤᠷᠠᠨ᠎ᠠ᠃   ᠡᠪᠦᠯ ᠤᠨ  ᠠᠭᠠᠷ ᠲᠡᠭᠳᠡᠪᠡᠯ  ᠬᠠᠷ᠎ᠠ ᠬᠢᠷᠠᠭᠤ 〔8〕 ᠪᠠᠭᠤᠵᠦ  ᠲᠦᠮᠨᠨ ᠪᠤᠳᠠᠰ  ᠰᠦᠢᠳᠭᠡᠭᠳᠡᠨ᠎ᠡ᠃   ᠪᠠᠭᠠᠷᠢᠨ ᠵᠢᠶᠦ᠋ᠨ ᠸᠠᠩ  ᠲᠤᠰ ᠰᠠᠷ᠎ᠠ ᠶᠢᠨ  ᠠᠷᠪᠠᠨ   ᠨᠢᠭᠡᠨ  ᠡᠳᠦᠷ ᠲᠤ  ᠮᠠᠨᠵᠦ  ᠎ ᠶᠢᠨ  ᠢᠨᠵᠢ ᠵᠢᠴᠢ ᠲᠦᠰᠢᠮᠡᠯ ᠲᠠᠢ ᠪᠠᠨ  ᠪᠠᠶᠠᠨ ᠬᠦᠨᠳᠡᠯᠡᠨ ᠠᠭᠤᠯᠠᠨ  ᠎ ᠶᠢᠨ  ᠲᠠᠪᠤᠨ ᠠᠷᠰᠢ  ᠎ ᠳᠤ ᠰᠡᠴᠡᠨ ᠲᠡᠭᠡᠳᠦ ᠬᠦᠷᠦᠨ  ᠬᠦᠩᠵᠦ ᠳᠤ ᠠᠷᠢᠬᠢ ᠰᠦᠷᠴᠢᠵᠦ  ᠲᠠᠬᠢᠯ ᠲᠠᠯᠪᠢᠵᠦ   ᠰᠦᠭᠦᠳᠦᠨ  ᠮᠦᠷᠭᠦᠨ ᠭᠠᠰᠢᠭᠤᠳᠠᠨ ᠲᠤᠷᠠᠰᠬᠠᠨ᠎ᠠ᠂ ᠪᠠᠰᠠ  ᠪᠠᠶᠠᠨ ᠬᠠᠨ  ᠬᠠᠶᠢᠷᠬᠠᠨ  ᠎ ᠳᠤ ᠶᠡᠭᠡ ᠲᠠᠬᠢᠯᠭ᠎ᠠ ᠬᠢᠨ᠎ᠡ᠃ ᠵᠤᠨ ᠤ ᠰᠡᠭᠦᠯᠴᠢ ᠰᠠᠷ᠎ᠠ ᠳᠤ   ᠨᠠᠷᠠ  ᠤᠯᠠᠭᠠᠨ ᠰᠢᠪᠠᠭᠤ ᠬᠤᠨᠤᠭ ᠤᠨ 3 ᠳ᠋ᠤᠭᠠᠷ ᠰᠠᠭᠤᠳᠠᠯ 8 ᠤᠳᠤ ᠵᠦᠭ ᠬᠠᠨᠳᠦᠨ᠎ᠠ᠃  ᠨᠠᠷᠠ ᠰᠢᠩᠭᠡᠬᠦ ᠳᠤ  ᠬᠦᠭᠡ ᠯᠤᠤ  ᠬᠤᠨᠤᠭ  ᠎ ᠤᠨ 5 ᠳ᠋ᠤᠭᠠᠷ ᠰᠠᠭᠤᠳᠠᠯ ᠤᠨ 3 ᠤᠳᠤ ᠵᠦᠭ  ᠰᠢᠯᠵᠢᠵᠦ ᠦᠷ ᠴᠠᠶᠢᠬᠤ ᠳᠤ   ᠲᠤᠬᠢᠭᠤᠷ ᠲᠤᠯᠤᠭᠠᠨ ᠤᠳᠤᠨ ᠤ ᠪᠠᠷᠢᠭᠤᠯ  ᠤᠳᠤ ᠵᠦᠭ  ᠰᠢᠯᠵᠢᠨ᠎ᠡ᠃   ᠮᠦᠨ ᠰᠠᠷ᠎ᠠ ᠶᠢᠨ  ᠲᠦᠯᠦᠭᠡᠯᠡᠭᠴᠢ ᠤᠳᠤ ᠠᠨᠤ  ᠭᠡᠷ ᠤᠳᠤ  ᠂ ᠤᠷᠦᠢ ᠶᠢᠨ  ᠦᠶ᠎ᠡ ᠳᠤ  ᠲᠡᠭᠷᠢ ᠶᠢᠨ  ᠬᠢᠯᠢᠨᠴᠢᠳᠦ  ᠤᠳᠤ ᠵᠦᠭ ᠬᠠᠨᠳᠦᠵᠦ  ᠂ ᠦᠷᠯᠦᠭᠡ  ᠲᠡᠭᠷᠢ ᠶᠢᠨ   ᠭᠠᠭ᠋ᠠᠢ ᠰᠠᠭᠤᠳᠠᠯ ᠵᠦᠭ ᠬᠠᠨᠳᠤᠨ᠎ᠠ  ᠃  ᠲᠡᠭᠷᠢ ᠶᠢᠨ  ᠲᠦᠷᠢ  ᠠᠨᠤ  ᠠᠷᠭ᠎ᠠ  ᠪᠠᠳᠠᠷᠠᠯ ᠤᠨ  ᠲᠦᠢᠯ ᠳᠤ ᠬᠦᠷᠴᠦ᠂  ᠠᠭᠠᠷ ᠤᠨ  ᠮᠠᠶ᠋ᠢᠭ  ᠬᠠᠯᠠᠭᠤᠨ ᠰᠠᠯᠬᠢ ᠲᠠᠢ   ᠪᠤᠷᠤᠭᠠᠨ ᠡᠯᠪᠡᠭᠰᠢᠨ᠎ᠡ᠃  ᠪᠤᠳᠠᠰ ᠤᠨ  ᠦᠵᠡᠭᠳᠡᠯ ᠠᠨᠤ  ᠬᠦᠷᠡᠯᠵᠭᠡᠨ᠎ᠡ  ᠭᠡᠷ ᠤᠨ   ᠬᠠᠨ᠎ᠠ ᠳᠤ ᠡᠭᠦᠷᠯᠡᠵᠦ  ᠡᠯᠢᠶ᠎ᠡ ᠬᠠᠷᠴᠠᠭᠠᠢ  ᠦᠨᠳᠦᠷ  ᠤᠭᠳᠠᠷᠭᠤᠢ ᠳᠤ  ᠬᠠᠯᠢᠨ  ᠨᠢᠰᠦᠨ᠎ᠡ᠃  ᠪᠠᠭᠠᠷᠢᠨ ᠤ ᠴᠠᠭᠠᠨ ᠮᠦᠷᠡᠨ  ᠲᠠᠭᠠᠤ ᠤᠷᠤᠨ  ᠎ ᠳᠤ ᠲᠠᠪᠤᠨ ᠡᠳᠦᠷ ᠤᠨ  ᠲᠤᠮᠳᠠᠴᠢ ᠲᠤᠯᠭᠠᠨ  ᠬᠦᠢᠳᠡᠨ ᠤ ᠬᠡᠮᠵᠢᠶ᠎ᠡ ᠨᠢ 17.6 —20.6℃  ᠂ ᠲᠤᠰ ᠰᠠᠷ᠎ᠠ ᠳᠤ  ᠵᠤᠨ ᠤ  ᠬᠠᠯᠠᠭᠤᠨ ᠵᠢᠭᠠᠬᠠᠨ ᠪᠠᠭᠤᠷᠠᠵᠦ  ᠡᠳᠦᠷ ᠰᠦᠨᠢ ᠶᠢᠨ   ᠲᠤᠯᠭᠠᠨ ᠬᠦᠢᠳᠡᠨ  ᠎ ᠤ ᠬᠡᠮᠵᠢᠶ᠎ᠡ ᠵᠦᠷᠢᠵᠦ ᠡᠬᠢᠯᠡᠨ᠎ᠡ  ᠃  ᠵᠠᠰᠠᠭ ᠲᠦᠷᠦ ᠶᠢᠨ  ᠵᠢᠶᠦ᠋ᠨ ᠸᠠᠩ ᠠᠷᠠᠳ ᠣᠯᠠᠨ ᠳᠠᠭᠠᠨ  ᠵᠠᠷᠯᠢᠭ ᠪᠤᠯᠵᠦ  ︿ᠪᠢᠳᠡᠬᠢ ᠰᠢᠷᠦᠢ ᠬᠦᠳᠡᠯᠭᠡ  ᠂ ᠪᠢᠳᠡᠬᠢ ᠮᠤᠳᠤ ᠤᠭᠳᠤᠯᠠ  ᠂  ᠪᠡᠳᠡᠬᠢ  ᠬᠤᠮᠤᠷᠭᠠᠨ ᠠᠪᠠ ᠳᠤ ᠶᠠᠪᠤ  ᠂  ᠠᠯᠢᠪᠠ ᠬᠦᠴᠦᠨ ᠢᠶᠠᠨ ᠮᠠᠯ ᠲᠠᠷᠢᠶᠠᠯᠠᠩ ᠳᠤ ᠲᠠᠯᠪᠢᠵᠦ ᠬᠦᠴᠦᠯᠡᠬᠦ ᠬᠡᠷᠡᠭᠳᠠᠢ  ᠃   ᠡᠨᠡᠬᠦ ᠰᠡᠬᠦᠯᠴᠢ ᠶᠢᠨ ᠰᠠᠷ᠎ᠠ ᠳᠤ ᠬᠡᠷᠪᠡ   ᠬᠠᠪᠤᠷ ᠤᠨ  ᠠᠭᠠᠷ ᠲᠡᠭᠳᠡᠪᠡᠯ  ᠲᠠᠪᠤᠨ ᠲᠠᠷᠢᠶ᠎ᠡ ᠡᠷᠳᠡ ᠪᠤᠯᠪᠠᠰᠤᠷᠠᠨ᠎ᠠ᠃  ᠨᠠᠮᠤᠷ ᠤᠨ  ᠠᠭᠠᠷ ᠲᠡᠭᠳᠡᠪᠡᠯ  ᠡᠪᠡᠰᠦ ᠪᠡᠯᠴᠢᠭᠡᠷ  ᠲᠠᠪᠤᠨ ᠲᠠᠷᠢᠶ᠎ᠡ  ᠤᠰᠤᠨ ᠳᠤ  ᠲᠡᠪᠳᠦᠵᠦ  ᠤᠨᠠᠯᠳᠠ ᠪᠠᠭᠠᠰᠤᠨ᠎ᠠ᠃  ᠬᠡᠷᠪᠡ ᠡᠪᠦᠯ ᠤᠨ  ᠠᠭᠠᠷ ᠲᠡᠭᠳᠡᠪᠡᠯ  ᠬᠦᠢᠳᠡᠨ ᠰᠠᠯᠬᠢᠨ  ᠪᠠᠶᠢᠨ ᠲᠠᠬᠢᠨ  ᠲᠡᠭᠳᠡᠵᠦ  ᠡᠯᠢᠶ᠎ᠡ ᠬᠠᠷᠴᠠᠭᠠᠢ  ᠱᠤᠤᠬᠢᠵᠦ ᠪᠠᠴᠢᠮᠳᠠᠨ᠎ᠠ  ᠃ 3  ᠨᠠᠮᠦᠷ ᠤᠨ  ᠭᠤᠷᠪᠠᠨ ᠰᠠᠷ᠎ᠠ ᠨᠠᠮᠦᠷ ᠤᠨ ᠡᠬᠢᠨ ᠰᠠᠷ᠎ᠠ ᠳᠤ  ᠨᠠᠷᠠ  ᠤᠯᠠᠭᠠᠨ ᠰᠢᠪᠠᠭᠤ 7 ᠬᠤᠨᠤᠭ6 ᠳ᠋ᠤᠭᠠᠷ ᠰᠠᠭᠤᠳᠠᠯ  ᠎ ᠤᠨ 22 ᠤᠳᠤ ᠵᠦᠭ ᠬᠠᠨᠳᠦᠨ᠎ᠠ᠃  ᠨᠠᠷᠨ ᠰᠢᠩᠭᠭᠡᠬᠦ ᠦᠶᠡᠰ  ᠲᠤᠬᠢᠭᠤᠷ ᠲᠤᠯᠤᠭᠠᠨ ᠤᠳᠤᠨ ᠤ  ᠪᠠᠷᠢᠭᠤᠯ  ᠤᠳᠤ ᠵᠦᠭ ᠰᠢᠯᠵᠢᠵᠦ  ᠂ ᠦᠷ ᠴᠠᠶᠢᠬᠤ ᠳᠤ  ᠴᠠᠭᠠᠨ ᠪᠠᠷᠰ75 ᠳ᠋ᠤᠭᠠᠷ ᠰᠠᠭᠤᠳᠠᠯ ᠤᠨ 8 ᠤᠳᠤ ᠵᠦᠭ ᠰᠢᠯᠵᠢᠵᠦ  ᠂  ᠲᠤᠰ ᠰᠠᠷ᠎ᠠ ᠶᠢᠨ  ᠲᠦᠯᠦᠭᠡᠯᠡᠭᠴᠢ ᠤᠳᠤ ᠨᠢ ᠠᠪᠤᠷᠭᠤ  ᠵᠡᠷᠭᠡᠳᠦ  ᠰᠠᠭᠤᠳᠠᠯ ᠪᠠ  ᠤᠷᠳᠤ ᠮᠤᠭᠠᠢ ᠶᠢᠨ ᠰᠠᠭᠤᠳᠠᠯ 22 ᠤᠳᠤ  ᠂ ᠤᠷᠦᠢ ᠶᠢᠨ  ᠦᠶ᠎ᠡ ᠳᠤ  ᠬᠦᠮᠦᠨ ᠮᠤᠷᠢᠨ ᠰᠠᠭᠤᠳᠠᠯ 6 ᠤᠳᠤ  ᠵᠦᠭ ᠬᠠᠨᠳᠤᠵᠦ  ᠂ ᠦᠷᠯᠦᠭᠡ  ᠦᠬᠡᠷ ᠰᠠᠭᠤᠳᠠᠯ 8 ᠤᠳᠤ ᠵᠦᠭ ᠬᠠᠨᠳᠤᠨ᠎ᠠ᠃   ᠲᠤᠰ ᠰᠠᠷ᠎ᠠ ᠶᠢᠨ  ᠲᠡᠭᠷᠢ ᠶᠢᠨ ᠲᠦᠷᠢ ᠠᠨᠤ  ᠠᠷᠭ᠎ᠠ ᠶᠢᠨ  ᠵᠠᠮ ᠢᠪᠴᠦᠷᠡᠵᠦ  ᠂ ᠪᠢᠯᠢᠭ ᠤᠨ  ᠵᠠᠮ ᠤᠯᠠᠮ  ᠦᠷᠭᠡᠳᠨ᠎ᠡ  ᠃  ᠠᠭᠠᠷ ᠤᠨ  ᠮᠠᠶ᠋ᠢᠭ ᠨᠢ  ᠰᠡᠷᠢᠭᠦᠨ ᠰᠠᠯᠬᠢᠨ  ᠡᠬᠢᠯᠡᠵᠦ  ᠬᠢᠷᠠᠭᠤ ᠪᠠᠭᠤᠨ᠎ᠠ  ᠃  ᠪᠤᠳᠠᠰ ᠤᠨ  ᠦᠵᠡᠭᠳᠡᠯ  ᠎ ᠨᠢ  ᠵᠡᠷᠭᠢᠷ᠎ᠡ ᠬᠤᠷᠤᠬᠠᠢ  ᠲᠠᠰᠤᠷᠠᠯᠳᠠ ᠦᠭᠡᠢ  ᠲᠤᠤᠭᠠᠷᠴᠦ  ᠲᠠᠪᠤᠨ ᠲᠠᠷᠢᠶ᠎ᠠ ᠦᠳᠦᠷᠮ᠎ᠡ ᠳᠤ ᠬᠤᠷᠢᠶᠠᠭᠳᠠᠨ᠎ᠠ᠃  ᠪᠠᠭᠠᠷᠢᠨ ᠤ ᠴᠠᠭᠠᠨ ᠮᠦᠷᠡᠨ  ᠲᠠᠭᠠᠤ  ᠵᠤᠤ ᠲᠠᠯ᠎ᠠ  ᠎ ᠶᠢᠨ  ᠲᠠᠪᠤᠨ ᠡᠳᠦᠷ ᠤᠨ  ᠲᠤᠮᠳᠠᠴᠢ ᠲᠤᠯᠭᠠᠨ  ᠬᠦᠢᠳᠡᠨ ᠤ ᠬᠡᠮᠵᠢᠶ᠎ᠡ ᠨᠢ10.0 —15.7℃᠂ ᠤᠯᠢᠶᠠᠰᠤ ᠮᠤᠳᠤ ᠶᠢᠨ  ᠨᠠᠪᠴᠢ ᠬᠦᠢᠳᠡᠨ  ᠰᠠᠯᠬᠢᠨ ᠳᠤ ᠰᠢᠷᠠᠯᠠᠨ  ᠤᠨᠠᠨ᠎ᠠ᠃  ᠡᠨᠡ ᠰᠠᠷ᠎ᠠ  ᠎ ᠳᠤ  ᠬᠡᠷᠪᠡ ᠬᠠᠪᠤᠷ ᠎ ᠤᠨ  ᠠᠭᠠᠷ ᠲᠡᠭᠳᠡᠪᠡᠯ ᠶᠡᠭᠡ ᠭᠠᠩ ᠭᠠᠮᠰᠢᠭ ᠲᠠᠢ  ᠂ ᠬᠡᠷᠪᠡ ᠵᠤᠨ ᠤ   ᠠᠭᠠᠷ ᠲᠡᠭᠳᠡᠪᠡᠯ  ᠬᠠᠯᠠᠭᠤᠨ ᠬᠦᠢᠳᠡᠨ ᠲᠡᠭᠰᠢ ᠦᠭᠡᠢ  ᠂ ᠠᠷᠠᠳ ᠢᠷᠭᠡᠳ  ᠡᠪᠡᠳᠴᠢᠨ ᠲᠠᠬᠤᠯ  ᠎ ᠳᠤ ᠨᠡᠷᠪᠡᠭᠳᠡᠨ᠎ᠡ᠃  ᠭᠡᠷᠪᠡ ᠡᠪᠦᠯ ᠤᠨ  ᠠᠭᠤᠷ ᠲᠡᠭᠳᠡᠪᠡᠯ ᠪᠢᠯᠢᠭ ᠤᠨ  ᠠᠮᠢᠰᠬᠤᠯ  ᠶᠡᠭᠡᠳᠡᠵᠦ  ᠬᠤᠷᠤᠬᠠᠢ ᠰᠢᠪᠠᠵᠢ ᠦᠷᠡᠵᠢᠨ᠎ᠡ᠃ ᠨᠠᠮᠦᠷ ᠤᠨ  ᠲᠤᠮᠳᠠᠴᠢ ᠰᠠᠷ᠎ᠠ ᠳᠤ  ᠨᠠᠷᠠᠨ   ᠬᠦᠭᠡ ᠯᠤᠤ 7 ᠬᠤᠨᠤᠭ  ᠎ ᠶᠢᠨ ᠲᠡᠷᠢᠭᠦᠨ ᠰᠠᠭᠤᠳᠠᠯ ᠵᠦᠭ  ᠬᠠᠨᠳᠤᠵᠦ  ᠨᠠᠷᠠ ᠰᠢᠩᠭᠡᠬᠦᠢ  ᠎ ᠳᠤᠷ ᠦᠬᠡᠷ ᠰᠠᠭᠤᠳᠠᠯ 8 ᠤᠳᠤ ᠵᠦᠭ ᠰᠢᠯᠵᠢᠵᠦ  ᠂ ᠦᠷ ᠴᠠᠶᠢᠬᠤ ᠳᠤ  ᠴᠠᠭᠠᠨ ᠪᠠᠷᠰ ᠬᠤᠨᠤᠭ ᠤᠨ 6 ᠳ᠋ᠤᠭᠠᠷ ᠰᠠᠭᠤᠳᠠᠯ ᠤᠨ 3 ᠤᠳᠤ ᠵᠦᠭ ᠰᠢᠯᠵᠢᠵᠦ  ᠂ ᠲᠤᠰ ᠰᠠᠷ᠎ᠠ  ᠎ ᠶᠢᠨ  ᠲᠦᠯᠦᠭᠡᠯᠡᠭᠴᠢ ᠤᠳᠤ ᠠᠨᠤ ᠦᠬᠢᠨ ᠭᠡᠷ ᠰᠠᠭᠤᠳᠠᠯ2 ᠤᠳᠤ  ᠂  ᠤᠷᠦᠢ ᠶᠢᠨ  ᠦᠶ᠎ᠡ ᠳᠤ  ᠭᠤᠤᠯ ᠬᠡᠩᠭᠡᠷᠭᠡ 2 ᠤᠳᠤ ᠵᠦᠭ  ᠬᠠᠨᠳᠤᠵᠦ  ᠂ ᠦᠷᠯᠦᠭᠡ  ᠠᠪ ᠡᠭᠦᠳᠡ3 ᠤᠳᠤ ᠵᠦᠭ  ᠬᠠᠨᠳᠦᠨ᠎ᠠ  ᠂  ᠡᠨᠡ  ᠨᠠᠮᠦᠷ  ᠲᠡᠭᠷᠢ ᠶᠢᠨ  ᠲᠦᠷᠢ ᠨᠢ  ᠬᠦᠢᠳᠠᠨ ᠠᠭᠤᠷ  ᠴᠢᠩᠭᠠᠷᠠᠵᠦ  ᠂ ᠠᠷᠭ᠎ᠠ ᠶᠢᠨ   ᠲᠦᠷᠢ  ᠡᠳᠦᠷ ᠢᠷᠡᠬᠦᠶ᠎ᠡ ᠲᠤᠷᠦᠶᠢᠳᠠᠨ᠎ᠠ᠃  ᠠᠭᠠᠷ ᠤᠨ  ᠮᠠᠶ᠋ᠢᠭ ᠨᠢ  ᠬᠠᠯᠠᠭᠤᠨ ᠴᠠᠭ ᠲᠡᠭᠦᠰᠴᠦ᠂ ᠨᠠᠮᠦᠷ ᠤᠨ  ᠰᠡᠷᠢᠭᠦᠨ ᠰᠠᠯᠬᠢᠨ ᠲᠡᠭᠳᠡᠵᠦ  ᠂  ᠠᠶᠤᠩᠭ᠎ᠠ ᠨᠢᠵᠢᠬᠢᠨᠡᠬᠦ ᠎ ᠪᠠᠨ ᠪᠤᠯᠢᠨ᠎ᠠ᠃  ᠪᠤᠳᠠᠰ ᠤᠨ  ᠦᠵᠡᠭᠳᠡᠯ ᠨᠢ  ᠬᠠᠷᠢᠶᠠᠴᠢ ᠡᠮᠦᠨᠡᠰᠢ ᠨᠡᠭᠦᠳᠡᠯᠡᠨ  ᠂  ᠨᠤᠭᠤᠰᠤ ᠭᠠᠯᠠᠭᠤ ᠢᠨᠠᠭᠰᠢ ᠴᠢᠨᠠᠭᠰᠠᠢ ᠭᠠᠩᠭᠠᠯᠠᠨ   ᠨᠢᠰᠦᠨ᠎ᠡ᠃  ᠲᠤᠰ ᠰᠠᠷ᠎ᠠ  ᠪᠠᠭᠠᠷᠢᠨ  ᠴᠠᠭᠠᠨᠮᠦᠷᠡᠨ  ᠲᠠᠭᠠᠤ  ᠵᠤᠤ ᠲᠠᠯ᠎ᠠ  ᠎ ᠶᠢᠨ  ᠲᠠᠪᠤᠨ ᠡᠳᠦᠷ ᠤᠨ  ᠲᠤᠮᠳᠠᠴᠢ ᠲᠤᠯᠭᠠᠨ  ᠬᠦᠢᠳᠡᠨ  ᠎ ᠤ ᠬᠡᠮᠵᠢᠶ᠎ᠡ ᠨᠢ2.7 —9.4℃ ᠪᠤᠯᠵᠦ  ᠬᠦᠷᠦᠰᠦ  ᠰᠢᠷᠦᠢ ᠬᠦᠯᠳᠡᠵᠦ ᠡᠬᠢᠯᠡᠨ᠎ᠡ᠃  ᠲᠤᠰ ᠰᠠᠷ᠎ᠠ ᠳᠤ ᠭᠡᠷᠪᠡ ᠪᠤᠷᠤᠭᠠᠨ  ᠠᠷᠪᠢᠳᠪᠠᠯ  ᠢᠷᠡᠭᠡᠳᠦᠢ ᠴᠠᠭ ᠲᠤ  ᠡᠪᠡᠰᠦ ᠮᠤᠳᠤ ᠰᠠᠶᠢᠨ ᠤᠷᠭᠤᠨ᠎ᠠ  ᠃  ᠬᠡᠷᠪᠡ ᠵᠤᠨ  ᠎ ᠤ ᠠᠭᠠᠷ ᠲᠡᠭᠳᠡᠪᠡᠯ  ᠭᠠᠩ ᠭᠠᠮᠰᠢᠭ ᠲᠠᠢ  ᠂ ᠬᠤᠷᠤᠬᠠᠢ ᠰᠢᠪᠠᠵᠢ  ᠲᠠᠯᠳᠠᠯᠠᠬᠤ ᠭᠠᠵᠠᠷ ᠦᠭᠡᠢ  ᠂ ᠲᠠᠪᠤᠨ ᠲᠠᠷᠢᠶ᠎ᠡ  ᠎ ᠤ ᠭᠡᠭᠡᠭᠳᠡᠭᠰᠡᠨ  ᠦᠷ᠎ᠡ  ᠲᠠᠬᠢᠵᠦ ᠨᠠᠬᠢᠶᠠᠯᠠᠨ᠎ᠠ  ᠂  ᠭᠡᠷᠪᠡ ᠡᠪᠦᠯ ᠎ ᠤᠨ ᠠᠭᠠᠷ ᠲᠡᠭᠳᠡᠪᠡᠯ  ᠶᠡᠭᠡ ᠰᠠᠯᠬᠢᠨ ᠤ ᠭᠠᠮᠰᠢᠭ ᠲᠠᠢ᠃ ᠨᠠᠮᠦᠷ ᠤᠨ  ᠰᠡᠭᠦᠯᠴᠢ ᠰᠠᠷ᠎ᠠ ᠳᠤ   ᠨᠠᠷᠠ ᠬᠦᠭᠡ ᠯᠤᠤ 7 ᠬᠤᠨᠤᠭ ᠤᠨ 4 ᠳ᠋ᠤᠭᠡᠷ ᠰᠠᠭᠤᠳᠠᠯ 2 ᠤᠳᠤ ᠵᠦᠭ ᠬᠠᠨᠳᠦᠵᠦ  ᠂ ᠨᠠᠷᠠ  ᠰᠢᠩᠭᠡᠬᠦᠢ ᠲᠤᠷ  ᠤᠯᠠᠭᠠᠨ ᠬᠦᠴᠦᠳᠦ 7  ᠬᠤᠨᠤᠭ ᠤᠨ 4 ᠳ᠋ᠤᠭᠡᠷ ᠰᠠᠭᠤᠳᠠᠯ ᠤᠨ 2 ᠤᠳᠤ ᠵᠦᠭ ᠰᠢᠯᠵᠢᠵᠦ  ᠂ ᠦᠷ ᠴᠠᠶᠢᠬᠤ ᠳᠤ ᠤᠯᠠᠭᠠᠨ  ᠰᠢᠪᠠᠭᠤ 7 ᠬᠤᠨᠤᠭ ᠤᠨ 3 ᠳ᠋ᠤᠭᠠᠷ ᠰᠠᠭᠤᠳᠠᠯ ᠤᠨ 8 ᠤᠳᠤ ᠵᠦᠭ ᠰᠢᠯᠵᠢᠵᠦ  ᠲᠦᠯᠦᠭᠡᠯᠡᠭᠴᠢ ᠤᠳᠤ ᠠᠨᠤ  ᠲᠡᠭᠷᠢ ᠶᠢᠨ  ᠬᠢᠯᠢᠨᠴᠢᠳᠦ 4 ᠤᠳᠤ  ᠂ ᠤᠷᠦᠢ ᠶᠢᠨ  ᠦᠶ᠎ᠡ ᠳᠤ  ᠪᠤᠯᠤᠷ ᠯᠤᠩᠬᠤ  ᠰᠠᠭᠤᠳᠠᠯ B᠂ ᠪᠠᠭ᠎ᠠ ᠮᠤᠷᠢᠨ ᠰᠠᠭᠤᠳᠠᠯ D ᠵᠦᠭ ᠬᠠᠨᠳᠦᠨ᠎ᠠ᠂ ᠦᠷᠯᠦᠭᠡ  ᠤᠷᠳᠤ ᠮᠤᠭᠠᠢ  ᠰᠠᠭᠤᠳᠠᠯ 8 ᠤᠳᠤ ᠵᠦᠭ ᠬᠠᠨᠳᠦᠨ᠎ᠠ  ᠃  ᠡᠨᠡ  ᠨᠠᠮᠦᠷ  ᠲᠡᠭᠷᠢ ᠶᠢᠨ  ᠲᠦᠷᠢ ᠠᠨᠤ ᠠᠷᠭ᠎ᠠ  ᠪᠠᠭᠤᠷᠠᠵᠦ  ᠪᠢᠯᠢᠭ ᠪᠠᠳᠠᠷᠠᠵᠦ ᠡᠬᠢᠯᠡᠨ᠎ᠡ᠃  ᠠᠭᠠᠷ ᠤᠨ  ᠮᠠᠶ᠋ᠢᠭ ᠨᠢ ᠬᠢᠷᠠᠭᠤ ᠶᠡᠭᠡᠳᠴᠦ  ᠬᠦᠢᠳᠡᠨ ᠴᠠᠭ  ᠡᠬᠢᠯᠡᠵᠦ  ᠮᠦᠰᠦ  ᠦᠵᠡᠭᠳᠡᠨ᠎ᠡ  ᠃  ᠪᠤᠳᠠᠰ ᠤᠨ  ᠦᠵᠡᠭᠳᠡᠯ ᠠᠨᠤ   ᠭᠠᠯᠠᠭᠤ ᠰᠢᠪᠠᠭᠤᠳ  ᠡᠮᠦᠨᠡᠰᠢ  ᠨᠡᠭᠦᠨ  ᠲᠠᠭᠤᠰᠤᠨ᠎ᠠ᠃   ᠨᠠᠮᠦᠷ ᠤᠨ  ᠰᠡᠭᠦᠯᠴᠢ ᠰᠠᠷ᠎ᠠ ᠳᠤ  ᠵᠠᠰᠠᠭ ᠲᠦᠷᠦ ᠶᠢᠨ   ᠵᠢᠶᠦ᠋ᠨ ᠸᠠᠩ  ᠂ ᠪᠠᠶᠢᠰᠠ  ᠸᠠᠩ ᠰᠢᠨ᠎ᠡ ᠠᠮᠦ ᠠᠮᠳᠠᠯᠠᠵᠦ  ᠲᠡᠭᠦᠰ ᠪᠦᠷᠢᠳᠬᠡᠯᠳᠦ  ᠰᠦᠮ᠎ᠡ  ᠪᠠ ᠬᠢᠯᠪᠠᠷ ᠵᠤᠤ ᠳᠤ    ᠬᠦᠵᠢ ᠵᠤᠯᠠ  ᠡᠷᠭᠦᠵᠦ  ᠂ ᠵᠢᠶᠦ᠋ᠨ ᠸᠠᠩ  ᠪᠠᠶᠢᠰᠠ ᠸᠠᠩ ᠬᠤᠶᠠᠷ  ᠪᠠᠰᠠ ᠲᠦᠰᠢᠮᠡᠯ ᠲᠠᠢ ᠪᠠᠨ  ᠴᠢᠦ ᠱᠠᠨ   ᠬᠠᠶᠢᠷᠬᠠᠨ ᠳᠤ ᠯᠢᠶᠤᠤ ᠤᠯᠤᠰ  ᠎ ᠤᠨ  ᠦᠶ᠎ᠡ ᠶᠢᠨ  ᠪᠠᠷᠰ  ᠪᠦᠭᠬᠦᠬᠦ   ᠠᠭᠤᠯᠠ ᠶᠡᠭᠡ ᠲᠠᠯᠠᠨ ᠳᠤ ᠶᠡᠬᠡᠪᠡᠷ  ᠃ 〔9〕 ᠡᠨᠡ  ᠨᠠᠮᠦᠷ ᠤᠨ  ᠰᠡᠭᠦᠯᠴᠢ ᠶᠢᠨ   ᠰᠠᠷ᠎ᠠ ᠳᠤ  ᠬᠠᠪᠤᠷ ᠤᠨ  ᠠᠭᠠᠷ ᠲᠡᠭᠳᠡᠪᠡᠯ  ᠬᠠᠯᠠᠭᠤᠨ ᠰᠠᠯᠬᠢᠨ ᠲᠠᠢ  ᠂ ᠬᠦᠮᠦᠨ ᠤ ᠪᠡᠶ᠎ᠡ  ᠠᠯᠵᠠᠭᠤᠷᠠᠵᠦ ᠬᠦᠳᠡᠯᠬᠦ ᠲᠤᠷ᠎ᠠ ᠦᠭᠡᠢ  ᠂ ᠬᠡᠷᠪᠡ ᠵᠤᠨ ᠤ ᠠᠭᠠᠷ  ᠮᠠᠨᠳᠤᠪᠠᠯ  ᠢᠷᠡᠭᠡᠳᠦᠢ ᠴᠠᠭ ᠲᠤ  ᠶᠡᠭᠡ ᠤᠰᠤᠨ ᠭᠠᠮᠰᠢᠭ ᠲᠠᠢ  ᠂   ᠠᠷᠠᠳ ᠢᠷᠭᠡᠳ  ᠬᠠᠯᠳᠠᠪᠦᠷᠢᠳᠤ  ᠡᠪᠡᠳᠴᠢᠨ  ᠎ ᠳᠤ ᠨᠡᠷᠪᠡᠭᠳᠡᠬᠦ  ᠪᠤᠯᠤᠯᠴᠠᠭ᠎ᠠ  ᠎ ᠲᠠᠢ᠂  ᠬᠡᠷᠪᠡ ᠡᠪᠦᠯ ᠤᠨ ᠠᠭᠠᠷ   