ᠪᠦᠯᠬᠦᠮᠳᠡᠯ
ᠨᠡᠶᠢᠲᠡᠯᠡᠭᠰᠡᠨ ᠴᠠᠭ᠄
2020/12/11
  ᠳᠤᠭᠴᠢ ᠯᠤᠪᠰᠠᠩ ︵ᠦᠤᠰᠢᠨ︶            ᠪᠦᠯᠬᠦᠮᠳᠡᠯ                    ︵ᠬᠦᠳᠦᠯᠦᠬᠡ ᠨᠢᠬᠡ︶ ᠵᠠᠩᠬᠢᠳᠤᠭᠰᠠᠨ ᠨᠢᠳᠤᠷᠭ᠎ᠠ ᠶᠢᠨ ᠳᠠᠪᠤᠨ ᠬᠤᠷᠤᠭᠤ ᠵᠠᠳᠠᠷᠠᠵᠤ ᠪᠤᠯᠤᠰᠢ ᠦᠬᠡᠢ ᠪᠦᠯᠬᠦᠮᠳᠡᠯ ᠮᠤᠰᠬᠢᠭᠰᠠᠨ ᠴᠢᠳᠦᠷ ᠤᠨ ᠭᠤᠷᠪᠠᠨ ᠠᠯᠠᠭ᠎ᠠ ᠮᠦᠯᠳᠦᠷᠡᠵᠤ ᠪᠤᠯᠤᠰᠢ ᠦᠬᠡᠢ ᠪᠦᠯᠬᠦᠮᠳᠡᠯ ᠭᠤᠨᠠᠨ ᠦᠬᠡᠷ ᠤᠨ ᠰᠡᠯᠡᠮᠡᠨ ᠡᠪᠡᠷ ᠭᠤᠳᠠᠷᠠᠵᠤ ᠪᠤᠯᠤᠰᠢ ᠦᠬᠡᠢ ᠪᠦᠯᠬᠦᠮᠳᠡᠯ ᠭᠤᠯᠤᠮᠳᠠ ᠰᠠᠬᠢᠭᠰᠠᠨ ᠳᠤᠯᠭ᠎ᠠ ᠶᠢᠨ ᠴᠢᠯᠠᠭᠤ ᠭᠤᠶᠢᠪᠢᠵᠤ ᠪᠤᠯᠤᠰᠢ ᠦᠬᠡᠢ ᠪᠦᠯᠬᠦᠮᠳᠡᠯ ᠰᠠᠨᠰᠠᠷ ᠲᠤ ᠳᠤᠯᠠᠶᠢᠭᠰᠠᠨ ᠨᠠᠷᠠ ᠰᠠᠷᠠ ᠰᠠᠯᠵᠤ ᠪᠤᠯᠤᠰᠢ ᠦᠬᠡᠢ ᠪᠦᠯᠬᠦᠮᠳᠡᠯ ᠢᠰᠡᠬᠡᠢ ᠬᠡᠷ ᠤᠨ ᠰᠤᠷ ᠪᠦᠰᠡᠯᠡᠬᠦᠷ ᠡᠯᠡᠭᠳᠡᠵᠤ ᠪᠤᠯᠤᠰᠢ ᠦᠬᠡᠢ ᠪᠦᠯᠬᠦᠮᠳᠡᠯ ᠡᠩᠬᠡᠷ ᠲᠤ ᠬᠠᠳᠠᠭᠰᠠᠨ ᠮᠦᠩᠬᠦᠨ ᠳᠤᠪᠴᠢ ᠡᠪᠳᠡᠷᠡᠵᠤ ᠪᠤᠯᠤᠰᠢ ᠦᠬᠡᠢ ᠪᠦᠯᠬᠦᠮᠳᠡᠯ ᠡᠪᠦᠭᠡ ᠳᠡᠬᠡᠳᠦᠰ ᠤᠨ ᠨᠠᠨᠳᠢᠨ ᠰᠤᠷᠭᠠᠯ ᠦᠬᠡᠷᠡᠳᠡᠵᠤ ᠪᠤᠯᠤᠰᠢ ᠦᠬᠡᠢ ᠪᠦᠯᠬᠦᠮᠳᠠᠯ ᠦᠪ ᠰᠤᠶᠤᠯ ᠤᠨ ᠦᠨᠡᠳᠤ ᠡᠷᠳᠡᠨᠢ ᠤᠷᠬᠢᠵᠤ ᠪᠤᠯᠤᠰᠢ ᠦᠬᠡᠢ ᠪᠦᠯᠬᠦᠮᠳᠡᠯ ᠬᠠᠮᠤᠭ ᠠᠮᠢᠳᠠᠨ ᠵᠢᠷᠭᠤᠭᠠᠨ ᠵᠦᠢᠯ ᠬᠠᠭᠠᠴᠠᠵᠤ ᠪᠤᠯᠤᠰᠢ ᠦᠬᠡᠢ ᠪᠦᠯᠬᠦᠮᠳᠡᠯ ᠬᠠᠨ ᠳᠡᠭᠷᠢ ᠶᠢᠨ ᠢᠷᠦᠬᠡᠯ ᠤᠴᠠᠷᠠᠯ ᠬᠠᠶᠢᠷ᠎ᠠ ᠰᠦᠵᠦᠭ ᠤᠨ ᠪᠠᠳᠤ ᠪᠦᠯᠬᠦᠮᠳᠡᠯ           ᠰᠢᠨ᠎ᠠ ᠠᠮᠢ ᠬᠡᠬᠡᠷ᠎ᠡ ᠶᠢᠨ ᠰᠠᠯᠬᠢᠨ ᠳᠤ ᠬᠦᠳᠡᠭᠡ ᠳᠡᠯ᠎ᠡ ᠵᠢᠷᠮᠦᠰᠦᠯᠡᠯ᠎ᠡ ᠨᠤᠭᠤᠭᠠᠨ ᠨᠢᠳᠦ ᠲᠠᠢ ᠬᠦᠪᠡᠭᠦᠨ ᠨᠤᠮᠢᠨ ᠬᠡᠵᠢᠬᠡ ᠲᠠᠢ ᠦᠬᠢᠨ ᠬᠤᠷᠸ᠎ᠠ ᠶᠢᠨ ᠳᠡᠨᠢᠬᠦᠬᠡᠨ ᠦᠯᠦᠬᠡᠢ ᠳᠤ ᠬᠤᠪᠢ ᠲᠠᠢ ᠳᠤᠷᠨᠢᠭᠤᠨ ᠵᠠᠶᠠᠭᠠᠭᠳᠠᠯ᠎ᠠ ᠠᠮᠢᠯᠠᠯ ᠠᠮᠢᠵᠢᠷᠠᠯ ᠢᠬᠡᠷ᠎ᠡ ᠶᠤᠮ ᠰᠢᠭ ᠠᠯᠢᠶᠠᠷᠬᠠᠭ ᠦᠶᠡᠷᠬᠡᠭ ᠢᠶᠠᠷ ᠠᠮᠢᠳᠤᠷᠠᠯ ᠬᠠᠶᠢᠷ᠎ᠠ ᠶᠢᠨ ᠡᠩᠬᠡᠷ ᠢ ᠠᠯᠭᠤᠷᠬᠠᠨ ᠢᠷᠡᠵᠤ ᠮᠦᠮᠦᠯ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号