ᠦᠨᠳᠦᠰᠦᠳᠡᠨ
ᠨᠡᠶᠢᠲᠡᠯᠡᠭᠰᠡᠨ ᠴᠠᠭ᠄
2020-07-01
ᠪᠠᠯᠠᠷ ᠴᠠᠭ  ᠎ ᠤᠨ  ᠬᠠᠳᠠᠭᠤ  ᠪᠠᠶᠢᠭᠠᠯᠢ  ᠎ ᠠᠴᠠ  ᠤᠷᠭᠤᠵᠦ  ᠪᠤᠰᠤᠭᠰᠠᠨ  ᠪᠦᠯᠦᠭ ᠪᠠᠯᠮᠠᠳ  ᠡᠷᠡᠨ  ᠎ ᠤ  ᠴᠢᠰᠦᠳᠠᠢ ᠲᠠᠶᠢᠨ  ᠎ ᠳᠤ  ᠨᠢᠭᠡᠳᠦᠷᠡᠵᠦ  ᠪᠤᠰᠤᠭᠰᠠᠨ  ᠰᠦᠷᠦᠭ ᠪᠠᠶᠢᠭᠠᠯᠢ  ᠶᠡᠷᠢᠳᠢᠨᠴᠦ ᠶᠢᠨ ᠬᠠᠳᠠᠭᠤ ᠰᠢᠯᠭᠠᠯᠳᠠ ᠶᠢ  ᠬᠠᠮᠳᠦᠷᠠᠵᠦ ᠲᠤᠭᠤᠯᠠᠭᠰᠠᠨ  ᠨᠢᠭᠡᠴᠡ ᠪᠤᠯᠪᠠᠰᠤᠨ  ᠴᠠᠭ  ᠎ ᠤᠨ  ᠪᠢᠯᠢᠭᠳᠦ  ᠮᠦᠴᠨ ᠳᠤ  ᠡᠷᠴᠢᠮᠡᠯᠡᠵᠦ  ᠠᠵᠢᠯᠯᠠᠭᠰᠠᠨ ᠴᠤᠭᠴᠠ ᠦᠵᠡᠯ  ᠰᠡᠳᠬᠢᠯᠭᠡ  ᠎ ᠪᠠᠨ  ᠰᠤᠯᠢᠯᠴᠠᠬᠤ  ᠎ ᠳᠤ  ᠲᠦᠷᠦᠯᠬᠢ ᠬᠡᠯᠡ ᠶᠢᠨ  ᠵᠡᠪᠰᠡᠭ  ᠎ ᠲᠠᠢ ᠤᠭᠰᠠᠬ᠎ᠠ  ᠵᠠᠯᠭᠠᠨ  ᠤᠯᠠᠮᠵᠢᠯᠠᠬᠤ  ᠎ ᠳᠤ  ᠦᠪᠡᠷᠮᠢᠴᠡ ᠠᠬᠤᠢ  ᠎ ᠶᠢᠨ ᠰᠠᠭᠤᠷᠢ ᠲᠠᠢ ᠦᠨᠡᠨ ᠬᠤᠳᠠᠯ ᠳᠤ   ᠬᠠᠨᠳᠤᠬᠤ ᠳᠤ  ᠬᠠᠮᠳᠦ  ᠎ ᠶᠢᠨ  ᠰᠡᠳᠬᠢᠬᠦᠢ  ᠎ ᠶᠢᠨ  ᠬᠡᠯᠪᠡᠷᠢ ᠲᠠᠢ ᠦᠭᠡᠷ᠎ᠡ  ᠪᠤᠰᠤᠳ  ᠎ ᠠᠴᠠ  ᠢᠯᠭᠠᠭᠳᠠᠬᠤ  ᠎ ᠳᠤ  ᠨᠡᠶᠢᠳᠡ  ᠎ ᠶᠢᠨ ᠠᠮᠢᠳᠦᠷᠠᠯ  ᠎ ᠤᠨ ᠤᠬᠠᠭᠠᠨ ᠲᠠᠢ᠃  ᠤᠷᠤᠰᠬᠤ  ᠤᠯᠠᠭᠠᠨ   ᠴᠢᠰᠦ  ᠎ ᠨᠢ   ᠯᠤᠭᠰᠢᠬᠤ  ᠰᠤᠳᠠᠯ  ᠎ ᠳᠠᠭᠠᠨ  ᠬᠤᠯᠪᠤᠭᠠᠳᠠᠢ  ᠤᠬᠠᠭᠠᠨ ᠤ ᠲᠡᠭᠷᠢ ᠨᠢ  ᠰᠢᠳᠦᠭᠡᠨ  ᠎ ᠨᠢ  ᠪᠠᠶᠢᠭᠠᠯᠢ ᠲᠡᠯᠡᠬᠡᠢ  ᠎ ᠳᠡᠭᠡᠨ  ᠬᠤᠯᠪᠤᠭᠠᠳᠠᠢ  ᠤᠤᠬ᠎ᠠ ᠰᠤᠶᠤᠯ  ᠎ ᠤᠨ  ᠬᠦᠭᠵᠢᠯᠳᠡ  ᠎ ᠨᠢ  ᠠᠭᠤᠯᠠ  ᠤᠰᠤ  ᠎ ᠳᠠᠭᠠᠨ ᠬᠤᠯᠪᠤᠭᠠᠳᠠᠢ  ᠤᠷᠤᠭᠤᠳᠠᠵᠤ  ᠮᠠᠨᠳᠤᠬᠤ  ᠬᠤᠪᠢᠷᠠᠯ ᠨᠢ  ᠬᠠᠮᠳᠦ  ᠎ ᠶᠢᠨ  ᠵᠢᠶᠠᠭᠠᠨ  ᠎ ᠳᠠᠭᠠᠨ  ᠬᠤᠯᠪᠤᠭᠠᠳᠠᠢ  ᠲᠡᠭᠷᠢ ᠶᠢᠨ  ᠬᠢᠵᠠᠭᠠᠷ ᠲᠤ  ᠶᠠᠪᠤᠭᠰᠠᠨ  ᠴᠦ  ᠰᠠᠯᠵᠦ ᠴᠢᠳᠠᠰᠢ ᠦᠭᠡᠢ ᠨᠡᠷ᠎ᠡ  ᠲᠠᠮᠦ ᠶᠢᠨ  ᠭᠦᠨ ᠳᠤ   ᠤᠨᠠᠭᠰᠠᠨ  ᠴᠦ   ᠰᠤᠯᠢᠵᠦ  ᠪᠤᠯᠤᠰᠢ  ᠦᠭᠡᠢ   ᠲᠠᠮᠠᠭ᠎ᠠ  ᠲᠠᠩᠰᠤᠭ ᠵᠢᠷᠭᠠᠯ ᠳᠤ   ᠱᠤᠩᠪᠠᠭᠰᠠᠨ  ᠴᠦ  ᠮᠠᠷᠳᠠᠵᠦ ᠪᠤᠯᠤᠰᠢ ᠦᠭᠡᠢ  ᠰᠡᠷᠡᠮᠵᠢ  ᠲᠦᠮᠡᠨ  ᠦᠶ᠎ᠡ   ᠤᠯᠠᠮᠵᠢᠯᠠᠭᠰᠠᠨ ᠴᠦ  ᠬᠤᠪᠢᠷᠠᠵᠦ ᠪᠤᠯᠤᠰᠢ ᠦᠭᠡᠢ  ᠵᠦᠢᠯ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号