ᠲᠡᠭᠳᠡᠪᠡᠯ  ᠭᠠᠵᠠᠷ ᠰᠢᠷᠦᠢ  ᠬᠠᠭᠠᠷᠠᠵᠦ ᠠᠩ ᠵᠠᠪᠰᠠᠷ ᠭᠠᠷᠤᠨ᠎ᠠ᠃ 4᠂ ᠡᠪᠦᠯ ᠤᠨ  ᠭᠤᠷᠪᠠᠨ ᠰᠠᠷ᠎ᠠ ᠡᠪᠦᠯ ᠤᠨ  ᠡᠬᠢᠨ ᠰᠠᠷ᠎ᠠ ᠳᠤ  ᠨᠠᠷᠠ   ᠲᠡᠭᠷᠢ ᠶᠢᠨ  ᠲᠠᠬᠢᠶ᠎ᠠ  9 ᠤᠳᠤ ᠵᠦᠭ ᠬᠠᠨᠳᠤᠨ᠎ᠠ  ᠂ ᠨᠠᠷᠠ  ᠰᠢᠩᠭᠡᠬᠦᠢ  ᠎ ᠳᠤᠷ  ᠤᠯᠠᠭᠠᠨ ᠪᠠᠭᠠᠳᠤᠷ 7 ᠬᠤᠨᠤᠭ 5 ᠳ᠋ᠤᠭᠠᠷ ᠰᠠᠭᠤᠳᠠᠯ 3 ᠤᠳᠤ ᠵᠦᠭ ᠰᠢᠯᠵᠢᠵᠦ  ᠦᠷ ᠴᠠᠶᠢᠬᠤ ᠳᠤ ᠡᠮᠦᠨ᠎ᠡ  ᠲᠤᠬᠢᠭᠤᠷ ᠲᠤᠯᠤᠭᠠᠨ ᠤᠳᠤ    ᠵᠦᠭ ᠬᠠᠨᠳᠤᠨ᠎ᠠ  ᠃ ᠲᠦᠯᠦᠭᠡᠯᠡᠭᠴᠢ ᠤᠳᠤ ᠠᠨᠤ  ᠲᠡᠭᠷᠢ ᠶᠢᠨ  ᠬᠢᠯᠢᠴᠢᠨᠳᠦ  8 ᠤᠳᠤ  ᠂ ᠤᠷᠦᠢ ᠭᠡᠷ  ᠬᠤᠨᠤᠭ 4 ᠤᠳᠤ  ᠵᠦᠭ ᠬᠠᠨᠳᠤᠵᠦ  ᠦᠷᠯᠦᠭᠡ  ᠲᠤᠬᠢᠭᠤᠷ ᠲᠤᠯᠤᠭᠠᠨ ᠤᠳᠤ  ᠵᠦᠭ ᠬᠠᠨᠳᠤᠨ᠎ᠠ᠃  ᠲᠤᠰ ᠰᠠᠷ᠎ᠠ ᠳᠤ  ᠲᠡᠭᠷᠢ ᠶᠢᠨ  ᠲᠦᠷᠢ ᠨᠢ  ᠠᠷᠭ᠎ᠠ ᠶᠢᠨ  ᠠᠭᠤᠷ  ᠬᠤᠳᠬᠤᠯᠳᠤᠨ  ᠭᠠᠵᠠᠷ  ᠰᠢᠷᠦᠢ ᠬᠦᠯᠳᠡᠬᠦ  ᠪᠤᠯᠤᠨ᠎ᠠ᠃  ᠠᠭᠠᠷ ᠤᠨ  ᠮᠠᠶ᠋ᠢᠭ ᠠᠨᠤ  ᠭᠠᠵᠠᠷ ᠤᠨ  ᠬᠦᠷᠦᠰᠦ ᠬᠦᠯᠳᠡᠵᠦ ᠭᠤᠤᠯ  ᠮᠦᠰᠦ ᠲᠠᠢ ᠪᠤᠯᠤᠨ᠎ᠠ᠃  ᠪᠤᠳᠠᠰ ᠤᠨ  ᠦᠵᠡᠭᠳᠡᠯ ᠠᠨᠤ   ᠵᠢᠭᠦᠷᠳᠡᠨ ᠰᠢᠪᠠᠭᠤ  ᠴᠦᠭᠡᠷᠡᠵᠦ᠂ ᠪᠠᠭᠠᠪᠠᠭᠠᠢ ᠲᠤᠷᠤᠬᠤ ᠢᠴᠡᠭᠡᠯᠡᠨ᠎ᠡ᠃  ᠪᠠᠭᠠᠷᠢᠨ ᠤ ᠴᠠᠭᠠᠨᠮᠦᠷᠡᠨ   ᠲᠠᠭᠠᠤ ᠵᠤᠤ ᠲᠠᠯ᠎ᠠ ᠶᠢᠨ ᠲᠠᠪᠤᠨ ᠡᠳᠦᠷ ᠤᠨ  ᠲᠤᠮᠳᠠᠴᠢ ᠲᠤᠯᠠᠭᠠᠨ ᠬᠦᠢᠳᠡᠨ  ᠎ ᠤ  ᠬᠡᠮᠵᠢᠶ᠎ᠡ ᠨᠢ  —4.9 —— —9.4℃᠂ ᠲᠤᠰ ᠰᠠᠷ᠎ᠠ ᠳᠤ  ᠵᠠᠰᠠᠭ ᠲᠦᠷᠦ ᠎ ᠶᠢᠨ  ᠵᠢᠶᠦ᠋ᠨ ᠸᠠᠩ  ᠠᠯᠪᠠᠳᠤ  ᠬᠠᠷᠢᠶᠠᠳᠤ ᠲᠠᠭᠠᠨ   ︽ᠤᠨᠤᠭ᠎ᠠ ᠬᠦᠯᠦᠭ  ᠂ ᠵᠠᠷ ᠵᠠᠪᠰᠡᠭ  ᠎ ᠢᠶᠠᠨ  ᠰᠢᠨᠡᠳᠬᠡᠨ ᠪᠡᠯᠡᠳᠭᠡᠵᠦ  ᠂ ᠴᠢᠷᠡᠭ ᠤᠨ  ᠵᠢᠭᠰᠠᠭᠠᠯ ᠳᠤ ᠪᠤᠯᠪᠠᠰᠤᠷᠠᠵᠦ   ᠬᠡᠷᠪᠡ ᠲᠠᠶᠢᠨ ᠲᠠᠵᠢᠨ ᠡᠭᠦᠰᠪᠡᠯ ᠤᠯᠤᠰ  ᠭᠡᠷ  ᠎ ᠲᠤ  ᠬᠦᠴᠦᠨ ᠢᠶᠠᠨ ᠡᠷᠭᠦᠬᠦ  ᠬᠡᠷᠭᠳᠡᠢ︾  ᠭᠡᠵᠦ ᠵᠠᠷᠯᠢᠭ ᠪᠤᠯᠤᠨ᠎ᠠ  ᠃ ᠡᠨᠡ  ᠡᠪᠦᠯ ᠤᠨ  ᠡᠬᠢᠨ ᠰᠠᠷ᠎ᠠ ᠳᠤ ᠬᠡᠷᠪᠡ  ᠬᠠᠪᠤᠷ ᠤᠨ ᠠᠭᠠᠷ ᠲᠡᠭᠳᠡᠪᠡᠯ  ᠬᠦᠢᠳᠠᠨ ᠤ ᠡᠷᠴᠢ ᠪᠠᠭᠤᠷᠠᠵᠦ   ᠭᠠᠵᠠᠷ ᠤᠨ  ᠠᠭᠤᠷ ᠲᠡᠭᠡᠭᠰᠢ  ᠮᠠᠨᠳᠤᠨ᠎ᠠ  ᠂  ᠬᠡᠷᠪᠡ ᠵᠤᠨ ᠤ  ᠠᠭᠠᠷ ᠲᠡᠭᠳᠡᠪᠡᠯ  ᠰᠢᠷᠦᠭᠦᠨ ᠰᠠᠯᠬᠢ ᠲᠡᠭᠳᠡᠨ  ᠬᠤᠷᠦᠬᠠᠢ ᠰᠢᠪᠠᠵᠢ ᠠᠮᠢᠯᠠᠨ᠎ᠠ᠃ ᠬᠡᠷᠪᠡ ᠨᠠᠮᠦᠷ ᠤᠨ  ᠠᠭᠠᠷ  ᠲᠡᠭᠳᠡᠪᠡᠯ  ᠴᠠᠰᠤ ᠬᠢᠷᠠᠭᠤ ᠲᠡᠭᠰᠢ ᠦᠭᠡᠢ᠃ ᠡᠪᠦᠯ ᠤᠨ  ᠲᠤᠮᠳᠠ ᠰᠠᠷ᠎ᠠ ᠳᠤ  ᠨᠠᠷᠠ  ᠡᠮᠦᠨ᠎ᠡ ᠲᠤᠬᠢᠭᠤᠷ ᠲᠤᠯᠤᠭᠠᠨ ᠤᠳᠤ  ᠵᠦᠭ ᠬᠠᠨᠳᠤᠨ᠎ᠠ᠂  ᠨᠠᠷᠠ ᠰᠢᠩᠭᠡᠬᠦᠢ ᠦᠶᠡᠰ  ᠭᠡᠷ ᠬᠤᠨᠤᠭ 4 ᠤᠳᠤ ᠵᠦᠭ ᠰᠢᠯᠵᠢᠵᠦ  ᠂ ᠦᠷ ᠴᠠᠶᠢᠬᠤ ᠳᠤ  ᠤᠯᠠᠭᠠᠨ ᠰᠢᠪᠠᠭᠤ 7 ᠬᠤᠨᠤᠭ  ᠎ ᠶᠢᠨ  ᠡᠴᠦᠰ ᠤᠨ ᠰᠠᠭᠤᠳᠠᠯ 4 ᠤᠳᠤ ᠵᠦᠭ ᠰᠢᠯᠵᠢᠵᠦ  ᠂ ᠲᠤᠰ ᠰᠠᠷ᠎ᠠ  ᠎ ᠶᠢᠨ ᠲᠦᠯᠦᠭᠡᠯᠡᠭᠴᠢ  ᠤᠳᠤ ᠠᠨᠤ ᠬᠦᠮᠦᠨ ᠮᠤᠷᠢᠨ ᠰᠠᠭᠤᠳᠠᠯ 8 ᠤᠳᠤ  ᠂ ᠤᠷᠦᠢ ᠶᠢᠨ  ᠦᠶ᠎ᠡ ᠳᠤ ᠨᠢᠰᠬᠦ ᠮᠤᠷᠢᠨ  ᠬᠤᠨᠤᠭ Y ᠪᠠ ᠦᠬᠢᠨ ᠠᠷᠰᠢ  ᠬᠤᠨᠤᠭD ᠵᠦᠭ ᠬᠠᠨᠳᠤᠵᠦ  ᠦᠷᠯᠦᠭᠡ ᠦᠶ᠎ᠡ ᠳᠤ  ᠬᠡᠷᠢᠶ᠎ᠡ  ᠬᠤᠨᠤᠭ4 ᠤᠳᠤ ᠵᠦᠭ  ᠬᠠᠨᠳᠤᠨ᠎ᠠ᠂   ᠲᠤᠰ ᠰᠠᠷ᠎ᠠ  ᠲᠡᠭᠷᠢ ᠶᠢᠨ  ᠲᠦᠷᠢ  ᠠᠨᠤ ᠠᠷᠭ᠎ᠠ ᠪᠢᠯᠢᠭ ᠲᠡᠮᠡᠴᠡᠯᠳᠦᠵᠦ  ᠲᠡᠭᠷᠢ ᠭᠠᠵᠠᠷ ᠤᠨ  ᠠᠭᠤᠷ ᠠᠮᠢᠰᠬᠤᠯ ᠬᠠᠭᠠᠨᠳᠠᠨ᠎ᠠ  ᠃ ᠠᠭᠠᠷ ᠤᠨ  ᠮᠠᠶ᠋ᠢᠭ  ᠠᠨᠤ  ᠭᠠᠵᠠᠷ ᠤᠨ  ᠬᠦᠷᠦᠰᠦ ᠲᠡᠭᠡᠭᠦᠷ  ᠠᠭᠤᠷ ᠪᠦᠭᠡᠯᠡᠷᠡᠭᠳᠡᠨ᠎ᠡ᠂ ᠪᠤᠳᠠᠰ ᠎ ᠤᠨ  ᠦᠵᠡᠭᠳᠡᠯ  ᠠᠨᠤ ᠪᠤᠯᠠᠭ ᠤᠨ  ᠤᠰᠤ ᠴᠠᠷᠴᠠᠨ᠎ᠠ  ᠃  ᠲᠤᠰ ᠰᠠᠷ᠎ᠠ ᠳᠤ ᠪᠠᠭᠠᠷᠢᠨ ᠤ  ᠴᠠᠭᠠᠨ ᠮᠦᠷᠡᠨ  ᠲᠠᠭᠠᠤ ᠵᠤᠤ ᠲᠠᠯ᠎ᠠ ᠶᠢᠨ  ᠲᠠᠪᠤᠨ ᠡᠳᠦᠷ ᠤᠨ  ᠲᠤᠮᠳᠠᠴᠢ  ᠲᠤᠯᠠᠭᠠᠨ ᠬᠦᠢᠳᠡᠨ  ᠎ ᠤ  ᠬᠡᠮᠵᠢᠶ᠎ᠡ ᠨᠢ  —6.3—— —21℃ ᠪᠤᠯᠵᠦ  ᠶᠠᠰᠤ ᠶᠠᠩᠬᠢᠨᠠᠮ᠎ᠠ ᠬᠦᠢᠳᠡᠷᠡᠨ᠎ᠡ᠃   ᠲᠤᠰ ᠰᠠᠷ᠎ᠠ ᠳᠤ ᠬᠡᠷᠪᠡ  ᠬᠠᠪᠤᠷ ᠤᠨ   ᠠᠭᠠᠷ ᠲᠡᠭᠳᠡᠪᠡᠯ  ᠴᠠᠷᠴᠠᠬᠠᠢ ᠦᠷᠡᠵᠢᠵᠦ ᠡᠪᠡᠰᠦ ᠪᠡᠯᠴᠢᠭᠡᠷ ᠲᠠᠪᠤᠨ ᠲᠠᠷᠢᠶ᠎ᠠ ᠳᠤ  ᠬᠦᠨᠦᠭᠡᠯᠳᠠᠢ᠃  ᠬᠡᠷᠪᠡ ᠵᠤᠨ ᠎ ᠤ ᠠᠭᠠᠷ ᠲᠡᠭᠳᠡᠪᠡᠯ  ᠪᠦᠬᠦ ᠤᠷᠤᠨ ᠳᠤ ᠭᠠᠩ ᠭᠠᠮᠰᠢᠭ ᠲᠠᠢ᠂  ᠨᠠᠮᠦᠷ ᠤᠨ  ᠠᠭᠠᠷ ᠲᠡᠭᠳᠡᠪᠡᠯ ᠪᠤᠷᠤᠭᠠᠨ ᠰᠠᠶᠢᠳᠠᠢ ᠪᠤᠯᠪᠠᠴᠦ  ᠨᠤᠭᠤᠭ᠎ᠠ ᠲᠦᠮᠦᠰᠦ ᠳᠤ ᠮᠠᠭᠤ  ᠃ ᠡᠪᠦᠯ ᠤᠨ ᠰᠡᠭᠦᠯᠴᠢ ᠶᠢᠨ  ᠰᠠᠷ᠎ᠠ ᠳᠤ   ᠨᠠᠷᠠ  ᠦᠬᠢᠨ ᠰᠠᠭᠤᠳᠠᠯ ᠵᠦᠭ  ᠬᠠᠨᠳᠤᠨ᠎ᠠ᠃  ᠨᠠᠷᠠ ᠰᠢᠩᠭᠡᠬᠦᠢ ᠳᠤ  ᠴᠠᠭᠠᠨ ᠪᠠᠷᠰ 7 ᠤᠳᠤ  ᠬᠤᠨᠤᠭ  ᠎ ᠤᠨ 2 ᠳ᠋ᠤᠭᠠᠷ ᠰᠠᠭᠤᠳᠠᠯ ᠤᠨ 3 ᠤᠳᠤ ᠵᠦᠭ ᠰᠢᠯᠵᠢᠵᠦ  ᠂ ᠦᠷ ᠴᠠᠶᠢᠬᠤ ᠳᠤ  ᠬᠦᠭᠡ ᠯᠤᠤ7 ᠬᠤᠨᠤᠭ ᠶᠢᠨ  3 ᠳ᠋ᠤᠭᠠᠷ ᠰᠠᠭᠤᠳᠠᠯ  ᠤᠳᠤ ᠵᠦᠭ ᠰᠢᠯᠵᠢᠵᠦ  ᠂  ᠲᠦᠯᠦᠭᠡᠯᠡᠭᠴᠢ ᠤᠳᠤ  ᠦᠬᠢᠨ  ᠰᠠᠭᠤᠳᠠᠯ ᠤᠳᠤ  ᠂ ᠤᠷᠦᠢ  ᠴᠠᠭᠠᠨ ᠢᠮᠠᠭ᠎ᠠ 3 ᠤᠳᠤ ᠵᠦᠭ  ᠬᠠᠨᠳᠤᠨ  ᠂ ᠦᠷᠯᠦᠭᠡ  ᠲᠡᠭᠷᠢ ᠎ ᠶᠢᠨ  ᠵᠢᠩᠭᠡᠯᠡᠭᠦᠷ 4 ᠤᠳᠤ ᠵᠦᠭ ᠬᠠᠨᠳᠤᠨ᠎ᠠ᠃ ᠲᠤᠰᠠ ᠰᠠᠷ᠎ᠠ ᠶᠢᠨ  ᠲᠡᠭᠷᠢ ᠶᠢᠨ  ᠲᠦᠷᠢ  ᠨᠠᠷᠠ   ᠰᠠᠷ᠎ᠠ ᠰᠢᠷ᠎ᠠ ᠵᠠᠮ ᠤᠨ 12 ᠤᠳᠤᠨ  ᠎ ᠤ ᠪᠤᠯᠤᠷ ᠯᠤᠩᠬᠤ 4 ᠤᠳᠤ  ᠤᠴᠠᠷᠠᠯᠳᠤᠨ᠎ᠠ᠃  ᠲᠡᠯᠡᠬᠡᠢ  ᠎ ᠶᠢᠨ  ᠪᠦᠮᠪᠦᠷᠴᠡᠭ 365 ᠭᠷᠠᠳᠦ᠋ᠰ  ᠡᠷᠬᠢᠵᠦ   ᠰᠢᠨ᠎ᠡ ᠨᠢᠭᠡᠨ ᠵᠢᠯ ᠤᠨ  ᠡᠬᠢ  ᠪᠤᠯᠤᠨ᠎ᠠ᠃  ᠲᠤᠰ ᠰᠠᠷ᠎ᠠ  ᠲᠡᠭᠷᠢ ᠶᠢᠨ ᠲᠦᠷᠢ  ᠠᠨᠤ  ᠪᠢᠯᠢᠭ ᠤᠨ  ᠠᠮᠢᠰᠬᠤᠯ  ᠪᠠᠭᠠᠬᠠᠨ ᠪᠠᠭᠤᠷᠠᠨ᠎ᠠ᠃  ᠠᠭᠠᠷ ᠤᠨ  ᠮᠠᠶ᠋ᠢᠭ᠄ ᠮᠦᠰᠦ   ᠤᠶᠠᠷᠠᠨ᠎ᠠ᠃  ᠪᠤᠳᠠᠰ ᠎ ᠤᠨ  ᠦᠵᠭᠳᠡᠯ ᠠᠨᠤ  ᠬᠠᠷᠢᠶᠠᠴᠢ  ᠪᠤᠴᠠᠵᠦ ᠢᠷᠡᠨ᠎ᠡ᠃  ᠱᠠᠭᠠᠵᠠᠭᠠᠢ ᠡᠭᠦᠷ ᠪᠠᠷᠢᠨ᠎ᠠ᠃  ᠪᠠᠭᠠᠷᠢᠨ ᠤ ᠴᠠᠭᠠᠨᠮᠦᠷᠡᠨ  ᠲᠠᠭᠠᠤ ᠵᠤᠤ  ᠲᠠᠯ᠎ᠠ ᠭᠠᠵᠠᠷ  ᠲᠠᠪᠤᠨ ᠡᠳᠦᠷ ᠤᠨ   ᠲᠤᠯᠭᠭᠠᠨ ᠬᠦᠢᠳᠡᠨ  ᠎ ᠤ ᠲᠤᠮᠳᠠᠴᠢ ᠬᠡᠮᠵᠢᠶ᠎ᠡ —3.9—— —18.0℃ ᠪᠤᠯᠵᠤ   ᠬᠦᠷᠦᠰᠦ  ᠰᠢᠷᠦᠢ  ᠰᠦᠨᠢ  ᠎ ᠳᠡᠭᠡᠨ ᠬᠦᠯᠳᠡᠵᠦ ᠡᠳᠦᠷ ᠭᠡᠰᠦᠨ᠎ᠡ᠃  ᠲᠤᠰ ᠰᠠᠷ᠎ᠠ ᠳᠤ  ᠬᠡᠷᠪᠡ ᠬᠠᠪᠤᠷ ᠤᠨ  ᠠᠭᠠᠷ ᠲᠡᠭᠳᠡᠪᠡᠯ  ᠠᠷᠠᠳ ᠢᠷᠭᠡᠳ ᠡᠪᠡᠳᠴᠢᠨ ᠲᠠᠬᠤᠯ ᠠᠴᠠ  ᠬᠢᠴᠢᠶᠠᠬᠦ ᠬᠡᠷᠡᠭᠳᠠᠢ  ᠃  ᠬᠡᠷᠪᠡ ᠨᠠᠮᠦᠷ ᠤᠨ   ᠠᠭᠠᠷ  ᠲᠡᠭᠳᠡᠪᠡᠯ  ᠬᠤᠷᠤᠬᠠᠢ ᠰᠢᠪᠠᠵᠢ ᠦᠷᠡᠵᠢᠵᠦ  ᠡᠪᠡᠰᠦ ᠪᠡᠯᠴᠢᠭᠡᠷ ᠲᠠᠪᠤᠨ ᠲᠠᠷᠢᠶᠠᠨ ᠳᠤ  ᠬᠦᠨᠦᠭᠡᠯᠳᠠᠢ  ᠃  ᠲᠤᠰ ᠰᠠᠷ᠎ᠠ ᠳᠤ   ᠵᠠᠰᠠᠭ ᠲᠦᠷᠦ ᠶᠢᠨ  ᠵᠢᠶᠦ᠋ᠨ ᠸᠠᠩ  ᠠᠷᠠᠳ  ᠤᠯᠠᠨ ᠲᠠᠢ ᠪᠠᠨ  ᠬᠠᠮᠳᠦ ᠮᠡᠷᠭᠡᠨ ᠠᠭᠤᠯᠠᠨ 〔10〕᠎ ᠶᠢ ᠲᠠᠬᠢᠬᠤ ᠶᠢᠨ  ᠬᠠᠮᠳᠦ   