ᠯᠦᠨ ᠎ ᠲᠠᠢ ᠎ ᠳᠤ ᠦᠪᠡᠷ  ᠢ  ᠪᠠᠨ ᠶᠠᠯᠠᠯᠠᠭᠰᠠᠨ  ᠵᠤᠤ ᠪᠢᠴᠢᠭ
ᠨᠡᠶᠢᠲᠡᠯᠡᠭᠰᠡᠨ ᠴᠠᠭ᠄
2020/6/8
        ᠯᠦᠨ  ᠎ ᠲᠠᠢ ᠎ ᠳᠤ ᠦᠪᠡᠷ  ᠢ  ᠪᠠᠨ ᠶᠠᠯᠠᠯᠠᠭᠰᠠᠨ  ᠵᠤᠤ ᠪᠢᠴᠢᠭ          ᠡᠮᠦᠨ᠎ᠡ  ᠵᠤᠷᠭᠠᠨ  ᠠᠶᠢᠯᠠᠳᠬᠠᠯ  ᠡᠷᠭᠦᠵᠤ  ᠠᠷᠠᠳ ᠤᠨ  ᠭᠠᠶᠢᠯᠢ  ᠎ ᠶᠢ ᠭᠤᠴᠢᠨ ᠬᠤᠪᠢ ᠦᠰᠭᠡᠵᠤ  ᠬᠢᠯᠢ  ᠎ ᠳᠤ  ᠭᠡᠷᠡᠭᠯᠡᠬᠦ  ᠬᠡᠮᠡᠵᠠᠢ  ᠃  ᠢᠩᠭᠢᠪᠡᠰᠦ  ᠭᠦᠭᠰᠢᠨ ᠪᠠᠭᠤᠷᠠᠶᠢᠴᠦᠦᠯ ᠭᠤᠤᠨᠢ  ᠪᠡᠯᠪᠡᠰᠤᠳ  ᠎ ᠢ  ᠨᠡᠩᠳᠡ  ᠭᠡᠴᠡᠭᠦᠳᠡᠭᠦᠯᠬᠦ  ᠪᠤᠰᠤᠶᠤ  ᠂  ᠦᠨᠦ  ᠲᠠᠬᠢᠨᠳᠠ  ᠯᠦᠨ ᠲᠠᠢ  ᠎ ᠳᠤ   ᠴᠡᠷᠢᠭ  ᠲᠠᠷᠢᠶᠠᠨ ᠦᠢᠯᠡᠳᠬᠦ  ᠎ ᠶᠢ  ᠠᠶᠢᠯᠠᠳᠬᠠᠵᠠᠢ᠃  ᠯᠦᠨ ᠲᠠᠢ ᠠᠨᠤ  ᠴᠧ  ᠱᠢ ᠠᠴᠠ  ᠪᠠᠷᠠᠭᠤᠨᠰᠢ ᠮᠢᠩᠭᠠᠨ ᠭᠠᠵᠠᠷ  ᠎ ᠲᠤ ᠤᠷᠤᠰᠢᠮᠦᠢ᠂  ᠤᠷᠢᠳᠠ  ᠺᠠᠢ ᠯᠢᠩ ᠾᠧᠦ  ᠴᠧ ᠱᠢ ᠶᠢ  ᠲᠤᠪᠳᠤᠯᠠᠬᠤᠢ  ᠎ ᠳᠤᠷ  ᠸᠧᠢ ᠰᠢᠦᠢ  ᠂  ᠢᠦᠢ  ᠯᠢ  ᠂  ᠯᠤ᠋ ᠯᠠᠨ  ᠵᠢᠷᠭᠤᠭᠠᠨ ᠤᠯᠤᠰ ᠤᠨ  ᠵᠢᠩ ᠬᠤᠳᠠᠨ᠎ᠠ  ᠰᠠᠭᠤᠭᠰᠠᠨ  ᠬᠡᠦᠭᠡᠳ ᠲᠡᠭᠦᠦᠨᠠᠷ   ᠤᠷᠢᠳᠠᠪᠡᠷ  ᠡᠭᠡᠵᠤ᠂   ᠮᠢᠬ᠎ᠠ ᠬᠦᠨᠡᠰᠤ ᠭᠠᠷᠭᠠᠨ  ᠬᠠᠨ ᠤ ᠴᠡᠷᠢᠭ ᠢ  ᠤᠭᠳᠤᠬᠤ ᠶᠢᠨ ᠬᠠᠮᠳᠤ  ᠬᠡᠳᠦᠨ  ᠲᠦᠮᠡᠨ  ᠴᠡᠷᠢᠭ  ᠭᠠᠷᠭᠠᠨ  ᠸᠠᠩ  ᠨᠠᠷ  ᠠᠨᠤ  ᠦᠪᠡᠰᠤᠪᠡᠨ   ᠤᠳᠤᠷᠢᠳᠴᠦ  ᠴᠧ ᠱᠢ  ᠎ ᠶᠢ  ᠪᠦᠰᠡᠯᠡᠨ  ᠸᠠᠩ ᠶᠢ ᠠᠨᠤ  ᠪᠠᠭᠤᠯᠭᠠᠨ  ᠠᠪᠤᠯᠤᠭ᠎ᠠ  ᠃ ᠤᠯᠠᠨ ᠤᠯᠤᠰ ᠤᠨ  ᠴᠡᠷᠢᠭ  ᠲᠠᠷᠦᠢ  ᠡᠭᠡᠵᠤ  ᠂ ᠬᠦᠴᠦᠨ ᠠᠨᠤ  ᠬᠠᠨ ᠤ ᠴᠡᠷᠢᠭ ᠤᠨ ᠬᠦᠨᠡᠰᠤᠨ ᠢ  ᠲᠠᠬᠢᠨᠳᠠ ᠬᠠᠩᠭᠠᠵᠤ  ᠴᠢᠳᠠᠬᠤᠨ ᠦᠭᠡᠢ ᠪᠤᠯᠵᠠᠢ  ᠃  ᠬᠠᠨ ᠤ ᠴᠡᠷᠢᠭ ᠬᠤᠳᠠᠨ ᠢ   ᠡᠪᠳᠡᠨ  ᠠᠮᠤ ᠬᠦᠨᠡᠰᠤᠨ ᠢ  ᠡᠯᠪᠡᠭ  ᠤᠯᠵᠠᠯᠠᠭᠰᠠᠨ ᠴᠦ  ᠵᠢᠩ ᠬᠤᠳᠠᠨ᠎ᠠ  ᠲᠡᠭᠡᠪᠦᠷᠢᠯᠡᠨ ᠠᠪᠴᠢᠷᠠᠵᠤ ᠦᠯᠦ   ᠲᠡᠶᠢᠯᠡᠵᠤ᠂  ᠴᠢᠬᠢᠷᠠᠭ ᠠᠨᠤ ᠲᠡᠶᠢᠮᠡᠯᠡ  ᠢᠳᠡᠵᠤ  ᠪᠠᠭᠤᠷᠠᠢ ᠠᠨᠤ  ᠵᠠᠮ ᠵᠠᠭᠤᠷ᠎ᠠ  ᠬᠡᠳᠦᠨ ᠮᠢᠩᠡᠭᠠᠨ ᠢᠶᠠᠷ   ᠦᠭᠦᠯᠦᠭᠡ᠃  ᠮᠡᠬᠦᠰ  ᠮᠢᠨᠦ ᠪᠡᠶ᠎ᠡ ᠵᠢᠦ ᠴᠢᠦᠸᠠᠨ ᠤ  ᠡᠯᠵᠢᠭᠡ᠂ ᠲᠡᠮᠡᠭᠡᠨ ᠤ ᠠᠩᠬᠢ  ᠎ ᠪᠠᠷ  ᠠᠮᠤ  ᠠᠴᠢᠭᠤᠯᠵᠤ  ᠢᠦᠢ ᠮᠧᠨ  ᠎ ᠢᠶᠠᠷ ᠭᠠᠷᠴᠦ ᠴᠡᠷᠢᠭ ᠢ   ᠤᠭᠳᠤᠯᠤᠭ᠎ᠠ᠃   ᠠᠯᠪᠠᠨ ᠴᠡᠷᠢᠭ  ᠵᠠᠩ ᠶᠧ   ᠬᠦᠷᠳᠡᠯ᠎ᠡ ᠬᠤᠯᠠ ᠪᠤᠰᠤ ᠠᠭᠰᠠᠨ ᠴᠦ ᠤᠯᠠᠨ ᠠᠨᠤ  ᠬᠤᠴᠦᠷᠠᠯᠤᠭ᠎ᠠ᠃            ᠦᠩᠭᠡᠷᠡᠭᠴᠢ  ᠎ ᠳᠤᠷ  ᠮᠡᠭᠦᠰ ᠪᠢ   ᠭᠡᠭᠡᠨ ᠪᠤᠰᠤ᠂  ᠵᠢᠶᠦ᠋ᠨ ᠬᠤ᠋ ᠲᠦᠰᠢᠮᠡᠯ  ᠾᠦᠩ ᠤᠨ  ᠡᠷᠭᠦᠭᠰᠡᠨ   ︽ᠾᠦᠩᠨᠤ  ᠮᠤᠷᠢᠨ  ᠤ  ᠲᠦᠷᠪᠡᠨ ᠬᠦᠯ  ᠢ  ᠤᠶᠠᠵᠤ  ᠬᠤᠳᠠᠨ ᠤ  ᠲᠤᠤᠷ᠎ᠠ  ᠲᠠᠯᠪᠢᠵᠤ   ︿ ᠪᠢᠳᠡᠨᠡᠷ  ᠴᠢᠨ ᠤ ᠬᠦᠮᠦᠨ  ᠎ ᠢ ᠮᠤᠷᠢᠨ ᠤ ᠭᠤᠶᠢᠷᠠᠨᠴᠢ ᠮᠡᠳᠦ ᠦᠵᠡᠮᠦᠢ  ﹀︾ ᠭᠡᠰᠡᠨ ᠦᠭᠡ ᠲᠡᠭᠳᠡᠵᠠᠢ᠃   ᠪᠠᠰᠠ  ᠬᠠᠨ ᠤ ᠡᠯᠴᠢᠨ ᠢ  ᠤᠳᠠᠭᠠᠨ   ᠰᠠᠭᠠᠳᠤᠭᠠᠨ ᠡᠰᠡ ᠪᠤᠴᠠᠭᠠᠬᠤ ᠠᠴᠠ   ᠬᠤᠶᠠᠷ  ᠵᠠᠩᠵᠤᠨ ᠢ  ᠲᠤᠮᠢᠯᠠᠨ  ᠬᠠᠨ ᠤ ᠡᠯᠴᠢᠨ  ᠰᠦᠷ  ᠎ ᠢᠶᠠᠷ  ᠡᠭᠡᠬᠦᠯᠬᠦ  ᠬᠡᠮᠡᠪᠠᠢ᠃  ᠡᠷᠳᠡᠨ ᠳᠤᠷ  ᠴᠢᠩ ᠲᠠᠶᠢᠹᠦ᠋  ᠎ ᠶᠢᠨ ᠰᠡᠳᠦᠭᠰᠡᠨ  ᠪᠤᠳᠤᠯᠭ᠎ᠠ ᠶᠢ  ᠪᠦᠬᠦᠨ ᠢᠶᠠᠷ  ᠶᠠᠰᠤᠨ ᠲᠦᠯᠭᠡ ᠢᠶᠠᠷ  ᠪᠠᠳᠤᠯᠠᠨ   ᠢᠷᠸ᠎ᠠ  ᠪᠤᠰᠤ ᠶᠢ  ᠠᠨᠤ ᠡᠰᠡ ᠭᠡᠷᠡᠭᠵᠢᠬᠦᠯᠦᠮᠦᠢ᠃  ᠡᠭᠦᠨ ᠢᠶᠠᠷ  ᠮᠤᠷᠢᠨ  ᠤᠶᠠᠭᠰᠠᠨ  ᠪᠢᠴᠢᠭ ᠢ  ᠴᠧᠩᠰᠢᠶᠠᠩ᠂   ᠢᠦᠢ ᠱᠢ  ᠂  ᠡᠯ ᠴᠢᠶᠠᠨ ᠳ᠋ᠠᠨ  ᠂  ᠵᠤ᠋ ᠳ᠋ᠠ  ᠹᠦ᠋  ᠂  ᠯᠠᠩ ᠸᠧᠢ  ᠸᠧᠨ ᠰᠢᠦᠸᠠᠢ  ᠨᠠᠷ  ᠎ ᠲᠤ ᠨᠡᠶᠢᠳᠡᠮ ᠦᠵᠡᠬᠦᠯᠵᠤ᠂ ᠲᠠᠬᠢᠨ   ᠪᠠᠰᠠ  ᠡᠯ᠎ᠡ ᠵᠢᠶᠦ᠋ᠨ ᠵᠢᠴᠢ ᠤᠯᠠᠨ ᠬᠠᠷᠢᠶᠠᠳᠤ  ᠤᠯᠤᠰ ᠤᠨ  ᠳ᠋ᠦ᠋   ᠸᠧᠢ  ᠴᠧᠩ ᠵᠦᠩ  ᠂ ᠵᠤᠤ ᠫᠦᠸᠧ ᠨᠤ᠋ ᠵᠡᠷᠭᠡ ᠤᠯᠠᠨ ᠨᠤᠶᠠᠳ ᠤᠨ  ᠰᠠᠨᠠᠯ ᠢ  ᠰᠤᠨᠤᠰᠴᠠᠢ᠃  ᠤᠯᠠᠨ ᠢᠶᠠᠷ  ︽ ᠾᠦᠩᠨᠤ ᠦᠪᠡᠷ ᠤᠨ  ᠮᠤᠷᠢᠨ ᠢᠶᠠᠨ  ᠤᠶᠠᠭᠰᠠᠨ ᠠᠨᠤ  ᠬᠠᠮᠤᠭ ᠤᠨ  ᠢᠷᠸ᠎ᠠ ᠦᠭᠡᠢ  ᠠᠵᠢᠯ  ︾  ᠂  ᠵᠠᠷᠢᠮ  ᠎ ᠨᠢ  ᠪᠠᠰᠠ  ︽ ᠦᠪᠡᠷ ᠤᠨ ᠴᠢᠬᠢᠷᠠᠭ ᠎ ᠢ  ᠭᠠᠶᠢᠬᠠᠭᠤᠯᠬᠤ  ᠠᠨᠤ  ᠪᠤᠰᠤᠳ ᠤᠨ  