ᠡᠵᠢ ᠶᠢᠨ ᠮᠢᠨᠢ ᠴᠢᠨᠠᠭᠰᠠᠨ ᠴᠡᠢ | — ᠡᠭᠡᠴᠤᠤᠯ ᠤᠨ ᠪᠠᠶᠠᠷ ᠲᠤ ᠪᠢᠴᠢᠪᠠ | ᠮᠠᠯᠴᠢᠨ ᠷᠢ᠊ · ᠠᠯᠳ᠋ᠬᠠᠭᠠᠷᠤᠳᠡᠢ | ᠲᠠᠪᠤᠷ᠎ᠠ ᠳᠡᠭᠡᠨ ᠲᠠᠷᠬᠢᠯᠤᠭᠰᠠᠨ ᠡᠵᠢ ᠶᠢᠨ ᠮᠢᠨᠢ ᠴᠢᠨᠠᠭᠰᠠᠨ ᠴᠡᠢ | ᠲᠠᠮᠢᠷ ᠤᠬᠠᠭᠠᠨ ᠢ ᠰᠠᠯᠪᠢᠵᠤ ᠦᠷᠯᠤᠭᠡ ᠦᠷᠯᠤᠭᠡ ᠢᠷᠠᠨ᠎ᠠ | ᠲᠠᠰᠬᠢᠮ᠎ᠠ ᠡᠪᠤᠯ ᠤᠨ ᠬᠦᠢᠳᠠᠨ ᠳᠤ ᠲᠤᠯᠠᠭᠠᠨ ᠢᠯᠴᠢ ᠲᠠᠢ ᠶᠠᠪᠤᠭᠤᠯᠤᠨ᠎ᠠ | ᠲᠦᠭᠡᠨᠡᠮᠡ ᠵᠤᠨ ᠤ ᠬᠠᠯᠠᠭᠤᠨ ᠳᠤ ᠴᠡᠩᠬᠠ ᠲᠠᠶᠢᠯᠤᠨ ᠤᠮᠳᠠᠯᠠᠨ᠎ᠠ | ᠠᠯᠳᠠᠭᠤᠯ ᠶᠠᠪᠤᠭᠤᠯ ᠤᠨ ᠡᠷᠢᠯᠴᠢᠨ ᠤᠳ ᠠᠯᠵᠢᠶᠠᠯ ᠢᠶᠠᠨ ᠲᠠᠶᠢᠯᠤᠨ ᠠᠮᠠᠷᠠᠳᠠᠭ | ᠠᠮᠠᠷ ᠦᠭᠡᠢ ᠶᠡᠭᠡ ᠷᠢᠳᠢ ᠲᠠᠢ ᠦᠭᠬᠢᠶᠠᠮᠤᠷᠴᠢ ᠴᠡᠢ ᠰᠢᠤ | ᠠᠶᠠᠨ ᠵᠢᠩ ᠤᠨ ᠬᠦᠮᠤᠰ ᠤᠳ᠂ ᠠᠩᠭᠠᠭᠰᠠᠨ ᠢᠶᠠᠨ ᠲᠠᠷᠤᠨ ᠮᠤᠷᠳᠠᠳᠠᠭ | ᠠᠭᠤᠤ ᠶᠡᠭᠡ ᠰᠢᠳᠢ ᠲᠠᠢ ᠦᠷᠤ ᠵᠦᠭᠡᠯᠡᠨ ᠤᠮᠳᠠᠭᠠᠨ ᠰᠢᠤ | ᠡᠭᠡᠯᠢ ᠨᠢ ᠭᠡᠵᠢᠶᠠᠳᠠ ᠪᠠᠷᠠᠭᠳᠠᠳᠠᠭ ᠦᠭᠡᠢ᠂ ᠪᠠᠳᠠᠷᠠᠳᠠᠭ ᠴᠡᠢ | ᠡᠨᠡᠷᠢᠯ ᠨᠢ ᠭᠡᠵᠢᠶᠠᠳᠠ ᠲᠤᠨᠳᠠᠷᠠᠳᠠᠭ ᠦᠭᠡᠢ᠂ ᠲᠤᠯᠠᠯᠵᠠᠳᠠᠭ ᠴᠡᠢ | ᠢᠯᠴᠢ ᠨᠢ ᠭᠡᠵᠢᠶᠠᠳᠠ ᠤᠨᠳᠠᠷᠠᠳᠠᠭ ᠦᠭᠡᠢ᠂ ᠤᠷᠭᠤᠳᠠᠭ ᠴᠡᠢ | ᠡᠭᠡᠯ ᠵᠢᠷ ᠨᠢ ᠭᠡᠵᠢᠶᠠᠳᠠ ᠠᠮᠠᠷᠠᠳᠠᠭ ᠦᠭᠡᠢ᠂ ᠠᠰᠠᠳᠠᠭ ᠴᠡᠢ | ︵ ᠴᠠᠭᠠᠨ ᠮᠦᠷᠡᠨ ᠰᠤᠮᠤᠨ ᠤ ᠴᠠᠭᠠᠡᠮᠦ᠋ᠷᠠᠨ ᠭᠠᠴᠠᠭ᠎ᠠ︶ | | |