ᠪᠠᠯᠠᠷ ᠰᠢᠭᠤᠢ ᠳᠤ ᠬᠦᠷᠴᠦ  ᠶᠡᠬᠡᠪᠡᠷ ᠬᠤᠮᠤᠷᠭᠠᠯᠠᠨ᠎ᠠ 〔11〕᠃ ︽ ᠶᠤᠰᠤᠯᠠᠯᠳᠤ ᠨᠤᠮ  ︾᠎ ᠳᠤ   ᠨᠢᠭᠡ ᠵᠢᠯ  ᠭᠤᠷᠪᠠ  ᠭᠤᠷᠪᠠᠨ ᠰᠠᠷ᠎ᠠ ᠪᠠᠷ   ᠨᠠᠷᠠ  ᠎ ᠶᠢ ᠡᠷᠬᠢᠨ ᠬᠤᠪᠢᠷᠠᠬᠤ  ᠵᠢᠮ᠎ᠡ ᠶᠤᠰᠤ ᠶᠢ  ᠰᠠᠶᠢᠳᠤᠷ ᠲᠤᠳᠤᠷᠬᠠᠶᠢᠯᠠᠨ ᠦᠭᠦᠯᠡᠵᠦ  ᠂ ᠲᠡᠭᠷᠢ  ᠂ ᠠᠭᠠᠷ᠂ ᠪᠤᠳᠠᠰ  ᠭᠤᠷᠪᠠ ᠶᠢ  ᠮᠠᠯ ᠲᠠᠷᠢᠶᠠᠯᠠᠩ ᠤᠨ  ᠠᠵᠢᠯ ᠲᠠᠢ ᠬᠤᠯᠪᠤᠨ ᠦᠭᠦᠯᠡᠵᠦ  ᠂ ᠠᠭᠤᠷ ᠠᠮᠢᠰᠬᠤᠯ  ᠂  ᠠᠮᠢ ᠠᠬᠤᠢ᠂  ᠨᠡᠶᠢᠭᠡᠮ ᠭᠤᠷᠪᠠ ᠎ ᠶᠢ ᠰᠢᠰᠲ᠋ᠧᠮ ᠲᠠᠢ  ᠲᠠᠨᠢᠯᠠᠴᠠᠭᠤᠯᠵᠦ  ᠬᠦᠮᠦᠨ ᠲᠦᠷᠦᠯᠬᠢᠳᠡᠨ ᠪᠠᠶᠢᠭᠠᠯᠢ ᠲᠠᠢ ᠲᠤᠬᠢᠷᠠᠯᠴᠠᠬᠤ  ᠤᠬᠠᠮᠰᠠᠷ ᠲᠠᠢ ᠪᠤᠳᠤᠯᠭ᠎ᠠ ᠶᠢ ᠦᠭᠦᠯᠡᠪᠡ᠃  ᠡᠭᠦᠨ ᠳᠤ ᠠᠭᠤᠷ ᠠᠮᠢᠰᠭᠤᠯ  ᠂ ᠠᠮᠢ ᠠᠬᠤᠢ  ᠂ ᠨᠡᠶᠢᠭᠡᠮ ᠭᠤᠷᠪᠠ ᠶᠢᠨ  ᠬᠤᠭᠤᠷᠤᠳᠤ  ᠬᠠᠷᠢᠯᠴᠠᠨ ᠬᠤᠯᠪᠤᠯᠳᠤᠨ  ᠨᠦᠯᠦᠭᠡᠯᠡᠭᠳᠡᠬᠦ   ᠵᠢᠮ᠎ᠡ ᠶᠤᠰᠤ ᠶᠢ  ᠨᠠᠷᠢᠨ ᠨᠢᠭᠳᠠ ᠲᠠᠶᠢᠯᠪᠤᠷᠢᠯᠠᠵᠤ  ᠠᠯᠢ ᠨᠢᠭᠡ ᠨᠢ ᠬᠤᠪᠢᠷᠠᠯᠳᠠ ᠭᠠᠷᠪᠠᠯ  ᠪᠤᠰᠤᠳ ᠬᠡᠳᠦ ᠪᠠᠨ  ᠨᠦᠯᠦᠭᠡᠯᠡᠵᠦ  ᠠᠭᠤᠷ ᠠᠮᠢᠰᠬᠤᠯ  ᠡᠳᠡᠭᠡᠳ ᠵᠢᠭᠳᠡᠢ  ᠪᠤᠯᠵᠦ  ᠡᠳᠦᠷ ᠰᠠᠷ᠎ᠠ  ᠰᠤᠯᠢᠯᠴᠠᠭᠳᠠᠵᠦ ᠮᠠᠯ ᠲᠠᠷᠢᠶᠠᠯᠠᠩ ᠤᠨ  ᠠᠵᠤ ᠠᠬᠤᠢ   ᠨᠦᠯᠦᠭᠡᠯᠡᠭᠳᠡᠨ᠎ᠡ᠃  ᠵᠢᠰᠢᠶᠡᠯᠡᠪᠡᠯ  ᠨᠠᠮᠦᠷ ᠤᠨ  ᠤᠯᠠᠷᠢᠯ ᠳᠤ  ᠡᠪᠦᠯ ᠤᠨ  ᠠᠭᠠᠷ ᠮᠠᠨᠳᠤᠬᠤ  ᠪᠤᠶᠤ  ᠵᠤᠨ ᠠᠭᠠᠷ ᠮᠠᠨᠳᠤᠪᠠᠯ  ᠠᠷᠭ᠎ᠠ ᠪᠢᠯᠢᠭ   ᠬᠤᠶᠠᠷ ᠬᠡᠪ ᠤᠨ  ᠪᠠᠶᠢᠳᠠᠯ ᠢᠶᠠᠨ ᠠᠯᠳᠠᠵᠦ᠂ ᠪᠠᠶᠢᠭᠠᠯᠢ  ᠎ ᠶᠢᠨ  ᠬᠡᠪᠴᠢᠶ᠎ᠡ ᠨᠢ ᠬᠦᠮᠦᠨ ᠲᠦᠷᠦᠯᠬᠢᠳᠡᠨ ᠎ ᠳᠤ ᠠᠰᠢᠭ ᠦᠭᠡᠢ ᠪᠠᠶᠢᠳᠠᠯ  ᠵᠦᠭ ᠬᠠᠨᠳᠤᠨ᠎ᠠ᠃ ᠵᠡᠭᠦᠯᠳᠡ 〔1〕 ᠲᠦᠪ ᠡᠷᠭᠡᠳᠦ ᠵᠤᠤ  ᠄ ᠪᠠᠭᠠᠷᠢᠨ  ᠎ ᠤ ᠰᠤᠪᠤᠷᠭ᠎ᠠ ᠰᠤᠮᠤ ᠠᠴᠠ  ᠯᠢᠨᠰᠢ ᠰᠢᠶᠠᠨ  ᠎ ᠤ ᠲᠠᠪᠢᠨ  ᠭᠡᠷ  ᠪᠠᠯᠭᠠᠰᠤ  ᠎ ᠶᠢᠨ  ᠬᠤᠭᠤᠷᠤᠨᠳᠤᠬᠢ   ᠴᠠᠭᠠᠨ  ᠮᠦᠷᠡᠨ  ᠎ ᠤ ᠰᠠᠪᠠ ᠭᠠᠵᠠᠷ  ᠲᠠᠭᠠᠤ  ᠲᠠᠯ᠎ᠠ ᠭᠠᠵᠠᠷ ᠢ  ᠵᠢᠭᠠᠨ᠎ᠠ᠃  ︽ ᠯᠢᠶᠤᠤ ᠤᠯᠤᠰ ᠤᠨ ᠲᠡᠦᠭᠡ  ︾  ︵辽史)᠎ ᠳᠤ ︿中会川﹀ ᠭᠡᠵᠦ ᠲᠡᠮᠳᠡᠭᠯᠡᠵᠦ ᠪᠠᠶᠢᠨ᠎ᠠ᠃   ︵ᠶᠤᠸᠠᠨ ᠤ ᠲᠤᠭᠳᠠᠬᠤ ᠵᠡᠷᠭᠡ ᠶᠢᠨ  ᠬᠦᠮᠦᠰ ᠤᠨ  ᠪᠢᠴᠢᠭᠰᠡᠨ  ︽ᠯᠢᠶᠤᠤ ᠤᠯᠤᠰ ᠤᠨ  ᠲᠡᠦᠭᠡ︾ 247  ᠂255 ᠵᠡᠷᠭᠡ ᠨᠢᠭᠤᠷ ᠲᠤ  ᠃  ᠵᠦᠩᠬᠤᠸᠠ ᠪᠢᠴᠢᠭ ᠤᠨ  ᠬᠤᠷᠢᠶ᠎ᠠ  ᠎ ᠶᠢᠨ 1974 ᠤᠨ ᠤ 10 ᠰᠠᠷ᠎ᠠ ᠶᠢᠨ ᠨᠢᠭᠡᠳᠦᠭᠡᠷ ᠬᠡᠪᠯᠡᠯ  ︶  ᠃〔2〕 ᠨᠢᠭᠡ ᠵᠢᠯ ᠤᠨ  ᠲᠦᠷᠪᠡᠨ ᠤᠯᠠᠷᠢᠯ 12 ᠰᠠᠷ᠎ᠠ  ᠄ ᠴᠢᠩ ᠤᠯᠤᠰ ᠤᠨ ᠪᠠᠳᠠᠷᠭᠤᠤᠯᠳᠤ ᠲᠦᠷᠦ ᠶᠢᠨ 33 ᠳ᠋ᠤᠭᠠᠷ ᠤᠨ ᠳᠤ ᠬᠡᠪᠡᠯᠡᠭᠰᠡᠨ ︽ᠮᠤᠩᠭᠤᠯ ᠤᠨ  ᠲᠡᠮᠳᠡᠭᠯᠡᠯ  ︾ 113᠂120᠂123 ᠳ᠋ᠤᠭᠠᠷ ᠨᠢᠭᠤᠷ ᠤᠨ  ᠪᠠᠭᠠᠷᠢᠨ ᠤᠷᠤᠨ ᠤ   ᠴᠠᠭ  ᠬᠤᠭᠤᠴᠠᠭ᠎ᠠ ᠶᠢᠨ ᠲᠡᠮᠳᠡᠭᠯᠡᠯ  ᠎ ᠢ 1963 ᠤᠨ  ᠎ ᠤ 11 ᠳ᠋ᠤᠭᠡᠷ ᠰᠠᠷ᠎ᠠ ᠳᠤ ᠬᠡᠪᠯᠡᠭᠰᠡᠨ  ︽ᠵᠤᠤ ᠤᠳᠠ  ᠠᠶᠢᠮᠠᠭ ᠤᠨ  ᠲᠠᠷᠢᠶᠠᠯᠠᠩ ᠤᠨ  ᠮᠡᠷᠭᠡᠵᠢᠯ ᠤᠨ  ᠭᠠᠷ ᠲᠡᠪᠳᠡᠷ  ︾ 4 —12 ᠳ᠋ᠤᠭᠠᠷ ᠨᠢᠭᠤᠷ ᠲᠤ ᠲᠡᠮᠳᠡᠭᠯᠡᠭᠰᠡᠨ ᠪᠠᠭᠠᠷᠢᠨ ᠪᠠᠷᠠᠭᠤᠨ ᠬᠤᠰᠢᠭᠤᠨ  ᠎ ᠤ ᠠᠭᠤᠷ ᠠᠮᠢᠰᠬᠤᠯ  ᠎ ᠲᠠᠢ ᠬᠠᠷᠢᠴᠠᠭᠤᠯᠵᠤ ᠤᠶᠠᠯᠳᠠᠭᠤᠯᠵᠤ  ᠳ᠋ᠦᠩᠨᠡᠭᠰᠡᠨ ᠲᠡᠮᠳᠡᠭᠯᠡᠯ  ᠃ 〔3〕 ᠡᠨᠡᠬᠦ  ᠲᠦᠷᠪᠡᠨ ᠤᠯᠠᠷᠢᠯ ᠤᠨ ᠰᠠᠷ᠎ᠠ ᠶᠢᠨ ᠲᠤᠭᠳᠠᠭᠠᠭᠰᠠᠨ  ᠄ ᠡᠳᠦᠭᠡ ᠲᠡᠯᠡᠭᠡᠢ  ᠲᠡᠭᠡᠷ᠎ᠡ ᠬᠡᠷᠡᠭᠯᠡᠵᠦ ᠪᠠᠶᠢᠭ᠎ᠠ ᠬᠠᠯᠠᠭᠤᠨ ᠬᠦᠢᠳᠡᠨ ᠤ ᠬᠡᠮᠵᠢᠶ᠎ᠡ 22℃᠎ ᠠᠴᠠ  ᠲᠡᠭᠡᠭᠰᠢ ᠬᠠᠯᠠᠭᠤᠨ ᠨᠢ  ᠵᠤᠨ ᠤ ᠤᠯᠠᠷᠢᠯ᠂ 10℃ ᠎ ᠠᠴᠠ ᠲᠤᠷᠤᠭᠰᠢ ᠬᠠᠯᠠᠭᠤᠨ ᠨᠢ  ᠡᠪᠦᠯ ᠤᠨ  ᠤᠯᠠᠷᠢᠯ᠂  ᠡᠨᠡ  ᠬᠤᠶᠠᠷ ᠲᠤᠭᠠᠨ ᠤ  ᠬᠤᠭᠤᠷᠤᠨᠳᠤᠬᠢ  ᠬᠠᠯᠭᠤᠨ  ᠎ ᠢ  ᠬᠠᠪᠤᠷ᠂ ᠨᠠᠮᠦᠷ  ᠎ ᠤᠨ  ᠤᠯᠠᠷᠢᠯ  ᠬᠡᠬᠦ ᠲᠤᠭᠳᠠᠭᠠᠯ ᠢ  ᠪᠠᠷᠢᠮᠳᠠᠯᠠᠵᠤ ᠪᠢᠴᠢᠵᠠᠢ᠃ 〔4〕 ᠤᠳᠤᠷᠯᠠᠨ᠎ᠠ  ᠂ ᠬᠠᠪᠤᠷ ᠤᠨ  ᠠᠪᠠ  ︵春蒐)᠎ ᠶᠢ ᠵᠢᠭᠠᠨ᠎ᠠ᠃ ︵︽ᠲᠠᠪᠤᠨ ᠵᠦᠢᠯ ᠤᠨ  ᠦᠰᠦᠭ ᠬᠠᠪᠰᠤᠷᠤᠭᠰᠠᠨ  ᠮᠠᠨᠵᠦ ᠦᠭᠡᠨ ᠤ ᠲᠤᠯᠢ  ᠪᠢᠴᠢᠭ  ︾᠎ ᠤᠨ 1000 ᠳ᠋ᠤᠭᠠᠷ ᠨᠢᠭᠤᠷ  ᠎ ᠲᠤ ᠬᠢᠳᠠᠳ  ᠎ ᠢᠶᠠᠨ ︵春蒐) ᠭᠡᠵᠦ᠂  — —1957 ᠤᠨ ᠤ 8  ᠰᠠᠷ᠎ᠠ ᠳᠤ  ᠦᠨᠳᠦᠰᠤᠳᠡᠨ  ᠎ ᠤ ᠬᠡᠪᠯᠡᠯ ᠤᠨ  ᠬᠤᠷᠢᠶ᠎ᠠ︶〔5〕 ᠠᠷᠤ  ᠬᠠᠶᠢᠷᠬᠠᠨ ︽ ᠯᠢᠶᠤᠤ ᠤᠯᠤᠰ ᠤᠨ  ᠪᠢᠴᠢᠭ  ︾᠎ ᠲᠤ   ︽ᠲᠤᠮᠳᠠ ᠬᠦᠢᠳᠡᠨ ᠠᠭᠤᠯᠠ︾  ᠭᠡᠳᠡᠭ᠂ ᠭᠤᠤᠯ ᠤᠪᠤᠭ᠎ᠠ ᠪᠠ  ᠡᠮᠦᠨ᠎ᠡ  ᠬᠤᠶᠢᠨ᠎ᠠ ᠵᠡᠭᠦᠨ ᠪᠠᠷᠠᠭᠤᠨ  ᠲᠠᠯ᠎ᠠ ᠳᠠᠭᠠᠨ  ᠲᠤᠰ ᠲᠤᠰ ᠭᠤᠷᠪᠠᠨ  ᠤᠪᠤᠭ᠎ᠠ                  ¤  ᠭᠡᠰᠢᠭᠳᠡᠨ                  ¤  ᠬᠤᠰᠢᠭᠤᠨ  ᠎ ᠤ                  ¤ ᠭᠤᠷᠪᠠᠨ ᠤᠪᠤᠭ᠎ᠠ¤ ¤ ¤        ¤                                ¤ ¤ ¤ ᠪᠠᠭᠠᠷᠢᠨ     ᠪᠠᠷᠠᠭᠤᠨ                  ¤   ᠪᠠᠭᠠᠷᠢᠨ                       ᠪᠠᠷᠠᠭᠤᠨ     ᠦᠵᠦᠮᠦᠴᠢᠨ ᠤ            ¤  ᠵᠡᠭᠦᠨ ᠬᠤᠰᠢᠭᠤᠨ  ᠎ ᠤ             ᠬᠤᠰᠢᠭᠤᠨ ᠤ     ᠭᠤᠷᠪᠠᠨ ᠤᠪᠤᠭ᠎ᠠ          ¤ ᠭᠤᠷᠪᠠᠨ ᠤᠪᠤᠭ᠎ᠠ                 ᠭᠤᠷᠪᠠᠨ ᠤᠪᠤᠭ᠎ᠠ                                                               ᠤᠳᠤ ᠮᠤᠩᠭᠤᠯᠴᠤᠳ  ᠪᠢᠯᠢᠭ ᠤᠨ  ᠤᠯᠠᠷᠢᠯ ᠤᠨ  ᠲᠠᠪᠤᠨ ᠰᠠᠷ᠎ᠠ ᠶᠢᠨ 22᠎ ᠳᠤ  ᠠᠭᠤᠯᠠᠨ ᠳᠤ ᠭᠠᠷᠴᠦ ᠤᠪᠤᠭ᠎ᠠ ᠲᠠᠬᠢᠵᠦ ᠪᠠᠶᠢᠨ᠎ᠠ᠃ ︵︽ᠪᠠᠭᠠᠷᠢᠨ ᠵᠡᠭᠦᠨ ᠬᠤᠰᠢᠭᠤᠨ  ᠎ ᠤ  ᠪᠠᠳᠠᠷᠭᠤᠤᠯᠳᠤ ᠲᠦᠷᠦ ᠶᠢᠨ 33 ᠤᠨ  ᠎ ᠤ ᠮᠠᠯᠵᠢᠯ ᠤᠨ   ᠵᠢᠷᠤᠭ︶〔6〕ᠦᠯᠦᠭᠡ ᠲᠠᠷᠤᠨ᠎ᠠ  ᠄  ᠵᠤᠨ  ᠎ ᠤ ᠠᠪᠠ  ︽ᠲᠠᠪᠤᠨ ᠵᠦᠢᠯ ᠤᠨ  ᠦᠰᠦᠭ ᠬᠠᠪᠰᠤᠷᠭᠠᠭᠰᠠᠨ ᠮᠠᠨᠵᠦ ᠦᠭᠡᠨ ᠤ ᠲᠤᠯᠢ ᠪᠢᠴᠢᠭ  ︾᠎ ᠤᠨ 1001 ᠳ᠋ᠤᠭᠠᠷ ᠨᠢᠭᠤᠷ ᠲᠤ  ᠬᠢᠳᠠᠳ ᠢᠶᠠᠷ  ︵夏苗)  — —᠂1957 ᠤᠨ ᠤ 8 ᠳ᠋ᠤᠭᠠᠷ ᠰᠠᠷ᠎ᠠ ᠶᠢᠨ   ᠦᠨᠳᠤᠰᠦᠳᠡᠨ ᠤ  ᠬᠡᠪᠯᠡᠯ ᠤᠨ  ᠬᠤᠷᠢᠶ᠎ᠠ  ︶〔7〕 ᠬᠦᠢᠳᠠᠨ ᠨᠠᠭᠤᠷ ᠤᠨ  ᠲᠠᠯ᠎ᠠ  ᠄ ᠤᠳᠤ ᠶᠢᠨ  ᠳ᠋ᠠᠴᠢᠨ ᠪᠤᠯᠠᠭ ᠠᠴᠠ ᠬᠤᠶᠢᠰᠢ  ᠠᠭᠳᠠᠷᠭ᠎ᠠ ᠶᠢᠨ  ᠨᠠᠭᠤᠷ ᠠᠴᠠ   ᠡᠮᠦᠨ᠎ᠡ ᠲᠠᠯ᠎ᠠ ᠶᠢ ᠵᠢᠭᠠᠨ᠎ᠠ᠃   ︽ᠯᠢᠶᠤᠤ ᠤᠯᠤᠰ ᠤᠨ  ᠲᠡᠦᠭᠡ︾᠎ ᠳᠤ  ᠬᠢᠳᠠᠳ ᠢᠶᠠᠷ ︵凉淀) ᠭᠡᠵᠦ  ᠂   ︽ᠯᠢᠶᠤᠤ ᠤᠯᠤᠰ ᠤᠨ  ᠲᠡᠦᠭᠡ︾᠎ ᠶᠢᠨ  ᠭᠠᠵᠠᠷ ᠵᠦᠢ  ᠎ ᠶᠢᠨ 443 ᠳ᠋ᠤᠭᠠᠷ ᠨᠢᠭᠤᠷ  ᠎ ᠲᠤ ——  ᠵᠦᠩᠬᠤᠸᠠ ᠪᠢᠴᠢᠭ ᠤᠨ  ᠲᠤᠪᠴᠢᠶ᠎ᠠ  ᠎ ᠶᠢᠨ 1974 ᠤᠨ 10 ᠰᠠᠷ᠎ᠠ  ᠎ ᠶᠢᠨ  ᠠᠩᠬᠠᠳᠤᠭᠠᠷ ᠬᠡᠪᠯᠡᠯ 〔8〕 ᠬᠠᠷ᠎ᠠ ᠬᠢᠷᠠᠭᠤ  ᠄ ᠨᠠᠮᠦᠷ ᠤᠨ  ᠰᠡᠭᠦᠯᠴᠢ ᠪᠠᠷ  ᠬᠢᠷᠠᠭᠤ  ᠦᠵᠡᠭᠳᠡᠬᠦ ᠦᠭᠡᠢ ᠪᠠᠷ  ᠡᠪᠡᠰᠦ ᠪᠡᠯᠴᠢᠭᠡᠷ  ᠲᠠᠪᠤᠨ ᠲᠠᠷᠢᠶ᠎ᠠ ᠬᠦᠯᠳᠡᠬᠦ ᠶᠢ ᠵᠢᠭᠠᠨ᠎ᠠ᠃  ᠬᠢᠳᠠᠳ ᠢᠶᠠᠷ 黑霜  ᠭᠡᠵᠦ  ︽ᠮᠠᠨᠠᠨ ᠪᠤᠳᠠᠩ ᠪᠤᠷᠤᠩ  ᠎ ᠤᠨ  ᠲᠠᠭᠤᠤ  ︾  ᠎ ᠶᠢᠨ 80 ᠳ᠋ᠤᠭᠠᠷ ᠨᠢᠭᠤᠷ  ᠂ 2002 ᠤᠨ ᠤ  ᠵᠦᠩ   ᠵᠧᠩ  ᠬᠡᠪᠯᠡᠯ ᠤᠨ  ᠬᠤᠷᠢᠶ᠎ᠠ᠂  (硬冻)〔9〕 ᠡᠶᠢᠯᠡᠨ᠎ᠡ᠄ ᠨᠠᠮᠦᠷ ᠤᠨ  ᠠᠪᠠ ︽ᠲᠠᠪᠤᠨ ᠵᠦᠢᠯ ᠤᠨ  ᠦᠰᠦᠭ ᠬᠠᠪᠰᠤᠷᠭᠠᠭᠰᠠᠨ ᠮᠠᠨᠵᠦ ᠦᠭᠡᠨ ᠤ ᠲᠤᠯᠢ ᠪᠢᠴᠢᠭ  ︾᠎ ᠤᠨ 1001 ᠳ᠋ᠤᠭᠠᠷ ᠨᠢᠭᠤᠷ ᠲᠤ  ᠬᠢᠳᠠᠳ ᠢᠶᠠᠷ ︵秋狝) — —᠂1957 ᠤᠨ ᠤ 8 ᠳ᠋ᠤᠭᠠᠷ ᠰᠠᠷ᠎ᠠ ᠶᠢᠨ   ᠦᠨᠳᠤᠰᠦᠳᠡᠨ ᠤ  ᠬᠡᠪᠯᠡᠯ ᠤᠨ  ᠬᠤᠷᠢᠶ᠎ᠠ  ︶  ᠂ ᠶᠡᠭᠡ ᠲᠠᠯᠠᠨ   ︽ᠯᠢᠶᠤᠤ ᠤᠯᠤᠰ ᠤᠨ  ᠪᠢᠴᠢᠭ︾᠎ ᠲᠤ ︽ᠴᠢᠦ ᠱᠠᠨ︾ ᠭᠡᠵᠤ ᠲᠡᠮᠳᠡᠭᠡᠯᠠᠵᠠᠢ  ᠃ 〔10〕 ᠮᠠᠷᠭᠡᠨ ᠠᠭᠤᠯᠠ  ︐ ᠤᠳᠤ ᠶᠢᠨ  ᠪᠠᠭᠠᠷᠢᠨ ᠪᠠᠷᠠᠭᠤᠨ ᠬᠤᠰᠢᠭᠤᠨ  ᠎ ᠤ  ᠰᠠᠶᠢᠬᠠᠨ ᠬᠠᠨ ᠠᠭᠤᠯᠠ  ᠂   ︵ᠶᠤᠸᠠᠨ ᠤ ᠲᠤᠭᠳᠠᠬᠤ ᠵᠡᠷᠭᠡ ᠶᠢᠨ  ᠬᠦᠮᠦᠰ ᠤᠨ  ᠪᠢᠴᠢᠭᠰᠡᠨ  ︽ᠯᠢᠶᠤᠤ ᠤᠯᠤᠰ ᠤᠨ  ᠲᠡᠦᠭᠡ︾ 444 ᠳ᠋ᠤᠭᠠᠷ ᠨᠢᠭᠤᠷ ᠲᠤ  ᠃  ᠵᠦᠩᠬᠤᠸᠠ ᠪᠢᠴᠢᠭ ᠤᠨ  ᠬᠤᠷᠢᠶ᠎ᠠ  ᠎ ᠶᠢᠨ 1974 ᠤᠨ ᠤ 10 ᠰᠠᠷ᠎ᠠ ᠶᠢᠨ ᠨᠢᠭᠡᠳᠦᠭᠡᠷ ᠬᠡᠪᠯᠡᠯ  ︶  ᠡᠷᠳᠡᠨ ᠤ ᠬᠢᠳᠠᠳ ᠰᠤᠷᠪᠤᠯᠵᠢ ᠪᠢᠴᠢᠭ ᠲᠤ ︵黑山或缅山) ᠭᠡᠵᠦ ᠲᠡᠮᠳᠡᠭᠡᠯᠡᠵᠠᠢ᠃〔11〕 ᠬᠤᠮᠤᠷᠭᠠᠯᠠᠨ᠎ᠠ᠄ ᠡᠪᠦᠯ ᠤᠨ  ᠠᠪᠠ ︽ᠲᠠᠪᠤᠨ ᠵᠦᠢᠯ ᠤᠨ  ᠦᠰᠦᠭ ᠬᠠᠪᠰᠤᠷᠭᠠᠭᠰᠠᠨ ᠮᠠᠨᠵᠦ ᠦᠭᠡᠨ ᠎ ᠤ ᠲᠤᠯᠢ ᠪᠢᠴᠢᠭ  ︾᠎ ᠤᠨ 1000 ᠳ᠋ᠤᠭᠠᠷ ᠨᠢᠭᠤᠷ ᠲᠤ  ᠬᠢᠳᠠᠳ ᠢᠶᠠᠷ   ︵冬狩) — — ᠦᠨᠳᠤᠰᠦᠳᠡᠨ  ᠎ ᠤ ᠬᠡᠪᠯᠡᠯ ᠤᠨ  ᠬᠤᠷᠢᠶ᠎ᠠ ᠲᠡᠭᠡᠷᠡᠬᠢ ᠵᠡᠭᠦᠯᠳᠡ ᠠᠴᠠ  ᠭᠠᠳᠠᠨ᠎ᠠ ᠪᠠᠰᠠ  ︽ᠶᠤᠰᠤᠯᠠᠯᠳᠤ ᠨᠤᠮ  ︾᠎ ᠤᠨ  ᠴᠠᠭ ᠠᠭᠤᠷ ᠤᠨ  ᠦᠭᠦᠯᠡᠯ   ︵ᠡᠷᠳᠡᠨ ᠤ ᠭᠠᠤᠯᠢᠨ ᠪᠠᠷ︶  ︽辞海》(上海辞书出版社) 1980 ᠤᠨ  ᠎ ᠤ8 ᠰᠠᠷ᠎ᠠ ᠶᠢᠨ  ᠨᠢᠭᠡᠳᠦᠭᠡᠷ ᠬᠡᠪᠯᠡᠯ  ︽ᠤᠯᠠᠨ ᠵᠢᠯ ᠤᠨ  ᠴᠠᠭ ᠤᠯᠠᠷᠢᠯ ᠤᠨ   ᠪᠢᠴᠢᠭ  ︾ ︵2002 ᠤᠨ  ᠎ ᠤ 8 ᠰᠠᠷ᠎ᠠ ᠶᠢᠨ ᠾᠧ ᠪᠧᠢ  ᠮᠤᠵᠢ ᠶᠢᠨ  ᠠᠷᠠᠳ ᠤᠨ  ᠬᠡᠪᠯᠡᠯ ᠤᠨ  ᠬᠤᠷᠢᠶ᠎ᠠ  ᠎ ᠶᠢᠨ 3 ᠳ᠋ᠤᠭᠠᠷ ᠬᠡᠪᠯᠡᠯ  ︶ ᠰᠤᠷᠪᠤᠯᠵᠢᠯᠠᠭᠰᠠᠨ ᠬᠦᠮᠦᠨ  ᠄  ᠪᠠᠭᠠᠷᠢᠨ ᠤ  ᠵᠤᠯᠠᠴᠢᠨ ᠰᠦᠮ᠎ᠡ ᠶᠢᠨ  ᠪᠠᠼᠡᠷ ᠯᠠᠮᠠ    ᠂ ᠰᠡᠪᠡᠭ᠂  ᠨᠤᠷᠪᠤ᠂  ᠰᠢᠷᠠᠪᠵᠠᠮᠰᠦ  ᠃  ᠮᠤᠳᠤᠨ ᠡᠬᠢ  ᠎ ᠶᠢᠨ  ᠵᠠᠩᠴᠤᠪ  ᠂  ᠵᠠᠮᠰᠦ  ᠂  ᠭᠤᠮᠪᠤᠵᠠᠪ  ᠃  ᠯᠦᠩ ᠲᠸᠦ ᠱᠠᠨ ᠤ  ᠵᠠᠩ ᠢᠦᠢ ᠯᠢᠨ᠂  ᠵᠢᠶᠠ  ᠢᠦᠢ ᠹᠧᠩ  ︵ᠢᠨᠵᠢ ᠮᠠᠨᠵᠦ  ︶  ᠃ ᠵᠢᠦ  ᠯᠢᠶᠠᠨ ᠵᠤᠸᠠᠩ  ᠎ ᠤᠨ  ᠲᠠᠮᠠᠷᠢᠨ  ᠂  ᠪᠠᠢ ᠹᠧᠩ ᠱᠠᠨ ︵ᠮᠤᠩᠭᠤᠯ ᠦᠨᠳᠦᠰᠦᠳᠡᠨ︶᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号