| ︵ᠬᠦᠳᠦᠯᠦᠬᠡ ᠨᠢᠬᠡ︶ | ᠤᠶᠠᠩᠭᠠᠯᠠᠬᠤ ᠳᠤ ᠢᠷᠠᠭᠤ ᠡᠬᠡᠰᠢᠭ ᠬᠡᠯᠡ | ᠤᠯᠠᠮᠵᠢᠯᠠᠬᠤ ᠳᠤ ᠴᠠᠶᠢᠯᠭᠠᠨ ᠴᠡᠪᠡᠷ ᠬᠡᠯᠡ | ᠦᠢᠯᠠᠭᠠᠬᠤ ᠳᠤ ᠲᠦᠷᠬᠡᠨ ᠬᠤᠷᠴᠠ ᠬᠡᠯᠡ | ᠤᠯᠵᠠᠷᠬᠠᠬᠤ ᠳᠤ ᠪᠠᠷᠳᠠᠮ ᠤᠤᠭᠠᠯ ᠬᠡᠯᠡ | ᠰᠤᠨᠤᠰᠬᠤ ᠳᠤ ᠡᠬᠡᠯᠢᠳᠡᠢ ᠡᠬᠡ ᠬᠡᠯᠡ | ᠰᠤᠨᠢᠷᠬᠠᠬᠤ ᠳᠤ ᠪᠠᠭ᠋ᠠᠳᠠᠢ ᠳᠤᠷᠭᠠᠨ ᠬᠡᠯᠡ | ᠰᠤᠷᠬᠤ ᠳᠤ ᠠᠮᠠᠷᠬᠠᠨ ᠦᠨᠳᠦᠰᠦᠨ ᠬᠡᠯᠡ | ᠰᠤᠳᠤᠯᠬᠤ ᠳᠤ ᠬᠦᠨ ᠠᠭᠤᠤ ᠬᠡᠯᠡ | ᠠᠪᠢᠶ᠎ᠠ ᠪᠦᠷᠢᠨ ᠪᠠᠶᠠᠯᠢᠭ ᠬᠡᠯᠡ | ᠠᠰᠤᠷᠤ ᠰᠠᠶᠢᠬᠠᠨ ᠰᠤᠳᠤᠨ ᠬᠡᠯᠡ | ᠠᠰᠬᠠᠨ ᠨᠢᠷᠤᠭᠤ ᠲᠠᠢ ᠤᠷᠠᠨ ᠬᠡᠯᠡ | ᠠᠩᠬᠢᠷ ᠰᠦ ᠲᠠᠢ ᠳᠠᠷᠬᠠᠨ ᠬᠡᠯᠡ | ᠡᠷᠪᠡᠬᠡᠯᠵᠢ ᠳᠤᠯᠤᠭᠠᠢ ᠲᠠᠢ ᠲᠦᠷᠦᠯᠬᠢ ᠬᠡᠯᠡ | ᠡᠪᠡᠷ ᠬᠡᠵᠢᠬᠡ ᠲᠠᠢ ᠠᠮᠠᠷᠠᠭ ᠬᠡᠯᠡ | ᠡᠯᠢᠬᠡ ᠬᠡᠳᠡᠰᠤ ᠲᠠᠢ ᠠᠮᠢᠨ ᠬᠡᠯᠡ | ᠡᠵᠢ ᠠᠪᠤ ᠰᠢᠭ᠋ ᠡᠷᠳᠡᠨᠢ ᠶᠢᠨ ᠬᠡᠯᠡ | | ᠳᠡᠯᠡᠬᠡᠢ ᠳᠤ ᠠᠯᠳᠠᠷᠳᠠᠢ ᠳᠠᠩᠰᠤᠭ ᠬᠡᠯᠡ | ᠳᠡᠤᠬᠡᠨ ᠳᠤ ᠮᠦᠷ ᠲᠠᠢ ᠪᠤᠯᠪᠠᠰᠤᠨ ᠬᠡᠯᠡ | ᠳᠡᠭᠷᠢᠯᠢᠭ ᠵᠠᠶᠠᠭ᠎ᠠ ᠲᠠᠢ ᠠᠯᠳᠠᠨ ᠬᠡᠯᠡ | ᠳᠡᠮᠪᠡᠷᠡᠯ ᠪᠡᠯᠬᠡ ᠲᠠᠢ ᠮᠦᠩᠬᠡ ᠬᠡᠯᠡ | | ᠤᠷᠠᠨ ᠬᠠᠷᠢᠶᠠᠴᠠᠢ | ᠬᠠᠩᠪᠤᠨ ᠳᠤᠷᠭ᠎ᠠ ᠶᠢ ᠵᠦᠰᠦᠨ᠎ᠠ ᠬᠡᠳ | ᠬᠠᠶᠢᠴᠢᠨ ᠰᠡᠬᠦᠯ ᠲᠠᠢ ᠳᠦᠷᠦᠭᠰᠡᠨ ᠶᠤᠮ | ᠬᠠᠪᠤᠷ ᠬᠡᠤᠬᠡᠨ ᠢ ᠳᠠᠭᠠᠯᠠᠨ᠎ᠠ ᠬᠡᠳ | ᠬᠠᠩᠰᠢ ᠶᠢᠨ ᠳᠠᠷᠠᠭᠠᠬᠠᠨ ᠢᠷᠡᠭᠰᠡᠨ ᠶᠤᠮ | ᠬᠠᠳᠤᠨ ᠡᠬᠡ ᠰᠠᠭᠤᠨ᠎ᠠ ᠬᠡᠳ | ᠬᠠᠨᠠᠨ ᠳᠤ ᠡᠬᠦᠷ ᠪᠠᠷᠢᠭᠰᠠᠨ ᠶᠤᠮ | ᠬᠠᠯᠠᠭᠤᠨ ᠪᠦᠯᠢ ᠲᠠᠢ ᠶᠠᠪᠤᠨ᠎ᠠ ᠬᠡᠳ | ᠬᠠᠶᠢᠷᠠᠳᠠᠢ ᠦᠷ᠎ᠠ ᠪᠠᠨ ᠦᠷᠡᠵᠢᠬᠦᠯᠦᠭᠰᠡᠨ ᠶᠤᠮ | ᠡᠯᠢᠬᠡ ᠴᠠᠭᠠᠨ ᠵᠢᠰᠦᠮ ᠲᠠᠢ ᠪᠤᠯᠬᠤᠷ | ᠡᠬᠡᠯᠢ ᠳᠤᠳᠤᠨᠤᠬᠠᠨ ᠰᠠᠨᠠᠭᠳᠠᠳᠠᠭ ᠶᠤᠮ | ᠢᠷᠡᠭᠤ ᠴᠡᠬᠡᠯᠬᠡᠨ ᠡᠬᠡᠰᠢᠭ ᠲᠠᠢ ᠪᠤᠯᠬᠤᠷ | ᠡᠬᠡ ᠤᠷᠤᠨ ᠢᠶᠠᠨ ᠬᠡᠵᠤ ᠳᠠᠭᠤᠯᠠᠳᠠᠭ ᠶᠤᠮ | |