ᠨᠢᠳᠦᠨ ᠳᠤ  ᠢᠯᠡᠬᠦᠦ ᠵᠦᠢᠯ  ︾  ᠭᠡᠵᠠᠢ  ᠃            ︽ᠵᠢᠷᠦᠬᠠᠢ  ︾  ᠎ ᠪᠠᠷ  ᠲᠦᠯᠭᠡᠳᠡᠭᠦᠢ ᠳᠤ  ︽ᠶᠡᠭᠡ ᠤᠰᠤᠯ  ︾  ᠂ ︽ ᠶᠡᠭᠡᠰ  ᠎ ᠲᠤ  ᠠᠰᠢᠭ ᠎ ᠲᠠᠢ  ᠂  ᠾᠦᠩᠨᠤ  ᠶᠡᠭᠡ ᠠᠯᠳᠠᠮᠦᠢ  ᠂   ᠤᠯᠳᠠᠰᠢ ᠦᠭᠡᠢ ᠲᠤᠬᠢᠶᠠᠯ  ︾  ᠪᠠᠰᠠ ᠦᠭᠦᠡᠯᠷᠦᠨ  ︽ ᠤᠮᠠᠷᠠᠰᠢ ᠲᠠᠶᠢᠯᠠᠬᠤ ᠵᠠᠩᠵᠤᠨ   ᠹᠦ᠋ ᠱᠠᠨ  ᠎ ᠳᠤᠷ  ᠶᠡᠭᠡᠳᠡ ᠢᠯᠠᠮᠦᠢ  ︾᠃ ᠲᠦᠯᠭᠡᠴᠢᠳ  ︽ᠬᠤᠶᠠᠷ ᠵᠠᠩᠵᠤᠨ  ᠬᠠᠮᠤᠭ ᠎ ᠠᠴᠠ  ᠪᠢᠯᠢᠭ ᠲᠠᠢ︾    ᠬᠡᠮᠡᠬᠦ  ᠎ ᠲᠤᠷ  ᠮᠡᠭᠦᠰ  ᠪᠢ ᠪᠡᠶᠡᠪᠡᠷ  ᠬᠤᠶᠠᠷ  ᠠᠩᠬᠢ ᠴᠢᠷᠢᠭ  ᠎ ᠢ ᠹᠦ᠋ ᠱᠠᠨ ᠵᠦᠭ ᠬᠦᠳᠡᠯᠭᠡᠵᠤ  ᠲᠠᠬᠢᠨ ᠪᠠᠰᠠ ᠵᠤᠤ  ᠪᠠᠭᠤᠯᠭᠠᠨ  ︽ ᠬᠦᠨ ᠤᠷᠤᠬᠤ ᠶᠢ  ᠴᠡᠭᠡᠷᠡᠯᠡᠳᠦᠭᠡᠢ︾ ᠬᠡᠮᠡᠪᠠᠢ᠃ ᠡᠳᠦᠭᠡ  ᠲᠦᠯᠭᠡ  ᠯᠦᠭᠡ  ᠡᠰᠡᠷᠭᠦᠦ  ᠪᠤᠯᠵᠠᠢ᠂ ᠬᠤᠵᠢᠮ  ᠾᠦᠩᠨᠤ  ᠎ ᠳᠤ ᠤᠯᠵᠠᠯᠠᠭᠳᠠᠭᠰᠠᠨ    ᠬᠠᠷᠠᠭᠤᠯ  ᠎ ᠲᠠᠢ  ᠲᠠᠬᠢᠨᠳᠠ   ᠠᠭᠤᠯᠵᠠᠬᠤ  ᠎ ᠳᠤ  ᠲᠡᠷᠡ ᠦᠭᠦᠯᠡᠷᠦᠨ  ︽ ᠬᠠᠨ ᠤ ᠴᠡᠷᠢᠭ ᠢᠷᠡᠬᠦ ᠶᠢ ᠰᠤᠨᠤᠰᠤᠮᠠᠭᠴᠠ  ᠾᠦᠩᠨᠤ  ᠪᠦᠭᠡ ᠢᠳᠤᠭᠠᠨ ᠲᠤᠮᠢᠯᠠᠵᠤ  ᠦᠭᠡᠷ ᠬᠤᠨᠢᠨ ᠤ  ᠴᠤᠪᠤᠭ᠎ᠠ  ᠎ ᠶᠢ  ᠲᠦᠭᠵᠢᠵᠤ᠂  ᠤᠰᠤᠨ ᠢ  ᠡᠬᠢ  ᠎ ᠶᠢ   ᠪᠦᠭᠯᠡᠵᠤ  ᠬᠠᠨ ᠤ ᠴᠡᠷᠢᠭ ᠢ   ᠬᠤᠷᠢᠭᠯᠠᠵᠠᠢ᠃  ᠴᠠᠨ ᠢᠦᠢ  ᠲᠡᠭᠷᠢ ᠶᠢᠨ  ᠬᠦᠪᠡᠭᠦᠨ ᠳᠤ  ᠮᠤᠷᠢ ᠪᠤᠯᠭ᠎ᠠ ᠬᠦᠷᠭᠡᠵᠤ᠂  ᠦᠷᠭᠦᠯᠵᠢ   ᠪᠦᠭᠡ ᠢᠳᠦᠭᠠᠨ ᠢᠶᠠᠷ  ᠦᠪᠡᠷ  ᠎ ᠢ ᠪᠠᠨ  ᠢᠷᠦᠭᠡᠯᠭᠡᠮᠦᠢ  ᠃  ᠮᠤᠷᠢᠨ  ᠤᠶᠠᠭᠰᠠᠨ ᠠᠨᠤ    ᠴᠡᠷᠢᠭ ᠤᠨ  ᠶᠠᠪᠤᠳᠠᠯ ᠢ  ᠬᠤᠷᠢᠭᠯᠠᠬᠤ  ᠭᠡᠮᠡᠭᠰᠡᠨ  ᠪᠤᠶᠤ︾  ᠭᠡᠵᠠᠢ  ᠃  ᠲᠠᠬᠢᠨ  ᠲᠦᠯᠭᠡᠳᠡᠭᠰᠡᠨ ᠳᠤ  ︽ᠬᠠᠨ ᠤ ᠨᠢᠭᠡ ᠵᠠᠩᠵᠤᠨ ᠦᠯᠵᠡᠢ ᠪᠤᠰᠤ  ︾  ᠭᠡᠵᠠᠢ  ᠃  ᠾᠦᠩᠨᠤ  ᠦᠷᠭᠦᠯᠵᠢ ᠦᠭᠦᠯᠡᠷᠦᠨ  ︽ ᠬᠠᠨ   ᠠᠤᠭ᠎ᠠ  ᠶᠡᠭᠡ᠂  ᠭᠡᠳᠡᠯ᠎ᠡ ᠦᠯᠦᠰᠴᠦ ᠤᠮᠳᠠᠭᠠᠰᠬᠤ ᠶᠢ ᠲᠠᠭᠠᠬᠤ ᠦᠭᠡᠢ᠂  ᠨᠢᠭᠡᠨ ᠴᠢᠨ᠋ᠸ᠎ᠠ  ᠎ ᠶᠢ ᠲᠠᠯᠪᠢᠪᠠᠰᠤ   ᠮᠢᠩᠭᠠᠨ ᠬᠤᠨᠢᠨ ᠢ   ᠠᠯᠳᠠᠭᠤᠯᠦᠮᠦᠢ  ︾  ᠭᠡᠳᠡᠭ᠃        ᠬᠤᠶᠠᠷ  ᠴᠡᠷᠢᠭ ᠢᠯᠠᠭᠳᠠᠵᠤ  ᠴᠡᠷᠢᠭ ᠠᠷᠠᠳ    ᠦᠭᠦᠵᠦ ᠰᠢᠷᠠᠭᠳᠤᠨ ᠰᠠᠷᠨᠢᠨ  ᠪᠤᠳᠠᠷᠠᠭᠰᠠᠨ  ᠡᠮᠭᠡᠨᠢᠯ   ᠮᠡᠭᠦᠰ ᠮᠢᠨᠦ ᠰᠡᠳᠬᠢᠯ ᠳᠤ   ᠢᠮᠠᠭᠳᠠ ᠡᠷᠬᠢᠯᠳᠦᠮᠦᠢ᠃  ᠡᠳᠦᠭᠡ  ᠠᠯᠤᠰ  ᠯᠦᠨ ᠲᠠᠢ  ᠎ ᠳᠤᠷ  ᠲᠠᠷᠢᠶᠠᠯᠠᠨ  ᠴᠠᠶᠢᠵᠨ ᠪᠠᠬᠢᠯᠡᠯᠳᠡ ᠪᠠᠷᠢᠬᠤ ᠬᠡᠮᠡᠬᠦ ᠢᠨᠦ  ᠠᠷᠠᠳ ᠢ  ᠵᠤᠪᠠᠭᠠᠬᠤ  ᠠᠵᠢᠯ ᠪᠤᠶᠤ᠂  ᠮᠡᠭᠦᠰ  ᠪᠢ  ᠰᠤᠨᠤᠰᠴᠦ  ᠦᠯᠦ  ᠪᠤᠯᠤᠮᠦᠢ  ᠃  ᠳ᠋ᠠ ᠾᠦᠩ ᠯᠤ᠋ ᠵᠡᠷᠭᠡ ᠲᠦᠰᠢᠮᠡᠯ ᠪᠠᠰᠠ ᠰᠠᠨᠠᠭᠤᠯᠤᠷᠤᠨ  ᠶᠠᠯᠠᠳᠠᠨ ᠢ  ᠡᠯᠰᠡᠵᠤ ᠱᠠᠩᠨᠠᠨ ᠬᠦᠬᠢᠬᠦᠯᠦᠨ‌ᠾᠧᠦ  ᠡᠷᠭᠦᠮᠵᠢᠯᠡᠨ   ᠾᠦᠩᠨᠤ ᠳᠤ   ᠡᠯᠴᠢᠯᠡᠨ    ᠂ ᠲᠠᠪᠤᠨ ᠡᠵᠡᠷᠭᠡᠭ  ᠎ ᠤᠨ  ᠦᠯᠦ ᠴᠢᠳᠠᠭᠰᠠᠨ ᠢ  ᠪᠡᠶᠡᠯᠡᠬᠦᠯᠬᠦ  ᠭᠡᠮᠡᠵᠠᠢ  ᠃  ᠭᠡᠳᠡᠯ᠎ᠡ    ᠾᠦᠩᠨᠤ  ᠬᠠᠨ  ᠎ ᠤ ᠲᠠᠭᠠᠭᠰᠠᠳ ᠢ  ᠤᠯᠪᠠᠰᠤ  ᠦᠷᠭᠦᠯᠵᠢ  ᠭᠠᠷ ᠡᠷᠭᠦᠭᠦᠯᠦᠨ  ᠨᠡᠩᠵᠢᠮᠦᠢ᠂   ᠰᠤᠨᠤᠰᠤᠭᠰᠠᠨ ᠵᠦᠢᠯ ᠢ  ᠢᠨᠦ  ᠰᠢᠭᠦᠨ ᠠᠰᠠᠭᠤᠮᠦᠢ  ᠂ ᠡᠳᠦᠭᠡ ᠬᠢᠯᠢ  ᠬᠢᠵᠠᠭᠠᠷ  ᠵᠢᠷᠦᠮ ᠦᠭᠡᠢ᠂   ᠭᠠᠷᠴᠦ ᠤᠷᠤᠬᠤ  ᠎ ᠳᠤ ᠬᠤᠷᠢᠭ᠎ᠠ ᠦᠭᠡᠢ᠂  ᠬᠢᠵᠠᠭᠠᠷ ᠤᠨ ᠨᠤᠶᠠᠳ  ᠠᠪᠠ ᠠᠩᠨᠠᠨ   ᠠᠷᠠᠰᠤ ᠮᠢᠬ᠎ᠠ ᠶᠢ ᠠᠨᠤ ᠠᠷᠠᠯᠵᠢᠵᠤ᠂  ᠴᠡᠷᠢᠭ ᠤᠨ  ᠠᠷᠠᠳ  ᠭᠠᠰᠢᠭᠤᠨ ᠲᠠᠢ  ᠮᠦᠷᠳᠡᠭᠡᠨ  ᠲᠤᠬᠢᠶᠠᠨ ᠤ  ᠤᠳᠤᠭ᠎ᠠ ᠴᠦᠭᠡᠷᠡᠵᠦ᠂  ᠠᠯᠳᠠᠬᠤᠢ  ᠎ ᠳᠤᠷ ᠬᠤᠷᠠᠵᠤ  ᠠᠮᠵᠢᠬᠤ ᠦᠭᠡᠢ᠂  ᠬᠤᠵᠢᠮ  ᠲᠠᠭᠠᠭᠰᠠᠳ  ᠢᠷᠡᠬᠦ  ᠪᠤᠶᠤ  ᠬᠡᠯᠡ  ᠤᠯᠵᠠᠯᠠᠪᠠᠰᠤ ᠮᠡᠳᠡᠵᠦ ᠪᠤᠯᠦᠮᠦᠢ᠃   ᠤᠳᠤᠬᠠᠨ ᠤ  ᠡᠭᠦᠷᠭᠡ ᠪᠤᠯᠪᠠᠰᠤ᠂  ᠬᠠᠷᠬᠢᠰ ᠲᠤᠭᠰᠢᠨ ᠢ  ᠴᠠᠭᠠᠵᠠᠯᠵᠤ  ᠂  ᠰᠠᠮᠠᠭᠤᠨ ᠭᠤᠪᠴᠢᠭᠤᠷ ᠢ   ᠵᠤᠭᠰᠤᠭᠠᠵᠤ᠂  ᠲᠠᠷᠢᠶᠠᠨ ᠠᠵᠢᠯ ᠳᠤ ᠰᠢᠮᠳᠡᠨ᠂  ᠮᠤᠷᠢᠨ  ᠰᠡᠷᠭᠦᠭᠡᠬᠦ ᠵᠠᠷᠯᠢᠭ ᠢ  ᠰᠡᠯᠪᠢᠨ  ᠂ ᠲᠤᠳᠠᠭᠤ ᠬᠤᠭᠤᠰᠤᠨ ᠢ  ᠪᠦᠭᠯᠡᠵᠦ᠂  ᠴᠡᠷᠢᠭ ᠤᠨ   ᠪᠡᠯᠡᠳᠭᠡᠯ ᠢ  ᠪᠠᠭᠤᠷᠠᠭᠤᠯᠬᠤ ᠦᠭᠡᠢ ᠳᠤ ᠠᠮᠦᠢ᠂  ᠡᠯ᠎ᠡ  ᠵᠢᠶᠦ᠋ᠨ  ᠵᠢᠴᠢ ᠬᠠᠷᠢᠶᠠᠳᠤ ᠤᠯᠤᠰ  ᠎ ᠤᠨ  ᠡᠯ ᠴᠢᠶᠠᠨ ᠳ᠋ᠠᠨ  ᠨᠠᠷ ᠲᠤᠰᠪᠤᠷᠢ  ᠮᠤᠷᠢ  ᠲᠡᠵᠢᠭᠡᠬᠦ   ᠪᠤᠳᠤᠯᠭ᠎ᠠ ᠵᠢᠴᠢ ᠬᠢᠵᠠᠭᠠᠷ ᠢ ᠰᠡᠯᠪᠢᠬᠦ   ᠡᠷᠭᠦᠳᠡᠯ  ᠎ ᠢᠶᠠᠨ ᠡᠷᠭᠦᠵᠤ᠂   ᠤᠯᠤᠰ ᠎ ᠤᠨ   ᠪᠤᠳᠤᠯᠭ᠎ᠠ ᠯᠤᠭ᠎ᠠ ᠨᠡᠶᠢᠴᠡᠭᠦᠯᠦᠭᠳᠤᠨ  ᠃            ︵ᠵᠧᠩ ᠾᠧ  ᠎ ᠶᠢᠨ  ᠲᠦᠷᠪᠡᠳᠤᠭᠡᠷ ᠤᠨ  ︶  ᠎ ᠤ ᠭᠤᠷᠪᠠᠳᠤᠭᠠᠷ ᠰᠠᠷ᠎ᠠ  ᠎ ᠳᠤ   ᠲᠡᠭᠡᠳᠤ  ᠵᠢᠦᠢ ᠳ᠋ᠢᠩ  ᠱᠠᠨ ᠳᠤ  ᠲᠠᠷᠢᠶᠠᠯᠠᠨ  ᠪᠤᠴᠠᠬᠤ ᠳᠠᠭᠠᠨ  ᠲᠠᠶᠢᠱᠠᠨ  ᠠᠭᠤᠯᠠᠨ  ᠎ ᠳᠤ ᠵᠢᠷᠭᠠᠨ   ᠲᠠᠬᠢᠯᠭ᠎ᠠ ᠶᠢᠨ ᠮᠠᠨᠳᠠᠯ ᠢ   ᠰᠡᠯᠪᠢᠨ   ᠴᠠᠭᠠᠭᠴᠢᠨ ᠪᠠᠷᠰ ︵ᠬᠤᠷᠷᠢᠨ ᠵᠢᠷᠭᠤᠭᠠᠨ ᠤ ᠡᠳᠦᠷ︶  ᠮᠢᠩ ᠲᠠᠩ  ᠬᠠᠷᠰᠢ ᠳᠤ ᠲᠠᠬᠢᠯᠭ᠎ᠠ ᠲᠠᠯᠪᠢᠵᠤ  ᠂ ᠬᠠᠷᠠᠭᠴᠢᠨ ᠮᠤᠭᠠᠢ ᠡᠳᠦᠷ  ᠱᠢ ᠯᠢᠦᠢ  ᠎ ᠳᠤᠷ ᠨᠠᠮᠠᠨᠴᠢᠯᠠᠵᠤ᠂  ᠤᠯᠠᠨ ᠰᠠᠶᠢᠳ ᠲᠤᠷ  ᠤᠴᠠᠷᠤᠨ  ᠲᠡᠭᠡᠳᠦ  ᠦᠭᠦᠯᠡᠷᠦᠨ  ︽ᠮᠡᠭᠦᠰ ᠪᠢ ᠰᠠᠭᠤᠷᠢᠨ ᠢ ᠵᠠᠯᠭᠠᠮᠵᠢᠯᠠᠭᠰᠠᠨ ᠠᠴᠠ ᠢᠨᠠᠭᠰᠢ   ᠭᠠᠯᠵᠢᠭᠤ   ᠲᠤᠭᠰᠢᠨ  ᠲᠡᠯᠭᠡᠷᠡᠵᠦ  ᠲᠡᠭᠷᠢ ᠶᠢᠨ ᠲᠤᠤᠷᠠᠬᠢ  ᠭᠠᠰᠢᠭᠤᠨ  ᠪᠤᠯᠤᠭᠰᠠᠨ ᠠᠨᠤ  ᠭᠡᠮᠰᠢᠪᠡᠴᠦ ᠭᠦᠢᠴᠡᠬᠦ ᠦᠭᠡᠢ᠂ ᠤᠳᠤᠬᠠᠨ ᠵᠠᠭᠤᠨ ᠤᠪᠤᠭᠳᠠᠨ ᠢ  ᠭᠠᠰᠠᠯᠭᠠᠵᠤ᠂  ᠲᠦᠷᠥ  ᠬᠦᠷᠦᠨ  ᠤ  ᠪᠦᠷᠢᠯᠭᠡᠬᠦ  