ᠬᠠᠳᠤᠨ ᠰᠦᠨᠡᠰᠦ᠂  ᠬᠤᠶᠠᠳᠤᠭᠠᠷ  ᠪᠦᠯᠦᠭ᠂  ᠲᠤᠤᠷᠠᠳᠤ
ᠨᠡᠶᠢᠲᠡᠯᠡᠭᠰᠡᠨ ᠴᠠᠭ᠄
2020-06-12
ᠬᠤᠯᠠᠨ ᠬᠠᠳᠤᠨᠭᠦᠴᠦᠷᠭᠡᠭ ᠠᠶᠢᠮᠠᠭ ᠭᠤᠷᠪᠠᠨ ᠮᠡᠷᠬᠢᠳ ᠤᠨ ᠲᠠᠶᠢᠷ ᠤᠰᠤᠨ ᠤ ᠭᠦᠩᠵᠦ            ᠭᠦᠭᠦᠭᠡ ᠲᠤᠩᠭᠤᠳᠴᠦ ᠬᠠᠷᠢᠶᠠᠴᠠᠢ ᠪᠦᠵᠢᠬᠦ ᠮᠡᠳᠦ ᠤᠷᠠᠨ ᠠᠭᠠᠳ ᠡᠷᠬᠢᠮᠰᠦᠭᠭᠦᠴᠦᠨ ᠮᠡᠭᠦᠰᠳᠡᠵᠦ ᠤᠰᠠᠳᠬᠤ ᠶᠢᠨ ᠲᠠᠪᠠᠭᠠᠨ᠎ᠠ ᠪᠡᠯᠡᠭ ᠲᠤ ᠢᠷᠡᠭᠰᠡᠨ ᠲᠠᠬᠢᠨᠢ            ᠪᠢᠳᠡᠬᠦᠦ ᠦᠬᠡ ᠤᠩᠭᠤᠨ ᠪᠡᠶ᠎ᠡ ᠪᠠᠷ ᠨᠠᠶᠠᠭ᠎ᠠ ᠶᠢᠨ ᠬᠢᠯᠢᠰ ᠢ ᠴᠠᠭᠠᠳᠬᠠᠵᠤᠪᠢᠯᠢᠭ ᠤᠶᠤᠨ ᠬᠤᠯᠠᠴᠢ ᠤᠬᠠᠭᠠᠨ ᠢᠶᠠᠷ ᠰᠠᠷᠳᠠᠭᠤᠯ ᠢᠷᠭᠡᠨ ᠢ ᠲᠠᠶᠢᠯᠠᠨ            ᠪᠢᠯᠢᠭᠳᠦ ᠭᠦᠷᠦᠭᠡᠰᠦᠨ ᠤ ᠲᠤᠮᠤᠭ ᠢᠶᠠᠷ ᠪᠠᠭᠠᠳᠤᠷ ᠢᠳᠡᠳᠡᠳ ᠢᠶᠠᠨ ᠬᠠᠮᠠᠭᠠᠯᠠᠵᠤᠬᠤᠢ           ᠦᠵᠡᠰᠬᠦᠯᠡᠩ ᠲᠡᠭᠦᠰ ᠪᠡᠶ᠎ᠡ᠂ ᠤᠬᠠᠭᠠᠨ ᠲᠤᠩᠭᠠᠯᠠᠭ ᠰᠠᠨᠠᠭ᠎ᠠ            ᠦᠷᠯᠦᠭ ᠬᠠᠭᠠᠨ ᠤ ᠤᠨᠴᠠ ᠬᠠᠶᠢᠷ᠎ᠠ ᠳᠤ ᠰᠤᠶᠤᠷᠬᠠᠬᠳᠠᠬᠰᠠᠨ            ᠬᠤᠯᠠᠨ ᠪᠢ ᠪᠠᠷ ᠬᠠᠳᠤᠨ ᠰᠦᠨᠡᠰᠦ  ᠵᠡᠭᠦᠯᠳᠡ᠄ ᠬᠤᠯᠠᠨ ᠬᠠᠳᠤᠨ ᠪᠤᠯ ᠤᠸᠠᠰ ᠮᠡᠷᠬᠢᠳ ᠤᠨ ᠠᠬᠠᠯᠠᠬᠴᠢ ᠲᠠᠶᠢᠷ ᠤᠰᠤᠨ ᠤ ᠦᠬᠢᠨ᠂ ᠴᠢᠩᠬᠢᠰ ᠬᠠᠭᠠᠨ ᠎ ᠤ ᠬᠤᠶᠠᠳᠤᠭᠠᠷ ᠬᠠᠳᠤᠨ᠃ ᠬᠤᠯᠠᠨ ᠬᠠᠳᠤᠨ ᠠᠴᠠ ᠭᠦᠯᠬᠡᠨ ᠭᠡᠳᠡᠭ ᠨᠡᠷ᠎ᠡ ᠲᠠᠢ ᠬᠠᠨ ᠭᠦᠪᠡᠬᠦᠨ ᠲᠦᠷᠦᠬᠦᠯᠵᠦ᠂ ᠪᠠᠳᠤ ᠶᠢᠨ ᠲᠠᠶᠢᠴᠢᠯᠠᠬᠰᠠᠨ ︽ᠠᠬᠠᠮᠠᠳ ᠭᠦᠪᠡᠭᠦᠳ ᠤᠨ ᠪᠠᠷᠠᠭᠤᠨᠰᠢ ᠲᠠᠶᠢᠴᠢᠯᠠᠬᠰᠠᠨ ᠲᠠᠶᠢᠨ︾᠎ ᠳᠤ ᠵᠤᠯ ᠪᠤᠰᠦ ᠎ ᠪᠠᠷ ᠨᠠᠰᠦ ᠨᠦᠭᠴᠢᠭᠰᠡᠨ ᠪᠢᠯᠡ᠃ ᠬᠤᠯᠠᠨ ᠬᠠᠳᠤᠨ ᠭᠤᠪᠠᠢ ᠭᠡᠭᠡᠨᠴᠢᠷ᠂ ᠰᠡᠴᠡᠨ ᠮᠡᠷᠭᠡᠨ ᠮᠦᠷᠳᠡᠭᠡᠨ ᠡᠷᠡᠰ ᠰᠢᠭᠤᠷᠬᠠᠢ᠂ ᠴᠢᠩ ᠵᠤᠷᠢᠬᠳᠦ ᠵᠠᠩ ᠴᠢᠨᠠᠷ ᠲᠠᠢ ᠪᠠᠶᠢᠵᠤ᠂ ᠴᠢᠩᠬᠢᠰ ᠬᠠᠭᠠᠨ ᠤ ᠭᠦᠨ ᠢᠳᠡᠭᠡᠯ ᠢ ᠤᠯᠵᠤ ᠤᠯᠠᠨ ᠤᠳᠠᠭᠠᠨ ᠤ ᠲᠠᠶᠢᠨ ᠪᠠᠶᠢᠯᠳᠤᠭᠠᠨ ᠳᠤ ᠡᠵᠡᠨ ᠬᠠᠭᠠᠨ ᠢ ᠲᠠᠭᠠᠵᠤ ᠬᠠᠮᠳᠦ ᠶᠠᠪᠤᠬᠰᠠᠨ ᠶᠤᠮ᠃ ᠬᠤᠯᠠᠨ ᠬᠠᠳᠤᠨ ᠢ ᠨᠠᠰᠤ ᠪᠠᠷᠠᠬᠰᠠᠨ ᠤ ᠲᠠᠷᠠᠭ᠎ᠠ ᠲᠡᠭᠦᠨ ᠤ ᠱᠠᠷᠢᠯ ᠢ ᠴᠢᠩᠬᠢᠰ ᠬᠠᠭᠠᠨ ᠤ ᠨᠠᠢᠮᠠᠨ ᠴᠠᠭᠠᠨ ᠤᠷᠳᠦ ᠳᠤ ᠪᠠᠭᠳᠠᠭᠠᠨ ᠤᠷᠤᠰᠢᠭᠤᠯᠵᠤ᠂ ᠦᠶ᠎ᠡ ᠤᠯᠠᠷᠢᠨ ᠲᠠᠬᠢᠯᠭ᠎ᠠ ᠲᠠᠶᠢᠯᠭ᠎ᠠ ᠭᠢᠭᠰᠡᠭᠡᠷ ᠢᠷᠡᠵᠡᠢ᠃               ᠶᠢᠰᠦᠢ ᠬᠠᠳᠤᠨ ᠲᠤᠷᠠᠯᠠᠯ ᠤᠨ ᠠᠯᠳᠠᠨ ᠮᠦᠴᠢᠷ ᠢ ᠲᠤᠷᠠᠳᠠᠢ ᠵᠦᠭ ᠲᠤᠷ ᠰᠤᠩᠭᠠᠨ ᠤᠷᠭᠤᠵᠤ ᠪᠠᠶᠢᠬᠤᠶ᠎ᠠ             ᠲᠤᠬᠳᠠᠭᠤᠷᠢ ᠠᠯᠳᠠᠬᠰᠠᠨ ᠰᠡᠳᠬᠢᠯ ᠮᠢᠨᠢ ᠲᠡᠪᠡᠯ ᠳᠤ ᠪᠠᠨ ᠪᠠᠭᠲᠠᠵᠤ ᠶᠠᠳᠠᠨ ᠴᠠᠯᠬᠢᠯᠠᠬᠤ ᠮᠡᠳᠦ   ᠲᠦᠷᠢᠮᠡᠬᠡᠢ ᠮᠤᠷᠢᠳ ᠤᠨ ᠤᠮᠤᠬᠯᠠᠩ ᠲᠤᠭᠤᠷᠠᠢ ᠳᠤ ᠬᠤᠪᠢ ᠵᠠᠶᠠᠭᠠᠨ ᠤ ᠤᠯᠠᠷᠢᠯ ᠦᠭᠡᠷᠡᠴᠢᠯᠡᠭᠳᠡᠨ              ᠲᠠᠭᠠᠷᠠᠬᠰᠠᠨ ᠬᠠᠨᠢ ᠮᠢᠨᠢ ᠦᠨᠢ ᠡᠷᠳᠡᠨ ᠤ ᠴᠢᠯᠦᠬᠡᠳᠦ ᠤᠳᠤᠮ ᠤᠨ ᠠᠩᠬᠠᠨ ᠤ ᠶᠡᠭᠡ ᠬᠠᠭᠠᠨᠲᠤᠷᠭᠠᠨ ᠤᠬᠠᠭᠠᠨ ᠰᠡᠴᠡᠨ ᠪᠣᠳᠣᠯ ᠢᠶᠠᠷ ᠡᠵᠡᠨ ᠤ ᠤᠮᠠᠷᠳᠠᠬᠰᠠᠨ ᠢ ᠰᠠᠨᠠᠭᠤᠯᠵᠤᠲᠤᠯᠭᠠᠭᠤᠷ ᠪᠠᠭᠠᠨ᠎ᠠ ᠮᠡᠳᠦ ᠲᠦᠷᠪᠡᠨ ᠭᠦᠪᠡᠭᠦᠨ ᠠᠴᠠ ᠲᠦᠷᠦ ᠵᠠᠯᠭᠠᠭᠤᠯᠬᠤ ᠶᠤᠰᠤᠨ ᠢ ᠠᠶᠢᠯᠠᠳᠬᠠᠪᠠᠢ     ᠡᠵᠡᠨ ᠬᠠᠭᠠᠨ ᠢᠶᠠᠨ ᠠᠮᠢᠨᠴᠢᠷᠬᠠᠨ ᠠᠰᠠᠷᠠᠵᠤ              ᠡᠴᠦᠰ ᠤᠨ ᠠᠮᠢᠰᠬᠤᠯ ᠭᠦᠷᠳᠡᠯ᠎ᠡ ᠡᠮᠰᠡᠭᠯᠡᠭᠰᠡᠨ              