ᠪᠠᠭᠠᠷᠢᠨ  ᠬᠤᠰᠢᠭᠤᠨ ᠎ ᠤ ᠰᠠᠭᠤᠷᠢ ᠎ ᠶᠢ  ᠲᠠᠯᠪᠢᠭᠴᠢ  ᠰᠤᠪᠬᠠᠢ ᠎ ᠶᠢᠨ  ᠲᠤᠬᠠᠢ  ᠦᠭᠦᠯᠡᠬᠦ ᠎ ᠨᠢ
ᠨᠡᠶᠢᠲᠡᠯᠡᠭᠰᠡᠨ ᠴᠠᠭ᠄
2020-06-05
ᠪᠠᠭᠠᠷᠢᠨ  ᠬᠤᠰᠢᠭᠤᠨ  ᠎ ᠤ ᠰᠠᠭᠤᠷᠢ  ᠎ ᠶᠢ  ᠲᠠᠯᠪᠢᠭᠴᠢ  ᠰᠤᠪᠬᠠᠢ  ᠎ ᠶᠢᠨ  ᠲᠤᠬᠠᠢ   ᠦᠭᠦᠯᠡᠬᠦ  ᠎ ᠨᠢ ᠠᠭᠤᠯᠭ᠎ᠠ  ᠎ ᠶᠢᠨ  ᠲᠤᠪᠴᠢ ᠪᠠᠭᠠᠷᠢᠨ  ᠬᠤᠰᠢᠭᠤᠨ  ᠎ ᠤ ᠰᠠᠭᠤᠷᠢ ᠶᠢ  ᠲᠠᠯᠪᠢᠭᠴᠢ  ᠰᠤᠪᠬᠠᠢ  ᠎ ᠨᠢ  ᠤᠮᠠᠷᠠᠳᠦ  ᠶᠤᠸᠠᠨ  ᠤᠯᠤᠰ ᠤᠨ  ᠵᠠᠳᠠᠷᠠᠯ  ᠎ ᠤᠨ  ᠦᠶ᠎ᠡ  ᠎ ᠳᠤ  ᠠᠮᠢᠳᠦᠷᠠᠵᠦ  ᠂  ᠴᠦᠬᠡᠨ  ᠪᠤᠯᠪᠠᠴᠦ  ᠬᠤᠷᠴᠠ   ᠬᠦᠴᠦᠨ  ᠎ ᠢᠶᠠᠷ  ᠮᠢᠩ  ᠎ ᠤᠨ  ᠲᠦᠷᠢᠮᠬᠡᠢ  ᠬᠦᠴᠦᠨ  ᠎ ᠢ  ᠵᠤᠷᠢᠭᠳᠠᠢ  ᠰᠦᠨᠦᠭᠡᠵᠦ  ᠂ ᠬᠤᠵᠢᠮ  ᠎ ᠨᠢ ᠬᠡᠳᠦᠶᠢᠪᠡᠷ  ᠢᠯᠠᠭᠳᠠᠭᠰᠨᠨ  ᠪᠤᠯᠪᠠᠴᠦ  ᠪᠠᠭᠠᠷᠢᠨ ᠬᠤᠰᠢᠭᠤᠨ  ᠎ ᠤ ᠰᠠᠭᠤᠷᠢ ᠶᠢ ᠨᠤᠳᠠᠳᠠᠢ  ᠲᠠᠯᠪᠢᠵᠦ  ᠦᠭᠴᠠᠢ  ᠃ ᠲᠡᠷᠡᠪᠡᠷ  ᠪᠤᠷᠵᠢᠬᠢᠨ  ᠤᠪᠤᠭᠳᠠᠨ  ᠂  ᠬᠢᠶᠠᠳ  ᠶᠠᠰᠤᠳᠠᠨ  ᠂ ᠪᠠᠭᠠᠷᠢᠨ  ᠤᠳᠤᠭ  ᠎ ᠤᠨ  ᠠᠬᠠᠯᠭᠴᠢ  ᠮᠦᠨ  ᠂ ᠬᠤᠵᠢᠮ  ᠎ ᠤ  ᠪᠠᠭᠠᠷᠢᠨ ᠤ ᠨᠠᠮᠳᠠᠭ ᠸᠠᠩ  ᠲᠡᠭᠦᠨ  ᠎ ᠤ ᠠᠯᠳᠠᠷ ᠭᠠᠪᠢᠶ᠎ᠡ  ᠎ ᠶᠢ  ᠲᠤᠷᠠᠰᠠᠬᠠᠨ  ︿ ︿ ᠰᠤᠪᠬᠠᠢ  ᠎ ᠶᠢᠨ  ᠰᠦᠮ᠎ᠡ  ﹀﹀  ᠪᠤᠰᠬᠠᠵᠠᠢ᠃ ᠵᠠᠩᠭᠢᠯᠭ᠎ᠠ  ᠎ ᠶᠢᠨ  ᠦᠭᠡᠰ ᠰᠤᠪᠬᠠᠢ       ᠠᠶᠢᠮᠠᠭ     ᠤᠪᠤᠭ       ᠪᠠᠭᠠᠷᠢᠨ  ᠬᠤᠰᠢᠭᠤ       ᠰᠤᠪᠤᠳᠢ  ᠎ ᠶᠢᠨ  ᠰᠦᠮ᠎ᠡ ᠪᠠᠭᠠᠷᠢᠨ    ᠬᠤᠰᠢᠭᠤᠨ  ᠎ ᠤ  ᠰᠠᠭᠤᠷᠢ  ᠎ ᠶᠢ  ᠲᠠᠯᠪᠢᠭᠴᠢ  ᠂  ᠨᠢᠭᠡ  ᠦᠶ᠎ᠡ  ᠎ ᠶᠢᠨ  ᠠᠤᠭ᠎ᠠ  ᠵᠤᠷᠢᠭᠳᠠᠨ  ᠂  ᠴᠢᠷᠡᠭ   ᠲᠠᠶᠢᠨᠴᠢ  ᠂   ᠦᠪᠦᠷ ᠬᠠᠯᠬ᠎ᠠ  ᠠᠶᠢᠮᠠᠭ  ᠎ ᠤᠨ  ᠪᠠᠭᠠᠷᠢᠨ  ᠤᠳᠤᠭ  ᠎ ᠤᠨ  ᠠᠬᠠᠯᠠᠭᠴᠢ  ᠂ ᠮᠤᠩᠭᠤᠯ   ᠎ ᠤᠨ  ᠬᠢᠶᠠᠳ  ᠠᠶᠢᠮᠠᠭ  ᠎ ᠤᠨ ᠪᠤᠷᠵᠢᠬᠢᠨ  ᠤᠪᠤᠭᠳᠤ  ᠰᠤᠪᠬᠠᠢ   ᠠᠨᠤ  ᠪᠤᠳᠠᠷᠠᠨ  ᠵᠠᠳᠠᠷᠠᠭᠰᠠᠨ  ᠤᠮᠠᠷᠠᠳᠦ ᠶᠤᠸᠠᠨ   ᠵᠢᠴᠢ  ᠮᠤᠩᠭᠤᠯ  ᠲᠤᠭᠤᠷᠭᠠᠳᠠᠨ  ᠎ ᠤ  ᠨᠠᠶᠢᠳᠠ  ᠎ ᠶᠢᠨ  ᠠᠰᠢᠭ  ᠲᠤᠰᠠ  ᠎ ᠶᠢᠨ  ᠡᠮᠤᠨ᠎ᠡ  ᠰᠠᠭᠠᠴᠢᠯᠭᠠᠳᠠᠢ  ᠪᠤᠶᠤ  ᠰᠠᠭᠠᠴᠢᠯᠭᠠᠭᠦᠢ  ᠎ ᠪᠠᠷ  ᠵᠤᠭᠰᠤᠵᠤ᠂  ᠲᠦᠮᠡᠨ ᠵᠠᠰᠠᠭᠳᠦ  ᠬᠠᠭᠠᠨ  ᠎ ᠤ  ᠪᠠᠶᠢᠷᠢ ᠰᠠᠭᠤᠷᠢ  ᠎ ᠶᠢ  ᠨᠦᠬᠦᠷᠰᠡᠭ  ᠎ ᠢᠶᠠᠷ  ᠮᠡᠳᠡᠷᠡᠨ  ᠂  ᠴᠠᠬᠠᠷ  ᠎ ᠤᠨ  ᠤᠯᠠᠨ  ᠠᠶᠢᠮᠠᠭ  ᠎ ᠲᠠᠢ  ᠨᠠᠶᠢᠷᠠᠮᠳᠠᠭᠤ  ᠎ ᠪᠠᠷ  ᠬᠠᠷᠢᠯᠴᠠᠵᠦ  ᠂  ᠮᠢᠩ  ᠎ ᠤᠨ  ᠲᠦᠷᠢᠮᠬᠡᠢ  ᠬᠦᠴᠦᠨ  ᠎ ᠲᠠᠢ   ᠪᠠᠭᠠᠳᠤᠷᠯᠠᠨ  ᠲᠡᠮᠡᠴᠡᠵᠦ  ᠂  ᠡᠴᠦᠰ  ᠎ ᠲᠡᠭᠡᠨ  ᠬᠦᠴᠦᠨ   ᠲᠤᠶᠢᠯᠳᠠᠨ   ᠠᠮᠢ  ᠎ ᠪᠠᠨ   ᠡᠷᠰᠳᠡᠭᠰᠡᠨ ᠴᠦ  ᠮᠤᠩᠭᠤᠯ  ᠲᠤᠭᠤᠷᠭᠠᠳᠠᠨ  ᠎ ᠤ  ᠲᠡᠦᠬᠡᠨ  ᠎ ᠳᠤ  ︿︿ᠪᠠᠭᠠᠷᠢᠨ  ﹀﹀ ᠬᠡᠮᠡᠬᠦ   ᠴᠢᠬᠤᠯᠠ  ᠪᠠᠶᠢᠷᠢ  ᠰᠠᠭᠤᠷᠢ  ᠎ ᠲᠠᠢ  ᠬᠤᠰᠢᠭᠤ  ᠎ ᠶᠢ  ᠦᠯᠡᠳᠡᠭᠡᠨ  ᠦᠭᠴᠠᠢ  ᠃ ᠨᠢᠭᠡ  ᠄  ᠰᠤᠪᠬᠠᠢ  ᠎ ᠶᠢᠨ  ᠲᠤᠪᠴᠢ   ᠨᠠᠮᠳᠠᠷ ᠰᠤᠪᠬᠠᠢ  ᠠᠨᠦ  ᠪᠤᠷᠵᠢᠬᠢᠨ  ᠤᠪᠤᠭᠳᠠᠨ  ᠃  ᠪᠤᠳᠠᠨᠴᠢᠷ  ᠎ ᠤᠨ  ᠠᠪᠠᠯᠢ  ᠡᠮ᠎ᠡ ᠠᠴᠠ  ᠲᠦᠷᠦᠭᠰᠡᠨ  ᠪᠠᠷᠢᠮ  ᠰᠢᠬᠢᠷᠳᠦ  ᠬᠠᠪᠢᠴᠢ  ᠪᠠᠭᠠᠳᠤᠷ  ᠎ ᠤᠨ  ᠬᠤᠶᠢᠴᠢ  ᠂   ᠪᠤᠭᠳᠠ ᠴᠢᠩᠭᠢᠰ  ᠬᠠᠭᠠᠨ  ᠎ ᠤ  ᠠᠷᠪᠠᠨ   ᠨᠠᠢᠮᠠᠳᠤᠭᠠᠷ  ᠦᠶ᠎ᠡ  ᠎ ᠶᠢᠨ  ᠬᠤᠶᠢᠴᠢ   ᠪᠠᠳᠤᠮᠦᠩᠭᠡ   ᠲᠢᠶᠠᠨ  ᠬᠠᠭᠠᠨ  ᠎ ᠤ  ᠤᠴᠢ  ᠃ ᠬᠤᠯᠬᠠᠴᠢ ᠶᠢᠨ ᠲᠡᠳ᠋  ᠬᠦᠪᠡᠭᠦᠨ   ᠃ ᠮᠢᠩ  ᠤᠯᠤᠰ  ᠎ ᠤᠨ  ᠵᠢᠶᠠ  ᠵᠢᠩ  ᠎ ᠤᠨ  ᠤᠯᠠᠭᠠᠨ  ᠮᠤᠷᠢ  ᠤᠨ  ︵1546︶  ᠎ ᠳᠤ    ᠯᠢᠶᠤᠤᠶᠠᠩ  ᠎ ᠤᠨ  ᠤᠮᠠᠷᠳᠦ  ᠡᠯᠡᠰᠦᠨ  ᠴᠦᠯ  ᠎ ᠳᠤ  ᠴᠢᠷᠡᠭ  ᠪᠠᠶᠢᠷᠰᠢᠵᠠᠢ  ᠃    ᠵᠢᠶᠠ  ᠵᠢᠩ  ᠎ ᠤᠨ  ᠤᠨ  ᠎ ᠤ  ︵1522 —1582︶    ᠰᠡᠭᠦᠯᠴᠢ ᠪᠠᠷ  ᠎ ᠲᠠᠢ  ᠨᠢᠩ ᠸᠧᠢ  ᠂  ᠹᠦ᠋  ᠢᠦᠢ  ᠸᠧᠢ  ᠵᠡᠷᠭᠡ  ᠭᠠᠵᠠᠷ  ᠎ ᠢᠶᠠᠷ  ᠰᠠᠭᠤᠷᠢᠰᠢᠵᠦ  ᠂ ᠭᠤᠸᠠᠩ  ᠨᠢᠩ  ᠎ ᠤᠨ  ᠵᠡᠭᠦᠨ   ᠬᠤᠶᠢᠳᠦ  ᠯᠢᠶᠤᠤ  ᠾᠧ  ᠭᠤᠤᠯ  ᠎ ᠤᠨ  ᠲᠤᠬᠤᠢ  ᠭᠠᠵᠠᠷ  ᠎ ᠢᠶᠠᠷ ᠮᠠᠯᠵᠢᠵᠤ  ᠂  ᠮᠢᠩ  ᠤᠯᠤᠰ  ᠎ ᠢ  ᠤᠯᠠᠨᠳᠠ  ᠰᠦᠷᠳᠡᠭᠦᠯᠦᠨ ᠴᠤᠬᠢᠵᠦ  ᠪᠠᠶᠢᠵᠠᠢ᠃  ᠡᠶᠢᠮᠦ  ᠎ ᠠᠴᠠ  ᠮᠢᠩ  ᠤᠯᠤᠰ  ᠎ ᠤᠨ  ᠬᠦᠮᠦᠰ  ᠎ ᠲᠤ  ᠎ ᠲᠠᠢ  ᠨᠢᠩ  ᠸᠧᠢ  ᠎ ᠶᠢᠨ ᠠᠬᠠᠯᠠᠭᠴᠢ  ᠬᠡᠮᠡᠭᠳᠡᠨ  ᠰᠦᠷ  ᠬᠦᠴᠦᠨ ᠪᠠᠳᠠᠷᠠᠵᠦ  ᠂ ᠦᠪᠦᠷ  ᠬᠠᠯᠬ᠎ᠠ  ᠎ ᠶᠢᠨ ᠲᠦᠯᠦᠭᠡᠯᠡᠭᠴᠢ  ᠪᠤᠯᠵᠦ  ᠂ ᠴᠠᠬᠠᠷ  ᠲᠦᠮᠡᠨ  ᠎ ᠤ  ᠬᠠᠭᠠᠨ  ᠎ ᠳᠤ ᠮᠤᠩᠭᠤᠯ  ᠎ ᠤᠨ  ᠵᠠᠰᠠᠭ  ᠪᠠᠷᠢᠭᠴᠢ ᠬᠡᠷᠡᠭ  ᠡᠷᠬᠢᠯᠡᠭᠴᠢ  ᠎ ᠶᠢᠨ   ᠭᠡᠰᠢᠭᠦᠨ  ᠎ ᠢᠶᠠᠷ  ᠰᠤᠩᠭᠤᠭᠳᠠᠨ  ᠂  ᠨᠢᠭᠡ  ᠦᠶ᠎ᠡ  ᠯᠢᠶᠤᠤ   ᠳ᠋ᠦᠩ  ᠤᠷᠤᠨ  ᠎ ᠢ  ᠲᠤᠩᠰᠤᠯᠭᠠᠵᠠᠢ  ᠃    ᠲᠦᠷᠪᠡᠨ ᠬᠦᠪᠡᠭᠦᠨ ᠲᠠᠢ  ᠄  ᠤᠤᠭᠠᠨ  ᠬᠦᠪᠡᠭᠦᠨ ᠪᠤᠶᠠᠨᠳᠦ  ᠪᠠᠰᠠ ᠪᠠᠶᠠᠨᠬᠦᠦ  ᠭᠡᠳᠡᠭ  ᠂   ᠲᠡᠳ᠋  ᠬᠦᠪᠡᠭᠦᠨ ᠪᠤᠶᠠᠨᠪᠠᠭᠠᠳᠤᠷ  ᠂ ᠭᠤᠳᠠᠭᠠᠷ  ᠬᠦᠪᠡᠭᠦᠨ  ᠪᠦᠬᠡ  ᠂ ᠤᠳᠬᠤᠨ  ᠬᠦᠪᠡᠭᠦᠨ᠂ ᠵᠤᠷᠢᠭᠳᠦ  ᠪᠤᠯᠤᠨ᠎ᠠ  ᠃ ᠬᠤᠶᠠᠷ  ᠄  ᠴᠢᠷᠡᠭ  ᠲᠠᠶᠢᠨ  ᠎ ᠤ  ᠠᠵᠢᠯᠠᠯᠭ᠎ᠠ ︿︿ᠸᠠᠨ  ᠯᠢ  ᠎ ᠶᠢᠨ  ᠴᠢᠷᠡᠭ  ᠎ ᠤᠨ  ᠵᠢᠳᠬᠦᠯᠳᠡᠨ  ᠎ ᠤ  ᠲᠡᠮᠳᠡᠭᠡᠯᠡᠯ  ﹀﹀  ᠎ ᠤᠨ  ᠠᠷᠪᠠᠨ ᠬᠤᠶᠠᠳᠤᠭᠠᠷ  ᠪᠤᠳᠢ ︿︿ᠰᠤᠪᠬᠠᠢ  ᠎ ᠶᠢᠨ  ᠱᠠᠰᠳᠢᠷ  ﹀﹀᠎ ᠲᠤ  ᠲᠡᠭᠦᠨ  ᠎ ᠤ ᠨᠢᠭᠡ  ᠨᠠᠰᠤᠨ  ᠎ ᠤ  ᠪᠠᠶᠢᠯᠳᠤᠨ   ᠲᠡᠶᠢᠯᠠᠭᠰᠠᠨ  ᠲᠡᠦᠬᠡ  ᠎ ᠶᠢ  ᠨᠠᠷᠢᠨ  ᠨᠢᠭᠳᠠ  ᠲᠡᠮᠳᠡᠭᠡᠯᠡᠵᠠᠢ  ᠃  ᠠᠳᠡ  ᠰᠤᠩᠭᠤᠨ   ᠲᠡᠮᠳᠡᠭᠡᠯᠡᠬᠦ  ᠎ ᠨᠢ  ᠄ ︿︿ᠰᠤᠪᠬᠠᠢ  ᠰᠠᠭᠤᠷᠢᠨ  ᠎ ᠢ  ᠵᠠᠯᠭᠠᠮᠵᠢᠯᠭᠰᠠᠨ  ᠎ ᠤ  ᠲᠠᠷᠠᠭ᠎ᠠ  ᠰᠦᠷ ᠬᠦᠴᠦᠨ ᠨᠢ  ᠤᠯᠠᠮ  ᠪᠠᠳᠠᠷᠠᠵᠦ  ᠂ ᠮᠤᠩᠭᠤᠯ  ᠮᠤᠷᠢᠳᠠᠨ  ᠎ ᠢ  ᠲᠠᠶᠢᠴᠢᠯᠠᠨ  ᠬᠠᠢ  ᠴᠧᠩ᠂  ᠭᠠᠢ  ᠰᠢᠶᠠ  ᠂ ᠺᠠᠢ ᠶᠤᠸᠠᠨ  ᠂ ᠮᠦᠭᠳᠡᠨ  ᠂  ᠯᠢᠶᠤᠤᠶᠠᠩ  ᠵᠡᠷᠭᠡ   ᠤᠷᠤᠨ  ᠎ ᠳᠤ  ᠬᠦᠮᠦᠨ  ᠦᠭᠡᠢ ᠭᠠᠵᠠᠷ  ᠶᠠᠪᠤᠬᠤ ᠮᠡᠳᠦ  ᠲᠠᠭᠠᠷᠢᠨ  ᠲᠤᠪᠳᠤᠯᠠᠵᠠᠢ᠃ ᠵᠢᠶᠠ  ᠵᠢᠩ  ᠎ ᠤᠨ  ᠲᠦᠴᠢᠨ  ᠲᠦᠷᠪᠡᠨ  ᠤᠨ  ᠎ ᠤ  ︵1565︶ ᠶᠢᠰᠦᠨ ᠰᠠᠷ᠎ᠠ  ᠎ ᠳᠤ   ᠨᠠᠢᠮᠠᠨ  ᠮᠢᠩᠭᠠᠨ  ᠮᠤᠷᠢᠳᠠᠨ  ᠎ ᠢ  ᠲᠠᠭᠠᠭᠤᠯᠤᠨ  ᠵᠧᠨ ᠠᠨ  ᠎ ᠠᠴᠠ  ᠭᠠᠷᠴᠦ  ᠂  ᠭᠤᠸᠠᠩ  ᠨᠢᠩ  ᠬᠤᠳᠠᠨ  ᠎ ᠳᠤ  ᠲᠦᠷᠢᠮᠬᠡᠶᠢᠯᠡᠨ  ᠤᠷᠦᠵᠦ  ᠂ ᠵᠡᠭᠦᠨᠰᠢ  ᠴᠢᠩ  ᠶᠦᠨ ᠲᠠᠢ ᠶᠢ  ᠲᠠᠭᠠᠷᠢᠵᠦ  ᠬᠦᠮᠦᠨ  ᠠᠳᠦᠭᠤᠰᠦᠨ  ᠤᠯᠵᠠᠯᠠᠵᠦ  ᠡᠭᠡᠪᠡ  ᠃ ᠠᠷᠪᠠᠨ ᠰᠠᠷ᠎ᠠ  ᠎ ᠳᠤ  ᠢ  ᠵᠧᠦ ᠠᠴᠠ  ᠸᠠᠩ  ᠬᠠᠨ  ᠲᠦᠨ  ᠎ ᠳᠤ  ᠤᠷᠤᠵᠦ  ᠂  ᠮᠢᠩ  ᠤᠯᠤᠰ  ᠎ ᠤᠨ  ᠡᠤ   ᠯᠤᠸᠠᠨ  ᠵᠡᠷᠭᠡ ᠠᠯᠪᠠᠨ  ᠴᠢᠷᠡᠭ   ᠲᠠᠯᠠᠭᠠᠳ  ᠬᠦᠮᠦᠨ  ᠎ ᠢ  ᠰᠦᠨᠦᠭᠡᠵᠦ  ᠂ ᠬᠤᠶᠠᠷ ᠵᠠᠭᠤ  ᠭᠠᠷᠤᠢ  ᠎ ᠶᠢ   ᠰᠢᠷᠠᠭᠳᠤᠭᠤᠯᠵᠠᠢ  ᠃   ᠠᠷᠪᠠᠨ  ᠨᠢᠭᠡᠳᠦᠭᠡᠷ  ᠰᠠᠷ᠎ᠠ  ᠎ ᠳᠤ  ᠶᠢᠰᠦᠨ  ᠮᠢᠩᠭᠠᠨ  ᠮᠤᠷᠢᠳᠠᠨ  ᠎ ᠢ  ᠲᠠᠭᠠᠭᠤᠯᠵᠦ  ᠫᠢᠡᠭ  ᠯᠤ᠋  ᠪᠤᠦ  ᠎ ᠠᠴᠠ   ᠮᠦᠭᠳᠡᠨ  ᠎ ᠳᠤ  ᠤᠷᠤᠵᠤ  ᠂  ᠤᠳᠠᠯ  ᠦᠭᠡᠢ ᠲᠦᠮᠡ  ᠢᠯᠡᠭᠦᠤ  ᠮᠤᠷᠢᠳᠠᠨ  ᠎ ᠢ  ᠲᠠᠭᠠᠭᠤᠯᠤᠨ  ᠮᠦᠭᠳᠡᠨ  ᠎ ᠠᠴᠠ  ᠴᠠᠩ    ᠱᠧᠡᠭ  ᠪᠤᠦ  ᠎ ᠳᠤ  ᠤᠷᠤᠵᠠᠢ  ᠃ᠲᠦᠴᠢᠨ  ᠲᠠᠪᠤᠨ  ︵1566︶ ᠤᠨ  ᠎ ᠤ  ᠴᠠᠭᠠᠨ  ᠰᠠᠷ᠎ᠠ  ᠎ ᠳᠤ   ᠴᠠᠩ  ᠱᠧᠩ  ᠪᠤᠦ  ᠎ ᠳᠤ  ᠲᠠᠬᠢᠨᠳᠠ  ᠤᠷᠤᠵᠦ  ᠂  ᠲᠦᠷᠪᠡᠨ ᠰᠠᠷ᠎ᠠ  ᠎ ᠳᠤ ᠵᠧᠨ  ᠡᠦ  ᠪᠤᠤ  ᠤᠷᠴᠢᠮ   ᠨᠠᠢᠮᠠᠨ  ᠮᠢᠩᠭᠠᠨ ᠮᠤᠷᠢᠳᠦ ᠴᠢᠷᠡᠭ  ᠪᠦᠭᠭᠦᠭᠦᠯᠵᠦ  ᠂  ᠨᠢᠭᠡ   ᠰᠠᠯᠠᠭ᠎ᠠ  ᠴᠢᠷᠡᠭ  ᠎ ᠢᠶᠠᠷ  ᠵᠧᠨ  ᠡᠦ  ᠪᠣᠦ  ᠨᠢᠭᠤᠴᠠ  ᠎ ᠪᠠᠷ   ᠴᠤᠬᠢᠵᠦ  ᠂  ᠨᠢᠭᠡ  ᠵᠠᠮ  ᠎ ᠤᠨ  ᠴᠢᠷᠡᠭ  ᠎ ᠢᠶᠠᠷ  ᠰᠢᠩ  ᠪᠠᠢ  ᠬᠡᠦ  ᠵᠡᠷᠭᠡ   ᠠᠷᠪᠠᠨ  ᠨᠢᠭᠡᠨ  ᠰᠠᠭᠤᠷᠢ  ᠮᠠᠨᠳᠠᠯ  ᠎ ᠢ  ᠲᠠᠭᠠᠷᠢᠵᠦ᠂ ᠮᠢᠩ  ᠎ ᠤᠨ  ᠴᠢᠷᠡᠭ  ᠎ ᠢ  ᠲᠦᠴᠢᠭᠡᠳ  ᠰᠦᠨᠦᠭᠡᠵᠠᠢ  ᠃  ᠲᠠᠷᠠᠭᠠᠪᠡᠷ ᠵᠧᠨ  ᠡᠦ  ᠎ ᠶᠢᠨ  ᠪᠠᠷᠠᠭᠤᠨ  ᠡᠮᠦᠨ᠎ᠡ   ᠎ ᠠᠴᠠ ᠭᠤᠸᠠᠩ ᠨᠢᠩ ᠤᠨ ᠵᠡᠭᠦᠨ  ᠡᠮᠦᠨ᠎ᠡ  ᠤᠷᠤᠵᠤ  ᠲᠦᠮᠡᠨ  ᠮᠤᠷᠢᠳᠠᠨ  ᠎ ᠢᠶᠠᠷ  ᠴᠢᠶᠠᠩ  ᠯᠢᠩ  ᠎ ᠳᠤ  ᠤᠷᠤᠵᠤ  ᠂ ᠲᠠᠶᠢᠰᠦᠨ  ᠎ ᠢ   ᠦᠳᠦᠭᠡᠨ  ᠮᠢᠩ  ᠎ ᠤᠨ  ᠪᠧᠢ ᠢᠦᠢ   ᠲᠦᠰᠢᠮᠡᠯ  ᠭᠧᠦ ᠯᠢᠨ  ᠎ ᠢᠶᠠᠷ  ᠬᠡᠳᠦᠷᠬᠡᠶᠢᠮᠡᠯᠡᠨ   ᠨᠡᠬᠡᠭᠦᠯᠵᠦ  ᠂   ᠭᠧᠦ  ᠯᠢᠨ ᠵᠡᠷᠭᠡ   ᠮᠢᠩ  ᠎ ᠤᠨ  ᠴᠢᠷᠡᠭ  ᠎ ᠢ  ᠭᠤᠷᠪᠠᠨ  ᠵᠠᠭᠤᠭᠠᠳ  ᠠᠯᠠᠵᠦ  ᠂ ᠲᠦᠷᠪᠠ  ᠲᠠᠪᠤᠨ ᠵᠠᠭᠤ  ᠭᠠᠷᠤᠢ    ᠬᠦᠯᠦᠭ ᠮᠤᠷᠢᠨ  ᠎ ᠢ  ᠤᠯᠵᠠᠯᠠᠵᠠᠢ᠃ ᠲᠦᠴᠢᠨ   ᠵᠢᠷᠭᠤᠭᠠᠨ  ᠤᠨ  ︵1567︶  ᠤᠨ  ᠎ ᠤ  ᠴᠠᠭᠠᠨ  ᠰᠠᠷ᠎ᠠ  ᠎ ᠳᠤ  ᠬᠤᠶᠠᠷ  ᠮᠢᠩᠭᠠᠨ  ᠮᠤᠷᠢᠳᠠᠨ  ᠎ ᠢᠶᠠᠷ  ᠴᠠᠩ ᠵᠢᠩ  ᠪᠤᠦ  ᠎ ᠠᠴᠠ  ᠠᠨ   ᠱᠠᠨ  ᠎ ᠳᠤ  ᠤᠷᠤᠵᠦ  ᠂  ᠭᠤᠷᠪᠠᠨ ᠰᠠᠷ᠎ᠠ  ᠎ ᠳᠤ   ᠮᠢᠩᠭᠠᠳ  ᠮᠦᠷᠢᠳᠠᠨ  ᠎ ᠢᠶᠠᠷ  ᠴᠠᠩ  ᠳ᠋ᠢᠩ  ᠪᠤᠦ  ᠎ ᠠᠴᠠ  ᠶᠢᠩ  ᠎ ᠲᠠᠢ  ᠎ ᠶᠢ ᠲᠠᠭᠠᠷᠢᠵᠦ  ᠂  ᠮᠢᠩ  ᠤᠯᠤᠰ  ᠎ ᠤᠨ   ᠪᠧᠢ  ᠢᠦᠢ   ᠲᠦᠰᠢᠮᠡᠯ  ᠸᠠᠩ  ᠴᠧᠩ  ᠳ᠋ᠧ  ᠎ ᠶᠢ ᠲᠠᠶᠢᠳᠦᠨ   ᠦᠬᠦᠭᠦᠯᠪᠡ᠃   ᠲᠤᠰ  ᠤᠨ  ᠎ ᠤ   ᠴᠠᠭᠠᠨ ᠰᠠᠷ᠎ᠠ  ᠎ ᠳᠤ  ᠴᠠᠩ  ᠶᠠ  ᠳᠦᠨ  ᠎ ᠲᠤᠷ  ᠤᠷᠤᠵᠤ  ᠂ ᠲᠠᠶᠢᠰᠦᠨ  ᠎ ᠳᠤ  ᠨᠡᠬᠡᠭᠳᠡᠨ  ᠨᠢᠭᠡ  ᠬᠦᠮᠦᠨ  ᠬᠤᠶᠠᠷ  ᠮᠤᠷᠢ  ᠰᠦᠢᠳᠴᠠᠢ  ᠃   ᠤᠳᠠᠯ  ᠦᠭᠡᠢ   ᠰᠦᠩ  ᠱᠤ᠋  ᠺᠧᠦ ᠠᠴᠠ  ᠰᠢᠶᠤᠤ  ᠭᠧᠦ  ᠱᠠᠨ  ᠎ ᠳᠤ  ᠮᠢᠩ  ᠎ ᠤᠨ   ᠬᠠᠵᠠᠭᠤ  ᠎ ᠶᠢᠨ  ᠵᠠᠩᠵᠣᠨ   ᠸᠠᠩ  ᠱᠢ  ᠯᠤ᠋  ᠨᠠᠷ  ᠎ ᠤᠨ  ᠬᠠᠳᠠᠭᠤ  ᠡᠰᠡᠷᠭᠦᠴᠡᠯ  ᠎ ᠳᠤ  ᠲᠤᠯᠭᠠᠷᠠᠨ  ᠬᠤᠶᠠᠷ  ᠬᠦᠮᠦᠨ  ᠎ ᠢᠶᠠᠨ  ᠦᠷᠡᠭᠳᠡᠭᠦᠯᠵᠠᠢ  ᠃ ᠲᠠᠪᠤᠨ ᠰᠠᠷ᠎ᠠ  ᠎ ᠳᠤ ᠠᠨ  ᠱᠠᠨ  ᠎ ᠠᠴᠠ  ᠾᠦᠨ  ᠾᠧ  ᠎ ᠳᠤ  ᠤᠷᠤᠵᠦ  ᠲᠦᠷᠪᠡᠨ  ᠬᠦᠮᠦᠨ  ᠎ ᠢᠶᠠᠨ ᠠᠯᠠᠭᠤᠯᠠᠵᠠᠢ᠃  ᠭᠡᠬᠦ  ᠎ ᠳᠤ ᠲᠠᠶᠢᠰᠦᠨ  ᠎ ᠤ  ᠴᠢᠶᠠᠨ  ᠪᠠ  ᠽᠦᠩ  ᠲᠦᠰᠢᠮᠡᠯ ᠸᠠᠩ  ᠰᠢ  ᠵᠦᠩ  ᠂ ᠰᠦᠨ  ᠶᠠᠨ  ᠴᠢᠩ   ᠵᠡᠷᠭᠡ  ᠲᠦᠴᠢᠨ  ᠲᠦᠷᠪᠡᠨ  ᠬᠦᠮᠦᠨ  ᠦᠬᠦᠵᠦ᠂  ᠶᠢᠷᠡᠨ  ᠬᠤᠶᠠᠷ  ᠬᠦᠮᠦᠨ  ᠰᠢᠷᠠᠭᠳᠤᠨ᠂  ᠨᠠᠶᠠᠨ  ᠬᠤᠶᠠᠷ  ᠮᠤᠷᠢ  ᠰᠦᠢᠳᠴᠠᠢ  ᠃  ᠵᠢᠷᠭᠤᠭᠠᠨ  ᠰᠠᠷ᠎ᠠ  ᠎ ᠳᠤ  ᠵᠧᠨ  ᠵᠢᠩ ᠪᠤᠦ  ᠎ ᠳᠤ   ᠤᠷᠤᠭᠠᠳ   ᠴᠧᠨ  ᠶᠠᠨ  ᠬᠢᠭᠡᠳ  ᠮᠢᠩᠭᠠᠨ  ᠡᠷᠦᠬᠡ  ᠎ ᠶᠢᠨ  ᠲᠠᠷᠤᠭ᠎ᠠ ᠵᠣᠣ ᠱᠧᠨ  ᠂ ᠵᠧᠦ  ᡁᠢ  ᠸᠠᠩ  ᠨᠠᠷ  ᠵᠡᠭᠦᠨ ᠴᠠᠩ ᠯᠢᠩ  ᠬᠦᠷᠳᠡᠯ᠎ᠡ   ᠨᠡᠬᠡᠭᠰᠡᠨ  ᠎ ᠳᠤ ᠭᠤᠴᠢᠨ   ᠭᠤᠷᠪᠠᠨ    ᠮᠢᠩ  ᠎ ᠤᠨ  ᠴᠢᠷᠡᠭ    ᠂   ᠲᠠᠯᠠᠨ  ᠵᠢᠷᠭᠤᠭᠠᠨ  ᠮᠤᠷᠢ  ᠎ ᠶᠢ  ᠎ ᠨᠢ  ᠠᠯᠠᠵᠠᠢ  ᠃   1570 ᠣᠨ  ᠎ ᠳᠤ  ᠰᠤᠪᠬᠠᠢ  ᠂  ᠤᠶᠢᠵᠠᠩ  ᠂   ᠲᠠᠶᠢᠴᠢᠨ    ᠨᠠᠷ  ᠶᠠᠩ  ᠴᠠᠩ ᠾᠧ ᠭᠤᠤᠯ ᠳᠤ  ᠴᠢᠷᠭ ᠨᠡᠶᠢᠯᠡᠭᠦᠯᠡᠨ  ᠲᠦᠮᠡᠨ  ᠵᠠᠰᠠᠭᠳᠦ  ᠎ ᠢ   ᠲᠠᠭᠠᠷᠢᠬᠤ   ᠭᠡᠵᠦ  ᠠᠯᠳᠠᠷᠰᠢᠭᠤᠯᠠᠨ  ᠾᠧ  ᠳ᠋ᠦᠩ  ᠂ ᠯᠢᠶᠤᠤ  ᠶᠠᠩ ᠎ ᠶᠢ  ᠴᠤᠬᠢᠬᠤ  ᠎ ᠪᠠᠷ  ᠲᠦᠯᠦᠪᠡᠯᠠᠵᠠᠢ᠃  ᠡᠭᠦᠨ  ᠢ  ᠮᠢᠩ  ᠎ ᠤᠨ  ᠲᠠᠯ᠎ᠠ  ᠎ ᠶᠢᠨ  ᠬᠢᠨᠢ  ᠰᠡᠷᠡᠨ  ᠮᠡᠳᠡᠵᠦ ᠲᠡᠳ᠋ ᠽᠦᠩ  ᠷᠦᠩ  ᠲᠦᠰᠢᠮᠡᠯ ᠵᠤᠤ  ᠸᠠᠨ   ᠨᠠᠷ ᠯᠢᠶᠤᠤ  ᠶᠠᠩ  ᠎ ᠶᠢ  ᠂ ᠽᠠᠨ  ᠵᠢᠶᠦ᠋ᠨ  ᠲᠦᠰᠢᠮᠡᠯ  ᠭᠦᠸᠧ  ᠴᠧᠩ  ᠡᠧᠨ   ᠵᠡᠷᠭᠡ  ᠎ ᠪᠠᠷ ᠾᠧᠦ  ᠫᠢ  ᠽᠧ  ᠎ ᠶᠢ    ᠂ ᠪᠧᠢ  ᠢᠦᠢ   ᠲᠦᠰᠢᠮᠡᠯ   ᠵᠡᠷᠭᠡ ᠠᠨᠳᠠᠢ  ᠎ ᠪᠠᠷ   ᠹᠧᠩ ᠵᠢᠢ  ᠪᠤᠦ  ᠎ ᠶᠢ  ᠂ ᠫᠧᠢ  ᠴᠧᠩ  ᠽᠦ   ᠨᠠᠷ  ᠎ ᠢᠶᠠᠷ  ᠪᠤᠦ ᠵᠢᠶᠠ ᠲᠦᠨ  ᠂ ᠾᠧ   ᠸᠠᠨ  ᠎ ᠢᠶᠠᠷ  ᠫᠢᠩ  ᠯᠦ  ᠪᠤᠦ  ᠎ ᠶᠢ   ᠲᠤᠰ  ᠲᠤᠰ    ᠰᠠᠬᠢᠭᠤᠯᠤᠨ  ᠲᠡᠮᠦᠷ  ᠬᠦᠷᠢᠶ᠎ᠡ ᠮᠡᠳᠦ   ᠪᠤᠯᠵᠠᠢ᠃  ᠲᠠᠷᠡ  ᠲᠤᠬᠠᠢ  ᠰᠤᠪᠬᠠᠢ  ᠎ ᠶᠢᠨ  ᠮᠠᠢ  ᠵᠢᠦ ᠸᠠᠩ  ᠲᠠᠪᠠᠭ᠎ᠠ  ᠎ ᠪᠠᠷ    ᠪᠠᠭᠤᠵᠦ  ᠢᠷᠡᠬᠦ  ᠎ ᠳᠡᠭᠡᠨ  ᠮᠢᠩ  ᠎ ᠤᠨ  ᠴᠢᠷᠡᠭ  ᠎ ᠲᠤ  ᠬᠤᠮᠤᠷᠭᠠᠯᠠᠭᠳᠠᠨ  ᠴᠤᠬᠢᠭᠳᠠᠵᠦ  ᠠᠶᠢᠮᠠᠭ  ᠎ ᠤᠨ  ᠠᠬᠠᠯᠠᠭᠴᠢ  ᠪᠠᠷᠰᠳᠠᠢ  ᠵᠡᠷᠭᠡ  ᠬᠦᠮᠦᠨ  ᠠᠯᠭᠳᠠᠵᠤ  ᠂ ᠲᠠᠪᠤᠨ  ᠵᠠᠭᠤᠨ  ᠨᠠᠶᠠᠨ  ᠬᠦᠮᠦᠨ  ᠬᠤᠬᠢᠷᠠᠵᠠᠢ  ᠃ 1571   ᠤᠨ  ᠎ ᠳᠤ ᠰᠤᠪᠬᠠᠢ  ᠂  ᠲᠠᠶᠢᠴᠢᠩ  ᠨᠠᠷ  ᠭᠤᠤᠯ  ᠎ ᠤᠨ  ᠬᠦᠪᠡᠭᠡ  ᠎ ᠪᠠᠷ  ᠪᠠᠷᠳᠠᠭ᠎ᠠ  ᠪᠤᠯᠭᠠᠨ ᠴᠢᠷᠡᠭ  ᠪᠠᠭᠤᠵᠠᠢ  ᠃  ᠲᠤᠬᠠᠢ  ᠎ ᠶᠢᠨ  ᠦᠶ᠎ᠡ  ᠎ ᠳᠤ  ᠠᠶᠢᠮᠠᠭ  ᠎ ᠤᠨ  ᠠᠬᠠᠯᠠᠭᠴᠢ  ᠲᠤᠩᠰᠤᠯᠭᠠᠭᠴᠢ  ᠂ ᠱᠢᠩᠭᠡᠨᠲᠠᠭᠤᠳᠦ  ᠨᠠᠷ ᠽᠠᠨ  ᠶᠠᠩ  ᠭᠧᠦ  ᠂ ᠴᠢᠩ  ᠾᠧ  ᠤᠷᠴᠢᠮ  ᠎ ᠢᠶᠠᠷ  ᠴᠢᠷᠡᠭ  ᠬᠤᠷᠠᠭᠤᠯᠠᠨ  ᠮᠢᠩ  ᠎ ᠤᠨ  ᠬᠢᠯᠢ  ᠎ ᠶᠢ   ᠲᠤᠪᠳᠤᠯᠠᠬᠤ  ᠎ ᠪᠠᠷ  ᠪᠡᠯᠡᠳᠬᠡᠵᠠᠢ  ᠃ ᠲᠡᠷᠡ ᠲᠤᠬᠠᠢ ᠰᠤᠪᠬᠠᠢ   ᠵᠠᠭᠤᠭᠠᠳ ᠮᠤᠷᠢᠳᠠᠨ  ᠎ ᠢ  ᠲᠠᠭᠠᠭᠤᠯᠵᠤ  ᠴᠠᠩ  ᠱᠧᠩ  ᠪᠤᠦ  ᠵᠠᠷᠭᠡ  ᠭᠠᠵᠡᠷ  ᠎ ᠲᠤ  ᠤᠷᠤᠵᠤ  ᠮᠢᠩ  ᠎ ᠤᠨ  ᠶᠡᠭᠡ  ᠵᠠᠩᠵᠤᠨ   ᠴᠦ  ᠯᠢᠶᠠᠨ  ᠬᠤᠸᠠ   ᠭᠦᠸᠧ  ᠎ ᠳᠤ   ᠢᠯᠠᠭᠳᠠᠵᠦ  ᠲᠦᠴᠢᠭᠡᠳ  ᠬᠦᠮᠦᠨ   ᠬᠤᠷᠤᠭᠳᠠᠵᠠᠢ  ᠃  ᠭᠡᠬᠦ  ᠎ ᠳᠤ  ᠮᠢᠩ  ᠎ ᠤᠨ  ᠴᠢᠷᠡᠭ  ᠎ ᠢ  ᠪᠠᠰᠠ  ᠠᠷᠪᠠᠨ  ᠨᠠᠶᠢᠮᠠᠨ  ᠬᠦᠮᠦᠨ  ᠎ ᠢ  ᠰᠢᠷᠠᠭᠳᠠᠭᠤᠯᠤᠭᠰᠠᠨ    ᠪᠠᠶᠢᠨ᠎ᠠ᠃    ᠨᠠᠢᠮᠠ  ᠶᠢᠰᠦᠨ ᠡᠳᠦᠷ  ᠎ ᠤᠨ  ᠲᠠᠷᠠᠭ᠎ᠠ  ᠰᠤᠪᠬᠠᠢ  ᠎ ᠶᠢᠨ  ᠲᠠᠪᠤ  ᠵᠢᠷᠭᠤᠭᠠᠨ  ᠵᠠᠭᠤᠨ  ᠴᠢᠷᠡᠭ   ᠴᠢᠩ  ᠠᠨ  ᠺᠧᠦ  ᠠᠮᠠ  ᠎ ᠪᠠᠷ  ᠤᠷᠤᠭᠠᠳ  ᠮᠢᠩ  ᠎ ᠤᠨ  ᠴᠢᠷᠡᠭ  ᠎ ᠲᠤ  ᠨᠡᠭᠡᠭᠳᠡᠨ  ᠲᠤᠩᠰᠤᠯᠭᠠᠭᠴᠢ  ᠵᠡᠷᠭᠡ   ᠨᠢᠭᠡ  ᠵᠠᠭᠤ  ᠲᠡᠪᠢᠨ  ᠨᠢᠭᠡᠨ  ᠬᠦᠮᠦᠨ  ᠂ ᠵᠠᠭᠤ ᠬᠤᠷᠢᠨ  ᠵᠢᠷᠭᠤᠭᠠᠨ  ᠮᠤᠷᠢ ᠬᠤᠬᠢᠷᠡᠪᠠ  ᠃  ᠬᠠᠷᠢᠨ  ᠮᠢᠩ ᠤᠨ   ᠲᠠᠯ᠎ᠠ ᠠᠴᠠ  ᠭᠤᠷᠪᠠᠨ  ᠬᠦᠮᠦᠨ  ᠂ ᠭᠤᠴᠢᠨ  ᠲᠠᠪᠤᠨ  ᠮᠤᠷᠢ    ᠯᠡ   ᠬᠤᠷᠤᠭᠳᠠᠵᠤ  ᠂ ᠵᠠᠭᠤ  ᠢᠯᠡᠭᠦᠦ  ᠬᠦᠮᠦᠨ  ᠎ ᠢ   ᠰᠢᠷᠠᠭᠳᠤᠵᠠᠢ  ᠃1572 ᠤᠨ  ᠎ ᠳᠤ   ᠴᠠᠩ  ᠱᠧᠩ  ᠪᠤᠤ  ᠎ ᠳᠤ  ᠢᠯᠠᠭᠳᠠᠭᠠᠳ   ᠶᠠᠳᠠᠷ  ᠲᠤᠷᠤᠢ   ᠬᠦᠯᠦᠭ  ᠮᠤᠷᠢ  ᠎ ᠪᠠᠨ  ᠲᠡᠩᠬᠡᠷᠡᠭᠦᠯᠬᠦ ᠭᠡᠵᠦ  ᠭᠤᠸᠠᠩ  ᠨᠢᠩ  ᠎ ᠤᠨ  ᠬᠤᠶᠢᠳᠦ  ᠪᠡᠶ᠎ᠡ  ᠎ ᠳᠤ  ᠪᠠᠭᠤᠳᠠᠯᠠᠯᠵᠦ  ᠪᠠᠶᠢᠭᠠᠳ  ᠮᠢᠩ  ᠎ ᠤᠨ  ᠵᠠᠩᠵᠤᠨ  ᠯᠢ  ᠴᠧᠩ  ᠯᠢᠶᠠᠩ  ᠎ ᠳᠤ  ᠰᠡᠷᠡᠭᠳᠡᠨ  ᠲᠠᠭᠠᠷᠢᠭᠳᠠᠵᠠᠢ  ᠃ ᠮᠢᠩ  ᠎ ᠤᠨ  ᠽᠠᠩ  ᠲᠧᠦ  ᠵᠢᠶᠦ᠋ᠨ  ᠮᠧᠩ  ᠳ᠋ᠠ  ᠽᠢ  ᠂  ᠯᠢᠦ  ᠳ᠋ᠠ  ᠼᠢ  ᠨᠠᠷ  ᠵᠧᠨ  ᠠᠨ  ᠪᠤᠦ ᠪᠠᠷ  ᠭᠠᠷᠴᠦ  ᠰᠤᠪᠬᠠᠢ  ᠎ ᠶᠢ ᠬᠡᠨᠡᠳᠡᠭᠦᠯᠦᠨ  ᠲᠠᠭᠠᠷᠢᠵᠠᠢ  ᠃ ᠲᠠᠳᠡᠨ  ᠎ ᠤ  ᠵᠦᠪᠯᠡᠬᠦ  ᠵᠠᠩᠵᠤᠨ  ᠾᠧᠢ  ᠶᠦᠨ  ᠯᠦᠩ  ᠲᠤᠮᠳᠠ  ᠵᠠᠮ  ᠎ ᠢᠶᠠᠷ  ᠂ ᠪᠧᠢ  ᠢᠦᠢ   ᠲᠦᠰᠢᠮᠡᠯ  ᠳ᠋ᠠᠢ  ᠭᠤᠸᠠᠨ   ᠪᠠᠷᠠᠭᠤᠨ  ᠲᠠᠯ᠎ᠠ  ᠎ ᠪᠠᠷ  ᠂ ᠴᠢᠷᠡᠭ  ᠎ ᠤᠨ  ᠡᠷᠭᠦᠭᠰᠡᠳ  ᠯᠢᠩ  ᠶᠦᠨ  ᠵᠡᠭᠦᠨ  ᠰᠦᠪᠡᠭᠡ  ᠎ ᠶᠢ  ᠎ ᠨᠢ  ᠲᠤᠰ  ᠲᠤᠰ   ᠲᠠᠭᠠᠷᠢᠵᠠᠢ  ᠃  ᠶᠢᠦ  ᠵᠢᠢ  ᠲᠦᠰᠢᠮᠡᠯ ᠹᠦ᠋  ᠶᠠᠨ  ᠱᠦᠨ  ᠂  ᠵᠦᠩ  ᠵᠢᠶᠦ᠋ᠨ ᠲᠦᠰᠢᠮᠡᠯ  ᠰᠤ᠋  ᠴᠧᠩ ᠱᠦᠨ  ᠪᠠᠶᠢᠯᠳᠣᠭᠠᠨ  ᠎ ᠤ  ᠲᠡᠷᠭᠡ  ᠎ ᠶᠢ   ᠬᠠᠮᠢᠶᠠᠷᠴᠠᠢ  ᠃   ᠲᠡᠭᠡᠭᠡᠳ  ᠮᠢᠩ  ᠎ ᠤᠨ  ᠬᠤᠯᠠᠭᠠᠢ  ᠨᠠᠷ  ᠲᠤᠰ ᠤᠨ  ᠎ ᠤ ᠴᠠᠭᠠᠨ ᠰᠠᠷ᠎ᠠ  ᠎ ᠠᠴᠠ  ᠭᠤᠷᠪᠠᠨ  ᠰᠠᠷ᠎ᠠ ᠶᠢᠨ  ᠬᠤᠭᠤᠷᠤᠨᠳᠦ  ᠰᠤᠪᠬᠠᠢ  ᠎ ᠶᠢᠨ  ᠴᠢᠷᠡᠭ  ᠎ ᠢ  ᠲᠠᠰᠤᠷᠠᠯᠳᠠ ᠦᠭᠡᠢ  ᠲᠠᠭᠠᠷᠢᠵᠠᠢ  ᠃ ᠰᠤᠪᠬᠠᠢ ᠠᠷᠭ᠎ᠠ ᠦᠭᠡᠶᠢᠳᠡᠨ  ᠬᠦᠨ ᠠᠭᠤᠯᠠᠨ  ᠎ ᠳᠤ  ᠰᠢᠷᠭᠤᠬᠤ  ᠎ ᠳᠠᠭᠠᠨ  ᠮᠢᠩ  ᠎ ᠤᠨ  ᠴᠢᠷᠡᠭ  ᠎ ᠲᠤ  ᠨᠡᠭᠡᠭᠳᠡᠨ  ᠵᠢᠷᠭᠤᠭᠠᠨ ᠬᠦᠮᠦᠨ  ᠂ ᠬᠤᠶᠠᠷ  ᠵᠠᠭᠤ  ᠢᠯᠡᠭᠦᠦ   ᠮᠤᠷᠢ  ᠬᠤᠬᠢᠷᠠᠪᠠ  ᠃  ᠬᠠᠷᠢᠨ  ᠮᠢᠩ  ᠎ ᠤᠨ  ᠴᠢᠷᠡᠭ  ᠵᠦᠪᠬᠡᠨ  ᠬᠤᠶᠠᠷ ᠬᠦᠮᠦᠨ  ᠂ ᠠᠷᠪᠠᠨ ᠮᠤᠷᠢ  ᠯᠡ  ᠰᠢᠷᠠᠭᠳᠤᠵᠠᠢ᠃ ᠸᠠᠨ ᠯᠢ  ᠎ ᠶᠢᠨ ᠲᠡᠷᠢᠭᠦᠨ ᠤᠨ  ︵1573︶  ᠎ ᠳᠤ ᠰᠤᠪᠬᠠᠢ ᠲᠡᠶᠧ  ᠯᠢᠩ  ᠂ ᠮᠦᠭᠳᠡᠨ  ᠵᠡᠷᠭᠡ ᠭᠠᠵᠠᠷ ᠢ  ᠲᠠᠭᠠᠷᠢᠬᠤ  ᠎ ᠪᠠᠷ ᠲᠦᠯᠦᠪᠡᠯᠵᠦ᠂ ᠨᠠᠢᠮᠠᠨ  ᠮᠢᠩᠭᠠᠨ ᠮᠤᠷᠢᠳᠠᠨ  ᠎ ᠢ  ᠠᠭᠤᠯᠠᠨ ᠰᠢᠭᠤᠢ  ᠎ ᠳᠤ ᠪᠦᠭᠦᠭᠦᠯᠵᠦ  ᠪᠠᠶᠢᠬᠤ ᠎ ᠶᠢ  ᠲᠡᠨᠦᠭᠦᠯ  ᠬᠦᠮᠦᠨ  ᠶᠤᠸᠠᠨ  ᠶᠠ  ᠽᠢ  ᠎ ᠳᠤ   ᠤᠯᠵᠤ  ᠮᠡᠳᠡᠭᠡᠳ  ᠮᠢᠩ  ᠎ ᠤᠨ  ᠴᠢᠷᠡᠭ  ᠎ ᠲᠤ   ᠮᠡᠳᠡᠭᠦᠯᠵᠠᠢ᠃  ᠮᠢᠩ  ᠎ ᠤᠨ  ᠶᠡᠭᠡ  ᠵᠠᠩᠵᠤᠨ  ᠯᠢ  ᠴᠧᠩ ᠯᠢᠶᠠᠩ  ᠫᠧᠩ  ᠵᠢᠶᠠ  ᠸᠠᠨ  ᠎ ᠳᠤ  ᠲᠤᠪᠳᠤᠯᠠᠨ  ᠬᠦᠷᠴᠦ   ᠰᠠᠬᠢᠬᠤ  ᠎ ᠶᠢᠨ  ᠬᠠᠮᠳᠦ   ᠨᠠᠷᠢᠨ  ᠪᠠᠶᠢᠷᠠᠭᠤᠯᠯᠤᠯᠳᠠ  ᠎ ᠶᠢ  ᠬᠢᠵᠠᠢ᠃  ᠮᠢᠩ ᠤᠨ  ᠲᠠᠯ᠎ᠠ  ᠎ ᠶᠢᠨ  ᠲᠡᠳ᠋  ᠽᠠᠨ  ᠵᠢᠶᠦ᠋ᠨ   ᠲᠦᠰᠢᠮᠡᠯ ᠶᠠᠩ  ᠲᠧᠩ  ᠂  ᠶᠢᠦ   ᠵᠢᠢ  ᠨᠠᠷ  ᠎ ᠢᠶᠠᠷ  ᠼᠧᠩ  ᡂᠢ  ᠪᠤᠤ  ᠎ ᠶᠢ    ᠂   ᠵᠦᠪᠯᠡᠬᠦ  ᠵᠠᠩᠵᠤᠨ  ᠽᠤᠤ  ᠹᠦ᠋  ᠫᠢᠩ  ᠎ ᠢᠶᠠᠷ  ᠳ᠋ᠢᠩ  ᠪᠤᠤ  ᠎ ᠶᠢ  ᠂  ᠵᠦᠪᠯᠡᠬᠦ  ᠵᠠᠩᠵᠤᠨ  ᠭᠦᠸᠧ  ᠮᠧᠩ  ᠵᠧᠩ  ᠂  ᠪᠧᠢ  ᠢᠦᠢ ᠲᠦᠰᠢᠮᠡᠯ   ᠰᠦ᠋  ᠭᠦᠸᠧ  ᠹᠦ᠋  ᠂ ᠶᠠᠩ  ᠴᠢᠶᠠᠨ  ᠂  ᠾᠧ  ᠸᠠᠨ  ᠨᠠᠷ  ᠎ ᠨᠢ  ᠵᠧᠨ  ᠰᠢ  ᠪᠤᠤ  ᠎ ᠶᠢ ᠲᠤᠰ  ᠲᠤᠰ   ᠰᠠᠬᠢᠭᠤᠯᠵᠠᠢ  ᠃  ᠰᠤᠪᠬᠠᠢ   ᠲᠠᠶᠢᠰᠦᠨ ᠨᠢᠭᠡᠨᠳᠡ  ᠪᠡᠯᠳᠬᠡᠭᠰᠡᠨ  ᠎ ᠢ  ᠦᠵᠡᠭᠡᠳ  ᠲᠦᠷᠭᠡᠯᠡᠨ ᠴᠢᠷᠡᠭ  ᠡᠭᠡᠵᠦ  ᠲᠠᠶᠢᠰᠦᠨ  ᠎ ᠳᠤ  ᠨᠡᠭᠡᠭᠳᠡᠨ  ᠂   ᠳ᠋ᠢᠶᠤᠤ  ᠪᠧᠢ ᠱᠠᠨ  ᠠᠭᠤᠯᠠᠨ  ᠎ ᠳᠤ  ᠤᠶᠢᠷᠳᠤᠬᠤ  ᠎ ᠳᠤ   ᠲᠡᠭᠷᠢ  ᠭᠡᠨᠡᠳᠳᠡ  ᠬᠤᠪᠢᠷᠠᠵᠦ  ᠴᠠᠰᠦ ᠪᠤᠷᠤᠭᠠᠨ  ᠬᠤᠯᠢᠯᠳᠤᠨ   ᠪᠠᠭᠤᠭᠰᠠᠨ  ᠎ ᠳᠤ     ᠬᠡᠩᠷᠡᠭᠡ  ᠲᠠᠯᠪᠠᠭ᠎ᠠ  ᠎ ᠪᠠᠨ  ᠤᠷᠬᠢᠵᠦ  ᠠᠭᠤᠯᠠᠨ  ᠎ ᠳᠤ  ᠰᠢᠷᠭᠤᠬᠤ  ᠎ ᠳᠠᠭᠠᠨ  ᠲᠠᠪᠢᠨ  ᠲᠤᠯᠤᠭᠠᠨ  ᠬᠦᠮᠦᠨ  ᠎ ᠢᠶᠠᠨ ᠠᠯᠠᠭᠤᠯᠵᠦ  ᠂ ᠬᠤᠶᠠᠷ ᠵᠠᠭᠤ  ᠲᠠᠯᠠᠨ ᠢᠯᠡᠭᠦᠦ  ᠤᠨᠤᠭ᠎ᠠ ᠬᠦᠯᠦᠭ  ᠵᠢᠴᠢ  ᠨᠡᠯᠢᠶᠡᠳ ᠲᠤᠭᠠᠨ ᠤ ᠵᠠᠷ ᠵᠡᠪᠰᠡᠭ  ᠎ ᠢᠶᠠᠨ ᠪᠤᠯᠢᠶᠠᠯᠭᠠᠵᠠᠢ  ᠃ ᠸᠠᠨ  ᠯᠢ  ᠎ ᠶᠢᠨ  ᠬᠤᠶᠠᠷ  ᠤᠨ  ︵1574︶  ᠎ ᠤ ᠰᠡᠭᠦᠯᠡᠷ  ᠰᠤᠪᠬᠠᠢ ᠶᠢᠨ  ᠴᠢᠷᠡᠭ  ᠢᠯᠠᠭᠳᠠᠬᠤ  ᠎ ᠨᠢ ᠤᠯᠠᠰᠢᠷᠠᠵᠠᠢ  ᠃ ᠲᠦᠭᠦᠮ ᠪᠦᠷᠢᠳᠬᠡᠯ  ᠎ ᠢ  ᠦᠨᠳᠦᠰᠦᠯᠡᠪᠡᠯ᠄ ᠸᠠᠨ ᠯᠢ  ᠎ ᠶᠢᠨ  ᠶᠢᠰᠦᠨ  ᠣᠨ  ︵1581︶  ᠪᠤᠯᠳᠠᠯ᠎ᠠ  ᠶᠢᠰᠦᠨ ᠵᠠᠭᠤᠨ  ᠵᠢᠷᠠᠨ‌ᠢᠯᠡᠭᠦᠦ ᠬᠦᠮᠦᠨ ᠬᠤᠬᠢᠷᠠᠵᠦ᠂ ᠬᠤᠶᠠᠷ   ᠮᠢᠩᠭ᠎ᠠ  ᠭᠠᠷᠤᠢ  ᠬᠦᠮᠦᠨ ᠰᠢᠷᠠᠭᠳᠦᠵᠠᠢ  ᠃ ᠪᠠᠰᠠ ᠭᠤᠤᠯ ᠳᠤ ᠰᠢᠪᠠᠷᠳᠠᠨ  ᠠᠯᠳᠠᠵᠦ ᠲᠠᠪᠤ  ᠵᠢᠷᠭᠤᠭᠠᠨ  ᠮᠢᠩᠭᠠᠨ  ᠬᠦᠮᠦᠨ  ᠦᠷᠡᠭᠳᠡᠵᠦ  ᠂ ᠮᠢᠩᠭ᠎ᠠ  ᠬᠤᠶᠠᠷ  ᠵᠠᠭᠤ  ᠭᠠᠷᠤᠢ ᠠᠭᠳᠠ  ᠮᠤᠷᠢ  ᠂ ᠵᠠᠭᠤ  ᠶᠡᠷᠢᠨ  ᠢᠯᠡᠭᠦᠦ ᠡᠯᠵᠢᠭᠡ᠂ ᠬᠤᠶᠠᠷ ᠵᠠᠭᠤᠨ  ᠲᠦᠴᠢᠨ ᠲᠡᠮᠡᠭᠡ  ᠂ ᠲᠦᠮᠡ  ᠭᠠᠷᠦᠢ  ᠵᠡᠪᠰᠡᠭ  ᠎ ᠢᠶᠠᠨ ᠠᠯᠳᠠᠵᠠᠢ  ᠃ ᠮᠢᠩ  ᠎ ᠤᠨ  ᠲᠠᠯ᠎ᠠ  ᠎ ᠶᠢᠨ  ᠬᠢᠨᠢ  ᠮᠢᠩᠭ᠎ᠠ   ᠲᠠᠪᠤᠨ  ᠵᠠᠭᠤ  ᠭᠠᠷᠦᠢ  ᠬᠦᠮᠦᠨ  ᠦᠬᠦᠵᠦ  ᠰᠢᠷᠠᠭᠳᠤᠵᠤ᠂  ᠲᠤᠯᠤᠭᠠᠨ  ᠵᠠᠭᠤ  ᠢᠯᠡᠭᠦᠦ  ᠮᠤᠷᠢ ᠪᠤᠯᠢᠶᠠᠭᠳᠠᠵᠦ  ᠂ ᠠᠮᠤ  ᠪᠤᠳᠠᠭ᠎ᠠ  ᠬᠤᠶᠠᠷ  ᠮᠢᠩᠭ᠎ᠠ  ᠨᠢᠭᠡ ᠵᠠᠭᠤᠨ ᠳ᠋ᠠᠨ  ᠰᠦᠢᠳᠴᠠᠢ  ᠃ ᠸᠠᠨ  ᠯᠢ  ᠎ ᠶᠢᠨ ᠠᠷᠪᠠᠳᠤᠭᠠᠷ  ᠤᠨ  ︵1582︶ ᠲᠦᠷᠪᠡᠨ  ᠰᠠᠷ᠎ᠠ  ᠎ ᠳᠤ  ᠰᠤᠪᠬᠠᠢ  ᠲᠦᠴᠢᠭᠡᠳ  ᠮᠤᠷᠢᠳᠠᠨ  ᠎ ᠢ  ᠲᠠᠭᠠᠭᠤᠯᠵᠤ ᠳ᠋ᠠᠢ  ᠽᠠᠢ ᠾᠧ ᠤᠯᠤᠮ  ᠎ ᠢᠶᠠᠷ ᠭᠦᠨᠵᠡᠶᠢᠭᠡᠷᠡᠭᠡᠳ ᠮᠢᠩ  ᠎ ᠤᠨ  ᠴᠢᠷᠡᠭ  ᠎ ᠲᠤ ᠨᠡᠬᠡᠭᠳᠡᠵᠠᠢ᠃ ᠤᠳᠠᠯ  ᠦᠭᠡᠢ ᠰᠤᠪᠬᠠᠢ   ᠬᠤᠶᠠᠷ  ᠮᠢᠩᠭ᠎ᠠ  ᠢᠯᠡᠭᠦᠦ  ᠮᠤᠷᠢᠳᠠᠨ  ᠲᠠᠭᠠᠭᠤᠯᠵᠤ  ᠵᠧᠨ ᠢ  ᠪᠤᠤ  ᠎ ᠳᠤ ᠰᠢᠷᠦᠭᠦᠨ ᠲᠠᠶᠢᠨ ᠪᠤᠯᠵᠤ᠂ ᠲᠤᠰ ᠲᠠᠶᠢᠨ ᠤ ᠲᠤᠮᠳᠠ ᠮᠢᠩ ᠤᠨ  ᠵᠠᠩᠵᠤᠨ  ᠯᠢ  ᠴᠧᠩ ᠯᠢᠶᠡᠩ  ᠎ ᠤᠨ  ᠵᠦᠪᠯᠡᠬᠦ ᠵᠠᠩᠵᠦᠨ  ᠯᠢ  ᠫᠢᠩ  ᠾᠧᠦ ᠳᠤ  ᠵᠡᠭᠦᠨ ᠰᠦᠪᠡᠭᠡ  ᠎ ᠨᠢ  ᠬᠠᠷᠪᠤᠭᠳᠠᠨ ᠤᠨᠠᠵᠦ  ᠂ ᠮᠢᠩ ᠤᠨ  ᠽᠠᠩ ᠲᠧᠦ ᠵᠢᠶᠦ᠋ᠨ  ᠯᠢ ᠶᠢᠦ ᠮᠢᠩ ᠳᠤ   ᠲᠡᠷᠢᠭᠦᠨ  ᠎ ᠢᠶᠠᠨ  ᠤᠭᠳᠤᠯᠤᠭᠤᠯᠵᠠᠢ  ᠃ ᠬᠢᠳᠡᠳ  ᠎ ᠲᠤ   ᠲᠠᠭᠠᠭᠰᠠᠨ  ᠵᠠᠩᠵᠤᠨ   ᠴᠠᠭᠠᠨ  ᠬᠡᠭᠦᠷ  ᠎ ᠢ  ᠎ ᠨᠢ ᠨᠤᠳᠠᠯᠵᠠᠢ  ᠃   ᠲᠡᠭᠦᠨ  ᠎ ᠤ  ᠲᠡᠷᠢᠭᠦᠨ  ᠎ ᠨᠢ  ᠳ᠋ᠧᠦ  ᠎ ᠶᠢᠨ  ᠴᠢᠨᠡᠭᠡ  ᠲᠤᠮᠦ  ᠪᠠᠶᠢᠪᠠ   ᠭᠡᠨᠡᠮ  ᠃  ᠦᠯᠡᠳᠡᠭᠳᠡᠯ  ᠬᠦᠴᠦᠨ ᠨᠢ  ᠢ ᠡᠤ ᠯᠢᠦᠢ  ᠱᠠᠨ  ᠎ ᠤ  ᠪᠠᠷᠠᠭᠤᠨ ᠰᠠᠯᠪᠤᠷᠢ ᠪᠤᠯᠬᠤ  ᠳ᠋ᠠ ᠴᠢᠩ ᠱᠠᠨ  ᠠᠭᠤᠯᠠᠨ  ᠎ ᠳᠤ  ᠤᠬᠤᠷᠢᠨ ᠤᠷᠦᠵᠠᠢ  ᠃    ᠬᠦᠷᠭᠡᠨ ᠲᠡᠭᠦᠦ  ᠬᠤᠸᠠ  ᠳ᠋ᠠ ᠬᠡᠭᠦᠷ  ᠎ ᠢ  ᠎ ᠨᠢ ᠠᠴᠢᠵᠦ  ᠶᠠᠪᠤᠭᠠᠳ  ᠰᠡᠷᠬᠡ  ᠭᠤᠤᠯ ᠪᠠ  ᠡᠮᠡᠭᠡᠯ  ᠎ ᠤᠨ  ᠭᠤᠤᠯ  ᠎ ᠤᠨ  ᠴᠢᠳᠬᠤᠯᠠᠩ  ᠎ ᠤᠨ  ᠭᠤᠤᠯ  ᠎ ᠤᠨ  ᠪᠠᠷᠠᠭᠤᠨ ᠡᠷᠭᠢ  ᠎ ᠶᠢᠨ  ᠲᠠᠮᠤᠬᠤ  ᠤᠯᠤᠮ  ᠭᠡᠬᠦ ᠭᠠᠵᠠᠷ  ᠤᠷᠤᠰᠢᠭᠤᠯᠵᠠᠢ᠃ ᠭᠤᠷᠪᠠ  ᠄  ᠰᠤᠪᠬᠠᠢ  ᠎ ᠶᠢᠨ    ᠨᠡᠶᠢᠭᠡᠮ  ᠎ ᠤᠨ   ᠪᠠᠶᠢᠷᠢ  ᠰᠠᠭᠤᠷᠢ  ᠎ ᠶᠢᠨ   ᠲᠤᠬᠠᠢ ᠰᠤᠪᠬᠠᠢ    ᠎ ᠨᠢ  ᠪᠠᠭᠠᠷᠢᠨ  ᠠᠶᠢᠮᠠᠭ  ᠎ ᠤᠨ  ᠠᠭᠯᠠᠭᠴᠢ  ᠪᠢᠰᠢ  ᠃ ᠬᠠᠷᠢᠨ  ᠪᠠᠭᠠᠷᠢᠨ  ︵ᠪᠠᠶᠢᠷᠢᠨ︶ ᠣᠳᠤᠭ  ᠎ ᠤᠨ   ᠠᠬᠠᠯᠭᠴᠢ  ᠮᠦᠨ  ᠃  ᠰᠤᠪᠬᠠᠢ  ᠎ ᠶᠢᠨ  ᠠᠮᠢᠳᠦᠷᠠᠵᠦ  ᠬᠦᠳᠡᠯᠭᠡᠭᠡᠨ  ᠬᠢᠵᠦ ᠪᠠᠶᠢᠭᠰᠠᠨ ᠴᠠᠭ  ᠬᠤᠭᠤᠴᠠᠭ᠎ᠠ  ᠪᠤᠯᠪᠠᠯ   ᠤᠮᠠᠷᠠᠳᠦ  ᠶᠤᠸᠠᠨ  ᠤᠯᠤᠰ  ᠎ ᠤᠨ  ᠲᠦᠮᠡᠨ  ᠵᠠᠰᠠᠭᠳᠦ  ᠬᠠᠭᠠᠨ  ᠎ ᠤ  ᠦᠶ᠎ᠡ  ᠪᠢᠯᠡ   ᠃   ᠲᠦᠮᠡᠨ  ᠵᠠᠰᠠᠭᠳᠦ   ᠬᠠᠭᠠᠨ  ᠪᠤᠰᠣᠳ   ᠲᠦᠮᠡᠨ  ᠎ ᠤ  ᠡᠯ᠎ᠡ  ᠶᠡᠭᠡ  ᠡᠵᠡᠮᠰᠢᠯ  ᠎ ᠤᠨ  ᠭᠠᠵᠠᠷ  ᠎ ᠲᠤ  ᠪᠦᠷ  ᠵᠠᠰᠠᠭ  ᠪᠠᠷᠢᠭᠴᠢ  ᠸᠠᠩ  ᠭᠦᠩ  ᠲᠠᠯᠪᠢᠵᠠᠢ  ᠃   ᠲᠡᠳᠡᠭᠡᠷ  ᠵᠠᠰᠠᠭ  ᠪᠠᠷᠢᠭᠴᠢ  ᠸᠠᠩ  ᠭᠦᠩ  ᠎ ᠨᠢ  ᠪᠦᠷᠢᠮᠦᠰᠦᠨ  ᠪᠡᠶ᠎ᠡ  ᠎ ᠪᠠᠨ   ᠲᠠᠭᠠᠭᠠᠵᠦ  ᠵᠠᠰᠠᠭ  ᠶᠠᠪᠤᠭᠤᠯᠬᠤ  ᠡᠷᠬᠡ  ᠮᠡᠳᠡᠯ  ᠎ ᠲᠠᠢ  ᠪᠠᠶᠢᠵᠦ  ᠂ ᠤᠳᠤᠬᠠᠨ  ᠎ ᠤ  ᠬᠤᠯᠪᠤᠭᠠᠳᠦ  ᠤᠯᠤᠰ  ᠎ ᠤᠨ  ᠬᠠᠷᠢᠶᠠᠨ  ᠎ ᠳᠠᠬᠢ  ᠲᠤᠰᠭᠠᠷ  ᠡᠷᠬᠡ  ᠮᠡᠳᠡᠯ  ᠎ ᠲᠠᠢ  ᠤᠯᠤᠰ  ᠎ ᠲᠠᠢ  ᠲᠦᠰᠦᠭᠡᠳᠡᠢ  ᠪᠠᠶᠢᠪᠠ᠃  ᠲᠡᠳᠡᠨ  ᠎ ᠤ  ᠨᠤᠶᠠᠷᠬᠠᠯ  ᠎ ᠤᠨ  ᠲᠤᠤᠷᠠᠬᠢ  ᠡᠵᠡᠮᠰᠢᠯ  ᠎ ᠤᠨ  ᠭᠠᠵᠠᠷ  ᠎ ᠢ   ᠬᠤᠰᠢᠭᠤ  ᠭᠡᠵᠦ  ᠂   ᠬᠤᠰᠢᠭᠤᠨ  ᠎ ᠤ  ᠲᠤᠤᠷᠠᠬᠢ  ᠎ ᠶᠢ  ᠤᠳᠤᠭ  ᠪᠤᠶᠤ  ᠠᠶᠢᠮᠠᠭ  ᠭᠡᠵᠦ  ᠂ ᠪᠦᠳᠦᠭᠦᠯᠢᠩ  ᠦᠯᠢᠳᠬᠡᠪᠡᠯ   ᠲᠠᠪᠢᠭᠠᠳ  ᠤᠨ  ᠎ ᠤ  ᠨᠤᠳᠤᠭ  ᠪᠤᠶᠤ  ᠤᠳᠤᠬᠠᠨ  ᠎ ᠤ  ᠰᠤᠮᠤ  ᠎ ᠲᠠᠢ  ᠲᠡᠩᠴᠡᠭᠦᠦ   ᠵᠠᠰᠠᠭ  ᠵᠠᠬᠢᠷᠭᠠᠨ  ᠎ ᠤ  ᠨᠢᠭᠡᠴᠨ᠃  ᠤᠳᠤᠭ  ᠎ ᠤᠨ  ᠲᠤᠤᠷᠠᠬᠢ  ᠎ ᠶᠢ  ᠬᠦᠷᠢᠶ᠎ᠠ  ᠭᠡᠵᠠᠢ   ᠪᠦᠳᠦᠭᠦᠯᠢᠩ  ᠎ ᠢᠶᠠᠷ  ᠠᠳᠠᠯᠢᠳᠬᠠᠪᠠᠯ ᠤᠳᠤᠬᠠᠨ  ᠎ ᠤ  ᠭᠠᠴᠠᠭ᠎ᠠ  ᠎ ᠲᠠᠢ  ᠦᠨᠳᠦᠰᠦᠨ   ᠱᠠᠳᠦᠨ ᠤ  ᠪᠠᠶᠢᠭᠤᠯᠤᠮᠵᠢ᠃ ᠰᠤᠪᠬᠠᠢ  ᠎ ᠨᠢ  ᠵᠠᠰᠠᠭ  ᠵᠠᠬᠢᠷᠭᠠᠨ  ᠎ ᠤ  ᠵᠢᠩᠬᠢᠨᠢ  ᠵᠡᠷᠭᠡ  ᠲᠤᠰᠢᠶᠠᠯ  ᠎ ᠨᠢ  ᠪᠠᠭᠠᠷᠢᠨ  ︵ᠪᠠᠶᠢᠷᠢᠨ︶ ᠤᠳᠤᠭ  ᠎ ᠤᠨ  ᠠᠭᠯᠠᠭᠴᠢ  ᠪᠠᠶᠢᠪᠠ  ᠃ ᠡᠭᠦᠨ ᠤ  ᠲᠤᠬᠠᠢ  ︿︿ ᠤᠮᠠᠷᠠᠳᠦ  ᠶᠤᠸᠠᠨ  ᠎ ᠤ  ᠲᠡᠤᠬᠡ  ﹀ 263 ᠳ᠋ᠤᠭᠠᠷ  ᠨᠢᠭᠤᠷ  ᠎ ᠲᠤ  ᠲᠤᠳᠤᠷᠬᠠᠢ  ᠲᠤᠭᠠᠴᠢᠵᠠᠢ᠃ ︿︿ᠲᠢᠶᠠᠨ  ᠬᠠᠭᠠᠨ  ᠵᠢᠷᠭᠤᠳᠤᠭᠠᠷ   ᠬᠦᠪᠡᠭᠦᠨ  ᠠᠯᠴᠤᠪᠤᠯᠤᠤᠳ  ᠪᠤᠯᠤᠨ  ᠠᠷᠪᠠᠨ  ᠨᠢᠭᠡᠳᠦᠭᠡᠷ  ᠬᠦᠪᠡᠭᠦᠨ  ᠵᠠᠯᠠᠶᠢᠷ  ᠬᠤᠩ  ᠲᠠᠶᠢᠵᠢ  ᠎ ᠳᠤ  ᠬᠠᠯᠬ᠎ᠠ  ᠠᠶᠢᠮᠠᠭ  ᠎ ᠢ  ᠦᠭᠪᠡ  ᠃  ᠬᠠᠯᠬ᠎ᠠ  ᠠᠶᠢᠮᠠᠭ  ᠨᠡᠶᠢᠳᠡ  ᠠᠷᠪᠠᠨ  ᠬᠤᠶᠠᠷ  ᠤᠳᠤᠭ  ᠎ ᠲᠠᠢ  ᠪᠠᠶᠢᠪᠠ  ︔ ᠠᠯᠴᠤᠪᠤᠯᠤᠳ  ᠡᠮᠤᠨᠡᠰᠢ  ᠨᠡᠭᠦᠭᠡᠳ  ᠦᠪᠦᠷ  ᠬᠠᠯᠬ᠎ᠠ  ᠪᠤᠯᠵᠠᠢ  ︔  ᠠᠯᠴᠤᠪᠤᠯᠤᠳ  ᠎ ᠤᠨ  ᠬᠦᠪᠡᠭᠦᠨ  ᠬᠤᠷᠬᠠᠴᠢ  ᠬᠠᠰᠠᠷ ᠲᠤ  ᠲᠠᠪᠤᠨ  ᠬᠦᠪᠡᠭᠦᠨ  ᠎ ᠲᠠᠢ  ᠪᠠᠶᠢᠵᠦ  ᠲᠠᠪᠤᠨ  ᠤᠳᠤᠭ  ᠬᠠᠯᠬ᠎ᠠ  ᠎ ᠶᠢᠨ  ᠡᠵᠡᠨ  ᠪᠤᠯᠪᠠ  ︔ ᠠᠬᠠᠮᠠᠳ  ᠬᠦᠪᠡᠭᠦᠨ  ᠤᠶᠢᠵᠢᠩ ᠨᠢ  ᠵᠠᠷᠤᠳ  ᠤᠳᠤᠭ  ᠎ ᠤᠨ  ᠡᠵᠡᠨ  ᠂  ᠬᠤᠶᠠᠳᠤᠭᠠᠷ  ᠬᠦᠪᠡᠭᠦᠨ   ᠰᠤᠪᠬᠠᠢ   ᠲᠠᠷᠬᠠᠨ  ᠎ ᠨᠢ  ᠪᠠᠭᠠᠷᠢᠨ  ︵ᠪᠠᠶᠢᠷᠢᠨ︶  ᠤᠳᠤᠭ  ᠎ ᠤᠨ  ᠡᠵᠡᠨ  ᠂ ᠭᠤᠳᠠᠭᠠᠷ  ᠬᠦᠪᠡᠭᠦᠨ  ᠤᠪᠠᠨ  ᠪᠤᠶᠢᠮᠦ  ᠎ ᠨᠢ   ᠬᠤᠩᠬᠢᠷᠠᠳ  ᠤᠳᠤᠭ  ᠎ ᠤᠨ  ᠡᠵᠡᠨ  ᠂ ᠲᠦᠷᠪᠡᠳᠦᠭᠡᠷ  ᠬᠦᠪᠡᠭᠦᠨ  ᠲᠤᠭᠰᠢᠨ ᠰᠤᠨᠢᠨ  ᠲᠠᠶᠢᠴᠢᠩ ᠨᠢ  ᠪᠠᠶᠤᠳ  ᠤᠳᠤᠭ  ᠎ ᠤᠨ  ᠡᠵᠡᠨ  ᠂ ᠲᠠᠪᠤᠳᠤᠭᠠᠷ   ᠬᠦᠪᠡᠭᠦᠨ  ᠱᠤᠤᠬᠠᠨ  ᠵᠤᠷᠢᠭᠳᠦ  ᠬᠤᠩ  ᠪᠠᠭᠠᠳᠦᠷ  ᠎ ᠨᠢ  ᠦᠵᠢᠶᠡᠳ  ᠎ ᠤᠨ  ᠡᠵᠡᠨ  ᠪᠤᠯᠪᠠ  ﹀﹀ ᠭᠡᠵᠠᠢ  ᠃ ᠰᠤᠪᠬᠠᠢ  ᠬᠡᠳᠦᠶᠢᠪᠡᠷ  ᠨᠢᠭᠡᠨ  ᠤᠳᠤᠭ  ᠎ ᠤᠨ  ᠡᠵᠡᠨ  ᠵᠡᠷᠭᠡ ᠲᠠᠢ  ᠪᠤᠯᠪᠠᠴᠦ  ᠲᠤᠬᠠᠢ  ᠎ ᠶᠢᠨ  ᠦᠶ᠎ᠡ  ᠎ ᠶᠢᠨ  ᠲᠦᠷᠦ  ᠎ ᠳᠤ  ᠲᠦᠪᠯᠡᠷᠡᠨ  ᠵᠠᠬᠢᠷᠠᠬᠤ   ᠡᠷᠬᠡ  ᠤᠨᠴᠠᠭᠠᠢ  ᠰᠤᠯᠠᠷᠠᠭᠰᠠᠨ   ᠦᠶ᠎ᠡ  ᠎ ᠳᠤ  ᠬᠦᠴᠦᠷᠭᠡᠵᠢᠨ   ᠴᠠᠬᠢᠷᠠᠭᠵᠢᠵᠦ   ᠪᠤᠳᠠᠳᠤ  ᠬᠦᠴᠦᠨ  ᠎ ᠨᠢ  ᠲᠦᠮᠡᠨ  ᠵᠠᠰᠠᠭᠳᠦ  ᠬᠠᠭᠠᠨ  ᠎ ᠲᠠᠢ  ᠮᠦᠷᠦ  ᠵᠡᠷᠭᠡᠴᠭᠰᠡᠨ  ᠪᠠᠶᠢᠳᠠᠯ  ᠎ ᠲᠠᠢ  ᠪᠤᠯᠵᠠᠢ  ᠃  ᠤᠮᠠᠷᠠᠳᠦ  ᠶᠤᠸᠠᠨ  ᠎ ᠤ   ᠲᠡᠦᠬᠡ  ᠎ ᠶᠢᠨ365 — 366  ᠳ᠋ᠤᠭᠠᠷ  ᠨᠢᠭᠤᠷ  ᠎ ᠲᠤ  ︿︿ᠲᠦᠮᠡᠨ  ᠵᠠᠰᠠᠭᠳᠦ  ᠬᠠᠭᠠᠨ  ᠡᠪ  ᠨᠠᠶᠢᠷᠠᠮᠳᠠᠯ  ᠎ ᠤᠨ  ᠬᠡᠯᠪᠡᠷᠢ  ᠎ ᠪᠠᠷ  ᠲᠦᠪ   ᠵᠠᠬᠢᠷᠤᠯ  ᠎ ᠤᠨ  ᠡᠷᠬᠡ  ᠎ ᠪᠠᠨ  ᠪᠠᠶᠢᠭᠤᠯᠵᠤ  ᠂ ᠲᠡᠷᠡ  ᠵᠡᠭᠦᠨ  ᠪᠠᠷᠠᠭᠤᠨ  ᠲᠦᠮᠡᠨ  ᠎ ᠤ  ᠹᠧᠤᠳᠡᠯ  ᠡᠵᠡᠨ  ᠎ ᠢ  ᠦᠪᠡᠷ  ᠎ ᠤᠨ  ᠲᠤᠭᠤᠷᠢᠨ  ᠎ ᠳᠤ  ᠨᠢᠭᠳᠠᠷᠠᠭᠤᠯᠬᠤ  ᠎ ᠶᠢᠨ  ᠲᠦᠯᠦᠭᠡ  ᠲᠠᠪᠤᠨ ᠬᠠᠨ  ᠎ ᠤ  ᠵᠠᠰᠠᠭ  ᠪᠠᠷᠢᠭᠴᠢ  ᠨᠤᠶᠠᠨ  ᠲᠠᠯᠪᠢᠵᠠᠢ  ︔  ᠲᠠᠷᠦᠢ  ᠴᠠᠬᠠᠷ  ᠲᠦᠮᠡᠨ  ᠎ ᠤ  ᠠᠮᠤᠳᠠᠢ  ᠬᠤᠩ  ᠲᠠᠶᠢᠵᠢ  ᠂  ᠦᠪᠦᠷ   ᠬᠠᠯᠬ᠎ᠠ  ᠎ ᠶᠢᠨ  ᠦᠢᠵᠢᠩ  ᠰᠤᠪᠬᠠᠢ  ᠂  ᠤᠷᠳᠤᠰ  ᠲᠦᠮᠡᠨ  ᠎ ᠤ  ᠬᠤᠳᠤᠭᠳᠦ  ᠰᠡᠴᠡᠨ  ᠬᠤᠩ  ᠲᠠᠶᠢᠵᠢ  ᠂ ᠲᠦᠮᠡᠳ  ᠲᠦᠮᠡᠨ  ᠎ ᠤ  ᠴᠦᠷᠦᠭᠡ  ᠬᠤᠩ  ᠲᠠᠶᠢᠵᠢ  ᠂  ᠶᠤᠩᠰᠢᠶᠠᠩᠪᠤ  ᠲᠦᠮᠡᠨ  ᠎ ᠤ  ᠠᠰᠤᠳ  ᠠᠶᠢᠮᠠᠨ  ᠎ ᠤᠨ  ᠨᠤᠮᠠᠳᠠᠷ᠎ᠠ  ᠭᠤᠤᠯᠴᠢ  ᠨᠤᠶᠠᠨ  ᠵᠡᠷᠭᠡ  ᠪᠤᠯᠤᠨ᠎ᠠ  ﹀﹀  ᠲᠦᠮᠡᠨ  ᠵᠠᠰᠠᠭᠳᠦ ᠬᠠᠭᠠᠨ  ᠡᠨᠡᠬᠦ   ᠵᠠᠰᠠᠭ  ᠎ ᠤᠨ  ᠪᠠᠶᠢᠭᠤᠯᠤᠮᠵᠢ  ᠎ ᠪᠠᠨ  ︿ᠵᠠᠰᠠᠭ  ﹀ ᠭᠡᠵᠦ ᠨᠡᠷᠯᠡᠭᠰᠡᠨ ᠪᠤᠯᠪᠠᠴᠦ ᠬᠡᠷᠡᠭ  ᠲᠡᠭᠡᠷ᠎ᠡ ᠪᠠᠨ  ᠹᠧᠦᠳᠡᠯ  ᠡᠵᠡᠳ  ᠎ ᠤᠨ  ᠲᠤᠳᠤᠷᠠᠬᠢ  ᠬᠠᠮᠤᠭ  ᠬᠦᠴᠦᠷᠬᠡᠭ  ᠲᠠᠪᠤᠨ  ᠲᠦᠷᠦᠭᠦᠦ  ᠎ ᠪᠠᠷ  ᠪᠦᠷᠢᠯᠳᠦᠭᠰᠡᠨ  ᠵᠢᠵᠢᠭ  ᠬᠡᠪᠴᠢᠶᠡᠨ  ᠎ ᠤ  ᠲᠦᠪ  ᠵᠠᠰᠠᠭ  ᠪᠠᠶᠢᠭᠤᠯᠤᠨ  ᠂᠂᠂  ᠂᠂᠂﹀﹀ ᠭᠡᠵᠦ  ᠰᠤᠪᠬᠠᠢ  ᠎ ᠶᠢᠨ  ᠨᠢᠭᠡᠨ  ᠤᠳᠤᠭ  ᠎ ᠤᠨ  ᠠᠬᠠᠯᠭᠴᠢ  ᠪᠠᠶᠢᠭᠰᠠᠨ  ᠎ ᠢᠶᠠᠨ  ᠵᠢᠩᠬᠢᠨᠢ  ᠬᠦᠴᠦᠨ  ᠎ ᠳᠡᠭᠡᠨ  ᠲᠦᠰᠢᠭᠯᠡᠨ  ᠦᠪᠦᠷ  ᠬᠠᠯᠬ᠎ᠠ   ᠠᠶᠢᠮᠠᠭ  ᠎ ᠢ  ᠲᠦᠯᠦᠭᠡᠯᠡᠨ  ︿︿  ᠵᠠᠰᠠᠭ  ﹀  ﹀  ᠎ ᠲᠤ  ᠰᠤᠩᠭᠤᠭᠳᠠᠨ  ᠤᠷᠤᠭᠰᠠᠨ  ᠎ ᠢ  ᠭᠡᠷᠴᠢᠯᠠᠵᠠᠢ  ᠃  ᠵᠠᠰᠠᠭ  ᠭᠡᠳᠡᠭ  ᠡᠷᠳᠡᠨ  ᠎ ᠤ  ᠮᠤᠩᠭᠤᠯ   ᠦᠭᠡ  ᠎ ᠶᠢ  ᠤᠷᠴᠢᠨ  ᠴᠠᠭ  ᠎ ᠤᠨ  ᠮᠤᠩᠭᠤᠯ  ᠦᠭᠡ  ᠎ ᠪᠠᠷ  ᠤᠶᠢᠯᠭᠠᠯᠪᠠᠯ  ︿︿ ᠪᠠᠶᠢᠩᠭᠤ  ᠎ ᠶᠢᠨ  ᠭᠡᠰᠢᠭᠦᠨ  ﹀﹀  ᠦᠭᠡ  ᠎ ᠲᠠᠢ  ᠠᠳᠠᠯᠢ  ᠭᠡᠵᠦ  ᠦᠵᠡᠵᠦ  ᠪᠤᠯᠤᠨ᠎ᠠ  ᠃  ᠲᠦᠷᠪᠡ  ᠄  ᠰᠤᠪᠬᠠᠢ  ᠎ ᠶᠢᠨ  ᠲᠡᠦᠬᠡᠳᠦ  ᠭᠠᠪᠢᠶᠠᠳᠦ  ᠵᠢᠳᠬᠦᠯ  ᠎ ᠤᠨ   ᠲᠤᠬᠠᠢ  ᠶᠠᠷᠢᠬᠤ  ᠎ ᠨᠢ ᠨᠢᠭᠡ  ᠎ ᠳᠤ  ᠪᠠᠭᠠᠷᠢᠨ   ᠬᠤᠰᠢᠭᠤᠨ  ᠎ ᠤ  ᠰᠠᠭᠤᠷᠢ  ᠎ ᠶᠢ   ᠲᠠᠯᠪᠢᠵᠠᠢ  ᠃ ᠰᠤᠪᠬᠠᠢ  ᠰᠠᠭᠤᠷᠢᠨ  ᠎ ᠳᠤ  ᠪᠠᠶᠢᠬᠤ  ᠦᠶᠡᠰ  ᠪᠠᠭᠠᠷᠢᠨ   ᠤᠳᠤᠭ  ᠎ ᠨᠢ   ᠮᠠᠨᠳᠤᠨ    ᠬᠦᠭᠵᠢᠵᠦ  ᠬᠦᠴᠦᠷᠬᠡᠭ  ᠶᠡᠭᠡ  ᠬᠦᠴᠦᠨ  ᠪᠤᠯᠵᠦ   ᠬᠤᠪᠢᠷᠠᠵᠠᠢ  ᠃ ᠰᠤᠪᠬᠠᠢ  ᠦᠷᠡᠭᠳᠡᠭᠰᠡᠨ  ᠎ ᠤ  ᠲᠠᠷᠠᠭ᠎ᠠ ᠢ ᠰᠡᠴᠡᠨ  ᠲᠡᠭᠷᠢ  ᠎ ᠶᠢᠨ  ᠬᠤᠶᠠᠷ  ︵1628︶ ᠤᠨ  ᠎ ᠳᠤ ᠲᠡᠭᠦᠨ  ᠎ ᠤ   ᠤᠴᠢ  ᠰᠠᠳᠡᠷ  ᠦᠪᠡᠷ  ᠎ ᠤᠨ   ᠬᠦᠪᠡᠭᠦᠨ  ᠰᠡᠪᠳᠠᠨ  ᠂  ᠡᠪᠦᠭᠡᠳᠠᠢ ᠬᠤᠩ  ᠪᠠᠭᠠᠳᠦᠷ  ᠲᠠᠶᠢᠵᠢ  ᠎ ᠶᠢ  ᠲᠠᠭᠠᠭᠤᠯᠵᠦ᠂᠂ ᠲᠤᠭᠠᠷ  ᠠᠩᠭ᠎ᠠ  ᠎ ᠲᠠᠢ  ᠬᠠᠮᠳᠤᠪᠡᠷ  ᠪᠠᠶᠢᠷᠢᠨ ᠠᠶᠢᠮᠠᠭ  ᠎ ᠤᠨ  ᠨᠠᠷ᠎ᠡ  ᠎ ᠪᠠᠷ  ᠰᠤᠪᠬᠠᠢ  ᠎ ᠶᠢᠨ  ᠬᠠᠷᠢᠶᠠᠳᠦ  ᠤᠯᠠᠨ  ᠵᠢᠴᠢ  ᠦᠯᠡᠳᠡᠭᠰᠡᠨ ᠴᠢᠷᠡᠭ  ᠎ ᠤᠨ  ᠬᠦᠴᠦᠨ  ᠎ ᠢᠶᠠᠨ ᠲᠠᠭᠠᠭᠤᠯᠵᠦ  ᠂  ᠮᠠᠨᠵᠦ  ᠎ ᠶᠢᠨ  ᠲᠠᠳᠬᠠᠯ  ᠎ ᠢᠶᠠᠷ  ᠬᠤᠶᠢᠳᠦ  ᠠᠯᠳᠠᠨ  ᠤᠯᠤᠰ  ᠎ ᠲᠤ ᠲᠠᠭᠠᠵᠠᠢ  ᠃ ᠬᠤᠵᠢᠮ  ᠎ ᠨᠢ ᠰᠠᠳᠡᠷ  ᠎ ᠤᠨ  ᠭᠤᠷᠪᠠᠳᠤᠭᠠᠷ  ᠬᠦᠪᠡᠭᠦᠨ  ᠰᠡᠪᠳᠠᠨ  ᠰᠠᠭᠤᠷᠢᠨ  ᠎ ᠢ  ᠵᠠᠯᠭᠠᠮᠵᠢᠯᠠᠵᠦ  ᠪᠠᠭᠠᠷᠢᠨ ᠬᠤᠰᠢᠭᠤ  ᠎ ᠶᠢᠨ  ᠸᠠᠩ ᠪᠤᠯᠵᠠᠢ  ᠃ ᠡᠨᠡᠬᠦ   ᠬᠤᠭᠤᠴᠠᠭᠠᠨ ᠳᠠᠬᠢ ︿︿ᠮᠤᠩᠭᠤᠯ  ᠎ ᠤᠨ  ᠨᠡᠭᠦᠳᠡᠯ  ᠮᠠᠯᠵᠢᠯ  ᠎ ᠤᠨ  ᠲᠡᠮᠳᠡᠭᠡᠯᠡᠯ  ﹀﹀᠎ ᠤᠨ  ᠭᠤᠷᠪᠠᠳᠤᠭᠠᠷ   ᠡᠪᠬᠡᠮᠡᠯ  ᠎ ᠳᠤ ᠲᠡᠭᠦᠨ ᠤ ᠠᠶᠢᠮᠠᠭ ᠢ  ︿︿ᠪᠠᠶᠢᠷᠢᠨ﹀﹀ ᠭᠡᠵᠦ ᠨᠠᠷᠡᠶᠢᠳᠴᠠᠢ᠃ ᠰᠢᠨᠡᠬᠡᠨ  ᠭᠡᠪᠯᠡᠭᠳᠡᠭᠰᠡᠨ  ︿︿ᠦᠭᠡᠰ ᠤᠨ  ᠲᠠᠯᠠᠢ  ﹀﹀᠎ ᠳᠤ ᠰᠤᠪᠬᠠᠢ ᠶᠢᠨ ᠨᠠᠷᠡᠶᠢᠳᠦᠭᠰᠡᠨ ︿︿ᠪᠠᠶᠢᠷᠡᠨ﹀﹀᠎ ᠢ ᠮᠤᠩᠭᠤᠯ  ᠬᠡᠯᠡᠨ ᠤ  ︿︿ᠴᠢᠷᠡᠭ  ᠎ ᠤᠨ  ᠪᠠᠭᠤᠳᠠᠯ﹀﹀ ᠭᠡᠵᠦ ᠲᠠᠶᠢᠯᠪᠥᠷᠢᠯᠠᠵᠠᠢ  ᠃ ︿︿ ᠮᠤᠩᠭᠤᠯ  ᠎ ᠤᠨ  ᠨᠡᠭᠦᠳᠡᠯ  ᠮᠠᠯᠵᠢᠯ  ᠎ ᠤᠨ  ᠲᠡᠮᠳᠡᠭᠡᠯᠡᠯ﹀﹀  ᠵᠡᠷᠭᠡ  ᠲᠡᠦᠬᠡᠨ  ᠮᠠᠲ᠋ᠧᠷᠡᠶᠠᠯ  ᠎ ᠢ  ᠦᠨᠳᠦᠰᠦᠯᠡᠪᠡᠯ  ᠤᠳᠤᠬᠠᠨ  ᠎ ᠤ ᠪᠠᠭᠠᠷᠢᠨ  ᠬᠤᠰᠢᠭᠤᠨ  ᠎ ᠤ  ︿︿ ᠪᠠᠶᠢᠷᠢᠨ  ﹀﹀  ᠎ ᠢ  ᠴᠢᠩ  ᠤᠯᠤᠰ  ᠎ ᠤᠨ ᠲᠡᠭᠷᠢ  ᠲᠡᠳᠬᠦᠭᠴᠢ ᠬᠠᠭᠠᠨ  ᠎ ᠤ  ᠦᠶᠡᠰ  ᠎ ᠠᠴᠠ  ᠡᠬᠢᠯᠡᠨ  ᠵᠠᠷᠢᠮ  ᠡᠷᠳᠡᠮᠳᠡᠨ  ︿︿ᠪᠠᠭᠠᠷᠢᠨ﹀﹀ ᠭᠡᠵᠦ  ᠪᠢᠴᠢᠬᠦ  ᠪᠤᠯᠵᠤ᠂  ᠪᠦᠷᠢᠨᠳᠦ  ᠵᠠᠰᠠᠭᠴᠢ  ᠎ ᠶᠢᠨ  ᠦᠶ᠎ᠡ  ᠎ ᠠᠴᠠ ᠡᠬᠢᠯᠡᠨ ᠰᠠᠶ᠋ᠢ  ︿︿ᠪᠠᠭᠠᠷᠢᠨ﹀﹀ ᠭᠡᠵᠦ   ᠦᠭᠡᠷᠴᠢᠯᠡᠨ  ᠪᠢᠴᠢᠵᠦ  ᠲᠦᠯᠦᠪᠰᠢᠷᠡᠵᠠᠢ᠃  ᠠᠳᠡ  ᠨᠡᠷᠡᠶᠢᠳᠦᠯ  ᠎ ᠤᠨ  ᠲᠤᠬᠠᠢ  ᠬᠤᠶᠠᠷ  ᠵᠦᠢᠯ  ᠎ ᠤᠨ  ᠠᠳᠠᠯᠢ  ᠪᠤᠰᠤ  ᠦᠵᠡᠯᠳᠡ  ᠭᠠᠷᠦᠭ᠌ᠰᠠᠨ  ᠎ ᠨᠢ  ᠢᠯᠡᠷᠬᠡᠢ  ᠪᠤᠯᠪᠠᠴᠦ    ︿︿ᠪᠠᠭᠠᠷᠢᠨ﹀  ﹀  ᠬᠤᠰᠢᠭᠤ  ᠪᠤᠢ  ᠪᠤᠯᠤᠭᠰᠠᠨ   ᠶᠠᠪᠤᠴᠠ  ᠎ ᠳᠤ  ᠤᠨᠴᠠᠭᠠᠢ  ᠵᠦᠷᠢᠶ᠎ᠡ  ᠤᠷᠤᠰᠢᠵᠦ  ᠦᠭᠡᠢ  ᠃ ᠬᠤᠶᠠᠷ  ᠎ ᠲᠤ   ᠤᠮᠠᠷᠠᠳᠦ  ᠶᠤᠸᠠᠨ  ᠤᠯᠤᠰ  ᠎ ᠤᠨ  ᠨᠤᠶᠠᠷᠬᠠᠯ  ᠎ ᠢ  ᠪᠠᠬᠢᠵᠢᠭᠦᠯᠵᠠᠢ  ᠃   ᠡᠭᠦᠨ  ᠎ ᠤ ᠨᠢᠭᠡ ᠳᠤ    ᠤᠷᠢᠶᠠᠩᠬᠠᠢ ᠶᠢᠨ  ᠭᠤᠷᠪᠠᠨ  ᠸᠧᠢ  ᠎ ᠶᠢ   ᠬᠤᠷᠢᠶᠠᠨ  ᠲᠠᠭᠠᠭᠤᠯᠵᠦ  ᠦᠪᠡᠷ  ᠎ ᠤᠨ  ᠬᠦᠴᠦᠨ  ᠎ ᠢᠶᠠᠨ ᠰᠢᠭᠤᠳ  ᠦᠷᠭᠡᠳᠬᠡᠬᠦ  ᠎ ᠪᠠᠷ   ᠲᠠᠮᠵᠢᠭᠤᠯᠤᠨ  ᠤᠮᠠᠷᠠᠳᠦ  ᠶᠤᠸᠠᠨ  ᠎ ᠤ  ᠨᠢᠭᠡᠳᠦᠯ  ᠎ ᠢ  ᠬᠠᠮᠠᠭᠠᠯᠵᠠᠢ  ᠃  ᠡᠭᠦᠨ  ᠎ ᠤ  ᠬᠤᠶᠠᠷ  ᠎ ᠲᠤ  ᠮᠢᠩ  ᠤᠯᠤᠰ  ᠎ ᠲᠤ  ᠤᠳᠠᠭ᠎ᠠ  ᠲᠠᠷᠭᠠᠨᠯᠠᠨ  ᠬᠦᠨᠳᠦ  ᠴᠤᠬᠢᠯᠳᠠ  ᠦᠭᠴᠦ  ᠂  ᠮᠢᠩ  ᠤᠯᠤᠰ  ᠎ ᠤᠨ   ᠪᠤᠭᠤᠮᠳᠠ  ᠭᠠᠷᠴᠦ  ︿︿ᠠᠳᠤᠭᠤ  ᠪᠤᠯᠢᠶᠠᠬᠤ﹀﹀  ᠂ ︿︿ᠦᠨᠳᠦᠰᠦ  ᠲᠠᠰᠤᠯᠬᠤ  ﹀﹀  ᠂ ︿︿ᠪᠡᠯᠴᠢᠭᠡᠷ  ᠭᠠᠯᠳᠠᠬᠤ  ﹀﹀ ᠭᠤᠷᠪᠠᠨ  ᠭᠠᠵᠢᠭᠤ  ᠵᠠᠰᠠᠭ  ᠎ ᠲᠤ   