ᠵᠤᠤ ᠤᠳᠠ  ᠶᠢᠨ ᠲᠤᠬᠠᠢ ᠮᠦᠷᠳᠡᠯ
ᠨᠡᠶᠢᠲᠡᠯᠡᠭᠰᠡᠨ ᠴᠠᠭ᠄
2020-06-01
︽ᠵᠤᠤ ᠤᠳᠠ︾ ᠭᠡᠬᠦ ᠦᠭᠡ ᠶᠢᠨ  ᠮᠦᠷᠳᠡᠯ1639 ᠤᠨ  ᠎ ᠳᠤ  ᠮᠠᠨᠵᠤ ᠶᠢᠨ  ᠬᠤᠸᠠᠩ ᠲᠠᠶᠢᠵᠢ  ᠭᠡᠰᠢᠭᠳᠡᠨ᠂ ᠪᠠᠭᠠᠷᠢᠨ᠂  ᠠᠷᠦ ᠬᠤᠷᠴᠢᠨ᠂  ᠤᠩᠨᠢᠭᠤᠳ ᠂ ᠠᠤᠬᠠᠨ᠂   ᠬᠠᠯᠬ᠎ᠠ ᠵᠡᠭᠦᠨ ᠭᠠᠷᠤᠨ   ᠵᠠᠷᠤᠳ᠂   ᠨᠠᠢᠮᠠᠨ  ᠵᠡᠷᠭᠡ  ᠨᠠᠢᠮᠠᠨ  ᠠᠶᠢᠮᠠᠭ ᠢᠶᠠᠷ  ᠵᠤᠤ ᠤᠳᠠ ᠶᠢᠨ ᠴᠢᠭᠤᠯᠭᠠᠨ ᠢ  ᠪᠦᠷᠢᠯᠳᠦᠭᠦᠵᠦ  ᠂  ᠵᠤᠤ ᠤᠳᠠ  ᠎ ᠶᠢᠨ  ᠴᠤᠭᠯᠠᠭᠠᠨ ᠨᠢ 1956 ᠤᠨ ᠳᠤ  ᠎ ᠳᠤ  ᠰᠢᠨ᠎ᠡ ᠪᠠᠷ ᠵᠤᠬᠢᠶᠠᠨ ᠪᠠᠶᠢᠭᠤᠯᠤᠭᠳᠠᠨ  ᠵᠤᠤ  ᠤᠳᠠ ᠠᠶᠢᠠᠮᠭ ᠭᠡᠬᠦ ᠪᠤᠯᠵᠤ 1983 ᠤᠨ ᠳᠤ  ᠪᠦᠬᠦᠳᠡ ᠨᠠᠶᠢᠷᠠᠮᠳᠠᠬᠤ  ᠲᠤᠮᠳᠠᠳᠤ ᠠᠷᠠᠳ ᠤᠯᠤᠰ ᠤᠨ   ᠤᠯᠤᠰ ᠤᠨ  ᠶᠠᠪᠤᠳᠠᠯ ᠤᠨ  ᠬᠤᠷᠢᠶ᠎ᠠ ᠠᠴᠠ  ︽ᠤᠯᠠᠭᠠᠨᠬᠠᠳᠠ ᠬᠤᠳᠠ  ︾  ᠭᠡᠵᠦ ᠦᠭᠡᠷᠴᠢᠯᠡᠵᠦ  ᠨᠡᠷᠡᠶᠢᠳᠦᠭᠰᠡᠨ ᠠᠴᠠ  ︽ ᠵᠤᠤ ᠤᠳᠠ︾  ᠭᠡᠬᠦ ᠦᠭᠡ  ᠬᠦᠮᠦᠰ ᠤᠨ  ᠰᠡᠳᠬᠢᠯ  ᠵᠢᠷᠦᠭᠡᠨ ᠎ ᠠᠴᠠ  ᠠᠶᠠᠨᠳᠠᠭᠠᠨ ᠬᠤᠯᠠᠳᠴᠦ ᠶᠠᠪᠤᠭᠰᠨ᠃ 2007 ᠤᠨ  ᠎ ᠤ   ᠬᠠᠪᠤᠷ ᠤᠨ  ᠰᠠᠯᠬᠢᠨ ᠲᠠᠢ  ᠵᠤᠨ  ᠎ ᠤ ᠡᠳᠦᠷ  ᠪᠢ  ᠬᠤᠳᠠ ᠤᠷᠤᠭᠠᠳ  ᠬᠢᠳᠡᠯ ᠠᠯᠳᠠᠬᠤ ᠎ ᠳᠠᠭᠠᠨ  ︽ᠵᠤᠤ ᠤᠳᠠ︾ ᠭᠡᠬᠦ ᠦᠭᠡ ᠶᠢᠨ  ᠡᠷᠢᠯ ᠳᠤ  ᠭᠠᠷᠤᠭᠰᠠᠨ  ᠂  ᠶᠠᠷᠢᠶᠠᠨ ᠦᠭᠡᠢ  ︽ᠵᠤᠤ ᠤᠳᠠ  ︾ ᠵᠠᠮ  ᠪᠠᠶᠢᠨ᠎ᠠ᠂  ᠵᠤᠤ ᠤᠳᠠ ᠶᠢᠨ  ᠤᠤᠬ᠎ᠠ ᠶᠢ ᠰᠤᠳᠤᠯᠤᠭᠰᠠᠨ  ᠎ ᠢᠶᠠᠷ ᠡᠭᠦᠰᠦᠭᠰᠡᠨ ︽ᠵᠠᠭᠤᠨ ᠤᠳᠠ︾  ᠭᠡᠬᠦ ᠨᠡᠷ᠎ᠡ ᠲᠠᠢ ᠲᠡᠯᠭᠡᠭᠦᠷ ᠪᠠᠶᠢᠨ᠎ᠠ᠂ ﹇ᠵᠤᠤ ᠤᠳᠠ︾᠎ ᠶᠢ ︽ᠵᠠᠭᠤᠨ ᠤᠳᠠ︾ ᠭᠡᠵᠦ ᠲᠠᠶᠢᠯᠪᠤᠷᠢᠯᠠᠬᠤ ᠳᠤ  ᠪᠢ ᠶᠡᠷᠦᠨᠢ ᠰᠡᠵᠢᠭ ᠲᠠᠢ ᠪᠠᠶᠢᠳᠠᠭ᠂  370 ᠵᠢᠯ ᠤᠨ  ᠡᠮᠦᠨᠡᠬᠢ ᠸᠠᠩ ᠬᠦᠩ ᠨᠠᠷ  ︽ᠤᠳᠠ︾ ᠲᠠᠷᠢᠵᠦ ᠲᠤᠷᠠᠰᠬᠠᠯ  ᠦᠯᠡᠳᠡᠭᠡᠬᠦ ᠷᠤᠮᠠᠨᠲ᠋ᠢᠭ ᠰᠡᠳᠬᠢᠯ ᠪᠠᠶᠢᠭᠰᠠᠨ ᠡᠰᠡᠬᠦ ᠳᠤ  ᠰᠡᠵᠢᠭ  ᠲᠦᠷᠦᠳᠡᠭ᠂  ᠬᠠᠷᠢᠨ  ︽ ᠵᠤᠤ ᠭᠠᠵᠠᠷ︾ ᠎ ᠤᠨ  ᠭᠡᠰᠡᠨ ᠯᠡ ᠤᠤᠬ᠎ᠠ ᠲᠠᠢ ᠪᠠᠶᠢᠭ᠎ᠠ   ᠭᠡᠵᠦ ᠪᠤᠳᠤᠳᠠᠭ  ᠃ ᠭᠡᠳᠡᠯ᠎ᠡ  ︽ᠵᠠᠭᠤᠨ ᠤᠳᠠ︾ ᠲᠡᠯᠭᠡᠬᠦᠷ ᠲᠡᠭᠡᠨ ᠬᠤᠷᠢᠨ ᠵᠢᠯ ᠤᠨ  ᠲᠤᠷᠰᠢ ᠬᠠᠮᠤᠭ ᠤᠨ  ᠬᠠᠶᠢᠷ᠎ᠠ ᠰᠡᠳᠬᠢᠯ ᠲᠠᠢ  ᠠᠪᠴᠦ ᠪᠤᠯᠳᠠᠭ ᠶᠠᠭᠤᠮ᠎ᠠ ᠪᠠᠨ ᠲᠡᠨᠳᠡ ᠠᠴᠠ  ᠬᠤᠳᠠᠯᠳᠤᠨ ᠠᠪᠳᠠᠭ᠃   ᠬᠠᠮᠤᠭ ᠰᠡᠭᠦᠯ  ᠎ ᠳᠤᠨᠢ  ︽ᠵᠤᠤ ᠤᠳᠠ︾ ᠬᠦᠭᠦᠷᠭᠡ ᠶᠢ ᠤᠯᠵᠤ ᠠᠪᠤᠯ᠎ᠠ᠂    ᠪᠤᠷᠵᠢᠨ ᠴᠢᠯᠠᠭᠤ ᠪᠠᠷ ᠪᠤᠰᠬᠠᠭᠰᠠᠨ ᠲᠡᠷᠡᠬᠦ  ᠬᠡᠷᠦᠭᠡ ᠶᠢ   ᠤᠳᠠᠳᠠᠯ᠎ᠠ ᠰᠢᠷᠳᠡᠨ  ᠵᠤᠭᠰᠤᠭᠰᠠᠨ  ᠃ ᠵᠤᠤ ᠤᠳᠠ ᠠᠶᠢᠮᠭ ᠤᠨ  ᠨᠡᠷ᠎ᠡ ᠶᠢ ᠦᠭᠡᠶᠢᠰᠡᠭᠰᠡᠨ ᠠᠴᠠ  ︽ ᠵᠤᠤ ᠤᠳᠠ︾᠎ ᠪᠠᠷ ᠡᠬᠢᠯᠡᠭᠰᠡᠨ  ᠪᠠᠶᠢᠭᠤᠯᠤᠯᠭ᠎ᠠ ᠨᠢᠭᠡᠴᠨ ᠢᠶᠠᠷ ᠨᠡᠷ᠎ᠡ ᠴᠦ ᠠᠶᠠᠨᠳᠠᠭᠠᠨ  ︽ᠤᠯᠠᠭᠠᠨᠬᠠᠳᠠ  ︾᠎ ᠪᠠᠷ ᠡᠬᠢᠯᠡᠵᠦ  ᠲᠠᠭᠠᠤᠳᠠᠭᠳᠠᠬᠤ  ᠪᠤᠯᠤᠭᠰᠠᠨ  ᠂ ᠡᠭᠦᠨ ᠳᠤ  ᠬᠠᠮᠤᠭ ᠤᠨ  ᠨᠡᠶᠢᠳᠡᠯᠢᠭ ᠵᠢᠰᠢᠶ᠎ᠡ ᠨᠢ  ︽ᠵᠤᠤ ᠤᠳᠠ ᠶᠢᠨ  ᠮᠤᠩᠭᠤᠯ  ᠦᠨᠳᠦᠰᠤᠳᠡᠨ ᠤ ᠪᠠᠭᠰᠢ ᠎ ᠶᠢᠨ  ᠰᠤᠷᠭᠠᠭᠤᠯᠢ  ︾ ᠪᠤᠯᠤᠨ᠎ᠠ᠂  ᠡᠨᠡᠬᠦ ᠨᠡᠷ᠎ᠡ ᠨᠢ 1995 ᠤᠨ ᠪᠤᠯᠬᠤ ᠳᠤ   ︽ᠤᠯᠠᠭᠠᠨᠬᠠᠳᠠ ᠶᠢᠨ  ᠦᠨᠳᠦᠰᠦᠳᠡᠨ ᠤ  ᠪᠠᠭᠰᠢ ᠶᠢᠨ  ᠰᠤᠷᠭᠠᠭᠤᠯᠢ  ︾ ᠭᠡᠵᠦ  ᠦᠭᠡᠷᠴᠢᠯᠡᠭᠳᠡᠵᠠᠢ᠃   ᠤᠳᠤᠬᠠᠨ ᠳᠤ  ︽ᠵᠤᠤ ᠤᠳᠠ  ︾᠎ ᠪᠠᠷ ᠡᠬᠢᠯᠡᠭᠰᠡᠨ  ᠠᠯᠪᠠᠨ  ᠪᠠᠶᠢᠭᠤᠯᠤᠯᠭ᠎ᠠ ᠭᠡᠪᠡᠯ   ᠭᠡᠪᠡᠯ  ᠭᠠᠭᠴᠠᠬᠦ  ︽ᠵᠤᠤ ᠤᠳᠠ ᠶᠢᠨ   ᠤᠷᠴᠢᠭᠤᠯᠠᠯᠭ᠎ᠠ ᠶᠢᠨ  ᠬᠤᠷᠢᠶ᠎ᠠ︾   ᠪᠠᠶᠢᠨ᠎ᠠ  ᠂  ᠲᠠᠪᠤᠨ  ᠠᠵᠢᠯᠳᠠᠨ ᠲᠠᠢ   1991 ᠤᠨ ᠳᠤ  ᠲᠠᠩᠰᠠᠯᠠᠭᠤᠯᠵᠤ ᠪᠤᠰᠬᠠᠭᠰᠠᠨ  ᠠᠵᠢᠯ ᠦᠢᠯᠡᠰ ᠴᠢᠨᠠᠷᠳᠠᠢ ᠤᠷᠴᠢᠭᠤᠯᠭ᠎ᠠ ᠶᠢᠨ  ᠬᠤᠷᠢᠶ᠎ᠠ ᠪᠠᠶᠢᠳᠠᠭ᠃ ︽ ᠵᠤᠤ ᠤᠳᠠ  ︾ ᠭᠡᠬᠦ ᠨᠡᠷ᠎ᠡ  ᠨᠡᠶᠢᠭᠡᠮ ᠤᠨ  ᠴᠦᠭᠡᠨ ᠬᠡᠷᠡᠭᠯᠡᠳᠡᠬᠦ  ᠲᠤᠳᠤᠮ ᠲᠡᠭᠦᠨ ᠤ  ᠲᠡᠦᠭᠡᠳᠦ ᠪᠠᠶᠢᠷᠢ ᠰᠠᠭᠤᠷᠢ  ᠵᠢᠴᠢ ᠰᠤᠶᠤᠯ ᠤᠨ  ᠦᠨ᠎ᠡ  ᠦᠷᠳᠡᠭ ᠨᠢ  ᠤᠯᠠᠮ ᠬᠦᠨᠳᠦ ᠪᠤᠯᠳᠠᠭ ᠪᠠᠶᠢᠨ᠎ᠠ᠃   ᠡᠭᠦᠨ  ᠎ ᠳᠤ  ᠠᠷᠤ ᠬᠤᠷᠴᠢᠨ  ᠎ ᠤ ᠬᠠᠳᠠᠨᠪᠠᠭᠠᠳᠤᠷ   ᠨᠠᠷ ᠤᠨ  ᠵᠤᠬᠢᠶᠠᠨ ᠪᠠᠶᠢᠭᠤᠯᠵᠤ ᠲᠠᠩᠰᠠᠯᠠᠭᠤᠵᠤ ᠵᠦᠪᠰᠢᠶᠡᠷᠡᠭᠦᠯᠦᠭᠰᠨᠨ  ︽ᠵᠤᠤ ᠤᠳᠠ ᠶᠢᠨ  ᠮᠤᠩᠭᠤᠯ ᠤᠷᠠᠨ ᠵᠤᠬᠢᠶᠠᠯᠴᠢᠳ ᠤᠨ  ᠨᠡᠶᠢᠭᠡᠮᠯᠢᠭ  ︾  ᠎ ᠨᠢ  ︽ᠵᠤᠤ ᠤᠳᠠ  ︾ ᠭᠡᠬᠦ ᠦᠭᠡ ᠶᠢ ᠰᠡᠷᠭᠦᠭᠡᠨ ᠬᠡᠷᠡᠭᠯᠡᠵᠦ  ᠬᠦᠮᠦᠰ ᠤᠨ  ᠰᠡᠳᠬᠢᠯ ᠳᠤ   ᠤᠷᠤᠨ ᠪᠠᠶᠢᠷᠢ ᠪᠠᠨ  ᠲᠤᠳᠤ  ᠂ ᠪᠠᠳᠤ  ᠤᠯᠵᠤ ᠴᠢᠳᠠᠵᠠᠢ  ᠃  ᠡᠭᠦᠨ ᠤ  ᠵᠡᠷᠭᠡᠪᠡᠷ ᠬᠤᠳᠠ ᠶᠢᠨ  ᠦᠨᠳᠦᠰᠤᠳᠡᠨ  ᠎ ᠤ ᠬᠡᠷᠡᠭ ᠡᠷᠬᠢᠯᠡᠬᠦ  ᠵᠦᠪᠯᠡᠯ  ᠎ ᠠᠴᠠ ᠰᠡᠷᠭᠦᠭᠡᠨ ᠬᠡᠪᠯᠡᠭᠰᠡᠨ  ︽ᠵᠤᠤ ᠤᠳᠠ︾ ᠭᠡᠬᠦ ᠰᠡᠳᠭᠦᠯ ᠨᠢ ᠴᠦ  ᠲᠡᠦᠭᠡ ᠰᠤᠶᠤᠯ ᠤᠨ  ᠬᠠᠳᠠᠭᠤ ᠭᠡᠷᠡᠴᠢ  ᠪᠤᠯᠵᠤ  ᠬᠡᠪᠯᠡᠭᠳᠡᠵᠦ ᠲᠠᠷᠬᠠᠭᠳᠠᠵᠤ ᠪᠠᠶᠢᠨ᠎ᠠ᠃  ᠶᠠᠷᠢᠶᠠᠨ ᠦᠭᠡᠢ  ︽ᠵᠤᠤ ᠤᠳᠠ︾  ᠎ ᠶᠢᠨ  ᠲᠤᠳᠤᠣᠬᠠᠯ ᠲᠠᠢ  ᠠᠯᠪᠠᠨ ᠨᠢᠭᠡᠴᠨ ᠪᠤᠰᠤᠳ ᠪᠠᠰᠠ ᠪᠠᠶᠢᠬᠤ ᠨᠢ ᠯᠠᠪᠳᠠᠢ᠃  ᠮᠡᠳᠡᠭ᠊ ᠨᠦᠬᠦᠳ ᠨᠦᠬᠦᠵᠦ ᠦᠯᠡᠳᠡᠭᠡᠬᠦ ᠶᠢ ᠬᠦᠰᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号