ᠵᠦᠢᠯ ᠢ ᠪᠦᠷᠢᠮᠦᠰᠤᠨ ᠦᠭᠡᠶᠢᠰᠭᠡᠰᠦᠭᠡᠢ᠃  ︾  ᠃  ᠲᠢᠶᠠᠨ ᠴᠢᠶᠠᠨ ᠴᠢᠦ ᠦᠭᠦᠯᠡᠷᠦᠨ ︽ ᠰᠢᠳᠡᠳᠡᠨ ᠤ ᠲᠤᠳᠤᠷ᠎ᠠ ᠤᠯᠠᠨ ᠬᠦᠮᠦᠰ  ᠠᠷᠰᠢ ᠰᠠᠭᠢᠭᠤᠯᠤᠭᠰᠠᠨ ᠢ   ᠶᠠᠷᠢᠵᠤ  ᠢᠯᠡᠷᠡᠭᠡᠢ  ᠭᠠᠪᠢᠶ᠎ᠡ ᠵᠢᠳᠭᠦᠯ ᠦᠭᠡᠢ᠂ ᠲᠦᠰᠢᠮᠡᠯ ᠪᠢ ᠲᠡᠳᠡᠨᠠᠷ ᠢ  ᠲᠠᠷᠬᠠᠭᠠᠨ  ᠤᠭᠴᠠᠷᠠᠭᠤᠯᠬᠤ ᠶᠢ  ᠭᠤᠶᠤᠴᠢᠯᠠᠮᠦᠢ  ︾᠂ ᠲᠡᠭᠡᠳᠦ ᠦᠭᠦᠯᠡᠷᠦᠨ  ︽ ᠳ᠋ᠠ ᠾᠦᠩ ᠯᠤ᠋ ᠢ  ᠦᠭᠡ ᠵᠦᠪ ᠪᠤᠯᠠᠢ︾  ᠃ ᠡᠭᠦᠨ ᠢᠶᠠᠷ  ᠤᠯᠠᠨ ᠤᠪᠠᠳᠢᠰ ᠰᠢᠳᠡᠳᠡᠨ  ᠎ ᠢ   ᠭᠡᠷᠡᠭᠯᠡᠬᠦ ᠶᠢ ᠵᠤᠭᠰᠤᠭᠠᠵᠠᠢ᠃  ᠬᠤᠵᠢᠮ  ᠲᠡᠭᠡᠳᠦ  ᠤᠯᠠᠨ ᠲᠦᠰᠢᠮᠡᠯ ᠳᠤ  ᠭᠡᠮᠰᠢᠨ ᠦᠭᠦᠯᠡᠷᠦᠨ   ︽ᠦᠩᠭᠡᠷᠡᠭᠰᠡᠨ ᠳᠤ ᠮᠤᠩᠬᠠᠭ  ᠴᠠᠯᠭᠠᠢ  ᠠᠵᠤ   ᠷᠢᠳᠢ ᠰᠢᠳᠢ ᠲᠠᠢ  ᠬᠦᠮᠦᠰ  ᠎ ᠲᠤ  ᠮᠡᠭᠡᠯᠡᠭᠳᠡᠪᠡ  ᠃ ᠲᠡᠭᠷᠢ ᠶᠢᠨ  ᠲᠤᠤᠷ᠎ᠠ ᠬᠠᠮᠢᠭ᠎ᠠ ᠠᠴᠠ  ᠬᠤᠪᠢᠯᠭᠠᠨ ᠬᠦᠮᠦᠨ ᠪᠠᠶᠢᠬᠤ  ᠂  ᠵᠦᠪᠭᠡᠨ  ᠲᠡᠷᠰ ᠰᠠᠮᠠᠭᠤᠨ  ᠦᠭᠦᠯᠡᠯ ᠲᠡᠳᠦᠢ  ᠂  ᠬᠤᠭᠤᠯᠠ  ᠤᠮᠳᠠ ᠪᠠᠨ ᠲᠤᠬᠢᠷᠠᠭᠤᠯᠤᠨ  ᠡᠮ  ᠤᠭᠤᠤᠪᠠᠰᠤ  ᠬᠠᠮᠤᠭ ᠤᠯᠠᠨ ᠎ ᠳᠠᠭᠠᠨ   ᠡᠪᠡᠳᠴᠢᠯᠡᠬᠦ  ᠨᠤᠷᠮ᠎ᠠ ᠠᠨᠤ  ᠴᠦᠭᠡᠨ ᠲᠡᠳᠦᠢ ᠪᠤᠶᠤ  ︾  ᠃ᠲᠡᠭᠡᠳᠦ  ᠄  ᠬᠠᠭᠠᠨ ᠢ  ᠵᠢᠭᠠᠪᠠ  ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号