ᠬᠦᠴᠦᠳᠠᠢ   ᠴᠤᠬᠢᠯᠳᠠ   ᠦᠭᠴᠠᠢ  ᠃   ᠡᠭᠦᠨ  ᠎ ᠤ ᠭᠤᠷᠪᠠ  ᠎ ᠳᠤ  ᠮᠢᠩ  ᠤᠯᠤᠰ  ᠎ ᠲᠤ  ᠬᠢᠭᠰᠡᠨ  ᠴᠢᠷᠡᠭ  ᠲᠠᠶᠢᠨ  ᠎ ᠢᠶᠠᠷ  ᠲᠠᠮᠵᠢᠭᠤᠯᠤᠨ   ᠲᠤᠬᠠᠢ  ᠎ ᠶᠢᠨ  ᠦᠶ᠎ᠡ  ᠎ ᠶᠢᠨ  ᠲᠦᠮᠡᠨ  ᠵᠠᠰᠠᠭᠳᠦ  ᠬᠠᠭᠠᠨ  ᠬᠢᠭᠡᠨ  ᠠᠯᠳᠠᠨ  ᠬᠠᠨ   ᠨᠠᠷ  ᠮᠢᠩ  ᠤᠯᠤᠰ  ᠎ ᠢ  ᠠᠯᠪᠠᠳᠠᠨ   ᠪᠤᠭᠤᠮᠳᠠ  ᠎ ᠶᠢᠨ  ᠠᠷᠠᠯᠵᠢᠶ᠎ᠠ  ᠨᠡᠭᠡᠭᠡᠯᠭᠡᠬᠦ  ᠬᠦᠳᠡᠯᠦᠩᠭᠭᠦᠢ  ᠡᠷᠭᠡ  ᠎ ᠶᠢ  ᠤᠯᠬᠤ  ᠎ ᠳᠤ   ᠲᠤᠰᠠ  ᠲᠡᠮᠵᠢᠯᠭᠡ  ᠪᠤᠯᠵᠤ  ᠪᠠᠶᠢᠪᠠ  ᠃ ᠭᠤᠷᠪᠠ  ᠎ ᠳᠤ᠄  ᠠᠶᠢᠮᠠᠭ  ᠬᠤᠯᠪᠤᠭᠠᠨ  ᠎ ᠤ  ᠪᠦᠷᠢᠯᠳᠦᠯ  ᠎ ᠳᠤ  ᠬᠦᠴᠦᠳᠠᠢ  ᠨᠦᠯᠦᠭᠡ  ᠭᠠᠷᠭᠠᠵᠠᠢ  ᠃   ᠰᠤᠪᠬᠠᠢ  ᠎ ᠶᠢᠨ  ᠬᠦᠴᠦᠨ  ᠦᠷᠭᠡᠵᠢᠨ  ᠬᠦᠴᠦᠷᠬᠡᠵᠢᠭᠡᠳ  ᠲᠦᠮᠡᠨ  ᠵᠠᠰᠠᠭᠳᠦ   ᠬᠠᠭᠠᠨ  ᠎ ᠲᠠᠢ  ᠮᠦᠷᠦ   ᠵᠡᠷᠭᠡᠴᠡᠭᠡᠰᠨ  ᠪᠠᠶᠢᠳᠠᠯ  ᠎ ᠲᠠᠢ  ᠪᠤᠯᠵᠠᠢ  ᠃ ᠡᠭᠦᠨ  ᠎ ᠢ  ︿︿ ᠤᠮᠠᠷᠠᠳᠦ  ᠶᠤᠸᠠᠨ  ᠎ ᠤ  ᠲᠡᠦᠭᠡ  ﹀﹀  ᠎ ᠶᠢᠨ 366 ᠨᠢᠭᠤᠷ  ᠎ ᠲᠤ  ᠴᠤᠬᠤᠰ  ᠲᠤᠷᠠᠳᠴᠠᠢ  ᠃  ︿︿ ᠵᠡᠭᠦᠨ   ᠭᠠᠷᠳ  ᠲᠦᠮᠡᠨ  ᠎ ᠤ ᠵᠠᠰᠠᠭ  ᠪᠠᠷᠢᠭᠰᠠᠨ ᠸᠠᠩ  ᠭᠦᠩ  ᠎ ᠤᠨ  ᠲᠤᠳᠤᠷ᠎ᠠ  ᠲᠦᠮᠡᠨ  ᠵᠠᠰᠠᠭᠳᠦ  ᠬᠠᠭᠠᠨ  ᠎ ᠠᠴᠠ   ᠭᠠᠳᠠᠨ᠎ᠠ  ᠠᠮᠤᠳᠠᠢ  ᠬᠤᠩ  ᠲᠠᠶᠢᠵᠢ  ᠂  ᠤᠶᠢᠵᠢᠩ ᠰᠤᠪᠬᠠᠢ  ︵ ᠬᠤᠷᠬᠠᠴᠢ  ᠎ ᠶᠢᠨ   ᠲᠡᠳ᠋  ᠬᠦᠪᠡᠭᠦᠨ  ᠂ ᠲᠡᠭᠦᠨ ᠤ  ᠦᠷᠡᠰ  ᠎ ᠨᠢ  ᠪᠠᠭᠠᠷᠢᠨ  ᠪᠤᠯᠵᠠᠢ  ︶  ᠨᠠᠷ ᠪᠠᠶᠢᠪᠠ﹀﹀  ᠭᠡᠵᠠᠢ  ᠃  ᠭᠡᠳᠡᠯ᠎ᠡ  ᠰᠤᠪᠬᠠᠢ  ᠮᠤᠩᠭᠤᠯ  ᠲᠦᠮᠡᠨ  ᠎ ᠤ  ᠠᠰᠢᠭ  ᠲᠤᠰᠠ  ᠡᠮᠦᠨ᠎ᠡ  ᠡᠵᠡᠨ  ᠬᠠᠭᠠᠨ  ᠎ ᠲᠠᠢ  ᠡᠷᠭᠡ  ᠪᠤᠯᠢᠶᠠᠯᠳᠤᠨ  ᠲᠡᠮᠡᠴᠡᠭᠡᠭᠰᠡᠨ  ᠦᠭᠡᠢ  ᠬᠠᠷᠢᠨ  ᠲᠦᠮᠡᠨ  ᠵᠠᠰᠠᠭᠳᠦ  ᠬᠠᠭᠠᠨ  ᠎ ᠤ  ᠵᠠᠰᠠᠭ  ᠎ ᠲᠤ  ᠤᠷᠤᠯᠴᠠᠨ ᠬᠠᠮᠳᠦᠪᠡᠷ  ᠲᠦᠷᠦ  ᠵᠠᠰᠠᠭ  ᠎ ᠤᠨ  ᠶᠡᠭᠡ  ᠬᠡᠷᠡᠭ  ᠎ ᠢ  ᠵᠦᠪᠯᠡᠨ  ᠰᠡᠶᠢᠳᠪᠦᠷᠢᠯᠡᠬᠦ  ᠲᠦᠷᠢᠮ  ᠲᠤᠭᠳᠠᠭᠠᠯ  ᠎ ᠢ  ᠎ ᠨᠢ   ᠪᠠᠬᠢᠵᠢᠭᠦᠯᠵᠠᠢ  ᠃   ᠡᠶᠢᠮᠦ  ᠲᠦᠷᠢᠮ  ᠲᠤᠭᠳᠠᠭᠠᠯ  ᠎ ᠨᠢ  ᠠᠷᠠᠳᠴᠢᠯᠠᠯᠳᠦ  ᠵᠦᠪᠯᠡᠯᠡᠭᠡᠨ  ᠎ ᠤ  ᠬᠡᠯᠪᠡᠷᠢ  ᠎ ᠪᠠᠷ  ᠪᠤᠳᠠᠷᠠᠨ  ᠰᠠᠷᠨᠢᠵᠦ  ᠠᠭᠰᠠᠨ  ᠡᠯ᠎ᠡ  ᠠᠶᠢᠮᠠᠭ  ᠪᠦᠯᠦᠭ  ᠎ ᠢ  ᠲᠦᠪ ᠵᠠᠬᠢᠷᠤᠯ  ᠎ ᠤᠨ  ᠡᠷᠬᠡᠨ  ᠎ ᠳᠤ  ᠬᠤᠷᠠᠯᠳᠠᠭᠤᠯᠤᠨ  ᠨᠢᠭᠡᠳᠬᠡᠵᠦ  ᠴᠢᠳᠠᠭᠰᠠᠨ ᠮᠦᠷᠳᠡᠭᠡᠨ  ᠬᠤᠵᠢᠮ  ᠎ ᠤᠨ  ᠠᠶᠢᠮᠠᠭ  ᠴᠢᠭᠤᠯᠭᠠᠨ  ᠎ ᠤ  ᠬᠤᠯᠪᠤᠭᠠᠨ  ᠎ ᠳᠤ  ᠰᠠᠭᠤᠷᠢ  ᠲᠠᠯᠪᠢᠵᠠᠢ  ᠃ ᠡᠭᠦᠨ  ᠎ ᠤ ᠭᠤᠤᠯ  ᠭᠠᠪᠢᠶ᠎ᠠ  ᠵᠢᠳᠬᠦᠯ  ᠎ ᠨᠢ  ᠶᠠᠷᠢᠶᠠᠨ  ᠦᠭᠡᠢ  ᠲᠦᠮᠡᠨ  ᠵᠠᠰᠠᠭᠳᠦ  ᠬᠠᠭᠠᠨ  ᠎ ᠤ  ᠎ ᠬᠢ  ᠮᠦᠨ  ᠃  ᠭᠡᠳᠡᠯ᠎ᠡ  ᠰᠤᠪᠬᠠᠢ  ᠨᠠᠷ  ᠎ ᠤᠨ  ᠬᠦᠴᠦᠳᠠᠢ  ᠲᠡᠮᠵᠢᠯᠭᠡ  ᠦᠭᠡᠢ ᠪᠤᠯᠪᠠᠯ  ᠲᠡᠳᠡᠨᠡᠷ  ᠎ ᠤᠨ  ᠠᠤᠭ᠎ᠠ  ᠬᠦᠰᠡᠯ  ᠎ ᠨᠢ  ᠪᠡᠶᠡᠯᠡᠭᠳᠡᠵᠦ ᠴᠢᠳᠠᠰᠢ  ᠦᠭᠡᠢ  ᠎ ᠨᠢ  ᠮᠠᠷᠭᠤᠰᠢ  ᠦᠭᠡᠢ  ᠃ ᠲᠦᠷᠪᠡ  ᠎ ᠳᠤ᠄  ᠮᠤᠩᠭᠤᠯ  ᠦᠨᠳᠦᠰᠦᠳᠡᠨ  ᠎ ᠤ  ᠪᠦᠯᠬᠦᠮᠳᠡᠯ  ᠨᠢᠭᠡᠳᠦᠯ  ᠎ ᠤᠨ ᠵᠤᠷᠢᠭ   ᠰᠠᠨᠠᠭ᠎ᠠ  ᠎ ᠶᠢ   ᠪᠠᠳᠤᠳᠬᠠᠵᠠᠢ  ᠃  ᠰᠤᠪᠬᠠᠢ  ᠎ ᠶᠢᠨ  ᠪᠠᠳᠠᠷᠠᠵᠦ  ᠬᠦᠭᠵᠢᠵᠦ  ᠬᠦᠳᠡᠯᠭᠡᠭᠡᠨ  ᠬᠢᠵᠦ  ᠪᠠᠶᠢᠭᠰᠠᠨ ᠴᠠᠭ  ᠬᠤᠭᠤᠴᠠᠭ᠎ᠠ  ᠎ ᠳᠤ    ᠤᠮᠠᠷᠠᠳᠦ  ᠶᠤᠸᠠᠨ  ᠤᠯᠤᠰ  ᠎ ᠤᠨ  ᠦᠶ᠎ᠡ  ᠎ ᠳᠤ ᠲᠦᠮᠡᠨ  ᠵᠠᠰᠠᠭᠳᠦ  ᠬᠠᠭᠠᠨ   ᠬᠢᠭᠡᠳ  ᠠᠯᠳᠠᠨ  ᠬᠠᠨ  ᠵᠡᠷᠭᠡᠴᠡᠨ  ᠤᠷᠤᠰᠢᠵᠦ  ᠂  ᠮᠤᠩᠭᠤᠯ  ᠎ ᠤᠨ  ᠶᠡᠭᠡ  ᠪᠠᠭ᠎ᠠ  ᠹᠧᠥᠳᠡᠯ  ᠎ ᠤᠨ  ᠬᠦᠴᠦᠨ  ᠬᠠᠷᠢᠯᠴᠠᠨ  ᠲᠠᠶᠢᠳᠦᠵᠦ  ᠪᠠᠶᠢᠭᠰᠠᠨ ᠴᠠᠭ  ᠬᠤᠭᠤᠴᠠᠭ᠎ᠠ  ᠮᠦᠨ  ᠃   ᠭᠡᠳᠡᠯ᠎ᠡ ᠰᠤᠪᠬᠠᠢ  ᠪᠠᠷᠤᠭ  ᠰᠠᠷ᠎ᠠ  ᠪᠦᠷᠢ  ᠮᠢᠩ  ᠤᠯᠤᠰ  ᠎ ᠢ  ᠲᠤᠪᠳᠦᠯᠠᠵᠦ  ᠪᠠᠶᠢᠭᠰᠠᠨ  ᠪᠤᠯᠪᠠᠴᠦ  ᠂ ᠮᠠᠨ  ᠎ ᠳᠤ  ᠤᠯᠳᠠᠭᠰᠠᠨ  ᠲᠡᠦᠬᠡᠨ ᠮᠠᠲ᠋ᠧᠷᠢᠶᠠᠯ  ᠎ ᠳᠤ  ᠰᠤᠪᠬᠠᠢ  ᠎ ᠶᠢᠨ  ᠮᠤᠩᠭᠤᠯ  ᠢᠵᠠᠭᠤᠷᠳᠠᠨ  ᠎ ᠲᠠᠢ  ᠲᠠᠶᠢᠨ  ᠲᠠᠵᠢᠨ  ᠡᠭᠦᠰᠭᠡᠰᠡᠨ   ᠲᠡᠮᠳᠡᠭᠡᠯᠡᠯ  ᠬᠠᠷᠬᠠᠨ  ᠦᠭᠡᠢ  ᠪᠠᠶᠢᠨ᠎ᠠ  ᠃   ᠬᠠᠷᠢᠨ ︿ ︿ᠸᠠᠨ   ᠯᠢ  ᠴᠢᠷᠡᠭ  ᠎ ᠤᠨ  ᠵᠢᠳᠬᠦᠯᠳᠡᠨ  ᠎ ᠤ  ᠲᠡᠮᠳᠡᠭᠡᠯᠡᠯ  ﹀﹀  ᠎ ᠤᠨ  ᠤᠯᠠᠩᠬᠢ   ᠬᠠᠭᠤᠳᠠᠰᠤᠨ  ᠎ ᠳᠤ  ︿︿ ᠴᠠᠬᠠᠷ  ᠎ ᠤᠨ  ᠡᠯ᠎ᠡ  ᠠᠶᠢᠮᠠᠭ  ᠎ ᠯᠤᠭ᠎ᠠ   ᠬᠤᠯᠪᠤᠭᠠᠨᠯᠠᠨ  ﹀﹀   ᠭᠡᠵᠦ   ᠲᠡᠮᠳᠡᠭᠡᠯᠡᠭᠰᠡᠨ  ᠪᠠᠶᠢᠳᠠᠭ  ᠃  ᠬᠠᠷᠢᠨ  ᠮᠢᠩ  ᠎ ᠤᠨ  ᠬᠤᠯᠭᠠᠢ  ᠵᠠᠩ  ᠰᠢᠦᠧᠠᠢ  ᠶᠠᠨ  ᠲᠦᠮᠡᠨ  ᠯᠠᠩ  ᠎ ᠤᠨ  ᠬᠦᠨᠳᠦ  ᠎ ᠪᠠᠷ  ᠮᠤᠩᠭᠤᠯ  ᠢᠵᠠᠭᠤᠷᠳᠠᠳ  ᠎ ᠢ  ᠵᠠᠪᠰᠠᠷᠠᠭᠤᠯᠤᠨ  ᠂ ᠮᠤᠩᠭᠤᠯ  ᠢᠵᠠᠭᠤᠷᠳᠠᠳ  ᠎ ᠤᠨ  ᠭᠠᠷ   ᠎ ᠢᠶᠠᠷ ᠰᠤᠪᠬᠠᠢ  ᠎ ᠶᠢ  ᠠᠯᠠᠭᠤᠯᠬᠤ ᠶᠢ  ᠭᠤᠷᠢᠳᠠᠭᠰᠠᠨ ᠴᠦ  ᠤᠶᠢᠰᠢᠶᠠᠭᠰᠨ  ᠬᠦᠮᠦᠨ ᠭᠠᠷᠤᠭᠰᠠᠨ  ᠦᠭᠡᠢ ᠪᠠᠶᠢᠳᠠᠭ  ᠃  ᠡᠨᠡ  ᠎ ᠨᠢ ᠰᠤᠪᠬᠠᠢ  ᠬᠢᠭᠡᠳ  ᠪᠤᠰᠤᠳ   ᠨᠤᠶᠠᠷᠬᠠᠭᠴᠢᠳ  ᠎ ᠤᠨ ᠬᠠᠷᠢᠴᠠᠭ᠎ᠠ  ᠲᠤᠶᠢᠯ  ᠎ ᠤᠨ  ᠲᠤᠳᠤᠨᠤ   ᠪᠠᠶᠢᠭᠰᠠᠨ  ᠎ ᠢ  ᠬᠠᠷᠠᠭᠤᠯᠵᠦ ᠪᠠᠶᠢᠨ᠎ᠠ  ᠃    ᠰᠤᠪᠬᠠᠢ   ᠲᠦᠮᠡᠨ  ᠵᠠᠰᠠᠭᠳᠦ  ᠬᠠᠭᠠᠨ  ᠎ ᠤ  ︿︿ᠵᠠᠰᠠᠭ  ﹀﹀᠎ ᠲᠤ   ᠰᠤᠩᠭᠤᠭᠳᠠᠨ  ᠤᠷᠤᠭᠰᠠᠨ  ᠎ ᠨᠢ ᠲᠡᠭᠦᠨ  ᠎ ᠤ   ᠲᠦᠪ  ᠎ ᠲᠤ  ᠲᠦᠪᠯᠡᠷᠡᠬᠦ  ᠡᠷᠬᠡ  ᠎ ᠨᠢ ᠰᠤᠯᠠᠷᠠᠭᠰᠠᠨ  ᠲᠦᠷᠦ  ᠵᠠᠰᠠᠭ  ᠎ ᠢᠶᠠᠨ  ᠮᠡᠳᠡᠷᠡᠨ  ᠬᠠᠷᠠᠭᠠᠯᠵᠠᠵᠤ  ᠪᠦᠯᠬᠦᠮᠳᠡᠯ  ᠎ ᠤᠨ  ᠬᠦᠴᠦᠨ  ᠎ ᠢᠶᠠᠷ   ᠲᠡᠳᠬᠦᠬᠦ  ᠭᠡᠰᠡᠨ  ᠬᠦᠰᠡᠯ  ᠎ ᠢ  ᠎ ᠨᠢ  ᠢᠯᠡᠷᠬᠡᠶᠢᠯᠡᠵᠠᠢ  ᠃   ᠲᠠᠪᠤ  ᠄  ᠰᠤᠪᠬᠠᠢ  ᠎ ᠶᠢᠨ   ᠤᠪᠤᠭ   ᠬᠢᠭᠡᠳ  ᠠᠶᠢᠮᠠᠭ  ᠎ ᠤᠨ  ᠲᠤᠬᠠᠢ  ᠪᠠᠭᠠᠷᠢᠨ   ᠬᠤᠰᠢᠭᠤᠨ  ᠎ ᠤ  ᠰᠠᠭᠤᠷᠢ  ᠎ ᠶᠢ ᠲᠠᠯᠪᠢᠭᠴᠢ  ᠰᠤᠪᠬᠠᠢ  ᠎ ᠨᠢ    ᠭᠢᠶᠠᠳ  ᠠᠶᠢᠮᠠᠭ  ᠎ ᠤᠨ   ᠪᠤᠷᠵᠢᠬᠢᠨ  ᠤᠪᠤᠭᠳᠠᠨ  ᠮᠦᠨ    ᠃   ᠪᠠᠭᠠᠷᠢᠨ  ᠭᠡᠳᠡᠭ  ᠎ ᠨᠢ  ᠲᠡᠭᠦᠨ  ᠎ ᠤ  ᠵᠠᠬᠢᠷᠤᠭᠰᠠᠨ  ᠵᠠᠰᠠᠭ  ᠵᠠᠬᠢᠷᠭᠠᠨ  ᠎ ᠤ   ᠨᠡᠷᠡᠶᠢᠳᠦᠯ  ᠮᠦᠨ  ᠃    ᠬᠠᠷᠢᠨ  ᠠᠶᠢᠮᠠᠭ  ᠎ ᠨᠢ  ᠪᠢᠰᠢ  ᠂  ᠤᠪᠤᠭ  ᠎ ᠨᠢ   ᠨᠡᠩ  ᠪᠢᠰᠢ  ᠃ ᠤᠳᠤᠬᠠᠨ  ᠎ ᠳᠤ  ᠬᠡᠰᠡᠭ  ᠪᠦᠯᠦᠭ  ᠮᠤᠩᠭᠤᠯ  ᠬᠦᠮᠦᠨ  ᠎ ᠢ  ᠪᠠᠭᠳᠠᠭᠠᠭᠰᠠᠨ  ᠨᠢᠭᠡ  ᠪᠦᠯᠦᠭ  ᠬᠦᠮᠦᠰ  ᠮᠤᠩᠭᠤᠯ  ᠬᠦᠮᠦᠨ  ᠎ ᠳᠤ   ᠤᠪᠤᠭ  ᠦᠭᠡᠢ  ᠭᠡᠵᠦ ᠶᠠᠷᠢᠵᠦ ᠪᠤᠢ  ᠃   ᠮᠤᠩᠭᠤᠯᠴᠤᠤᠳ  ᠲᠡᠭᠡᠳᠦ  ᠎ ᠶᠢᠨ  ᠦᠶ᠎ᠡ  ᠎ ᠲᠡᠭᠡᠨ  ᠤᠪᠤᠭ  ᠪᠠᠶᠢᠭᠰᠠᠨ  ᠦᠭᠡᠢ  ᠎ ᠨᠢ  ᠯᠠᠪᠳᠠᠢ  ᠂ ᠤᠴᠠᠷ  ᠎ ᠨᠢ  ᠶᠠᠮᠠᠷ  ᠪᠠ  ᠦᠨᠳᠦᠰᠦᠳᠡᠨ  ᠎ ᠨᠢ  ᠪᠦᠷᠢᠯᠳᠦᠮᠡᠩᠴᠨ  ᠤᠪᠤᠭ  ᠪᠠᠶᠢᠭᠰᠨ᠋  ᠦᠭᠡᠢ  ᠂ ᠨᠡᠷ᠎ᠡ  ᠴᠦ  ᠪᠠᠶᠢᠭᠰᠠᠨ ᠦᠭᠡᠢ  ᠃  ᠭᠡᠳᠡᠯ᠎ᠡ ᠮᠤᠩᠭᠤᠯ ᠬᠦᠮᠦᠨ  ᠎ ᠳᠤ  ᠬᠠᠮᠤᠭ  ᠨᠠᠭᠠᠳᠦ   ᠵᠠᠬ᠎ᠠ  ᠎ ᠳᠠᠭᠠᠨ ᠤᠳᠤᠬᠠᠨ  ᠎ ᠳᠤ  ᠨᠢᠭᠡᠨᠳᠡ  ᠤᠪᠤᠭ  ᠎ ᠲᠠᠢ  ᠪᠤᠯᠤᠭᠰᠠᠨ  ᠭᠡᠳᠡᠭ  ᠮᠡᠳᠡᠷᠡᠬᠦ  ᠬᠡᠷᠡᠭᠳᠠᠢ  ᠃ ᠮᠤᠩᠭᠤᠯ  ᠬᠦᠮᠦᠨ  ᠎ ᠤ  ᠤᠪᠤᠭ  ᠎ ᠨᠢ  ᠶᠡᠷᠦᠩᠭᠬᠢ  ᠎ ᠳᠡᠭᠡᠨ  ᠭᠤᠷᠪᠠᠨ  ᠢᠷᠡᠯᠳᠡ  ᠎ ᠲᠠᠢ  ᠃  ᠨᠢᠭᠡ ᠳᠤ  ᠄  ᠡᠷᠳᠡᠨ ᠤ  ᠮᠤᠩᠭᠤᠯ  ᠠᠶᠢᠮᠠᠭ  ᠎ ᠤᠨ  ᠰᠠᠭᠤᠷᠢᠨ ᠲᠡᠭᠡᠷ᠎ᠡ  ᠬᠦᠭᠵᠢᠵᠦ  ᠤᠪᠤᠭ  ᠪᠤᠯᠤᠭᠰᠠᠨ   ᠲᠡᠳᠡᠨᠡᠷ  ᠪᠤᠯᠪᠠᠯ  ᠮᠤᠩᠭᠤᠯ  ᠦᠨᠳᠦᠰᠦᠳᠡᠨ  ᠎ ᠤ  ᠨᠢᠷᠤᠭᠤ  ᠲᠤᠯᠭᠠᠭᠤᠷᠢ  ᠮᠦᠨ︔  ᠬᠤᠶᠠᠷ  ᠎ ᠲᠤ᠄  ᠮᠤᠩᠭᠤᠯ  ᠎ ᠤᠨ  ᠬᠦᠴᠦᠷᠬᠡᠵᠢᠯ  ᠎ ᠤᠨ  ᠦᠶ᠎ᠡ  ᠎ ᠳᠤ  ᠮᠤᠩᠭᠤᠯ  ᠢᠵᠠᠭᠤᠷᠳᠠᠨ  ᠎ ᠤ  ᠪᠤᠭᠤᠯ  ᠠᠯᠪᠠᠳᠦ  ᠨᠠᠷ  ᠹᠢᠥᠳᠡᠯ   ᠢᠵᠠᠭᠤᠷᠳᠠᠨ  ᠎ ᠤ  ᠎ ᠪᠠᠨ  ᠠᠶᠢᠮᠠᠭ  ᠤᠪᠤᠭ  ᠎ ᠤᠨ  ᠨᠡᠷ᠎ᠡ  ᠎ ᠶᠢ  ᠬᠦᠯᠢᠶᠡᠵᠦ  ᠠᠪᠤᠭᠰᠠᠨ  ︔  ᠡᠳᠡᠭᠡᠷ  ᠬᠦᠮᠦᠰ  ᠎ ᠲᠤ  ᠤᠯᠠᠨ  ᠲᠤᠭᠠᠨ  ᠎ ᠤ  ᠬᠠᠷᠢ ᠦᠨᠳᠦᠰᠦᠳᠡᠨ  ᠎ ᠤ  ᠠᠯᠪᠠᠳᠦ ᠢᠷᠭᠡᠨ  ᠪᠠᠭᠳᠠᠵᠦ  ᠂ ᠲᠡᠦᠬᠡᠨ  ᠬᠦᠭᠵᠢᠯᠳᠡ  ᠎ ᠶᠢ ᠲᠠᠭᠠᠯᠳᠦᠨ   ᠵᠢᠩᠬᠢᠨᠢ  ᠮᠤᠩᠭᠤᠯ  ᠬᠦᠮᠦᠨ  ᠪᠤᠯᠵᠤ  ᠬᠤᠪᠢᠷᠠᠨ  ᠠᠭᠤᠰᠴᠦ  ᠮᠤᠩᠭᠤᠯᠴᠤᠳ  ᠎ ᠤᠨ  ᠮᠠᠨᠳᠤᠯ  ᠪᠠᠭᠤᠷᠠᠯ  ᠎ ᠳᠤ  ᠬᠦᠨᠳᠦ  ᠨᠦᠯᠦᠭᠡ   ᠭᠠᠷᠭᠠᠭᠰᠠᠭᠠᠷ  ︔   ᠭᠤᠷᠪᠠ  ᠎ ᠳᠤ  ᠴᠢᠩ  ᠤᠯᠤᠰ  ᠎ ᠤᠨ  ᠬᠠᠭᠠᠳ  ᠮᠤᠩᠭᠤᠯ  ᠸᠠᠩ  ᠭᠦᠩ  ᠎ ᠳᠤ  ᠮᠤᠷᠳᠠᠭᠤᠯᠠᠭᠰᠠᠨ  ᠠᠪᠠᠭᠠᠢ  ᠭᠦᠩᠵᠦ ᠨᠠᠷ  ᠎ ᠤᠨ  ᠲᠠᠭᠠᠭᠰᠠᠨ  ᠢᠨᠵᠦ  ᠮᠠᠨᠵᠦ  ᠨᠠᠷ ᠤᠨ  ᠬᠤᠶᠢᠴᠢᠰ  ᠦᠪᠡᠷ  ᠎ ᠤᠨ  ᠤᠪᠤᠭ  ᠎ ᠢᠶᠠᠨ ᠰᠢᠭᠤᠳ  ᠪᠠᠷᠢᠮᠳᠠᠯᠠᠭᠰᠠᠨ  ᠃  ᠡᠳᠡᠭᠡᠷ  ᠬᠦᠮᠦᠨ  ᠮᠤᠩᠭᠤᠯ  ᠎ ᠲᠠᠢ  ᠢᠵᠢᠯᠰᠢᠨ  ᠠᠭᠤᠰᠤᠭᠠᠳ  ᠮᠤᠩᠭᠤᠯ  ᠰᠤᠶᠤᠯ  ᠂  ᠨᠡᠶᠢᠭᠡᠮ  ᠂  ᠠᠵᠤ  ᠠᠬᠤᠢ  ᠎ ᠶᠢᠨ  ᠴᠢᠨᠨᠠᠭᠰᠢᠯᠠᠪᠠᠯ  ᠴᠢᠷᠡᠭ  ᠲᠠᠶᠢᠨ  ᠎ ᠤ  ᠲᠡᠦᠬᠡᠨ ᠳᠤ  ᠪᠠᠯᠠᠷᠠᠰᠢ  ᠦᠭᠡᠢ  ᠦᠢᠯᠳᠦᠯ   ᠦᠵᠡᠭᠦᠯᠦᠭᠰᠡᠭᠡᠷ  ᠃  ᠭᠡᠬᠦ  ᠎ ᠳᠤ  ᠬᠡᠰᠡᠭ  ᠪᠦᠯᠦᠭ  ᠢᠪᠴᠦ   ᠦᠵᠡᠯᠳᠡᠳ  ᠲᠡᠳᠡᠨᠡᠷ  ᠎ ᠢ  ᠭᠠᠳᠠᠭᠤᠷᠴᠢᠯᠠᠵᠦ  ᠶᠠᠷᠢᠳᠠᠭ  ᠎ ᠨᠢ  ᠲᠡᠦᠬᠡᠨ  ᠴᠢᠨᠠᠷᠳᠠᠢ   ᠬᠠᠷᠠᠮᠰᠠᠯ  ᠪᠤᠯᠬᠤ  ᠶᠤᠮ  ᠃  ᠮᠤᠩᠭᠤᠯ  ᠬᠦᠮᠦᠨ  ᠎ ᠳᠤ  ᠤᠪᠤᠭ  ᠎ ᠲᠠᠢ ᠪᠤᠯᠤᠭᠰᠠᠨ  ᠬᠠᠮᠤᠭ  ᠢᠯᠡ ᠪᠠᠷᠢᠮᠳᠠ  ᠪᠤᠯᠪᠠᠯ ︿︿ ᠤᠪᠤᠭ﹀﹀ ᠭᠡᠬᠦ  ᠨᠡᠷ᠎ᠡ  ᠦᠭᠡ ᠮᠦᠨ  ᠃    ᠮᠤᠩᠭᠤᠯ  ᠬᠦᠮᠦᠨ  ᠎ ᠳᠤ  ᠤᠪᠤᠭ  ᠎ ᠲᠠᠢ  ᠭᠡᠳᠡᠭ  ᠎ ᠲᠤ  ᠵᠤᠬᠢᠶᠠᠯ  ᠠᠭᠤᠯᠠᠭ᠎ᠠ  ᠎ ᠠᠴᠠ   ᠬᠤᠯᠠᠳᠠᠬᠤ  ᠦᠭᠡᠢ  ᠎ ᠶᠢᠨ  ᠲᠦᠯᠦᠭᠡ  ᠬᠤᠶᠠᠷᠬᠠᠨ   ᠵᠢᠰᠢᠶ᠎ᠡ  ᠲᠤᠷᠠᠳᠤᠶ᠎ᠠ  ᠃   ᠨᠢᠭᠡ ᠳᠤ ᠦᠭᠡ  ᠪᠤᠯᠪᠠᠯ  ᠪᠤᠰᠤᠳᠴᠢ ᠠᠬᠤᠢ  ᠎ ᠶᠢᠨ  ᠰᠢᠭᠤᠳ   ᠲᠤᠰᠬᠠᠯ ᠮᠦᠨ  ᠃  ︿︿ ᠤᠪᠤᠭ  ﹀﹀ ᠭᠡᠰᠡᠨ   ᠦᠭᠡ   ᠪᠤᠢ  ᠪᠤᠯᠵᠤ  ᠬᠡᠷᠡᠭᠯᠡᠳᠡᠭᠰᠡᠨ  ᠎ ᠨᠢ  ᠨᠢᠭᠡ  ᠪᠠᠷᠢᠮᠳᠠ  ᠃  ᠬᠤᠶᠠᠷ  ᠎ ᠲᠤ  ᠤᠷᠴᠢᠨ  ᠦᠶ᠎ᠡ  ᠎ ᠶᠢᠨ  ᠠᠯᠳᠠᠷᠳᠦ  ᠡᠷᠳᠡᠮᠳᠡᠨ  ᠲᠠᠮᠳᠢᠩᠰᠦᠷᠤᠩ  ᠎ ᠤᠨ  ᠰᠢᠯᠦᠭ  ᠎ ᠲᠤ ︿︿ ᠬᠠᠳᠠᠭᠢᠨ  ᠤᠪᠤᠭ  ᠎ ᠤᠨ  ᠨᠡᠭᠦᠳᠡᠯᠴᠢᠨ  ᠂  ᠬᠠᠷᠠᠴᠦ  ᠢᠵᠠᠭᠤᠷᠳᠦ  ᠲᠠᠮᠳᠢᠩᠰᠦᠷᠦᠩ  ﹀﹀  ᠭᠡᠵᠦ  ᠤᠶᠠᠩᠭᠠᠯᠭᠰᠠᠨ  ᠪᠠᠶᠢᠳᠠᠭ  ᠃   ᠲᠠᠮᠳᠢᠩᠰᠦᠷᠦᠩ   ᠨᠠᠷ  ᠮᠤᠩᠭᠤᠯ  ᠦᠨᠳᠦᠰᠦᠳᠡᠨ  ᠎ ᠤ  ᠤᠷᠴᠢᠨ  ᠦᠶ᠎ᠡ  ᠎ ᠶᠢᠨ  ᠲᠡᠦᠬᠡᠨ  ᠎ ᠲᠠᠬᠢ  ᠬᠠᠮᠤᠭ    ᠭᠠᠷᠮᠠᠭᠠᠢ   ᠬᠡᠯᠡ  ᠰᠤᠶᠤᠯ  ᠂ ᠲᠡᠦᠬᠡ  ᠎ ᠶᠢᠨ ᠡᠷᠳᠡᠮᠳᠡᠨ ᠭᠡᠳᠡᠭ  ᠎ ᠲᠤ  ᠮᠠᠷᠭᠤᠬᠤ  ᠬᠦᠮᠦᠨ  ᠴᠦᠬᠡᠨ  ᠪᠠᠶᠢᠭ᠎ᠠ  ᠃ᠮᠤᠩᠭᠤᠯ  ᠬᠦᠮᠦᠨ  ᠎ ᠢ  ᠤᠪᠤᠭ  ᠦᠭᠡᠢ   ᠭᠡᠳᠡᠭ  ᠎ ᠨᠢ  ᠨᠢᠭᠡ  ᠵᠦᠢᠯ  ᠎ ᠤᠨ  ᠲᠤᠷᠤᠮᠵᠢ  ᠪᠠᠶᠢᠭ᠎ᠠ  ᠶᠤᠮ  ᠃   ᠡᠶᠢᠮᠦ  ᠎ ᠠᠴᠠ  ᠰᠤᠪᠬᠠᠢ  ᠎ ᠶᠢᠨ  ᠪᠠᠭᠠᠷᠢᠨ  ᠎ ᠢ   ᠪᠤᠳᠠᠨᠴᠢᠷ  ᠎ ᠤᠨ  ᠪᠠᠷᠢᠵᠦ  ᠠᠪᠤᠭᠰᠠᠨ  ᠡᠬᠡᠨᠡᠷ  ᠎ ᠠᠴᠠ  ᠲᠦᠷᠦᠭᠰᠡᠨ   ︿︿ᠪᠠᠷᠢᠶᠠᠳᠠᠢ  ﹀  ᠎ ᠶᠢᠨ  ᠬᠤᠶᠢᠴᠢᠰ  ᠎ ᠲᠠᠢ   ᠬᠤᠳᠬᠤᠨ  ᠶᠠᠷᠢᠳᠠᠭ  ᠦᠵᠡᠯᠳᠡ  ᠎ ᠳᠤ  ᠨᠠᠷᠢᠨ  ᠰᠤᠳᠤᠯᠤᠯᠳᠠ   ᠬᠢᠪᠡᠯ  ᠵᠤᠬᠢᠨ᠎ᠠ  ᠃  ᠤᠯᠠᠭᠠᠨᠬᠠᠳᠠ  ᠎ ᠶᠢᠨ  ᠡᠳᠦᠷ  ᠎ ᠤᠨ  ᠰᠤᠨᠢᠨ  ᠎ ᠤ 2010 ᠤᠨ 1 ᠰᠠᠷ᠎ᠠ  ᠎ ᠶᠢᠨ 1  ᠎ ᠤ  ᠬᠢᠳᠠᠳ  ᠬᠡᠪᠯᠡᠯ  ᠎ ᠲᠤ  ᠴᠧᠨ  ᠭᠤᠸᠠᠩ  ᠡᠦ  ᠎ ᠶᠢᠨ  ᠪᠢᠴᠢᠭᠰᠡᠨ  ︿︿ ᠵᠡᠭᠦᠨ  ᠪᠠᠷᠠᠭᠤᠨ  ᠬᠤᠶᠠᠷ  ᠪᠠᠭᠠᠷᠢᠨ  ᠬᠤᠰᠢᠭᠤᠨ  ᠎ ᠤ  ᠨᠡᠷᠡᠶᠢᠳᠦᠯ  ᠲᠤᠬᠠᠢ  ᠬᠠᠶᠢᠨ  ᠰᠦᠪᠡᠭᠴᠢᠯᠡᠯ  ﹀﹀ ᠭᠡᠬᠦ  ᠵᠤᠬᠢᠶᠠᠯ  ᠎ ᠳᠠᠭᠠᠨ   ︿︿ ᠬᠤᠶᠢᠳᠦ  ᠠᠯᠳᠠᠨ  ᠤᠯᠤᠰ  ᠎ ᠤᠨ  ᠰᠡᠭᠦᠯᠴᠢ  ᠎ ᠪᠠᠷ  ᠤᠤᠯ  ᠎ ᠤᠨ  ᠮᠤᠩᠭᠤᠯ  ᠠᠶᠢᠮᠠᠭ  ᠪᠦᠯᠦᠭ  ᠪᠦᠯᠦᠭ  ᠎ ᠢᠶᠠᠷ  ᠵᠠᠳᠠᠷᠠᠨ  ᠰᠢᠨ᠎ᠡ  ᠠᠶᠢᠮᠠᠭ  ᠪᠦᠷᠢᠯᠳᠦᠨ  ᠲᠤᠭᠳᠠᠨᠢᠵᠠᠢ  ᠃  ᠡᠨᠡᠬᠦ  ᠦᠶᠡᠰ  ᠪᠠᠭᠠᠷᠢᠨ  ᠭᠠᠷᠦᠯ  ᠎ ᠲᠠᠢ  ᠮᠤᠩᠭᠤᠯ  ᠴᠢᠷᠡᠭ  ᠎ ᠢᠶᠠᠷ  ᠭᠤᠤᠯ  ᠪᠤᠯᠭᠠᠭᠰᠠᠨ  ᠰᠢᠨ᠎ᠡ  ᠪᠠᠭᠠᠷᠢᠨ  ᠠᠶᠢᠮᠠᠭ  ᠪᠦᠷᠢᠯᠳᠦᠵᠦ  ᠰᠤᠪᠬᠠᠢ  ᠲᠡᠭᠦᠨ  ᠎ ᠢ  ᠶᠡᠷᠦᠩᠭᠡᠶᠢᠯᠡᠨ  ᠵᠠᠬᠢᠷᠴᠠᠢ  ᠃  ᠲᠤᠰ  ᠠᠶᠢᠮᠠᠭ  ᠎ ᠨᠢ  ᠪᠠᠭᠠᠷᠢᠨ  ᠠᠶᠢᠮᠠᠭ  ᠎ ᠤᠨ  ᠬᠦᠮᠦᠨ  ᠪᠠ  ᠴᠢᠷᠡᠭ  ᠪᠠᠭᠤᠳᠠᠯᠯᠠᠭᠰᠠᠨ  ︿︿ᠪᠠᠶᠢᠷᠢ  ﹀﹀  ᠪᠤᠯᠤᠭᠰᠠᠨ  ᠎ ᠠᠴᠠ  ︿ ︿ ᠪᠠᠶᠢᠷᠢᠨ  ﹀﹀  ᠬᠡᠮᠡᠭᠳᠡᠬᠦ  ᠪᠤᠯᠵᠠᠢ  ᠭᠡᠵᠦ    ᠬᠤᠶᠠᠷ  ᠦᠵᠡᠯᠳᠡ ᠶᠢ  ᠨᠡᠶᠢᠯᠡᠭᠦᠯᠦᠨ  ᠲᠤᠷᠠᠳᠤᠭᠰᠠᠨ  ᠪᠠᠶᠢᠳᠠᠭ  ᠃  ᠡᠨᠡᠬᠦ  ᠪᠦᠭᠡᠷᠡᠩᠬᠢ  ᠦᠵᠡᠯᠳᠡ  ᠎ ᠪᠠᠷ  ᠲᠡᠦᠬᠡ  ᠎ ᠶᠢᠨ  ᠨᠠᠷᠢᠨ  ᠎ ᠢ  ᠲᠠᠶᠢᠯᠪᠦᠷᠢᠯᠠᠬᠤ  ᠎ ᠨᠢ  ᠵᠤᠬᠢᠰ  ᠦᠭᠡᠢ  ᠃ ᠶᠠᠭᠤ  ᠴᠦ  ᠭᠡᠰᠡᠨ  ᠰᠤᠪᠬᠠᠢ  ᠎ ᠶᠢᠨ  ᠪᠠᠭᠠᠷᠢᠨ  ᠬᠢᠭᠡᠳ  ︿︿ᠪᠠᠷᠢᠶᠠᠳᠠᠢ  ﹀﹀  ᠎ ᠶᠢᠨ  ᠬᠤᠶᠢᠴᠢᠰ  ᠪᠠᠭᠠᠷᠢᠨ   ᠤᠪᠤᠭᠳᠠᠨ  ᠎ ᠲᠠᠢ  ᠶᠠᠮᠠᠷ  ᠨᠢᠭᠡᠨ  ᠬᠤᠯᠪᠤᠭᠳᠠᠯᠳᠠᠢ  ᠭᠡᠳᠡᠭ  ᠎ ᠢ   ᠤᠠᠯᠮ  ᠨᠢᠭᠡ  ᠠᠯᠬᠤᠮ  ᠲᠤᠳᠤᠷᠬᠠᠶᠢᠯᠠᠬᠤ  ᠴᠢᠬᠤᠯᠠ  ᠎ ᠲᠠᠢ  ᠃ ᠠᠳᠡ  ᠵᠤᠬᠢᠶᠠᠯ  ᠎ ᠤᠨ  ᠰᠡᠳᠦᠪ  ᠎ ᠠᠴᠠ  ᠰᠠᠯᠬᠤ  ᠎ ᠠᠴᠠ  ᠬᠢᠴᠢᠶᠡᠬᠦ  ᠎ ᠶᠢᠨ  ᠲᠦᠯᠦᠭᠡ  ᠠᠳᠡ  ᠬᠦᠷᠳᠡᠯ᠎ᠡ  ᠶᠠᠷᠢᠶ᠎ᠠ  ᠃  ᠵᠢᠷᠭᠤᠭ᠎ᠠ  ᠄   ᠰᠤᠪᠬᠠᠢ  ᠎ ᠶᠢᠨ  ᠰᠦᠮ᠎ᠡ  ᠎ ᠶᠢᠨ  ᠲᠤᠬᠠᠢ ᠰᠤᠪᠬᠠᠢ  ᠎ ᠶᠢᠨ  ᠰᠦᠮ᠎ᠡ  ᠎ ᠶᠢᠨ  ᠪᠦᠷᠢᠨ  ᠨᠡᠷᠡᠶᠢᠳᠦᠯ  ᠎ ᠨᠢ  ︿︿ ᠰᠤᠪᠬᠠᠢ  ᠎ ᠶᠢᠨ  ᠲᠠᠷᠬᠠᠨ  ᠰᠦᠮ᠎ᠡ﹀﹀  ᠭᠡᠳᠡᠭ  ᠃  ᠨᠤᠳᠤᠭ  ᠎ ᠤᠨ   ᠮᠤᠩᠭᠤᠯᠴᠤᠤᠳ  ᠲᠡᠭᠦᠨ  ᠎ ᠢ  ︿︿ ᠰᠤᠪᠤᠳᠢ  ᠎ ᠶᠢᠨ   ᠰᠦᠮ᠎ᠡ  ﹀﹀   ᠭᠡᠳᠡᠭ  ᠃   ᠪᠠᠭᠠᠷᠢᠨ  ᠪᠠᠷᠠᠭᠤᠨ  ᠬᠤᠰᠢᠭᠤᠨ  ᠎ ᠤ   ᠠᠩᠬᠠᠳᠤᠭᠴᠢ  ᠸᠠᠩ  ᠰᠡᠪᠳᠠᠨ  ᠡᠩᠬᠡ  ᠠᠮᠤᠭᠤᠯᠠᠩ  ᠎ ᠤᠨ  ᠵᠢᠷᠭᠤᠳᠤᠭᠠᠷ  ᠤᠨ  ᠎ ᠳᠤ  ᠲᠡᠭᠷᠢ  ᠎ ᠳᠤ  ᠬᠠᠯᠢᠬᠤ  ᠎ ᠳᠠᠭᠠᠨ  ᠪᠠᠭᠠᠷᠢᠨ   ᠬᠤᠰᠢᠭᠤᠨ  ᠎ ᠤ ᠰᠭᠤᠷᠢ  ᠲᠠᠯᠪᠢᠭᠴᠢ  ᠰᠤᠪᠬᠠᠢ  ᠎ ᠳᠤ  ᠰᠦᠮ᠎ᠡ ᠪᠤᠰᠬᠠᠨ  ᠲᠤᠷᠰᠬᠠᠬᠤ  ᠎ ᠶᠢ   ᠭᠡᠷᠢᠶᠡᠰᠦᠯᠡᠵᠠᠢ᠃   ᠭᠡᠷᠢᠶᠡᠰ  ᠵᠠᠷᠯᠢᠭ  ᠎ ᠢᠶᠠᠷ  ᠪᠠᠭᠠᠷᠢᠨ  ᠪᠠᠷᠠᠭᠤᠨ  ᠬᠤᠰᠢᠭᠤᠨ  ᠎ ᠤ  ᠭᠤᠷᠪᠠᠳᠤᠭᠠᠷ  ᠸᠠᠩ  ᠨᠠᠮᠳᠠᠭ  ᠪᠠᠭᠠᠷᠢᠨ  ᠎ ᠤ ᠪᠠᠷᠠᠭᠤᠨ  ᠬᠡᠰᠡᠭ  ᠎ ᠤᠨ  ᠵᠡᠭᠦᠨ  ᠪᠤᠯᠤᠩ   ︵ᠤᠳᠤᠬᠠᠨ  ᠎ ᠤ  ᠯᠢᠨᠰᠢ  ᠰᠢᠶᠠᠨ  ᠎ ᠤ   ᠯᠢᠨᠰᠢ  ᠪᠠᠯᠭᠠᠰᠦᠨ  ᠎ ᠠᠴᠠ  ᠵᠡᠭᠦᠨᠰᠢ  ᠨᠠᠢᠮᠠᠨ  ᠭᠠᠵᠠᠷ  ᠵᠠᠶᠢᠳᠠᠢ  ︶   ᠰᠦᠮ᠎ᠡ  ᠪᠤᠰᠬᠠᠵᠦ  ᠲᠠᠬᠢᠵᠠᠢ  ᠃ 1744  ᠤᠨ  ᠎ ᠳᠤ ᠲᠡᠭᠷᠢ  ᠲᠡᠳᠬᠦᠭᠴᠢ  ᠵᠡᠭᠦᠨᠰᠢ     ᠪᠠᠶᠢᠴᠠᠭᠠᠬᠤ  ᠎ ᠳᠠᠭᠠᠨ ᠰᠢᠳᠠᠷ  ᠶᠠᠪᠤᠭᠰᠠᠨ  ᠪᠠᠭᠠᠷᠢᠨ ᠤ   ᠷᠢᠨᠴᠢᠨ ᠸᠠᠩ ᠳᠤ  ᠴᠢᠨ  ᠸᠠᠩ  ᠎ ᠤᠨ ᠭᠡᠷᠬᠡᠮ   ᠬᠦᠷᠳᠡᠭᠡᠵᠦ  ᠃ᠰᠤᠪᠬᠠᠢ  ᠎ ᠶᠢᠨ  ᠰᠦᠮ᠎ᠡ  ᠎ ᠶᠢ  ᠯᠠᠮᠠ  ᠎ ᠶᠢᠨ  ᠰᠦᠮ᠎ᠡ   ᠪᠤᠯᠭᠠᠨ  ᠦᠷᠭᠡᠳᠬᠡᠨ  ᠪᠠᠶᠢᠭᠤᠯᠬᠤ   ᠎ ᠶᠢ  ᠰᠤᠶᠤᠷᠬᠠᠨ  ︿︿ᠪᠦᠬᠦᠳᠡ  ᠎ ᠶᠢ  ᠦᠷᠨᠢᠭᠦᠯᠦᠭᠴᠢ ᠰᠦᠮ᠎ᠡ  ﹀﹀ ᠬᠡᠮᠡᠨ  ᠨᠡᠷᠡᠶᠢᠳᠴᠠᠢ  ᠃  ᠭᠡᠳᠡᠯ᠎ᠡ  ᠨᠤᠳᠤᠭ  ᠎ ᠤᠨ  ᠬᠦᠮᠦᠨ ᠮᠦᠨ ᠯᠡ  ︿︿ᠰᠤᠪᠬᠠᠢ  ᠎ ᠶᠢᠨ  ᠰᠦᠮ᠎ᠡ  ﹀﹀ ᠭᠡᠵᠦ  ᠲᠠᠭᠤᠳᠠᠵᠤ  ᠂  ᠬᠤᠵᠢᠮ  ᠎ ᠨᠢ  ︿︿ᠰᠤᠪᠤᠳᠢ  ᠎ ᠶᠢᠨ  ᠰᠦᠮ᠎ᠡ﹀﹀ ᠭᠡᠵᠦ  ᠠᠪᠢᠶᠠᠨ ᠤ  ᠤᠨᠳᠤᠤᠰᠢᠯ    ᠡᠭᠦᠰᠴᠠᠢ  ᠃  ᠰᠤᠪᠬᠠᠢ  ᠎ ᠶᠢᠨ  ᠰᠦᠮ᠎ᠡ  ᠎ ᠨᠢ  ᠠᠭᠤᠯᠠᠨ ᠰᠢᠭᠤᠢ  ᠎ ᠶᠢ ᠠᠷᠤᠯᠠᠵᠤ  ᠂ ᠭᠠᠯᠳᠠᠰᠤᠳᠠᠢ  ᠭᠤᠤᠯ  ᠎ ᠢ  ᠢᠰᠭᠦᠯᠡᠨ  ᠪᠠᠶᠢᠷᠰᠢᠵᠠᠢ  ᠃  ᠪᠠᠳᠠᠷᠠᠨ  ᠬᠦᠭᠵᠢᠭᠰᠡᠨ ᠴᠠᠭ  ᠎ ᠲᠠᠭᠠᠨ 300  ᠢᠯᠡᠭᠦᠦ  ᠯᠠᠮᠠ  ᠬᠤᠸᠠᠷᠠᠭ  ᠂  80 ᠢᠯᠡᠭᠦᠦ  ᠤᠷᠤᠨ  ᠰᠠᠭᠤᠴᠠ  ᠎ ᠲᠠᠢ  ᠪᠠᠶᠢᠵᠠᠢ  ᠃  ᠪᠠᠭᠠᠷᠢᠨ ᠤ ᠠᠳᠠᠷ  ᠬᠠᠭᠠᠯᠪᠤᠷᠢᠯᠠᠯᠳᠠ  ᠎ ᠶᠢᠨ   ᠦᠶᠡᠰ  ᠂ ᠪᠠᠳᠠᠷᠭᠤᠯᠳᠦ  ᠲᠦᠷᠦ  ᠎ ᠶᠢᠨ 33 ᠤᠨ  ︵1908︶  ᠎ ᠳᠤ  ᠯᠠᠮᠠ  ᠬᠤᠸᠠᠷᠠᠭ  ᠎ ᠢ  ᠎ ᠨᠢ  ᠠᠯᠪᠠᠳᠠᠨ  ᠵᠠᠶᠢᠯᠠᠭᠤᠯᠵᠤ  ᠂ ᠰᠦᠮ᠎ᠡ  ᠎ ᠶᠢ ᠨᠢ  ᠠᠳᠠᠷ  ᠬᠠᠭᠠᠯᠪᠤᠷᠢᠯᠠᠬᠤ  ᠲᠤᠪᠴᠢᠶ᠎ᠠ  ᠎ ᠳᠤ ᠲᠦᠷᠢᠶᠡᠰᠦᠯᠡᠨ   ᠦᠭᠴᠦ  ᠂  ᠢᠷᠭᠡᠨ  ᠤᠯᠤᠰ  ᠎ ᠤᠨ 10 ᠤᠨ  ︵1921︶ ᠤᠨ  ᠎ ᠳᠤ  ᠨᠤᠷᠠᠭᠠᠵᠦ  ᠤᠷᠬᠢᠵᠠᠢ  ᠃ᠨᠠᠶᠢᠷᠠᠭᠤᠯᠤᠭᠰᠠᠨ  ᠎ ᠤ  ᠲᠠᠷᠠᠭᠠᠬᠢ  ᠦᠭᠡ ᠪᠠᠭᠠᠷᠢᠨ  ᠬᠤᠰᠢᠭᠤᠨ  ᠎ ᠤ  ᠰᠠᠭᠤᠷᠢ  ᠎ ᠶᠢ  ᠲᠠᠯᠪᠢᠭᠴᠢ  ᠰᠤᠪᠬᠠᠢ  ᠎ ᠶᠢᠨ  ᠲᠤᠬᠠᠢ ᠪᠢᠴᠬᠦ  ᠎ ᠪᠠᠷ  ᠨᠡᠯᠢᠶᠡᠳ  ᠡᠷᠳᠡ  ᠲᠦᠯᠦᠪᠡᠯᠭᠰᠡᠨ  ᠃ ᠭᠡᠳᠡᠯ᠎ᠡ  ᠮᠡᠳᠡᠯᠭᠡ  ᠂  ᠮᠠᠲ᠋ᠡᠷᠢᠶᠠᠯ  ᠂  ᠴᠠᠭ  ᠵᠢᠴᠢ  ᠵᠦᠪᠯᠡᠯᠭᠡ  ᠦᠭᠬᠦ  ᠬᠦᠮᠦᠨ ᠲᠤᠳᠠᠭᠳᠠᠭᠠᠳ  ᠦᠨᠦᠬᠡᠨ  ᠲᠤᠭᠤᠷᠪᠢᠵᠦ  ᠲᠠᠭᠤᠰᠬᠠᠯ᠎ᠠ  ᠃  ᠭᠤᠤᠯ  ᠲᠦᠰᠢᠭᠯᠡᠭᠰᠡᠨ    ᠮᠠᠲ᠋ᠡᠷᠢᠶᠠᠯ  ᠪᠤᠯᠪᠠᠯ ︿︿︿︿ᠸᠠᠨ  ᠯᠢ  ᠎ ᠶᠢᠨ  ᠴᠢᠷᠡᠭ  ᠎ ᠤᠨ  ᠵᠢᠳᠬᠦᠯᠳᠡᠨ  ᠎ ᠤ  ᠲᠡᠮᠳᠡᠭᠡᠯᠡᠯ  ﹀﹀  ᠂  ︿︿ ᠤᠮᠠᠷᠠᠳᠦ  ᠶᠤᠸᠠᠨ  ᠎ ᠤ  ᠲᠡᠦᠭᠡ  ﹀  ﹀  ᠂  ︿︿ ᠪᠠᠭᠠᠷᠢᠨ  ᠪᠠᠷᠠᠭᠤᠨ  ᠬᠤᠰᠢᠭᠤᠨ  ᠎ ᠤ  ᠤᠶᠢᠯᠯᠭ᠎ᠠ  ﹀﹀    ᠪᠤᠯᠤᠨ᠎ᠠ  ᠃   ᠪᠢᠴᠢᠬᠦ  ᠎ ᠠᠴᠠ  ᠡᠮᠦᠨ᠎ᠡ  ᠪᠤᠰᠤᠳ  ᠎ ᠤᠨ  ᠵᠤᠬᠢᠶᠠᠯ  ᠎ ᠲᠠᠢ ᠠᠭᠤᠯᠭ᠎ᠠ   ᠰᠡᠳᠦᠪ  ᠪᠦᠷᠢᠮᠦᠰᠨ  ᠲᠠᠪᠬᠤᠴᠠᠬᠤ  ᠎ ᠠᠴᠠ  ᠬᠢᠴᠢᠶᠠᠨ  ᠡᠷᠳᠡᠮ  ᠰᠢᠨᠵᠢᠯᠡᠭᠡᠨ  ᠎ ᠳᠤ  ᠲᠤᠷ᠎ᠠ  ᠪᠠᠭ᠋ᠠᠳᠠᠢ   ᠬᠠᠮᠳᠦ ᠰᠤᠷᠤᠯᠭᠠᠳᠠᠨ ᠨᠠᠷ  ᠎ ᠠᠴᠠ  ᠎ ᠪᠠᠨ  ᠰᠤᠷᠠᠭᠰᠠᠨ  ᠂   ᠬᠠᠷᠢᠭᠤ  ᠎ ᠨᠢ  ︿︿ ᠬᠠᠷᠠᠬᠠᠨ  ᠤᠩᠰᠢᠭ᠎ᠠ  ᠦᠭᠡᠢ  ﹀﹀   ᠭᠡᠰᠡᠨ  ᠂  ᠂ ᠠᠭᠤᠯᠭ᠎ᠠ  ᠂ ᠰᠡᠳᠦᠪ  ᠪᠦᠷᠢᠮᠦᠰᠨ  ᠲᠠᠪᠬᠤᠴᠠᠭᠰᠠᠨ  ᠦᠭᠡᠢ  ᠪᠠᠶᠢᠬᠤ  ᠎ ᠶᠢ  ᠵᠦᠩᠨᠡᠨ  ᠬᠢᠴᠢᠶᠡᠶ᠎ᠡ  ᠃   ᠲᠤᠭᠤᠷᠪᠢᠨ  ᠪᠢᠴᠢᠬᠦ   ᠶᠠᠪᠤᠴᠠ‌ᠡᠷᠳᠡᠨ  ᠎ ᠤ  ᠮᠤᠩᠭᠤᠯ  ᠬᠦᠮᠦᠨ ᠤ  ᠨᠡᠷ᠎ᠡ  ᠎ ᠶᠢ  ᠬᠢᠳᠠᠳ  ᠬᠡᠯᠡᠨ  ᠎ ᠠᠴᠠ  ᠠᠪᠢᠶᠠᠯᠠᠨ  ᠪᠤᠴᠠᠭᠠᠬᠤ  ᠎ ᠳᠤ  ᠬᠦᠴᠢᠷᠳᠡᠭᠰᠡᠨ  ᠂ ᠠᠯᠳᠠᠭ᠎ᠠ  ᠪᠤᠷᠤᠭᠤ  ᠤᠯᠠᠨ  ᠪᠠᠶᠢᠬᠤ  ᠎ ᠨᠢ  ᠲᠡᠮᠵᠢᠭ  ᠦᠭᠡᠢ  ᠂ ᠦᠵᠡᠬᠦ  ᠮᠡᠷᠭᠡᠳ  ᠠᠭᠤᠴᠢᠯᠠᠨ  ᠤᠩᠰᠢᠮᠦ  ᠃  ᠨᠠᠶᠢᠷᠠᠭᠤᠯᠦᠨ  ᠡᠮᠡᠳᠬᠢᠬᠦ   ᠶᠠᠪᠤᠴᠠ ᠳᠤ  ᠯᠢᠨᠰᠢ  ᠰᠢᠶᠠᠨ  ᠎ ᠤ  ᠠᠷᠠᠳ  ᠎ ᠤᠨ   ᠶᠡᠭᠡ  ᠬᠤᠷᠠᠯ  ᠎ ᠤᠨ  ᠪᠠᠶᠢᠩᠭᠤ  ᠎ ᠶᠢᠨ  ᠶᠡᠭᠡ  ᠬᠤᠷᠠᠯ  ᠎ ᠤᠨ  ᠤᠤᠯ  ᠎ ᠤᠨ  ᠲᠡᠳ᠋ ᠡᠷᠬᠢᠯᠡᠭᠴᠢ  ᠡᠤ  ᠶᠦᠩ  ᠱᠠᠨ  ᠠᠪᠤᠭᠠᠢ  ᠬᠠᠯᠠᠭᠤᠨ  ᠭᠠᠷ  ᠎ ᠢᠶᠠᠨ  ᠰᠤᠩᠭᠠᠵᠦ  ᠬᠠᠷᠠᠮ ᠦᠭᠡᠢ  ᠲᠡᠮᠵᠢᠯᠭᠡ  ᠦᠵᠡᠭᠦᠯᠦᠨ  ᠂ ᠮᠠᠲ᠋ᠧᠷᠢᠶᠠᠯ  ᠬᠠᠩᠭᠠᠬᠤ  ᠎ ᠶᠢᠨ  ᠬᠠᠮᠳᠦ  ᠵᠦᠪᠯᠡᠯᠭᠡ  ᠦᠭᠴᠦ  ᠵᠤᠬᠢᠶᠠᠯ  ᠎ ᠤᠨ  ᠨᠤᠤᠷᠠᠭ  ᠎ ᠢ ᠬᠢᠨᠡᠨ  ᠲᠤᠭᠳᠠᠭᠠᠰᠠᠨ  ᠶᠤᠮ  ᠃ ᠲᠠᠯᠠᠷᠬᠠᠯ  ᠢᠯᠡᠷᠬᠡᠶᠢᠯᠡᠶ᠎ᠡ  ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号