ᠶᠢᠰᠦᠢ ᠪᠢ ᠪᠠᠷ ᠬᠠᠳᠤᠨ ᠰᠦᠨᠡᠰᠦ               ᠵᠡᠭᠦᠯᠳᠡ᠄ ᠶᠢᠰᠦᠢ ᠬᠠᠳᠤᠨ ︵ᠶᠡᠭᠡ ᠲᠦᠯᠦᠪ 13 ᠳ᠋ᠤᠭᠠᠷ ᠵᠠᠭᠤᠨ ᠤ ᠡᠬᠢ ᠠᠴᠠ ᠲᠤᠮᠳᠠ ᠦᠶ᠎ᠡ ᠭᠦᠷᠳᠡᠯ᠎ᠡ ᠠᠮᠢᠳᠤᠷᠠᠵᠤ ᠪᠠᠶᠢᠪᠠ︶ ᠪᠤᠯ ᠲᠠᠲ᠋ᠠᠷ ᠠᠶᠢᠮᠠᠭ ᠤᠨ ᠶᠡᠭᠡ ᠴᠠᠷᠠᠨ ᠤ ᠦᠬᠢᠨ᠂ ᠴᠢᠩᠬᠢᠰ ᠬᠠᠭᠠᠨ ᠤ ᠲᠦᠷᠦ ᠶᠢᠨ ᠲᠦᠷᠪᠡᠨ ᠬᠠᠳᠤᠨ ᠤ ᠭᠤᠷᠪᠠᠳᠤᠭᠠᠷ ᠬᠠᠳᠤᠨ ᠮᠦᠨ᠃ ᠶᠢᠰᠦᠢ ᠬᠠᠳᠤᠨ ᠲᠦᠷᠦᠯᠬᠢ ᠤᠬᠠᠭᠠᠯᠢᠭ ᠴᠡᠴᠡᠨ᠂ ᠠᠯᠤᠰ ᠎ ᠤᠨ ᠪᠤᠳᠤᠯᠭ᠎ᠠ ᠲᠠᠢ᠂ ᠦᠨᠡᠨᠴᠢ ᠰᠢᠳᠤᠷᠭᠤ ᠪᠠᠶᠢᠵᠤ  ᠴᠢᠩᠬᠢᠰ ᠬᠠᠭᠠᠨ ᠤ ᠨᠠᠰᠤᠨ ᠲᠤᠷᠰᠢᠳᠠ ᠶᠢᠨ ᠰᠠᠶᠢᠨ ᠬᠠᠨᠢ᠂ ᠦᠨᠡᠨᠴᠢ ᠵᠦᠪᠯᠡᠭᠴᠢ ᠨᠢ ᠪᠤᠯᠵᠠᠢ᠃ ᠲᠡᠷᠡ ᠪᠠᠷ ᠶᠡᠭᠡ ᠮᠤᠩᠭᠤᠯ ᠬᠠᠭᠠᠨᠳᠦ ᠲᠦᠷᠦ ᠶᠢᠨ ᠦᠨᠢ ᠮᠦᠩᠬᠡ ᠶᠢᠨ ᠠᠮᠤᠷ ᠲᠦᠪᠰᠢᠨ ᠤ ᠲᠦᠯᠦᠬᠡ ᠪᠤᠳᠤᠯᠬᠢᠯᠠᠵᠤ᠂ ᠬᠠᠭᠠᠨ ᠤ ᠵᠠᠯᠭᠠᠮᠵᠢᠯᠠᠬᠴᠢ ᠪᠠᠨ ᠰᠤᠩᠭᠤᠨ ᠲᠤᠬᠳᠠᠭᠠᠬᠤ ᠲᠤᠬᠠᠢ ᠵᠤᠷᠢᠬᠳᠠᠢ ᠠᠶᠢᠯᠠᠳᠬᠠᠯ ᠭᠢᠭᠰᠡᠨ ᠠᠴᠠ ᠡᠵᠡᠨ ᠬᠠᠭᠠᠨ ᠤ ᠢᠳᠡᠭᠡᠯ ᠬᠠᠶᠢᠷ᠎ᠠ ᠶᠢ ᠤᠯᠤᠬᠰᠠᠨ ᠮᠦᠷᠳᠡᠭᠡᠨ ᠠᠯᠳᠠᠨ ᠤᠷᠤᠭ ᠤᠨ ᠬᠢᠨ᠂ ᠵᠢᠴᠢ ᠲᠦᠷᠦ ᠶᠢᠨ ᠤᠯᠠᠨ ᠨᠤᠶᠠᠳ ᠲᠦᠰᠢᠮᠡᠳ ᠤᠨ ᠭᠦᠨᠳᠦᠳᠭᠡᠯ ᠪᠢᠰᠢᠷᠡᠯ ᠢ ᠤᠯᠵᠤ᠂ ᠤᠯᠠᠨ ᠦᠶ᠎ᠡ ᠶᠢᠨ ᠬᠠᠳᠤᠳ ᠤᠨ ᠲᠠᠭᠤᠷᠢᠶᠠᠯ ᠪᠤᠯᠤᠬᠰᠠᠨ ᠢᠶᠠᠷ ᠪᠠᠷᠠᠬᠤ ᠦᠬᠡᠢ᠂ ᠪᠦᠬᠦᠢ ᠯᠡ ᠮᠤᠩᠭᠤᠯᠴᠤᠳ ᠤᠨ ᠲᠤᠷᠠᠳᠬᠠᠯ ᠳᠤ ᠮᠦᠩᠭᠡᠷᠡᠭᠰᠡᠨ ᠠᠭᠤᠤ ᠰᠤᠳᠤᠨ ᠡᠮᠡᠭᠳᠡᠢ ᠪᠤᠯᠤᠨ᠎ᠠ᠃ᠶᠢᠰᠦᠬᠡᠨ ᠬᠠᠳᠤᠨᠠᠯᠤᠬᠠᠢ ᠲᠠᠲ᠋ᠠᠷ ᠤᠨ ᠲᠦᠷᠦᠬᠦᠦ ᠪᠤᠯᠤᠬᠴᠢ ᠶᠡᠭᠡ ᠴᠡᠷᠡᠨ ᠤ ᠦᠬᠢᠨ ᠪᠢᠯᠡ              ᠠᠶᠢᠮᠠᠭ ᠮᠦᠭᠦᠭᠡᠭᠳᠡᠬᠦ ᠶᠢᠨ ᠬᠠᠳᠠᠭᠤ ᠲᠦᠭᠡᠷᠭᠡᠨ᠎ᠡ ᠬᠠᠭᠠᠨ ᠤ ᠰᠤᠶᠤᠷᠬᠠᠯ ᠢ ᠭᠦᠷᠳᠡᠯᠦᠬᠡ      ᠡᠵᠡᠨ ᠤ ᠭᠡᠰᠢᠭ ᠡᠯᠪᠡᠭ ᠬᠠᠶᠢᠷ᠎ᠠ ᠶᠢ ᠭᠠᠭᠴᠠᠭᠠᠷ ᠦᠮᠴᠢᠷᠭᠡᠭᠦ ᠶᠢ ᠲᠤᠷᠠᠯᠠᠭ᠎ᠠ ᠦᠬᠡᠢᠡᠯᠢᠬᠡ ᠦᠨᠳᠡᠯᠵᠡᠨ ᠡᠭᠡᠴᠢ ᠶᠢ ᠪᠠᠨ ᠡᠷᠬᠦᠨ ᠨᠡᠷ᠎ᠡ ᠠᠰᠢᠭ ᠢ ᠤᠮᠳᠤᠭᠠᠶᠢᠯᠠᠪᠠᠢᠠᠯᠤᠰ ᠢ ᠪᠤᠳᠤᠵᠤ ᠤᠶᠢᠷ᠎ᠠ ᠶᠢ ᠰᠡᠳᠬᠢᠬᠦ ᠶᠢᠰᠦᠬᠡᠨ ᠮᠢᠨᠦ ᠭᠦᠰᠡᠯ ᠢ ᠪᠤᠳᠤᠬᠤᠯ᠎ᠠ              ᠠᠬᠠᠢ ᠡᠭᠡᠴᠢᠳᠡᠨ ᠢ ᠮᠢᠨᠢ ᠠᠪᠳᠤᠭᠠᠢ᠂ ᠲᠤᠷᠠᠳᠠᠶ᠎ᠠ ᠪᠢ ᠰᠠᠭᠤᠳᠠᠯ ᠢᠶᠠᠨ ᠶᠡᠭᠦᠯᠡᠰᠦ        ᠲᠡᠰᠴᠦ ᠦᠯᠡᠳᠡᠬᠦ ᠶᠢᠨ ᠤᠬᠠᠭᠠᠨ ᠢ              ᠲᠡᠤᠭᠡ ᠱᠠᠰᠳᠢᠷ ᠲᠤ ᠮᠦᠩᠭᠡᠯᠡᠭᠰᠡᠨ              ᠶᠢᠰᠦᠬᠡᠨ ᠪᠢ ᠪᠠᠷ ᠬᠠᠳᠤᠨ ᠰᠦᠨᠡᠰᠦ                                         ᠵᠡᠭᠦᠯᠳᠡ᠄  ᠶᠢᠰᠦᠬᠡᠨ ᠬᠠᠳᠤᠨ ︵ᠶᠡᠭᠡ ᠲᠦᠯᠦᠪ 13 ᠳ᠋ᠤᠭᠠᠷ ᠵᠠᠭᠤᠨ ᠤ ᠡᠬᠢ ᠠᠴᠠ ᠲᠤᠮᠳᠠ ᠦᠶ᠎ᠡ ᠭᠦᠷᠳᠡᠯ᠎ᠡ ᠠᠮᠢᠳᠤᠷᠠᠵᠤ ᠪᠠᠶᠢᠪᠠ︶ ᠪᠤᠯ ᠲᠠᠲ᠋ᠠᠷ ᠠᠶᠢᠮᠠᠭ ᠤᠨ ᠶᠡᠭᠡ ᠴᠠᠷᠠᠨ ᠤ ᠦᠬᠢᠨ᠂ ᠶᠢᠰᠦᠢ ᠬᠠᠳᠤᠨ ᠤ ᠦᠬᠢᠨ ᠲᠡᠭᠦᠦ᠂ ᠴᠢᠩᠬᠢᠰ ᠬᠠᠭᠠᠨ ᠤ ᠲᠦᠷᠦ ᠶᠢᠨ ᠲᠦᠷᠪᠡᠨ ᠬᠠᠳᠤᠨ ᠤ ᠲᠦᠷᠪᠡᠳᠦᠭᠡᠷ ᠤᠷᠳᠤᠨ ᠤ ᠲᠡᠷᠢᠬᠦᠨ ᠬᠠᠳᠤᠨ ᠮᠦᠨ᠃ ᠶᠢᠰᠦᠬᠡᠨ ᠬᠠᠳᠤᠨ ᠠᠬᠠᠰ ᠵᠠᠬᠠᠰ ᠲᠠᠭᠠᠨ ᠠᠴᠢᠯᠠᠯ ᠡᠯᠪᠡᠷᠯ ᠲᠠᠢ᠂ ᠡᠭᠡᠴᠢ ᠲᠡᠭᠦᠦ ᠶᠢᠨ ᠡᠶ᠎ᠡ ᠨᠠᠶᠢᠷ ᠢ ᠡᠷᠭᠡ ᠵᠡᠷᠭᠡ ᠎ ᠠᠴᠠ ᠴᠢᠬᠤᠯᠠ ᠳᠤ ᠦᠵᠡᠭᠴᠢ᠂ ᠠᠭᠤᠵᠢᠭᠤ ᠲᠠᠶᠢᠪᠤᠭᠤ᠂ ᠡᠶᠡᠯᠳᠡᠭ ᠨᠠᠶᠢᠷᠠᠮᠳᠠᠭᠤ ᠵᠠᠩ ᠠᠷᠠᠨᠰᠢᠨ ᠲᠠᠢ᠃ ᠴᠢᠩᠬᠢᠰ ᠬᠠᠭᠠᠨ ᠪᠤᠯᠤᠨ ᠶᠢᠰᠦᠬᠡᠨ ᠬᠠᠳᠤᠨ ᠠᠴᠠ ᠬᠠᠷᠠᠴᠠᠷ᠂ ᠬᠠᠷᠭᠠᠳᠦ᠂ ᠴᠠᠬᠤᠷ ᠭᠡᠮᠡᠬᠦ ᠭᠤᠷᠪᠠᠨ ᠬᠠᠨ ᠭᠦᠪᠡᠬᠦᠨ ᠮᠡᠨᠳᠦᠯᠡᠵᠡᠢ᠃ ᠲᠡᠮᠦᠵᠢᠨ᠂ ᠲᠠᠲ᠋ᠠᠷᠴᠤᠳ ᠢ ᠢᠯᠠᠬᠰᠠᠨ ᠤ ᠲᠠᠷᠠᠭ᠎ᠠ ︽ᠲᠡᠷᠭᠡᠨ ᠤ ᠴᠦ᠋ ᠲᠠᠢ ᠦᠯᠢᠳᠭᠡᠨ ︾ ᠬᠢᠳᠤᠵᠤ ᠪᠠᠶᠢᠬᠰᠠᠨ᠎ᠠ ᠲᠠᠲ᠋ᠠᠷ ᠤᠨ ᠠᠬᠠᠯᠠᠬᠴᠢ ᠶᠡᠭᠡ ᠴᠡᠷᠢᠨ ᠤ ᠦᠬᠢᠨ ᠶᠢᠰᠦᠬᠡᠨ ᠢ ᠤᠯᠵᠠᠯᠠᠨ ᠬᠠᠳᠤᠨ ᠢᠶᠠᠨ ᠪᠤᠯᠭᠠᠨ ᠠᠪᠤᠬᠰᠠᠨ ᠳᠤ᠂ ᠶᠢᠰᠦᠬᠡᠨ ᠬᠠᠳᠤᠨ ᠴᠢᠩ ᠦᠨᠡᠨᠴᠢ ᠪᠠᠷ ᠡᠭᠡᠴᠢ ᠶᠢ ᠪᠠᠨ ᠠᠶᠢᠯᠠᠳᠬᠠᠨ ᠮᠡᠳᠡᠬᠦᠯᠵᠦ᠂ ︽ᠬᠠᠭᠠᠨ ᠬᠦᠮᠦᠨ ᠳᠤ ᠵᠤᠬᠢᠯᠳᠤᠬᠤ ᠵᠢᠰᠦᠯᠢᠭ ᠪᠦᠯᠦᠬᠡ ᠁ ᠬᠠᠭᠠᠨ ᠰᠤᠶᠤᠷᠬᠠᠵᠤ ᠡᠬᠡᠴᠢ ᠶᠢ ᠮᠢᠨᠢ ᠠᠪᠴᠢᠷᠠᠪᠠᠯ ᠪᠢ ᠡᠭᠡᠴᠢ ᠳᠡᠭᠡᠨ ᠵᠠᠶᠢᠯᠠᠵᠤ ᠦᠭᠭᠦᠶ᠎ᠡ︕︾ ᠭᠡᠮᠡᠭᠰᠡᠨ ᠢᠶᠠᠷ ᠴᠢᠩᠬᠢᠰ ᠬᠠᠭᠠᠨ ᠲᠡᠶᠢᠨ ᠶᠢᠰᠦᠢ ᠶᠢ ᠭᠤᠷᠪᠠᠳᠠᠬᠢ ᠬᠠᠳᠤᠨ ᠪᠤᠯᠭᠠᠵᠤ᠂ ᠶᠢᠰᠦᠬᠡᠨ ᠬᠠᠳᠤᠨ ᠤ ᠲᠡᠭᠡᠳᠦ ᠰᠠᠭᠤᠳᠠᠯ ᠳᠤ ᠰᠠᠭᠤᠯᠭᠠᠬᠰᠠᠨ ᠪᠢᠯᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号