︵ᠭᠠᠳᠠᠨ᠎ᠠ ᠬᠤᠶᠠᠷ︶ | ᠪᠠ᠊᠂ ᠣᠳᠽᠡᠷ | ᠥᠨᠳᠦᠷ ᠰᠦᠷᠯᠢᠭ ᠡᠷᠭᠢ ᠮᠠᠩᠬᠠᠨ ᠳᠤᠨᠢ | ᠦᠩᠭᠡ ᠶᠢᠨ ᠴᠡᠴᠡᠭ ᠤᠨ ᠮᠢᠷᠠᠯᠵᠠᠭᠠᠨ ᠲᠠᠢ | ᠦᠷᠭᠡᠨ ᠠᠭᠤᠳᠠᠮ ᠲᠠᠯ᠎ᠠ ᠨᠤᠲᠤᠭ ᠲᠤᠨᠢ | ᠦᠨᠢᠷ ᠰᠦᠷᠦᠭ ᠤᠨ ᠠᠳᠤᠭᠤ ᠮᠠᠯ ᠲᠠᠢ | ᠡᠨᠡ ᠪᠣᠯ- | ᠮᠣᠩᠭᠤᠯ ᠤᠨ ᠰᠠᠶᠢᠬᠠᠨ ᠨᠤᠲᠤᠭ | ᠮᠢᠨᠦ ᠵᠠᠶᠠᠭᠠᠭᠰᠠᠨ ᠦᠯᠦᠭᠡᠢ ᠡ᠃ | ᠬᠦᠪᠴᠢᠨ ᠨᠣᠭᠤᠭᠠᠨ ᠣᠢ ᠰᠢᠭᠤᠢ ᠳᠤᠨᠢ | ᠬᠦᠬᠦᠬᠡ ᠰᠢᠪᠠᠭᠤᠨ ᠤ ᠳᠣᠩᠭᠤᠳᠤᠭᠠᠨ ᠲᠠᠢ | ᠬᠠᠨᠠᠭᠠᠷ ᠠᠭᠤᠳᠠᠮ ᠲᠠᠯ᠎ᠠ ᠨᠤᠲᠤᠭ ᠲᠤᠨᠢ | ᠬᠦᠯᠦᠭ ᠮᠣᠷᠢᠳ ᠤᠨ ᠥᠥᠷᠰᠡᠭᠡᠨ ᠲᠠᠢ | ᠡᠨᠡ ᠪᠣᠯ- | ᠮᠣᠩᠭᠤᠯ ᠤᠨ ᠰᠠᠶᠢᠬᠠᠨ ᠨᠤᠲᠤᠭ | ᠮᠢᠨᠦ ᠵᠠᠶᠠᠭᠠᠭᠰᠠᠨ ᠥᠯᠦᠭᠡᠢ ᠡ᠃ | ᠪᠣᠯᠤᠷ ᠲᠤᠩᠭᠠᠯᠠᠭ ᠭᠤᠣᠯ ᠭᠤᠷᠤᠬ᠎ᠠ ᠳᠤᠨᠢ | ᠵᠢᠭᠠᠰᠤ ᠵᠢᠷᠠᠭᠠᠬᠠᠢ ᠶᠢᠨ ᠰᠦᠯᠵᠢᠭᠡᠨ ᠲᠠᠢ | ᠪᠠᠶᠠᠷ ᠪᠢᠯᠬᠠᠭᠰᠠᠨ ᠵᠢᠷᠭᠠᠯ ᠠᠮᠢᠳᠤᠷᠠᠯ ᠳᠤᠨᠢ | ᠪᠠᠶᠠᠵᠢᠨ ᠴᠢᠨᠡᠭᠡᠯᠢᠭᠵᠢᠭᠰᠡᠨ ᠡᠭᠡᠰᠢᠭᠲᠦ ᠴᠣᠣᠷᠢᠶ᠎ᠠ ᠲᠠᠢ | ᠡᠨᠡ ᠪᠣᠯ- | ᠮᠣᠩᠭᠤᠯ ᠤᠨ ᠰᠠᠶᠢᠬᠠᠨ ᠨᠤᠲᠤᠭ | ᠮᠢᠨᠦ ᠵᠠᠶᠠᠭᠠᠭᠰᠠᠨ ᠥᠯᠦᠭᠡᠢ ᠡ᠃ | ᠮᠢᠨᠦ ᠡᠵᠢ | ᠲᠠᠷᠢᠶᠠᠴᠢᠨ ᠲᠦᠮᠡᠨ ᠤ ᠬᠦᠳᠡᠯᠮᠦᠷᠢ ᠠᠵᠢᠯ ᠳᠤ | ᠬᠦᠯᠦᠰᠦᠨ ᠤ ᠰᠣᠪᠤᠳ ᠤᠨ ᠰᠢᠭᠢᠳᠭᠡᠰᠦᠲᠠᠢ | ᠲᠠᠯ᠎ᠠ ᠨᠤᠲᠤᠭ ᠤᠨ ᠭᠠᠵᠠᠷ ᠰᠢᠷᠤᠢ ᠳᠤ | ᠬᠠᠶᠢᠷ᠎ᠠ ᠶᠢᠨ ᠵᠢᠳᠭᠦᠯ ᠤᠨ ᠰᠢᠩᠭᠡᠭᠦᠰᠦᠳᠠᠢ | ᠬᠦᠳᠡᠭᠡ ᠶᠢᠨ ᠨᠠᠷᠠ- ᠮᠢᠨᠦ ᠡᠵᠢ | ᠬᠦᠳᠡᠯᠮᠦᠷᠢ ᠳᠤ ᠰᠢᠳᠤᠷᠭᠤ ᠬᠤᠰᠢᠭᠤᠴᠢ᠃ | ᠬᠥᠭᠡᠷᠦᠭᠦᠢ ᠵᠢᠷᠭᠤᠭᠠᠨ ᠦᠷ᠎ᠡ ᠪᠠᠨ | ᠬᠦᠮᠦᠨ ᠤ ᠵᠡᠷᠭᠡ ᠳᠤ ᠬᠦᠷᠭᠡᠬᠦ ᠪᠠᠷ | ᠬᠦᠷᠦᠰᠦᠲᠦ ᠳᠡᠯᠡᠬᠡᠢ ᠶᠢᠨ ᠥᠷᠦ ᠳᠡᠭᠡᠷ᠎ᠡ | ᠬᠦᠰᠡᠯ ᠤᠨ ᠵᠡᠭᠦᠲᠦ ᠪᠠᠨ ᠳᠡᠷᠪᠢᠭᠦᠯᠦᠭᠰᠡᠨ | ᠬᠦᠳᠡᠭᠡ ᠶᠢᠨ ᠨᠠᠷᠠ- ᠮᠢᠨᠦ ᠡᠵᠢ | ᠬᠦᠦ ᠶᠢᠨ ᠰᠡᠳᠭᠢᠯ ᠳᠠᠬᠢ ᠵᠤᠯᠠ᠃ | ᠤᠬᠠᠭᠠᠨ ᠪᠢᠯᠢᠭ ᠤᠨ ᠤᠭᠤᠷᠠᠭ ᠢᠶᠠᠷ ᠢᠶᠠᠨ | ᠤᠨᠠᠭᠠᠨ ᠨᠠᠰᠤ ᠶᠢ ᠮᠢᠨᠢ ᠤᠭᠵᠢᠵᠤ ᠶᠠᠪᠤᠭᠰᠠᠨ | ᠣᠶᠤᠨ ᠪᠢᠯᠢᠭ ᠤᠨ ᠬᠤᠷᠸ᠎ᠠ ᠳᠤ ᠮᠢᠨᠢ | ᠣᠳᠤᠨ ᠨᠢ ᠪᠣᠯᠤᠨ ᠭᠡᠷᠡᠯᠲᠦᠵᠦ ᠶᠠᠪᠤᠭᠰᠠᠨ᠃ | ᠬᠦᠳᠡᠭᠡ ᠶᠢᠨ ᠨᠠᠷᠠ- ᠮᠢᠨᠦ ᠡᠵᠢ | ᠬᠦᠦ ᠨᠢ ᠪᠣᠯᠤᠭᠰᠠᠨ ᠮᠢᠨᠦ ᠪᠣᠷᠬᠠᠨ ᠰᠢᠲᠦᠭᠡᠨ᠃ | ᠰᠢᠯᠦᠭ ᠪᠠ ᠪᠢ | ᠰᠢᠯᠦᠭ ᠢᠶᠠᠨ ᠪᠢ | ᠰᠦᠨᠢ ᠪᠣᠯᠭᠠᠨ ᠪᠢᠴᠢᠵᠦ ᠰᠠᠭᠤᠨ᠎ᠠ | ᠰᠦᠭ ᠪᠣᠯᠭᠠᠨ ᠨᠠᠰᠤᠨ ᠤ ᠬᠠᠨᠢ ᠪᠣᠯᠭᠠᠨ᠎ᠠ | ᠰᠦᠯᠳᠡ ᠪᠣᠯᠭᠠᠨ ᠰᠡᠶᠢᠷᠡᠭᠦᠯᠵᠦ ᠪᠢᠴᠢᠨ᠎ᠡ | ᠰᠦᠨᠡᠰᠦ ᠪᠣᠯᠭᠠᠨ ᠲᠠᠷᠨᠢᠳᠠᠵᠤ ᠰᠠᠭᠤᠨ᠎ᠠ᠃ | ᠰᠢᠯᠦᠭ ᠢᠶᠠᠷ ᠪᠢ | ᠰᠡᠳᠭᠢᠯ ᠤᠨ ᠨᠠᠶᠢᠵᠢ ᠪᠠᠨ ᠪᠣᠯᠭᠠᠵᠤ ᠶᠠᠪᠤᠨ᠎ᠠ | ᠰᠠᠶᠢᠬᠠᠨ ᠨᠤᠲᠤᠭ ᠢᠶᠠᠨ ᠬᠤᠯᠪᠤᠵᠤ ᠰᠡᠳᠭᠢᠨᠡ | ᠰᠠᠷ᠎ᠠ ᠲᠠᠢ ᠰᠦᠨᠢ ᠪᠠᠨ ᠮᠠᠭᠲᠠᠨ ᠳᠠᠭᠤᠯᠠᠨ᠎ᠠ | ᠰᠠᠨᠠᠭᠠᠨ ᠤ ᠬᠤᠩᠭᠤᠷ ᠢᠶᠠᠨ ᠳᠤᠷᠠᠰᠴᠤ ᠰᠠᠭᠤᠨ᠎ᠠ᠃ | ᠰᠢᠯᠦᠭ ᠢᠶᠠᠷ ᠪᠢ | ᠰᠠᠷᠠᠭᠤᠯ ᠢᠡᠷᠭᠡᠳᠦᠢ ᠪᠠᠨ ᠵᠥᠩᠨᠡᠨ ᠪᠡᠯᠭᠡᠳᠡᠨ᠎ᠡ | ᠰᠠᠶ᠎ᠠ ᠲᠦᠮᠡᠨ ᠢᠶᠠᠨ ᠮᠠᠭᠲᠠᠨ ᠳᠠᠭᠤᠯᠠᠨ᠎ᠠ | ᠰᠠᠨᠠᠭᠰᠠᠨ ᠡᠵᠢ ᠪᠠᠨ ᠮᠦᠷᠦᠭᠡᠳᠦᠨ ᠳᠤᠷᠠᠰᠤᠨ᠎ᠠ | ᠰᠠᠶᠢᠵᠢᠷᠠᠬᠤ ᠠᠮᠢᠳᠤᠷᠠᠯ ᠢᠶᠠᠨ ᠤᠶᠠᠩᠭᠠᠯᠠᠵᠤ ᠢᠷᠦᠭᠡᠨ᠎ᠡ ᠡ᠃ | | | | ᠳᠥᠡᠭᠯᠢᠶᠣᠣ ᠮᠣᠩᠭᠤᠯ ᠥᠨᠳᠥᠰᠥᠳᠡᠨ ᠤ ᠲᠤᠮᠳᠠᠳᠥ | ᠰᠤᠷᠭᠠᠭᠤᠯᠢ ᠶᠢᠨ | ᠮᠣᠩᠭᠤᠯ ᠬᠡᠯᠡᠨ ᠤ ᠵᠢᠭᠠᠨ ᠰᠤᠷᠭᠠᠬᠤ | ᠲᠤᠭᠤᠶᠢᠯᠠᠩ | 姓名:敖斯尔 | 15750560906 | | ︵2020.12. | 1︶ | | | | | | | | | | | |