ᠮᠠᠨ ᠤ ᠬᠢᠨ ᠦᠭᠡᠷᠡᠴᠢᠯᠡᠯᠲᠡ ᠨᠡᠬᠡᠭᠡᠯᠲᠡ ᠪᠤᠯᠲᠠᠯ᠎ᠠ ᠮᠦᠨ ᠯᠡ ᠪᠠᠷᠢᠭᠠᠳᠠ ᠭᠡᠵᠦ ᠪᠠᠶᠢᠭᠰᠠᠨ ᠪᠠ ᠦᠢᠯᠡᠳᠪᠦᠷᠢᠯᠡᠯ | ᠡᠵᠡᠩᠨᠡᠯᠲᠡ ᠳᠡᠭᠡᠨ ᠨᠡᠶᠢᠲᠡ ᠶᠢᠨ ᠲᠥᠷᠢᠮ ᠲᠠᠢ ᠪᠠᠶᠢᠵᠠᠢ᠃ ᠲᠡᠭᠡᠬᠦ ᠪᠠᠷ ᠬᠦᠳᠡᠯᠮᠦᠷᠢ ᠬᠦᠴᠦ ᠪᠦᠷ ᠪᠠᠷᠢᠭᠠᠲᠠ ᠶᠢᠨ | ᠠᠵᠢᠯ ᠬᠦᠳᠡᠯᠮᠦᠷᠢ ᠳᠤ ᠶᠠᠪᠤᠵᠠᠭᠠᠳᠠᠭ ᠪᠣᠯᠬᠤᠷ ᠡᠳᠦᠷ ᠲᠡᠭᠡᠨ ᠨᠠᠰᠣᠨ ᠳᠤ ᠬᠦᠷᠦᠭᠡ ᠦᠭᠡᠢ ᠰᠣᠷᠭᠠᠭᠤᠯᠢ ᠶᠢᠨ | ᠰᠣᠷᠣᠭᠴᠢᠳ ᠬᠡᠭᠡᠷ᠎ᠡ ᠭᠠᠷᠴᠤ ᠠᠷᠭᠠᠯ ᠲᠡᠭᠦᠳᠡᠭ ᠪᠠ ᠠᠶᠢᠯ ᠤᠨ ᠬᠢᠨ ᠤ ᠲᠤᠮᠤ ᠬᠦᠮᠦᠰ ᠦᠦᠷ ᠪᠢᠳᠡᠭᠦᠦ ᠡᠷᠲᠡᠯᠡᠨ | ᠪᠤᠰᠴᠣ ᠡᠪᠦᠯ ᠤᠨ ᠬᠡᠪᠲᠡᠰᠢ ᠲᠠᠢ ᠬᠦᠯᠳᠡᠭᠦᠦ ᠠᠷᠭᠠᠯ ᠠᠪᠳᠠᠭ᠃ ᠭᠡᠪᠡᠴᠦ ᠲᠦᠯᠡᠰᠢᠨ ᠤ ᠱᠢᠪᠠᠭ ᠪᠤᠷᠭᠠᠰᠣ ᠠᠪᠬᠤ | ᠳᠤ ᠲᠣᠷ᠎ᠠ ᠲᠠᠪᠠ ᠪᠠᠷ ᠢᠶᠠᠨ ᠬᠠᠳᠣᠵᠤ ᠪᠣᠯᠳᠠᠭ ᠦᠭᠡᠢ ᠴᠡᠭᠡᠷ ᠬᠤᠷᠢᠭ᠎ᠠ ᠲᠠᠢ ᠪᠠᠶᠢᠵᠤ ᠪᠠᠷᠢᠭᠠᠳᠠ ᠠᠴᠠ | ᠲᠤᠭᠲᠠᠭᠰᠠᠨ ᠨᠢᠭᠡ ᠴᠠᠭ ᠲᠡᠭᠡᠷ᠎ᠡ ᠵᠢᠯ ᠤᠨ ᠰᠢᠲᠠᠭᠠᠯᠭ᠎ᠠ ᠠᠪᠬᠤ ᠲᠤᠰᠬᠠᠢ ᠴᠢᠯᠦᠭᠡ ᠲᠠᠯᠪᠢᠳᠠᠭ ᠪᠠᠶᠢᠭᠰᠠᠨ ᠶᠤᠮ᠃ | ᠨᠢᠭᠡ ᠵᠢᠯ ᠤᠨ ᠡᠪᠦᠯ ᠪᠠᠷᠢᠭᠠᠳᠠ ᠠᠴᠠ ᠨᠢᠭᠡ ᠡᠷᠦᠬᠡ ᠨᠢᠭᠡ ᠬᠦᠳᠡᠯᠮᠦᠷᠢ ᠬᠦᠴᠦ ᠭᠠᠷᠭᠠᠨ ᠭᠤᠷᠪᠠᠨ | ᠡᠳᠦᠷ ᠤᠨ ᠴᠢᠯᠦᠭᠡ ᠲᠠᠯᠪᠢᠭᠠᠳ ᠵᠠᠭᠤᠨ ᠪᠤᠭᠤᠵᠢ ᠪᠠᠷ ᠬᠡᠮᠵᠢᠶᠡᠯᠡᠨ ᠲᠦᠯᠡᠭᠡ ᠬᠠᠳᠣᠭᠤᠯᠵᠠᠢ᠃ ᠲᠡᠷᠡ ᠦᠶᠡᠰ | ᠡᠪᠦᠭᠡ ᠮᠢᠨᠢ ᠨᠢᠭᠡᠨᠲᠡ ᠵᠢᠷᠢᠨ ᠨᠠᠰᠤ ᠶᠢ ᠳᠠᠪᠠᠭᠰᠠᠨ ᠪᠣᠯᠪᠠᠴᠤ ︿︿ᠬᠠᠰᠢᠯᠠ ᠪᠢ ᠦᠪᠡᠷᠳᠡᠭᠡᠨ ᠭᠠᠷᠤᠶ᠎ᠠ﹀﹀ ᠭᠡᠳ | ᠨᠢᠭᠡ ᠬᠦᠩᠭᠡᠨ ᠰᠢᠭ ᠲᠦᠯᠡᠭᠡᠨ ᠬᠠᠳᠣᠭᠤᠷ ᠪᠠ ᠪᠠᠰᠠ ᠨᠢᠭᠡ ᠦᠷᠭᠡᠨ ᠢᠷ ᠲᠠᠢ ᠪᠦᠳᠦᠭᠦᠨ ᠰᠦᠬᠡ ᠪᠠᠨ | ᠠᠪᠤᠭᠠᠳ ᠶᠠᠪᠤᠵᠠᠢ᠃ | ᠠᠶᠢᠯ ᠤᠳ ᠬᠢᠨ ᠭᠠᠷ ᠰᠢᠯᠡᠮᠳᠡᠨ ᠤᠷᠤᠯᠳᠤᠵᠠᠭᠠᠵᠤ ᠠᠯᠢ ᠪᠤᠯᠣᠮᠠᠷ ᠤᠷᠭᠤᠴᠠ ᠰᠠᠶᠢᠲᠠᠢ ᠪᠦᠭᠡᠳ ᠬᠠᠳᠣᠵᠤ | ᠤᠷᠣᠭᠤᠯᠬᠤ ᠳᠤ ᠲᠤᠬᠢᠳᠠᠢ ᠲᠦᠯᠡᠭᠡᠨ ᠵᠦᠭ ᠭᠦᠶᠦᠵᠦ ᠪᠠᠶᠢᠯ᠎ᠠ᠃ ᠮᠢᠨᠦ ᠡᠪᠦᠭᠡ ᠠᠶᠢᠯ ᠶᠢᠨ ᠪᠠᠷᠠᠭᠤᠨᠳᠠᠢ ᠤᠯᠠᠨ | ᠬᠦᠮᠦᠨ ᠤ ᠭᠤᠯᠤᠭᠠᠳ ᠬᠠᠷᠠᠵᠤ ᠦᠵᠡᠳᠡᠭ ᠦᠭᠡᠢ ᠬᠠᠵᠠᠭᠠᠢ ᠳᠠᠪᠠᠭ᠎ᠠ ᠭᠡᠳᠡᠭ ᠨᠢᠭᠡ ᠬᠤᠨᠢᠨ ᠰᠢᠪᠠᠭ ᠵᠦᠭᠡᠷᠬᠡᠨ | ᠤᠷᠭᠤᠳᠠᠭ ᠰᠤᠭᠤ ᠭᠠᠵᠠᠷ ᠢ ᠰᠣᠩᠭᠤᠨ ᠬᠠᠳᠣᠵᠤ ᠡᠬᠢᠯᠡᠪᠡ᠃ ᠡᠪᠦᠭᠡ ᠦᠷᠦᠭᠡᠯ ᠤᠨ ᠬᠢᠨ ᠤ ᠠᠳᠠᠯᠢ ᠲᠡᠭᠡᠵᠦ | ᠦᠦᠷ ᠪᠢᠲᠡᠭᠦᠦ ᠪᠠᠷ ᠪᠤᠰᠴᠦ ᠭᠠᠷᠤᠭᠠᠳ ᠰᠢᠷ᠎ᠠ ᠪᠦᠷᠦᠢ ᠲᠡᠮᠲᠡᠷᠢᠨ ᠬᠠᠷᠢᠵᠤ ᠢᠷᠡᠳᠡᠭ ᠦᠭᠡᠢ ᠬᠠᠷᠢᠨ | ᠡᠷᠲᠡ ᠶᠢᠨ ᠨᠠᠷᠠᠨ ᠠᠷᠪᠠᠨ ᠠᠯᠲᠠ ᠳᠡᠭᠳᠡᠭᠰᠡᠨ ᠬᠤᠶᠢᠨ᠎ᠠ ᠰᠠᠶ᠋ᠢ ᠢᠷᠯᠡᠵᠦ ᠲᠠᠯᠪᠢᠭᠰᠠᠨ ᠬᠠᠳᠣᠭᠤᠷ ᠪᠤᠯᠣᠨ ᠰᠦᠬᠡ | ᠬᠤᠶᠠᠷ ᠢᠶᠠᠨ ᠰᠣᠶᠢᠷᠠᠭᠠᠳ ᠦᠳᠡ ᠶᠢᠨ ᠬᠦᠨᠡᠰᠦ ᠬᠡᠮᠡᠨ ᠭᠤᠷᠪᠠᠨ ᠠᠶᠠᠭ᠎ᠠ ᠬᠠᠭᠤᠷᠤᠭᠰᠠᠨ ᠠᠮᠤ ᠶᠢᠨ ᠲᠡᠭᠡᠷ᠎ᠡ | ᠴᠠᠭ᠎ᠠ ᠬᠤᠯᠢᠭᠰᠠᠨ ᠬᠤᠶᠠᠷ ᠰᠢᠯᠦᠨ ᠯᠤᠩᠬᠤ ᠲᠠᠢ ᠤᠰᠤ ᠠᠪᠴᠤ ᠶᠠᠪᠤᠭᠠᠳ ᠤᠷᠤᠢ ᠶᠢᠨ ᠭᠠᠯ ᠬᠢᠬᠦ ᠨᠠᠷᠠ ᠲᠠᠢ | ᠬᠠᠷᠢᠵᠤ ᠢᠷᠡᠳᠡᠭ᠃ | ᠲᠡᠷᠡ ᠨᠢᠭᠡᠨ ᠴᠠᠭ ᠦᠶ᠎ᠡ ᠭᠡᠵᠦ ᠤᠯᠤᠰ ᠲᠥᠷᠦ ᠪᠠᠷ ᠯᠡ ᠠᠯᠢᠪᠡ ᠶᠢ ᠵᠤᠬᠢᠴᠠᠭᠤᠯᠵᠤ ᠪᠠᠶᠢᠭᠰᠠᠨ ᠲᠤᠯᠠ | ᠭᠠᠴᠠᠭ᠎ᠠ ᠲᠤᠰᠬᠤᠨ ᠤ ᠬᠢᠨ ᠠᠵᠢᠯ ᠬᠦᠳᠡᠯᠮᠦᠷᠢ ᠢᠶᠠᠨ ᠬᠢᠵᠦ ᠪᠠᠷᠠᠪᠠᠯ ᠦᠳᠡᠰᠢ ᠳᠡᠭᠡᠨ ᠵᠠᠪᠠᠯ ᠨᠢᠭᠡ ᠤᠳᠠᠭ᠎ᠠ | ᠪᠠᠷᠢᠭᠠᠳᠠ ᠶᠢᠨ ᠵᠦᠪᠯᠡᠯ ᠳᠤ ᠤᠴᠢᠵᠠᠭᠠᠵᠤ ᠡᠳᠦᠷ ᠤᠨ ᠬᠢᠭᠰᠡᠨ ᠠᠵᠢᠯ ᠢᠶᠠᠨ ᠬᠤᠪᠢ ᠲᠡᠮᠲᠡᠭᠯᠡᠭᠦᠯᠦᠭᠡᠳ ᠴᠠᠰᠢ | ᠪᠠᠰᠠ ᠦᠷᠦᠭᠡᠯ ᠵᠠᠭᠤᠷ᠎ᠠ ᠪᠠᠨ ᠦᠭᠡ ᠵᠤᠭᠤᠭ ᠲᠡᠯᠭᠡᠵᠦ ᠰᠠᠭᠤᠳᠠᠭ ᠪᠠᠶᠢᠵᠠᠢ᠃ ᠲᠡᠭᠡᠬᠦ ᠪᠠᠷ ᠴᠢᠯᠦᠭᠡ ᠲᠠᠯᠪᠢᠭᠰᠠᠨ | ᠲᠡᠷᠡ ᠬᠤᠶᠠᠷ ᠡᠳᠦᠷ ᠰᠢᠲᠠᠭᠠᠯᠭ᠎ᠠ ᠳᠤ ᠭᠠᠷᠤᠭᠰᠠᠨ ᠢᠳᠡᠷᠴᠤᠳ ᠪᠤᠯᠤᠨ ᠵᠠᠯᠠᠭᠤᠴᠤᠳ ᠪᠠᠷᠢᠭᠠᠳᠠ ᠶᠢᠨ ᠭᠡᠷ ᠲᠤ | ᠳᠦᠭᠦᠷᠡᠲᠡᠯ᠎ᠡ ᠴᠤᠭᠯᠠᠷᠠᠵᠠᠭᠠᠨ ᠦᠪᠡᠷ ᠦᠪᠡᠷ ᠤᠨ ᠬᠠᠮᠢᠭᠠᠭᠤᠷ ᠶᠠᠪᠤᠵᠤ ᠬᠠᠮᠢᠭᠠᠬᠢ ᠰᠠᠶᠢᠨ ᠲᠦᠯᠡᠭᠡ ᠠᠴᠠ ᠬᠡᠳᠦᠢ | ᠪᠤᠭᠤᠵᠢ ᠬᠠᠳᠤᠭᠰᠠᠨ ᠲᠤᠬᠠᠢ ᠪᠠᠨ ᠨᠢᠭᠡᠨ ᠵᠡᠷᠭᠡ ᠲᠦᠴᠢᠭᠡᠨᠡᠲᠡᠯᠡ ᠬᠡᠯᠡᠯᠴᠡᠵᠦ ᠮᠤᠬᠤᠭᠠᠳ ᠰᠠᠶ᠋ᠢ ᠬᠠᠷᠢᠵᠤ | ᠤᠨᠳᠠᠳᠠᠭ ᠨᠢ ᠶᠡᠭᠡ ᠭᠠᠶᠢᠬᠠᠯᠳᠠᠢ ᠰᠠᠨᠠᠭᠳᠠᠭᠤᠯᠵᠤ ᠪᠠᠶᠢᠪᠠ᠃ | ᠠᠶᠢᠯ ᠤᠨ ᠬᠢᠨ ᠨᠢᠭᠡ ᠪᠤᠬ᠎ᠠ ᠨᠢᠳᠦᠯᠡᠬᠦ ᠪᠤᠵᠠᠭᠠᠢ ᠴᠢᠳᠠᠯ ᠲᠠᠢ ᠭᠡᠰᠡᠨ ᠢᠳᠡᠷ ᠨᠠᠰᠣᠨ ᠤ ᠰᠠᠶᠢᠨ ᠡᠷ᠎ᠡ | ᠪᠠᠶᠢᠵᠠᠢ᠃ ᠲᠡᠷᠡ ᠠᠵᠢᠯ ᠦᠢᠯᠡᠳᠪᠦᠷᠢᠯᠡᠯ ᠳᠤ ᠴᠠᠭᠠᠷᠠᠭᠰᠠᠨ ᠭᠠᠷ ᠪᠦᠭᠡᠳ ᠬᠦᠴᠦ ᠲᠠᠮᠢᠷ ᠢᠶᠠᠷ ᠴᠤ ᠲᠤᠯᠢᠳᠠᠳᠠᠭ | ᠦᠭᠡᠢ ᠠᠶᠢᠯ ᠠᠶᠢᠮᠠᠭ ᠢᠶᠠᠨ ᠳᠠᠭᠠᠭᠤᠯᠤᠨ ᠠᠵᠢᠯ ᠬᠦᠳᠡᠯᠮᠦᠷᠢ ᠳᠤ ᠶᠠᠪᠤᠳᠠᠭ᠃ ᠡᠶᠢᠮᠦ ᠠᠴᠠ ᠬᠦᠮᠦᠰ ᠪᠦᠷ | ᠲᠡᠭᠦᠨ ᠤ ᠲᠦᠯᠡᠭᠡ ᠵᠢᠴᠢ ᠪᠤᠭᠤᠵᠢ ᠪᠠᠷ ᠪᠠᠷᠢᠮᠵᠢᠶ᠎ᠠ ᠪᠤᠯᠭᠠᠨ ᠦᠪᠡᠷ ᠢ ᠪᠠᠨ ᠲᠡᠭᠦᠨ ᠲᠠᠢ ᠵᠡᠷᠭᠡᠴᠡᠭᠦᠯᠵᠦ | ᠮᠠᠵᠠᠭᠤᠯᠤᠨ ᠰᠠᠶᠢᠬᠠᠮᠰᠦᠷᠴᠤ ᠭᠠᠷᠤᠨ᠎ᠠ᠃ ᠨᠢᠭᠡ ᠦᠳᠡᠰᠢ ᠪᠢ ᠠᠬ᠎ᠠ ᠪᠠᠨ ᠲᠠᠭᠠᠨ ᠪᠠᠷᠢᠭᠠᠳᠠ ᠲᠡᠭᠡᠷ᠎ᠡ ᠤᠴᠢᠭᠰᠠᠨ | ᠳᠤ ᠭᠡᠷ ᠲᠦᠭᠦᠷᠡᠩ ᠬᠦᠮᠦᠰ ᠪᠦᠭᠡᠮᠨᠡᠷᠡᠭᠡᠳ ᠬᠡᠨ ᠨᠢᠭᠡ ᠴᠤ ᠠᠮᠠ ᠰᠣᠯᠠ ᠦᠭᠡᠢ ᠪᠦᠷ ᠯᠡ ᠡᠳᠦᠷ ᠤᠨ | ᠬᠠᠳᠤᠭᠰᠠᠨ ᠲᠦᠯᠡᠭᠡᠨ ᠤ ᠪᠠᠨ ᠲᠤᠬᠠᠢ ᠱᠤᠬᠤᠷᠬᠠᠵᠠᠭᠠᠵᠤ ᠪᠠᠶᠢᠯ᠎ᠠ᠃ | ᠪᠠᠷᠢᠭᠠᠳᠠ ᠶᠢᠨ ᠭᠡᠷ ᠢ ᠰᠠᠬᠢᠳᠠᠭ ᠮᠡᠭᠵᠢᠭᠡᠷ ᠰᠢᠷ᠎ᠠ ᠡᠪᠦᠭᠡᠨ ᠤᠯᠠᠶᠢᠲᠠᠯ᠎ᠠ ᠨᠤᠴᠤᠭᠰᠠᠨ ᠲᠡᠮᠦᠷ ᠵᠤᠤᠬᠠᠨ | ᠲᠡᠭᠡᠷ᠎ᠡ ᠪᠠᠨ ᠪᠦᠳᠦᠬᠦᠨ ᠰᠠᠭᠤᠯᠭ᠎ᠠ ᠲᠠᠢ ᠤᠰᠤ ᠪᠠᠭᠲᠠᠬᠤ ᠲᠤᠮᠤ ᠳᠡᠪᠦᠷ᠎ᠡ ᠲᠠᠢ ᠤᠰᠤ ᠪᠤᠴᠠᠯᠭᠠᠨ ᠤᠯᠠᠨ ᠳᠤ | ᠤᠤᠭᠤᠯᠭᠠᠨ ᠭᠦᠶᠦᠵᠦ ᠪᠠᠶᠢᠲᠠᠯ᠎ᠠ ᠥᠨᠥᠬᠢ ᠪᠤᠬ᠎ᠠ ᠨᠢᠳᠦᠯᠡᠬᠦ ᠴᠢᠳᠠᠯ ᠲᠠᠢ ᠰᠠᠶᠢᠨ ᠡᠷ᠎ᠡ ᠬᠦᠷᠦᠭᠡᠳ ᠢᠷᠡᠪᠡ᠃ | ᠤᠯᠠᠨ ᠢᠶᠠᠷ ᠢᠶᠠᠨ ᠪᠦᠷ ᠨᠠᠮ ᠭᠡᠵᠦ ᠲᠡᠭᠦᠨ ᠤ ᠵᠦᠭ ᠬᠠᠷᠠᠵᠠᠭᠠᠯ᠎ᠠ᠃ ᠲᠡᠷᠡ ᠴᠤ ᠡᠷᠢᠶ᠎ᠡ ᠦᠭᠡᠢ ᠨᠢᠭᠡ ᠠᠶᠠᠭ᠎ᠠ | ᠬᠠᠯᠠᠭᠤᠨ ᠤᠰᠤ ᠠᠶᠠᠭᠠᠯᠠᠵᠤ ᠠᠪᠤᠭᠠᠳ ︿︿ᠪᠢ ᠨᠢᠭᠡᠯᠬᠡᠨ ᠠᠳᠠᠯᠢ ᠲᠠᠪᠤᠨ ᠲᠥᠭᠡ ᠶᠢᠨ ᠪᠤᠭᠤᠵᠢ ᠬᠢᠯ᠎ᠡ᠃ | ᠰᠠᠶᠢᠨ ᠳᠥᠷᠪᠡ ᠬᠦᠯᠦᠭᠰᠡᠨ ᠮᠤᠷᠢᠨ ᠲᠡᠷᠭᠡ ᠦᠭᠡᠢ ᠪᠣᠯ ᠨᠢᠭᠡ ᠤᠳᠠᠭ᠎ᠠ ᠳᠤ ᠲᠡᠭᠡᠭᠡᠵᠦ ᠠᠪᠴᠢᠷᠠᠬᠤ ᠳᠤ | ᠬᠦᠴᠢᠷᠳᠡᠬᠦ ᠪᠠᠶᠢᠬ᠎ᠠ ᠳ᠋ᠡ᠃ ᠵᠠ᠂ ᠶᠠᠭᠠᠬᠢᠪ ︖ ᠵᠢᠯ ᠤᠨ ᠲᠦᠯᠡᠰᠢ ᠶᠤᠮ ᠴᠢᠨᠢ ᠭᠠᠶᠢᠭᠤᠢ ᠨᠢᠭᠡ ᠲᠡᠷᠭᠡ | ᠤᠷᠤᠭᠤᠯᠵᠤ ᠠᠪᠬᠤ ᠦᠭᠡᠢ ᠪᠠᠷ ᠶᠠᠭᠠᠬᠢᠨ᠎ᠠ ︕﹀﹀ ᠭᠡᠰᠡᠨ ᠳᠤ ᠵᠠᠯᠭᠠᠭᠠᠳ ᠤᠯᠠᠨ ᠬᠦᠮᠦᠰ ᠪᠦᠷ ᠲᠡᠭᠦᠨ ᠤ | ᠵᠦᠭ ᠡᠷᠡᠬᠡᠢ ᠭᠤᠵᠤᠶᠢᠯᠭᠠᠨ ᠪᠠᠭ᠋ᠠᠷᠬᠠᠵᠤ ᠭᠠᠷᠪᠠ᠃ ᠪᠢ ᠤᠯᠵᠣ ᠰᠣᠨᠣᠰᠣᠭᠠᠳ ᠲᠤᠲᠤᠷ᠎ᠠ ᠪᠠᠨ ᠲᠤᠭ᠎ᠠ ᠲᠠᠢ | ᠪᠤᠯᠵᠣ ᠠᠬ᠎ᠠ ᠪᠠᠨ ᠬᠠᠶᠠᠵᠤ ᠭᠡᠷ ᠲᠡᠭᠡᠨ ᠬᠠᠷᠢᠭᠠᠳ ᠬᠠᠨᠵᠤᠨ ᠵᠠᠬ᠎ᠠ ᠳᠤ ᠬᠠᠳᠤᠭᠤᠷ ᠪᠢᠯᠡᠭᠦᠳᠡᠨ ᠰᠠᠭᠤᠵᠤ | ᠪᠠᠶᠢᠭᠰᠠᠨ ᠡᠪᠦᠭᠡ ᠳᠡᠭᠡᠨ ᠬᠡᠯᠡᠵᠦ ᠥᠭᠪᠡ᠃ ᠡᠪᠦᠭᠡ ᠮᠠᠨᠢ ᠲᠡᠮᠡᠢ ᠰᠤᠨᠢᠨ ᠪᠣᠯᠭᠠᠭᠰᠠᠨ ᠦᠭᠡᠢ ᠠᠶᠠᠷᠬᠠᠨ | ᠰᠣᠨᠣᠰᠴᠦ ᠪᠠᠷᠠᠭᠠᠳ ︿︿ᠥᠨᠥᠬᠢ ᠴᠢᠨᠢ ᠰᠠᠶᠢᠨ ᠡᠷ᠎ᠡ ᠨᠢ ᠴᠤ ᠰᠠᠶᠢᠨ ᠡᠷ᠎ᠡ ᠪᠤᠯᠪᠠᠴᠤ ᠶᠡᠷᠦ ᠶᠡᠭᠡ ᠦᠭᠡ | ᠲᠠᠯᠪᠢᠭᠠᠳ ᠪᠠᠶᠢᠬᠤ ᠶᠤᠮ᠃ ᠮᠠᠷᠭᠠᠰᠢ ᠶᠢᠨ ᠨᠢᠭᠡ ᠡᠳᠦᠷ ᠢ ᠦᠩᠭᠡᠷᠡᠭᠡᠵᠦ ᠪᠠᠶᠢᠭᠠᠳ ᠯᠡ ᠰᠠᠶ᠋ᠢ ᠬᠡᠨ ᠨᠢᠭᠡ ᠪᠠᠨ | ᠮᠡᠳᠡᠨ᠎ᠡ ᠳ᠋ᠡ﹀﹀ ᠭᠡᠳ ᠥᠭᠡᠷ᠎ᠡ ᠦᠭᠡ ᠦᠭᠡᠢ ᠪᠤᠯᠵᠠᠢ᠃ | ᠭᠤᠷᠪᠠᠨ ᠡᠳᠦᠷ ᠲᠠᠭᠤᠰᠴᠦ ᠠᠶᠢᠯ ᠤᠳ ᠬᠢᠨ ᠬᠠᠳᠣᠭᠰᠠᠨ ᠲᠦᠯᠡᠭᠡ ᠪᠠᠨ ᠤᠷᠤᠭᠤᠯᠵᠤ ᠡᠬᠢᠯᠡᠪᠡ᠃ | ᠥᠨᠥᠬᠢ ᠰᠠᠶᠢᠨ ᠡᠷ᠎ᠡ ᠶᠢᠨ ᠵᠠᠭᠤᠨ ᠪᠤᠭᠤᠵᠢ ᠲᠦᠯᠡᠭᠡ ᠶᠢ ᠨᠢ ᠲᠠᠪᠤᠨ ᠲᠠᠪᠬᠤᠷ ᠢᠶᠠᠷ ᠲᠡᠭᠰᠢᠯᠡᠨ ᠲᠡᠭᠡᠭᠡᠳ ᠰᠠᠶ᠋ᠢ | ᠨᠢᠭᠡ ᠤᠳᠠᠭᠠᠨ ᠤ ᠲᠡᠷᠭᠡᠨ ᠳᠤ ᠲᠡᠭᠡᠭᠡᠵᠦ ᠠᠪᠴᠢᠷᠠᠪᠠ᠃ ᠠᠶᠢᠯ ᠤᠳ ᠤᠨ ᠨᠢᠭᠡᠯᠡ ᠱᠤᠤᠬᠢᠶᠠᠨ ᠪᠣᠯᠵᠤ ᠬᠡᠳᠦᠨ | ᠡᠳᠦᠷ ᠠᠮᠠ ᠠᠮᠠᠨ ᠲᠡᠭᠡᠷ᠎ᠡ ᠪᠠᠨ ᠥᠭᠡᠷ᠎ᠡ ᠵᠤᠭᠤᠭ ᠦᠭᠡᠢ ᠰᠠᠶᠢᠨ ᠡᠷ᠎ᠡ ᠶᠢᠨ ᠰᠠᠶᠢᠨ ᠲᠦᠯᠡᠭᠡ ᠪᠠᠷ ᠱᠠᠭᠰᠢᠵᠤ | ᠪᠠᠶᠢᠲᠠᠯ᠎ᠠ ᠲᠡᠷᠭᠡᠨ ᠤ ᠵᠢᠰᠢᠶ᠎ᠡ ᠮᠠᠨ ᠤ ᠬᠢ ᠲᠡᠭᠡᠷ᠎ᠡ ᠲᠤᠯᠵᠠᠢ᠃ ᠠᠶᠢᠯ ᠤᠨ ᠬᠦᠮᠦᠰ ᠮᠠᠨ ᠤ ᠬᠢ ᠠᠴᠠ ᠡᠪᠦᠭᠡ | ᠦᠪᠡᠷᠳᠡᠭᠡᠨ ᠭᠠᠷᠴᠤ ᠬᠠᠳᠣᠭᠰᠠᠨ ᠭᠡᠳᠡᠭ ᠢ ᠮᠡᠳᠡᠭᠰᠡᠨ ᠬᠤᠶᠢᠨ᠎ᠠ ᠮᠦᠨ ᠪᠠᠰᠠ ᠥᠨᠥᠬᠢ ᠰᠠᠶᠢᠨ ᠡᠷ᠎ᠡ ᠶᠢᠨ | ᠲᠦᠯᠡᠭᠡ ᠶᠢ ᠲᠡᠭᠡᠭᠡᠭᠰᠡᠨ ᠲᠡᠷᠭᠡ ᠪᠠ ᠲᠡᠷᠭᠡᠴᠢᠨ ᠢ ᠲᠣᠬᠢᠷᠠᠭᠤᠯᠵᠤ ᠥᠭᠪᠡ᠃ ᠡᠴᠦᠰ ᠲᠡᠭᠡᠨ ᠨᠢᠭᠡ ᠤᠳᠠᠭ᠎ᠠ ᠳᠤ | ᠲᠦᠩᠭᠡᠵᠢ ᠵᠢᠷᠢᠨ ᠪᠤᠭᠤᠵᠢ ᠶᠢ ᠨᠢ ᠠᠷᠠᠭᠠᠯᠠᠵᠤ ᠠᠴᠢᠶᠠᠯᠠᠨ ᠢᠷᠡᠭᠡᠳ ᠲᠦᠴᠢᠨ ᠪᠤᠭᠤᠵᠢ ᠶᠢ ᠨᠢ ᠬᠤᠴᠤᠷᠭᠠᠵᠠᠢ᠃ | ᠭᠡᠪᠡᠴᠦ ᠠᠶᠢᠯ ᠲᠥᠰᠦᠷ ᠵᠠᠮ ᠤᠶᠢᠷ᠎ᠠ ᠪᠤᠯᠬᠤᠷ ᠪᠠᠰᠠ ᠨᠢᠭᠡ ᠤᠳᠠᠭ᠎ᠠ ᠲᠠᠬᠢᠵᠤ ᠭᠦᠶᠦᠯᠭᠡᠭᠡᠳ ᠰᠠᠶ᠋ᠢ | ᠦᠯᠡᠳᠡᠭᠰᠡᠨ ᠲᠦᠴᠢᠨ ᠪᠤᠭᠤᠵᠢ ᠶᠢ ᠨᠢ ᠤᠷᠤᠭᠤᠯᠵᠤ ᠢᠷᠡᠵᠡᠢ᠃ | ᠡᠵᠢ ᠠᠪᠤ ᠮᠢᠨᠢ ᠠᠯᠵᠢᠶᠠᠯ ᠵᠦᠳᠡᠷᠡᠯ ᠢᠶᠠᠨ ᠬᠠᠶᠢᠬᠤᠷᠠᠯ ᠦᠭᠡᠢ ᠬᠤᠶᠠᠷ ᠲᠠᠬᠢᠨ ᠭᠦᠶᠦᠵᠦ ᠥᠭᠭᠦᠭᠰᠡᠨ | ᠲᠡᠷᠭᠡᠴᠢᠨ ᠳᠡᠭᠡᠨ ᠰᠠᠶᠢᠨ ᠬᠤᠭᠤᠯᠠ ᠬᠤᠱᠢ ᠪᠠᠵᠠᠭᠠᠵᠤ ᠢᠳᠡᠭᠦᠯᠵᠡᠢ᠃ ᠪᠤᠳᠤᠪᠠᠯ ᠲᠡᠷᠭᠡᠴᠢᠨ ᠮᠠᠨᠢ ᠬᠤᠶᠠᠷ ᠯᠠᠩ | ᠲᠠᠢ ᠬᠤᠭᠤᠯᠠᠨ ᠤ ᠰᠠᠶᠢᠨ ᠳᠤ ᠪᠠᠶᠠᠰᠣᠭᠰᠠᠨ ᠪᠠᠶᠢᠵᠤ ᠮᠡᠳᠡᠨ᠎ᠡ᠂ ᠦᠭᠡᠢ ᠪᠣᠯ ᠡᠪᠦᠭᠡ ᠶᠢᠨ ᠬᠠᠳᠣᠭᠰᠠᠨ | ᠲᠦᠯᠡᠭᠡ ᠶᠢ ᠦᠵᠡᠭᠡᠳ ᠦᠪᠡᠷ ᠤᠨ ᠡᠷᠬᠡ ᠦᠭᠡᠢ ᠦᠭᠡᠶᠢᠯᠡᠵᠦ ᠭᠠᠶᠢᠬᠠᠭᠰᠠᠨ ᠴᠤ ᠪᠠᠶᠢᠵᠤ ᠮᠡᠳᠡᠨ᠎ᠡ᠃ | ᠬᠤᠨᠳᠠᠭ᠎ᠠ ᠲᠠᠢ ᠪᠠᠨ ᠠᠮᠲᠠᠷᠬᠠᠨ ᠰᠢᠮᠡᠬᠦ ᠵᠠᠭᠤᠷ᠎ᠠ ︿︿ᠮᠠᠨ ᠤ ᠬᠢᠨ ᠪᠦᠷ ᠯᠡ ᠡᠨᠡ ᠨᠢ ᠰᠠᠶᠢᠨ ᠡᠷ᠎ᠡ᠂ ᠲᠡᠷᠡ ᠨᠢ | ᠰᠣᠳᠣᠨ ᠡᠷ᠎ᠡ ᠭᠡᠳ ᠯᠡ ᠬᠡᠢ ᠰᠣᠷᠲᠤᠭᠤ ᠤᠷᠬᠢᠵᠠᠭᠠᠬᠤ ᠶᠤᠮ᠃ ᠡᠴᠦᠰ ᠲᠡᠭᠡᠨ ᠠᠯᠢ ᠨᠢ ᠴᠤ ᠭᠡᠳ ᠡᠷᠲᠡ | ᠵᠢᠷᠢᠨ ᠨᠠᠰᠤ ᠪᠠᠨ ᠳᠠᠪᠠᠭᠤᠯᠣᠭᠰᠠᠨ ᠦᠨᠳᠦᠷ ᠡᠪᠦᠭᠡᠨ ᠳᠤ ᠲᠤᠯᠤᠭᠰᠠᠨ ᠬᠦᠮᠦᠨ ᠠᠯᠭ᠎ᠠ ᠶᠤᠮ᠃ ᠮᠠᠨ ᠤ ᠬᠢᠨ | ᠭᠡᠵᠦ ᠪᠦᠷ ᠵᠠᠯᠠᠭᠤ ᠢᠳᠡᠷ ᠯᠡ ᠪᠠᠶᠢᠭᠠᠳ ᠦᠨᠡᠬᠡᠷ ᠴᠤ ᠭᠡᠵᠢ ᠴᠠᠭ ᠤᠨ ᠰᠠᠶᠢᠨ᠂ ᠡᠷ᠎ᠡ ᠬᠦᠮᠦᠨ ᠤ ᠨᠢᠭᠤᠷ | ᠬᠤᠶᠠᠷ ᠢ ᠭᠡᠭᠡᠵᠦ ᠪᠠᠶᠢᠬᠤ ᠶᠤᠮ﹀﹀ ᠭᠡᠭᠰᠡᠭᠡᠷ ᠪᠤᠰᠤᠳ ᠠᠶᠢᠯ ᠤᠳ ᠬᠢᠨ ᠤ ᠲᠦᠯᠡᠭᠡ ᠨᠢ ᠪᠦᠷ ᠳᠥᠷᠪᠡ ᠲᠠᠪᠤᠨ | ᠲᠥᠭᠡ ᠠᠴᠠ ᠳᠠᠪᠠᠭᠰᠠᠨ ᠪᠤᠭᠤᠵᠢ ᠪᠠᠶᠢᠭᠰᠠᠨ ᠦᠭᠡᠢ ᠳᠤ ᠡᠪᠦᠭᠡ ᠶᠢᠨ ᠨᠢᠭᠡ ᠪᠤᠭᠤᠵᠢ ᠨᠢ ᠨᠡᠶᠢᠮᠡ ᠶᠢᠰᠦᠨ ᠲᠥᠭᠡ | ᠪᠠᠶᠢᠭᠰᠠᠨ ᠢ ᠭᠠᠷᠭᠠᠵᠤ ᠬᠡᠯᠡᠭᠡᠳ ᠡᠪᠦᠭᠡ ᠶᠢᠨ ᠵᠦᠭ ᠬᠤᠳᠠᠯ ᠦᠭᠡ ᠬᠡᠯᠡᠭᠰᠡᠨ ᠦᠭᠡᠢ ᠰᠢᠭ ᠮᠡᠯᠮᠡᠯᠵᠡᠨ ᠬᠠᠷᠠᠵᠠᠢ᠃ | | ᠮᠠᠷᠭᠠᠰᠢ ᠠᠴᠠ ᠨᠢ ᠠᠶᠢᠯ ᠲᠦᠭᠦᠷᠡᠩ ᠰᠢᠨ᠎ᠡ ᠵᠤᠭᠤᠭ ᠪᠤᠢ ᠪᠣᠯᠵᠤ ᠤᠴᠠᠷᠠᠭᠰᠠᠨ ᠪᠤᠯᠭᠠᠨ ᠨᠢᠭᠡᠨ ᠵᠦᠭ ᠢᠶᠠᠨ | ︿︿ ᠲᠠᠨᠣᠰ ᠴᠢᠨᠢ ᠲᠡᠭᠡᠭᠡᠳ ᠥᠨᠥᠬᠢ ︿ᠦᠬᠡᠷ ᠵᠠᠮᠰᠣ﹀ ᠭᠡᠳᠡᠭ ᠦᠨᠳᠦᠷ ᠨᠡᠷ᠎ᠡ ᠶᠢ ᠨᠢ ᠬᠤᠭᠤᠰᠣᠨ ᠤᠯᠤᠭᠰᠠᠨ | ᠭᠡᠵᠦ ᠪᠤᠳᠤᠭᠰᠠᠨ ᠶᠤᠮ ᠦᠦ︖ ᠡᠪᠦᠭᠡᠨ ᠴᠢᠨᠢ ᠶᠠᠫᠦᠨ ᠪᠥᠬᠡ ᠶᠢ ᠲᠠᠤᠯᠠᠢ ᠰᠠᠪᠠᠭ᠋ᠤ ᠮᠡᠲᠦ ᠭᠠᠭᠴᠠᠬᠠᠨ ᠠᠪᠴᠤ | ᠴᠢᠯᠠᠭᠤᠳᠠᠭᠰᠠᠨ ᠡᠷ᠎ᠡ ᠶᠤᠮ ᠰᠢᠦ᠃ ᠬᠦᠮᠦᠨ ᠭᠡᠳᠡᠭ ᠴᠢᠨᠢ ᠬᠡᠯᠡᠭᠰᠡᠨ ᠢᠶᠠᠷ ᠪᠣᠯᠳᠠᠭ ᠪᠢᠰᠢ᠂ ᠬᠠᠷᠢᠨ ᠬᠢᠳᠡᠭ ᠢᠶᠠᠷ | ᠪᠣᠯᠳᠠᠭ ᠶᠤᠮ﹀﹀ ᠬᠡᠮᠡᠨ ᠶᠡᠭᠡ ᠶᠠᠭᠤᠮ᠎ᠠ ᠮᠡᠳᠡᠭᠰᠡᠨ ᠪᠣᠯᠵᠤ ᠶᠡᠬᠡᠯ᠎ᠡ ᠱᠤᠭᠳᠠᠢ ᠮᠡᠷᠭᠡᠯᠡᠨ ᠬᠡᠯᠡᠵᠦ ᠶᠠᠪᠤᠳᠠᠭ ᠬᠦᠮᠦᠰ | ᠤᠯᠠᠰᠢᠷᠠᠵᠤ ᠯᠡ ᠪᠠᠶᠢᠯ᠎ᠠ᠃ | | |